ᠭᠣᠪᠢᠰᠦᠮᠪᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠭᠣᠪᠢᠰᠦᠮᠪᠦᠷ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠭᠣᠪᠢᠰᠦᠮᠪᠦᠷ ᠠᠶᠢᠮᠠᠭ
ᠭᠣᠪᠢᠰᠦᠮᠪᠦᠷᠠᠶᠢᠮᠠᠭ
ᠳᠠᠯᠪᠠᠭ᠎ᠠ ᠰᠦᠯᠳᠡ
ᠲᠤᠭ ᠰᠦᠯᠳᠡ
ᠭᠣᠪᠢᠰᠦᠮᠪᠦᠷ ᠠᠶᠢᠮᠠᠭᠭᠣᠪᠢᠰᠦᠮᠪᠦᠷᠠᠶᠢᠮᠠᠭ ᠲᠣᠳᠣᠷᠠᠭᠤᠯᠤᠭᠳᠠᠭᠰᠠᠨ ᠭᠠᠵᠠᠷ ᠤᠨ ᠵᠢᠷᠤᠭ
ᠪᠠᠶᠢᠭᠤᠯᠤᠭᠳᠠᠭᠰᠠᠨ 1994
ᠠᠶᠢᠮᠠᠭ ᠤᠨ ᠲᠥᠪ ᠴᠣᠶᠢᠷᠣ᠎ᠠ
ᠨᠤᠲᠤᠭ ᠳᠡᠪᠢᠰᠬᠡᠷ
 • ᠲᠠᠯᠠᠪᠠᠢ

5,540 км²
ᠬᠦᠮᠦᠨ ᠠᠮᠠ
 • ᠨᠡᠶᠢᠲᠡ ()
 • ᠨᠢᠭᠲᠠᠰᠢᠯ

2013 ᠣᠨ ᠳᠤ 15694 ᠬᠦᠮᠦᠨ
2.28 ᠬᠦᠮᠦᠨ/км²
ᠴᠠᠭ ᠤᠨ ᠪᠥᠰᠡ ᠤᠯᠠᠭᠠᠨᠪᠠᠭᠠᠲᠤᠷ ᠤᠨ ᠴᠠᠭ (UTC+8)
ᠤᠲᠠᠰᠤᠨ ᠤ ᠳ᠋ᠤᠭᠠᠷ +976 (0)
ᠮᠠᠰᠢᠨ ᠤ ᠺᠣᠳ᠋ ГСА
ISO 3166-2 MN-064
ᠴᠠᠬᠢᠮ ᠰᠦᠯᠵᠢᠶ᠎ᠡ http://www.govisumber.gov.mn/

ᠭᠣᠪᠢᠰᠦᠮᠪᠦᠷ ᠨᠢ ᠮᠣᠩᠭᠣᠯ ᠤᠯᠤᠰ ᠍ ᠍ ᠤᠨ ᠠᠶᠢᠮᠠᠭ ᠶᠤᠮ᠃ 1994 ᠣᠨ ᠳᠤ ᠪᠠᠶᠢᠭᠤᠯᠤᠭᠳᠠᠭᠰᠠᠨ᠂ 5,540 ᠺᠦᠸᠠᠳ᠋ ᠺᠢᠯᠣᠮᠧᠲ᠋ᠷ ᠨᠤᠲᠤᠭ ᠲᠠᠢ᠃ ᠠᠶᠢᠮᠠᠭ ᠤᠨ ᠵᠠᠰᠠᠭ ᠳᠠᠷᠤᠭ᠎ᠠ ᠪᠠᠷ ᠣᠳᠬᠣᠨᠵᠢᠷᠭᠠᠯ ᠰᠣᠩᠭᠣᠭᠳᠠᠨ ᠠᠵᠢᠯᠯᠠᠵᠤ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠨ ᠴᠣᠶᠢᠷᠣ᠎ᠠ ᠶᠢᠨ ᠬᠡᠶᠢᠳ᠂ 1923 ᠣᠨ

1240 ᠣᠨ ᠤ ᠴᠠᠭᠠᠨ ᠬᠤᠯᠤᠭᠠᠨ᠎ᠠ ᠵᠢᠯ ᠪᠢᠴᠢᠭᠳᠡᠭᠰᠡᠨ ᠳᠡᠯᠡᠬᠡᠢ ᠶᠢᠨ ᠠᠤᠭ᠎ᠠ ᠶᠡᠬᠡ ᠲᠡᠦᠬᠡ ᠰᠤᠶᠤᠯ ᠤᠨ ᠳᠤᠷᠠᠰᠬᠠᠯᠲᠤ ᠪᠢᠴᠢᠭ ᠦᠳ ᠦᠨ ᠨᠢᠭᠡ ᠪᠣᠯᠬᠤ ᠮᠣᠩᠭᠣᠯ ᠤᠨ ᠨᠢᠭᠤᠴᠠ ᠲᠣᠪᠴᠢᠶ᠎ᠠᠨᠳ 《ᠪᠣᠳᠣᠨᠴᠠᠷ ᠪᠣᠷᠵᠢᠭᠢᠨ ᠣᠪᠣᠭᠲᠠᠨ ᠪᠣᠯᠪᠠ》 ᠬᠡᠮᠡᠵᠡᠢ᠃ ᠡᠵᠡᠨ ᠴᠢᠩᠭᠢᠰ ᠬᠠᠭᠠᠨ ᠪᠣᠯ ᠪᠥᠷᠲᠡ ᠴᠢᠨᠣ᠎ᠠ ᠶᠢᠨ ᠤᠳᠤᠮ ᠪᠣᠳᠣᠨᠴᠠᠷ ᠤᠨ 11 ᠳ᠋ᠡᠬᠢ ᠦᠶ᠎ᠡ ᠶᠢᠨ ᠠᠴᠢ ᠠᠵᠡᠢ᠃ 《ᠪᠣᠳᠣᠨᠴᠠᠷ ᠨᠢ ᠠᠬ᠎ᠠ ᠨᠠᠷ ᠠᠴᠠ ᠪᠠᠨ ᠰᠠᠯᠵᠤ ᠪᠣᠷᠵᠢᠭᠢᠨ ᠣᠪᠣᠭᠲᠠᠨ ᠢ ᠪᠤᠢ ᠪᠣᠯᠭᠠᠵᠠᠢ》 ᠭᠡᠵᠦ ᠲᠡᠦᠬᠡᠨ ᠳᠦ ᠲᠡᠮᠳᠡᠭᠯᠡᠭᠰᠡᠨ ᠪᠠᠶᠢᠳᠠᠭ᠃

1691 ᠣᠨ ᠤ ᠬᠠᠪᠤᠷ ᠤᠨ ᠠᠳᠠᠭ ᠰᠠᠷ᠎ᠠ ᠳᠤ ᠮᠠᠨᠵᠤ ᠶᠢᠨ ᠬᠠᠭᠠᠨ ᠡᠩᠬᠡ-ᠠᠮᠤᠭᠤᠯᠠᠩ ᠮᠣᠩᠭᠣᠯ ᠢ ᠥᠪᠡᠷ ᠦᠨ ᠬᠠᠷᠢᠶᠠᠲᠤ ᠪᠣᠯᠭᠠᠵᠤ᠂ ᠳᠥᠷᠪᠡᠨ ᠠᠶᠢᠮᠠᠭ ᠳᠣᠯᠣᠭᠠᠨ ᠬᠣᠰᠢᠭᠤ ᠪᠠᠶᠢᠭᠰᠠᠨ ᠢ ᠵᠠᠳᠠᠷᠠᠭᠠᠵᠤ 82 ᠬᠣᠰᠢᠭᠤ ᠪᠣᠯᠭᠠᠭᠰᠠᠨ ᠢᠶᠠᠷ ᠰᠡᠴᠡᠨ ᠬᠠᠨ ᠠᠶᠢᠮᠠᠭ ᠤᠨ ᠪᠣᠷᠵᠢᠭᠢᠨ ᠬᠣᠰᠢᠭᠤ ᠡᠭᠦᠰᠬᠡᠨ ᠪᠠᠶᠢᠭᠤᠯᠤᠭᠳᠠᠵᠠᠢ᠃

ᠭᠣᠪᠢᠰᠦᠮᠪᠦᠷ ᠠᠶᠢᠮᠠᠭ ᠤᠨ ᠪᠣᠷᠵᠢᠭᠢᠨ ᠤ ᠲᠡᠦᠬᠡ ᠲᠡᠢ ᠬᠣᠯᠪᠣᠭᠳᠠᠬᠤ ᠤᠴᠢᠷ ᠢ ᠠᠪᠴᠤ ᠦᠵᠡᠪᠡᠰᠦ:

  • 1691 ᠣᠨ ᠠᠴᠠ ᠰᠡᠴᠡᠨ ᠬᠠᠨ ᠠᠶᠢᠮᠠᠭ ᠤᠨ ᠪᠣᠷᠵᠢᠭᠢᠨ ᠵᠠᠩᠵᠤᠨ ᠪᠡᠶᠢᠯᠡ ᠶᠢᠨ ᠬᠣᠰᠢᠭᠤ
  • 1911 ᠣᠨ ᠠᠴᠠ ᠪᠣᠷᠵᠢᠭᠢᠨ ᠰᠡᠴᠡᠨ ᠸᠠᠩ ᠤᠨ ᠬᠣᠰᠢᠭᠤ
  • 1923 ᠣᠨ ᠠᠴᠠ ᠣᠴᠣᠯ ᠰᠠᠨᠰᠠᠷ ᠤᠤᠯ ᠤᠨ ᠬᠣᠰᠢᠭᠤ
  • 1931 ᠣᠨ ᠠᠴᠠ ᠲᠥᠪ ᠠᠶᠢᠮᠠᠭ ᠤᠨ ᠭᠣᠪᠢᠰᠦᠮᠪᠦᠷ ᠰᠤᠮᠤ
  • 1956 ᠣᠨ ᠠᠴᠠ ᠳᠣᠷᠣᠨᠠᠭᠣᠪᠢ ᠠᠶᠢᠮᠠᠭ ᠤᠨ ᠰᠦᠮᠪᠦᠷ ᠰᠤᠮᠤ /ᠳᠣᠷᠣᠨᠠᠭᠣᠪᠢ ᠠᠶᠢᠮᠠᠭ ᠤᠨ ᠴᠣᠶᠢᠷᠣ᠎ᠠ ᠰᠤᠮᠤ ᠲᠡᠮᠦᠷ ᠵᠠᠮ ᠤᠨ ᠥᠷᠲᠡᠭᠡᠨ ᠳᠡᠭᠡᠷ᠎ᠡ 1962 ᠣᠨ ᠳᠤ ᠪᠠᠶᠢᠭᠤᠯᠤᠭᠳᠠᠵᠤ᠂ 1964 ᠣᠨ ᠳᠤ ᠲᠠᠲᠠᠨ ᠪᠠᠭᠤᠭᠳᠠᠭᠰᠠᠨ/

ᠤᠯᠤᠰ ᠤᠨ ᠪᠠᠭ᠎ᠠ ᠬᠤᠷᠠᠯ ᠤᠨ 1991 ᠣᠨ ᠤ 6 ᠳ᠋ᠤᠭᠠᠷ ᠰᠠᠷ᠎ᠠ ᠶᠢᠨ 21 ᠍ ᠍ ᠦ ᠡᠳᠦᠷ ᠦᠨ 46 ᠳ᠋ᠤᠭᠠᠷ ᠲᠣᠭᠲᠠᠭᠠᠯ ᠢᠶᠠᠷ ᠳᠣᠷᠣᠨᠠᠭᠣᠪᠢ ᠠᠶᠢᠮᠠᠭ ᠤᠨ ᠰᠦᠮᠪᠦᠷ ᠰᠤᠮᠤ᠂ ᠰᠢᠪᠡᠭᠡᠭᠣᠪᠢ ᠬᠣᠷᠢᠶ᠎ᠠ᠂ ᠤᠯᠠᠭᠠᠨᠪᠠᠭᠠᠲᠤᠷ ᠬᠣᠲᠠ ᠶᠢᠨ ᠪᠠᠶᠠᠩᠲᠠᠯ ᠬᠣᠷᠢᠶ᠎ᠠ ᠶᠢ ᠨᠢᠭᠡᠳᠬᠡᠨ ᠤᠯᠤᠰ ᠤᠨ ᠵᠡᠷᠭᠡᠯᠡᠯᠲᠡᠢ ᠴᠣᠶᠢᠷᠣ᠎ᠠ ᠬᠣᠲᠠ ᠶᠢ ᠪᠠᠶᠢᠭᠤᠯᠵᠠᠢ᠃ ᠤᠯᠤᠰ ᠤᠨ ᠶᠡᠬᠡ ᠬᠤᠷᠠᠯ ᠤᠨ 1994 ᠣᠨ ᠤ 5 ᠳ᠋ᠤᠭᠠᠷ ᠰᠠᠷ᠎ᠠ ᠶᠢᠨ 6 ᠍ ᠍ ᠤ ᠡᠳᠦᠷ ᠦᠨ 32 ᠳ᠋ᠤᠭᠠᠷ ᠲᠣᠭᠲᠠᠭᠠᠯ ᠭᠠᠷᠴᠤ ᠴᠣᠶᠢᠷᠣ᠎ᠠ ᠬᠣᠲᠠ ᠶᠢᠨ ᠬᠢᠯᠢ ᠶᠢᠨ ᠼᠧᠰᠧ ᠪᠡᠷ ᠭᠣᠪᠢᠰᠦᠮᠪᠦᠷ ᠠᠶᠢᠮᠠᠭ 1994 ᠣᠨ ᠤ 8 ᠍ ᠍ ᠳᠦᠭᠡᠷ ᠰᠠᠷ᠎ᠠ ᠳᠤ ᠪᠠᠶᠢᠭᠤᠯᠤᠭᠳᠠᠪᠠ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠲᠦᠪᠰᠢᠨ ᠡᠴᠡ ᠳᠡᠭᠡᠭᠰᠢ 1000-1200 ᠮᠧᠲ᠋ᠷ ᠦᠨ ᠥᠨᠳᠥᠷ ᠲᠦ ᠣᠷᠣᠰᠢᠳᠠᠭ ᠭᠣᠪᠢ᠂ ᠲᠠᠯ᠎ᠠ ᠬᠡᠭᠡᠷ᠎ᠡ ᠬᠣᠣᠰᠯᠠᠭᠰᠠᠨ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ ᠨᠤᠲᠤᠭ ᠶᠤᠮ᠃ ᠭᠣᠪᠢᠰᠦᠮᠪᠦᠷ ᠠᠶᠢᠮᠠᠭ ᠲᠤ ᠵᠢᠯ ᠳᠤ ᠤᠨᠠᠬᠤ ᠲᠤᠨᠳᠠᠰᠤᠨ ᠤ ᠬᠡᠮᠵᠢᠶ᠎ᠡ ᠭᠣᠪᠢ ᠶᠢᠨ ᠪᠥᠰᠡ ᠶᠢᠨ ᠬᠢ ᠡᠴᠡ ᠢᠯᠡᠭᠦᠦ /ᠳᠤᠮᠳᠠᠴᠢ ᠪᠠᠷ 200-250 ᠮᠢᠯᠯᠢᠮᠧᠲ᠋ᠷ/.

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠪᠡᠭᠡ-ᠣᠪᠣᠭ᠎ᠠ ᠶᠢᠨ ᠨᠡᠭᠦᠷᠡᠰᠦᠨ ᠦ ᠠᠭᠤᠷᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢᠰᠦᠮᠪᠦᠷ ᠠᠶᠢᠮᠠᠭ ᠤᠨ ᠰᠤᠮᠤ ᠳᠤ

ᠰᠢᠪᠡᠭᠡ-ᠣᠪᠣᠭ᠎ᠠ ᠶᠢᠨ ᠨᠡᠭᠦᠷᠡᠰᠦᠨ ᠦ ᠠᠭᠤᠷᠬᠠᠢ ᠴᠣᠶᠢᠷᠣ᠎ᠠ ᠬᠣᠲᠠ ᠠᠴᠠ ᠤᠷᠤᠭᠰᠢ ᠤᠷᠤᠰᠢᠬᠤ 2,7 ᠲᠡᠷᠪᠤᠮ ᠲᠣᠨ ᠬᠦᠷᠡᠩ ᠨᠡᠭᠦᠷᠡᠰᠦᠨ ᠦ ᠨᠥᠭᠡᠴᠡ ᠲᠡᠢ ᠣᠷᠳᠣ ᠠᠭᠤᠷᠬᠠᠢ ᠶᠤᠮ᠃ ᠡᠨᠡ ᠠᠭᠤᠷᠬᠠᠢ ᠨᠢ ᠠᠶᠢᠮᠠᠭ ᠤᠨ ᠲᠡcᠸ ᠤᠨ ᠶᠡᠬᠡᠩᠬᠢ ᠬᠤᠪᠢ ᠶᠢ ᠪᠦᠷᠢᠳᠦᠭᠦᠯᠳᠡᠭ᠂ ᠮᠣᠩᠭᠣᠯ ᠳᠤ ᠪᠠᠨ ᠳᠡᠭᠡᠭᠦᠷ ᠲᠦ ᠲᠣᠭᠠᠴᠠᠭᠳᠠᠬᠤ ᠲᠣᠮᠣ ᠠᠭᠤᠷᠬᠠᠢ ᠪᠣᠯᠤᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠶᠢᠷᠣ᠎ᠠ ᠶᠢᠨ ᠪᠣᠭᠳᠠ ᠠᠭᠤᠯᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠠᠷᠠᠳ ᠲᠦᠮᠡᠨ ᠦ ᠰᠢᠲᠦᠭᠡᠨ ᠠᠭᠤᠯᠠ᠃ ᠵᠡᠭᠦᠨ ᠵᠠᠩᠵᠤᠨ ᠴᠣᠶᠢᠷᠣ᠎ᠠ ᠶᠢᠨ ᠬᠡᠶᠢᠳ ᠨᠢ ᠡᠨᠡ ᠠᠭᠤᠯᠠᠨ ᠳᠤ ᠪᠠᠶᠢᠪᠠ᠃ ᠪᠤᠷᠬᠠᠨ ᠱᠠᠰᠢᠨ ᠤ ᠣᠯᠠᠨ ᠳᠤᠷᠠᠰᠬᠠᠯᠲᠤ ᠵᠦᠢᠯ ᠦᠳ ᠪᠠᠶᠢᠳᠠᠭ᠃

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠨᠳᠦᠳᠬᠡᠯ ᠦᠨ ᠳᠠᠭᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠭᠡ ᠶᠢ ᠷ᠃ᠪᠠᠲᠤᠵᠢᠷᠭᠠᠯ
ᠠᠶ᠎ᠠ ᠶᠢ ᠭ᠃ᠡᠷᠳᠡᠨᠢᠴᠢᠯᠠᠭᠤᠨ
ГОВЬСҮМБЭР
ᠴᠡᠴᠡᠨ ᠸᠠᠩ ᠤᠨ ᠴᠡᠩᠬᠡᠷ ᠠᠤᠯᠠᠯᠠᠰ ᠮᠢᠨᠢ
ᠴᠡᠭᠡᠵᠢᠨ ᠳᠦ ᠤᠶᠠᠭ᠎ᠠ ᠲᠠᠢ ᠪᠣᠷᠵᠢᠭᠢᠨ ᠨᠤᠲᠤᠭ ᠮᠢᠨᠢ
ᠡᠪᠦᠭᠡᠳ ᠦᠨ ᠳᠠᠯᠠᠯᠭ᠎ᠠ ᠲᠠᠢ ᠢᠲᠡᠭᠡᠯ ᠦᠨ ᠬᠡᠯᠬᠢᠶ᠎ᠡ
ᠥᠲᠡᠭᠦᠰ ᠦᠨ ᠵᠠᠷ ᠲᠠᠢ ᠰᠡᠳᠬᠢᠯ ᠦᠨ ᠤᠴᠢᠭ᠎ᠠ
ᠠᠮᠢᠳᠤᠷᠠᠯ ᠲᠡᠮᠡᠴᠡᠯ ᠦᠨ ᠡᠷᠬᠢᠮ ᠰᠦᠮᠪᠦᠷ᠎ᠡ
ᠠᠮᠢᠨ ᠬᠡᠯᠬᠢᠶ᠎ᠡ ᠡᠯᠢᠭᠡᠨ ᠰᠦᠮᠪᠦᠷ᠎ᠡ
ᠠᠵᠠ ᠶᠢᠨ ᠪᠣᠰᠬ᠎ᠠ ᠲᠠᠢ ᠭᠣᠪᠢ ᠶᠢᠨ ᠰᠦᠮᠪᠦᠷ᠎ᠡ
ᠠᠯᠲᠠᠨ ᠨᠤᠲᠤᠭ ᠭᠣᠪᠢᠰᠦᠮᠪᠦᠷ᠎ᠡ
ᠲᠣᠰᠣᠲᠤ ᠪᠣᠷᠵᠢᠭᠢᠨ ᠤ ᠲᠣᠷᠭᠠᠨ ᠲᠠᠯ᠎ᠠ ᠮᠢᠨᠢ
ᠲᠣᠯᠢ ᠳᠤ ᠵᠢᠷᠦᠬᠡᠨ ᠦ ᠤᠶᠠᠭ᠎ᠠ ᠳᠤ ᠨᠤᠲᠤᠭ ᠮᠢᠨᠢ
ᠤᠬᠠᠭᠠᠨᠲᠤ ᠲᠦᠮᠡᠨ ᠦ ᠡᠪ ᠦᠨ ᠬᠡᠯᠬᠢᠶ᠎ᠡ
ᠤᠯᠠᠭᠠᠨ ᠵᠠᠯᠠᠭᠠᠲᠤ ᠡᠪᠦᠭᠡᠳ ᠦᠨ ᠨᠤᠲᠤᠭ᠎ᠠ
ᠦᠯᠢᠭᠡᠷ ᠦᠨ ᠵᠠᠷ ᠲᠠᠢ ᠠᠭᠤᠯᠠᠨ ᠰᠦᠮᠪᠦᠷ᠎ᠡ
ᠡᠭᠦᠳᠡᠨ ᠰᠦᠯᠳᠡ ᠲᠡᠢ ᠤᠨᠠᠭᠠᠨ ᠰᠦᠮᠪᠦᠷ᠎ᠡ
ᠠᠰᠢᠳᠠ ᠤᠷᠤᠰᠢᠬᠤ ᠡᠷᠳᠡᠨᠢ ᠶᠢᠨ ᠰᠦᠮᠪᠦᠷ᠎ᠡ
ᠠᠯᠲᠠᠨ ᠨᠤᠲᠤᠭ ᠭᠣᠪᠢᠰᠦᠮᠪᠦᠷ᠎ᠡ
ᠬᠢᠶᠠᠳ ᠪᠣᠷᠵᠢᠭᠢᠨ ᠤ ᠬᠣᠩᠭᠣᠷ ᠲᠣᠯᠣᠭᠠᠳ ᠮᠢᠨᠢ
ᠬᠡᠰᠢᠭ ᠪᠤᠶᠠᠨ ᠤ ᠥᠯᠵᠡᠶᠢᠲᠦ ᠨᠤᠲᠤᠭ ᠮᠢᠨᠢ
ᠠᠨᠳᠠᠭᠠᠢ ᠨᠢᠭᠡᠲᠡᠢ ᠬᠠᠭᠠᠳ ᠤᠨ ᠤᠳᠤᠮ᠎ᠠ
ᠠᠯᠲᠠᠨ ᠤᠷᠤᠭ ᠤᠨ ᠠᠮᠢᠨ ᠨᠤᠲᠤᠭ᠎ᠠ
ᠭᠠᠯ ᠤᠨ ᠳᠠᠯᠠᠯᠭ᠎ᠠ ᠲᠠᠢ ᠠᠭᠤᠷᠬᠠᠢ ᠶᠢᠨ ᠰᠦᠮᠪᠦᠷ᠎ᠡ
ᠭᠠᠨ ᠵᠠᠮ ᠲᠠᠢ ᠬᠥᠭᠵᠢᠯ ᠦᠨ ᠰᠦᠮᠪᠦᠷ᠎ᠡ
ᠠᠬᠤᠢ ᠪᠠᠶᠠᠨ ᠡᠷᠴᠢᠮ ᠦᠨ ᠰᠦᠮᠪᠦᠷ᠎ᠡ
ᠠᠯᠲᠠᠨ ᠨᠤᠲᠤᠭ ᠭᠣᠪᠢᠰᠦᠮᠪᠦᠷ᠎ᠡ

ᠬᠠᠪᠰᠤᠷᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠭᠣᠪᠢᠰᠦᠮᠪᠦᠷ ᠠᠶᠢᠮᠠᠭ ᠤᠨ ᠵᠢᠷᠤᠭ»
[[ᠠᠩᠬᠢᠯᠠᠯ:ᠮᠣᠩᠭᠣᠯ ᠤᠯᠤᠰ ᠤᠨ ᠠᠶᠢᠮᠠᠭ]

ᠪᠢᠴᠢᠭᠡᠰᠦ