ᠭᠣᠪᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠠᠨᠰᠠᠷ ᠠᠴᠠ ᠠᠪᠤᠭᠰᠠᠨ ᠵᠢᠷᠤᠭ
ᠮᠣᠩᠭᠣᠯ ᠤᠯᠤᠰ᠂ ᠡᠮᠦᠨᠡᠭᠣᠪᠢ ᠠᠶᠢᠮᠠᠭ
ᠬᠣᠩᠭᠣᠷ ᠤᠨ ᠡᠯᠡᠰᠦ᠂ ᠲᠡᠮᠡᠭᠡ ᠤ ᠰᠦᠷᠦᠭ
Gobi-desert-map.gif
ᠭᠣᠪᠢ ᠭᠤᠷᠪᠠᠨᠰᠠᠶᠢᠬᠠᠨ ᠤ ᠦᠨᠳᠦᠰᠦᠨ ᠦ ᠬᠦᠷᠢᠶᠡᠯᠡᠩ ᠳ᠋ᠡᠬᠢ ᠬᠣᠩᠭᠣᠷ ᠤᠨ ᠡᠯᠡᠰᠦ
ᠭᠣᠪᠢ ᠳᠤ ᠠᠮᠢᠳᠤᠷᠠᠳᠠᠭ ᠣᠯᠣᠭᠠᠢ ᠬᠣᠷᠣᠬᠠᠢ

 ᠨᠡᠷᠡᠳᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠭᠡᠳᠡᠭ ᠨᠢ ᠮᠣᠩᠭᠣᠯ ᠬᠡᠯᠡ ᠳᠤ ᠴᠦᠯᠯᠡᠷᠬᠡᠭ ᠭᠠᠵᠠᠷ ᠢ ᠵᠢᠭᠠᠭᠰᠠᠨ ᠤᠳᠬ᠎ᠠ ᠲᠠᠢ ᠦᠭᠡ ᠪᠥᠭᠡᠳ ᠮᠣᠩᠭᠣᠯ ᠤᠯᠤᠰ ᠤᠨ ᠡᠮᠦᠨᠡᠲᠦ ᠬᠡᠰᠡᠭ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠣᠶᠢᠳᠤ᠂ ᠪᠠᠷᠠᠭᠤᠨ ᠬᠣᠶᠢᠳᠤ ᠬᠡᠰᠡᠭ ᠢᠶᠡᠷ ᠦᠷᠭᠦᠯᠵᠢᠯᠡᠬᠦ ᠴᠥᠯ ᠢ ᠶᠡᠷᠦᠩᠬᠡᠢ ᠳᠤ ᠨᠢ ᠭᠣᠪᠢ ᠭᠡᠨ᠎ᠡ᠃

ᠮᠣᠩᠭᠣᠯ ᠤᠨ ᠭᠣᠪᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠭᠣᠪᠢ ᠪᠣᠯ ᠳᠡᠯᠡᠬᠡᠢ ᠶᠢᠨ ᠲᠣᠮᠣ ᠡᠯᠡᠰᠦᠨ ᠴᠥᠯ ᠦᠳ ᠦᠨ ᠨᠢᠭᠡ ᠶᠤᠮ᠃ ᠠᠽᠢᠶ᠎ᠠ ᠲᠢᠪ ᠲᠦ ᠤᠷᠤᠰᠢᠬᠤ ᠬᠠᠮᠤᠭ ᠤᠨ ᠲᠣᠮᠣ᠂ ᠳᠡᠯᠡᠬᠡᠢ ᠳᠦ 5 ᠍ᠳ᠋ᠦᠭᠡᠷ ᠲᠦ ᠤᠷᠤᠬᠤ ᠴᠥᠯ ᠦᠨ ᠪᠥᠰᠡ ᠶᠤᠮ᠃ ᠬᠣᠶᠢᠳᠤ ᠲᠠᠯ᠎ᠠ ᠪᠠᠷ ᠢᠶᠠᠨ ᠠᠯᠲᠠᠢ ᠶᠢᠨ ᠨᠢᠷᠤᠭᠤ᠂ ᠮᠣᠩᠭᠣᠯ ᠤᠨ ᠲᠠᠯ᠎ᠠ ᠬᠡᠭᠡᠷ᠎ᠡ ᠨᠤᠲᠤᠭ᠂ ᠪᠠᠷᠠᠭᠤᠨ ᠡᠮᠦᠨ᠎ᠡ ᠲᠠᠯ᠎ᠠ ᠪᠠᠷ ᠢᠶᠠᠨ ᠲᠥᠪᠡᠳ ᠦᠨ ᠥᠨᠳᠥᠷᠯᠢᠭ᠂ ᠵᠡᠭᠦᠨ ᠡᠮᠦᠨ᠎ᠡ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠭᠰᠢ ᠥᠨᠳᠥᠷᠯᠢᠭ ᠲᠡᠢ ᠬᠠᠶᠠᠭ᠎ᠠ ᠵᠠᠯᠭᠠᠨ᠎ᠠ᠃ ᠭᠣᠪᠢ ᠨᠢ ᠶᠡᠬᠡ ᠮᠣᠩᠭᠣᠯ ᠤᠯᠤᠰ ᠍ ᠤᠨ ᠦᠶ᠎ᠡ ᠳᠦ ᠴᠢᠬᠤᠯᠠ ᠠᠴᠢ ᠬᠣᠯᠪᠣᠭᠳᠠᠯ ᠪᠦᠬᠦᠢ ᠨᠤᠲᠤᠭ ᠪᠠᠶᠢᠭᠰᠠᠨ ᠪᠥᠭᠡᠳ ᠲᠣᠷᠭᠠᠨ ᠵᠠᠮ ᠤᠨ ᠳᠠᠭᠠᠤ ᠳ᠋ᠡᠬᠢ ᠬᠡᠳᠦ ᠬᠡᠳᠦᠨ ᠬᠣᠲᠠ ᠰᠠᠭᠤᠷᠢᠨ ᠭᠠᠵᠠᠷ ᠭᠣᠪᠢ ᠳᠤ ᠣᠷᠣᠰᠢᠨ᠎ᠠ᠃

ᠮᠣᠩᠭᠣᠯ ᠤᠨ ᠭᠣᠪᠢ ᠤᠨ ᠴᠠᠭ ᠠᠭᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠥᠷ ᠰᠦᠷᠯᠢᠭ ᠭᠢᠮᠠᠯᠢᠶ ᠠ ᠶᠢᠨ ᠨᠢᠷᠤᠭᠤ ᠨᠢ ᠡᠨᠡ ᠪᠥᠰᠡ ᠨᠤᠲᠤᠭ ᠲᠤ ᠢᠷᠡᠬᠦ ᠪᠣᠷᠣᠭᠠᠨ ᠤ ᠡᠭᠦᠯᠡ ᠶᠢ ᠬᠠᠯᠬᠠᠯᠠᠬᠤ ᠠᠴᠠ ᠰᠢᠯᠲᠠᠭᠠᠯᠠᠵᠤ᠂ ᠬᠤᠷ᠎ᠠ ᠲᠤᠨᠤᠳᠠᠰᠤ ᠪᠠᠭ᠎ᠠ ᠣᠷᠣᠳᠠᠭ ᠲᠤᠯᠠ ᠭᠣᠪᠢ ᠡᠭᠦᠰᠴᠡᠢ᠃ ᠮᠤᠩᠭᠤᠯ ᠤᠨ ᠭᠣᠪᠢ ᠨᠢ ᠰᠠᠬᠠᠷᠠ ᠡᠯᠡᠰᠦᠨ ᠴᠥᠯ ᠡᠴᠡ ᠢᠯᠭᠠᠭ᠎ᠠ ᠲᠠᠢ ᠪᠠᠷ ᠡᠯᠡᠰᠦᠨ ᠮᠠᠨᠠᠨ ᠲᠠᠢ᠂ ᠬᠠᠮᠤᠭ ᠤᠨ ᠲᠣᠮᠣ ᠦᠷᠡᠵᠢᠯ ᠰᠢᠮ᠎ᠡ ᠦᠭᠡᠢ ᠭᠠᠵᠠᠷ ᠪᠥᠭᠡᠳ ᠬᠠᠳᠠᠷᠬᠠᠭ ᠴᠢᠯᠠᠭᠤ ᠲᠠᠢ᠃ ᠡᠷᠡᠰ ᠲᠡᠰᠦ ᠠᠭᠤᠷ ᠠᠮᠢᠰᠬᠤᠯ ᠲᠠᠢ ᠪᠥᠭᠡᠳ ᠵᠤᠨ ᠳᠤ ᠪᠠᠨ ᠲᠣᠯᠠᠭᠠᠨ ᠤ ᠬᠡᠮᠵᠢᠶ᠎ᠡ +40 ᠽᠸᠯᠰ ᠭᠷᠠᠳᠦ᠋ᠰ᠂ ᠡᠪᠦᠯ ᠳᠦ ᠪᠡᠨ -40 ᠽᠸᠯᠰ ᠭᠷᠠᠳᠦ᠋ᠰ ᠪᠣᠯᠳᠠᠭ᠃ ᠳᠤᠮᠳᠠᠴᠢ ᠪᠠᠷ ᠵᠢᠯ ᠳᠤ 100 ᠮᠢᠯᠢᠮᠧᠲ᠋ᠷ ᠡᠴᠡ ᠪᠠᠭ᠎ᠠ ᠬᠤᠷ᠎ᠠ ᠲᠤᠨᠤᠳᠠᠰᠤ ᠤᠨᠠᠬᠤ ᠪᠥᠭᠡᠳ ᠵᠠᠷᠢᠮ ᠭᠠᠵᠠᠷ ᠲᠤ 2 ᠠᠴᠠ 3 ᠵᠢᠯ ᠳᠤ ᠨᠢᠭᠡ ᠯᠠ ᠤᠳᠠᠭ᠎ᠠ ᠪᠣᠷᠣᠭ᠎ᠠ ᠣᠷᠣᠭᠰᠠᠨ ᠪᠠᠶᠢᠳᠠᠭ᠃

ᠮᠣᠩᠭᠣᠯ ᠤᠨ ᠭᠣᠪᠢ ᠤᠨ ᠠᠮᠢ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠨᠢ ᠪᠠᠶᠢᠭᠠᠯᠢ ᠴᠠᠭ ᠠᠭᠤᠷ᠂ ᠭᠠᠵᠠᠷ ᠤᠨ ᠪᠠᠶᠢᠴᠠ ᠶᠢᠨ ᠬᠤᠪᠢ ᠳᠤ ᠣᠯᠠᠨ ᠶᠠᠩᠵᠤ ᠶᠢᠨ᠂ ᠬᠣᠪᠣᠷ ᠠᠮᠢᠲᠠᠨ ᠤᠷᠭᠤᠮᠠᠯ ᠣᠯᠠᠨ ᠲᠠᠢ᠃ ᠳᠡᠯᠡᠬᠡᠢ ᠶᠢᠨ ᠠᠮᠢ ᠠᠬᠤᠢ ᠶᠢᠨ ᠲᠣᠮᠣᠬᠠᠨ ᠭᠠᠵᠠᠷ ᠤᠨ ᠨᠢᠭᠡ ᠪᠣᠯ ᠭᠣᠪᠢ ᠶᠢᠨ ᠳᠠᠷᠬᠠᠨ ᠴᠠᠭᠠᠵᠠᠲᠤ ᠭᠠᠵᠠᠷ ᠪᠤᠯᠤᠨ᠎ᠠ᠃ ᠲᠠ ᠭᠤᠪᠢ ᠨᠤᠲᠤᠭ ᠡᠴᠡ ᠲᠡᠦᠬᠡ ᠶᠢᠨ᠂ ᠪᠣᠯᠤᠨ ᠰᠤᠶᠤᠯ ᠤᠨ ᠳᠤᠷᠠᠰᠬᠠᠯᠲᠤ ᠭᠠᠵᠠᠷ ᠤᠳ ᠢ ᠤᠯᠵᠤ ᠦᠵᠡᠬᠦ ᠪᠣᠯᠤᠨ᠎ᠠ᠃ 19 ᠍ᠳ᠋ᠦᠭᠡᠷ ᠵᠠᠭᠤᠨ ᠤ ᠨᠡᠷᠡᠲᠦ ᠰᠣᠶᠣᠨ ᠭᠡᠭᠡᠷᠡᠭᠦᠯᠦᠭᠴᠢ᠂ ᠢᠷᠠᠭᠤ ᠨᠠᠶᠢᠷᠠᠭᠴᠢ᠂ ᠭᠣᠪᠢ ᠶᠢᠨ ᠳᠣᠭᠰᠢᠨ ᠨᠣᠶᠠᠨ ᠬᠤᠲᠤᠭᠲᠤ ᠳᠠᠨᠽᠠᠨᠷᠠᠪᠵᠢᠶᠠ ᠶᠢᠨ 1820 ᠶᠢᠨ ᠤᠨ ᠳᠤ ᠪᠠᠶᠢᠭᠤᠯᠵᠤ ᠪᠠᠶᠢᠭᠰᠠᠨ ᠥᠪᠥᠷ ᠬᠠᠮᠠᠷ ᠤᠨ ᠬᠡᠶᠢᠳ᠂ ᠮᠣᠩᠭᠣᠯ ᠤᠨ ᠠᠩᠬᠠᠨ ᠤ ᠲᠢᠶᠠᠲ᠋ᠷ《ᠰᠠᠷᠠᠨ ᠬᠥᠬᠢᠭᠡᠨ ᠦ ᠨᠠᠮᠲᠠᠷ ᠳᠠᠭᠤᠯᠠᠬᠤ ᠳ᠋ᠠᠴᠠᠩ|ᠰᠠᠷᠠᠨ ᠬᠥᠬᠦᠭᠡ ᠶᠢᠨ ᠨᠠᠮᠲᠠᠷ ᠳᠠᠭᠤᠯᠠᠬᠤ ᠲᠠᠪᠴᠠᠩ》 ᠤᠨ ᠳᠤᠤᠷ ᠠ ᠳᠡᠯᠡᠬᠡᠢ ᠶᠢᠨ ᠡᠨᠧᠷᠭᠢ ᠶᠢᠨ ᠲᠥᠪ ᠪᠤᠯᠬᠤ《ᠱᠠᠮᠪᠠᠯ ᠤᠨ ᠣᠷᠣᠨ》ᠪᠠᠶᠢᠳᠠᠭ᠃ ᠲᠠ ᠡᠨᠡ ᠨᠤᠲᠤᠭ ᠲᠤ ᠢᠷᠡᠪᠡᠯ ᠪᠠᠰᠠ ᠳᠡᠯᠡᠬᠡᠢ ᠶᠢᠨ ᠬᠣᠪᠣᠷ ᠠᠮᠢᠲᠠᠨ ᠤᠳ ᠢ ᠤᠯᠵᠤ ᠦᠵᠡᠬᠦ ᠪᠣᠯᠤᠨ᠎ᠠ᠃ ᠢᠯᠠᠩᠭᠤᠶ᠎ᠠ ᠮᠤᠩᠭᠤᠯ ᠤᠯᠤᠰ ᠤᠨ ᠡᠮᠦᠨᠡᠭᠣᠪᠢ ᠠᠶᠢᠮᠠᠭ ᠤᠨ ᠨᠤᠲᠤᠭ ᠲᠤ ᠤᠷᠤᠰᠢᠬᠤ ᠨᠠᠮᠠᠭᠲᠦ ᠠᠭᠤᠯᠠ ᠨᠢ ᠡᠷᠲᠡᠨ ᠦ ᠦᠯᠭᠡ ᠭᠦᠷᠪᠡᠯ ᠤᠳ ᠤᠨ ᠬᠣᠪᠣᠷ ᠣᠯᠳᠠᠪᠤᠷᠢ ᠶᠡᠬᠡ ᠪᠡᠷ ᠣᠯᠳᠠᠳᠠᠭ ᠢᠶᠠᠷ ᠢᠶᠠᠨ ᠠᠯᠳᠠᠷᠲᠠᠢ ᠪᠠᠶᠢᠳᠠᠭ᠃ ᠬᠤᠤᠰ ᠪᠥᠬᠦᠲᠦ ᠲᠡᠮᠡᠭᠡ᠂ ᠬᠤᠯᠠᠨ᠂ ᠮᠠᠵᠠᠭᠠᠯᠠᠢ ᠭᠡᠬᠦ ᠮᠡᠲᠦ᠃

ᠮᠣᠩᠭᠣᠯ ᠤᠨ ᠬᠣᠩᠭᠣᠷ ᠤᠨ ᠡᠯᠡᠰᠦ [ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠩᠭᠤᠯ ᠤᠯᠤᠰ ᠤᠨ ᠬᠣᠩᠭᠣᠷ ᠤᠨ ᠡᠯᠡᠰᠦ ᠨᠢ ᠮᠠᠩᠬᠠᠨ ᠤ ᠲᠣᠭᠲᠠᠴᠠ ᠲᠠᠢ ᠴᠥᠭᠡᠬᠡᠨ ᠭᠠᠵᠠᠷ ᠤᠳ ᠤᠨ ᠨᠢᠭᠡ ᠶᠤᠮ᠃ ᠡᠨᠡ ᠨᠢ 200 ᠮᠧᠲ᠋ᠷ ᠥᠨᠳᠥᠷ᠂ ᠬᠠᠮᠤᠷᠠᠬᠤ ᠬᠦᠷᠢᠶ ᠡ ᠨᠢ ᠲᠣᠮᠣ ᠪᠥᠭᠡᠳ ᠵᠢᠭᠤᠯᠴᠢᠳ ᠶᠡᠬᠡ ᠪᠡᠷ ᠢᠷᠡᠳᠡᠭ᠃ ᠭᠣᠪᠢ ᠶᠢᠨ ᠬᠣᠢᠳᠤ ᠵᠠᠬ᠎ᠠ ᠪᠠᠷ ᠵᠢᠵᠢᠭ ᠪᠠᠶᠠᠨ ᠪᠦᠷᠢᠲᠦ ᠪᠠᠶᠢᠬᠤ ᠪᠥᠭᠡᠳ ᠲᠡᠨᠳᠡ ᠪᠠᠶᠢᠭ᠎ᠠ ᠬᠦᠮᠦᠨ ᠪᠣᠯᠤᠨ ᠠᠮᠢᠲᠠᠨ ᠢ ᠬᠣᠭᠣᠯᠠ᠂ ᠤᠤᠭᠤᠬᠤ ᠤᠰᠤ ᠲᠠᠢ ᠨᠢ ᠵᠠᠯᠭᠠᠭᠤᠯᠤᠨ᠎ᠠ᠃ ᠭᠣᠪᠢ ᠶᠢᠨ ᠨᠢᠭᠡ ᠣᠨᠴᠠᠯᠢᠭ ᠨᠢ ᠠᠷᠤ ᠲᠠᠯ᠎ᠠ ᠪᠠᠷ ᠨᠢ ᠵᠠᠭ ᠤᠨ ᠮᠣᠳᠣ ᠨᠤᠭᠤᠳ ᠪᠠᠶᠢᠳᠠᠭ᠃ ᠡᠭ ᠤᠨ ᠭᠣᠣᠯ ᠨᠢ ᠭᠣᠪᠢ ᠶᠢᠨ ᠡᠮᠦᠨ᠎ᠡ ᠬᠡᠰᠡᠭ ᠢᠶᠡᠷ ᠪᠠᠶᠢᠷᠢᠯᠠᠬᠤ ᠪᠠ ᠲᠤᠰᠠᠭᠠᠷᠯᠠᠭᠳᠠᠭᠰᠠᠨ ᠦᠷᠡᠵᠢᠯ ᠰᠢᠮ᠎ᠡ ᠦᠭᠡᠢ ᠴᠥᠯ ᠢᠶᠡᠷ ᠬᠦᠷᠢᠶᠡᠯᠡᠭᠳᠡᠭᠰᠡᠨ ᠪᠠᠶᠢᠨ᠎ᠠ᠃ ᠨᠡᠢᠭᠡᠮ ᠵᠢᠷᠦᠮᠲᠦ ᠨᠡᠢᠭᠡᠮ ᠤᠨ ᠦᠶᠡᠰ ᠯᠠ ᠲᠡᠮᠦᠷ ᠵᠠᠮ ᠤᠨ ᠳᠠᠭᠠᠤ ᠬᠥᠳᠡᠭᠡ ᠠᠵᠤ ᠠᠬᠤᠢ ᠶᠢ ᠬᠥᠭᠵᠢᠭᠦᠯᠦᠭᠰᠡᠨ ᠪᠣᠯᠪᠠᠴᠤ ᠣᠳᠣ ᠬᠤᠷᠢᠭᠠᠳ ᠯᠠ ᠡᠷᠦᠬᠡ ᠦᠯᠡᠳᠡᠭᠡᠳ ᠪᠠᠶᠢᠨ᠎ᠠ᠃ ᠡᠨᠳᠡ ᠤᠯᠠᠭᠠᠨ ᠯᠣᠣᠯᠢ᠂ ᠥᠷᠭᠡᠰᠦᠲᠦ ᠬᠡᠮᠬᠡ᠂ ᠲᠠᠷᠪᠤᠰ᠂ ᠴᠢᠨᠵᠦᠦ ᠵᠡᠷᠭᠡ ᠣᠯᠠᠨ ᠵᠢᠮᠢᠰ ᠨᠤᠭᠤᠭ᠎ᠠ ᠤᠷᠭᠤᠨ᠎ᠠ᠃ ᠡᠨᠳᠡ ᠠᠶᠢᠮᠠᠭ ᠤᠨ ᠲᠥᠪ ᠨᠢ 400 km ᠵᠠᠢ ᠳᠤ ᠤᠷᠤᠰᠢᠬᠤ ᠪᠥᠭᠡᠳ ᠬᠤᠳᠠᠯᠳᠤᠭ᠎ᠠ ᠡᠷᠬᠢᠯᠡᠬᠦ ᠪᠣᠯᠤᠮᠵᠢ ᠦᠭᠡᠢ ᠪᠠᠶᠢᠳᠠᠭ᠃


ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠭᠣᠪᠢ&oldid=480501》 ᠍  ᠡᠴᠡ ᠠᠪᠤᠭᠰᠠᠨ

ᠪᠢᠴᠢᠭᠡᠰᠦ