ᠰᠢᠶᠠᠩᠭᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠭᠣᠩᠺᠣᠩ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
<tr class="mergedrow">
</tr><tr class="mergedbottomrow">
</tr>
ᠲᠤᠰᠬᠠᠢ ᠵᠠᠬᠢᠷᠭᠠᠨ ᠤ ᠪᠥᠰᠡ ᠰᠢᠶᠠᠩᠭᠠᠩ

香港特別行政區
Xiānggǎng Tèbié Xíngzhèngqū
Hong Kong Special
Administrative Region</small>
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠰᠢᠶᠠᠩᠭᠠᠩ ᠬᠣᠲᠠ ᠶᠢᠨ ᠰᠥᠨᠢ ᠶᠢᠨ ᠦᠵᠡᠮᠵᠢ (2007)
ᠰᠢᠶᠠᠩᠭᠠᠩ ᠬᠣᠲᠠ ᠶᠢᠨ ᠰᠥᠨᠢ ᠶᠢᠨ ᠦᠵᠡᠮᠵᠢ (2007)
ᠠᠯᠪᠠᠨ ᠬᠡᠯᠡ ᠬᠢᠲᠠᠳᠠᠩᠭᠯᠢ
ᠶᠠᠷᠢᠶᠠᠨ ᠤ ᠬᠡᠯᠡ ᠠᠶᠠᠯᠭᠤ ᠭᠤᠸᠠᠩᠳᠦ᠋ᠩ᠂ ᠠᠩᠭᠯᠢ ᠪᠢᠴᠢᠭ ᠦᠰᠦᠭ ᠬᠠᠭᠤᠴᠢᠨ ᠬᠢᠲᠠᠳ ᠦᠰᠦᠭ᠂ ᠠᠩᠭᠯᠢ ᠦᠰᠦᠭ
ᠣᠯᠠᠨ ᠲᠦᠮᠡᠨ ᠰᠢᠶᠠᠩᠭᠠᠩ ᠤᠨ ᠬᠢᠨ
ᠲᠥᠷᠥ ᠵᠠᠰᠠᠭ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠣᠨᠴᠠᠭᠠᠢ ᠵᠠᠰᠠᠭ ᠵᠠᠬᠢᠷᠭᠠᠨ ᠤ ᠣᠷᠣᠨ
 -  ᠶᠡᠷᠦᠩᠬᠡᠢ ᠳᠠᠷᠤᠭ᠎ᠠ ᠯᠢᠶᠠᠩ ᠵᠸᠨ ᠶᠢᠩ
ᠡᠭᠦᠰᠦᠯ᠂ ᠡᠷᠬᠡ ᠰᠢᠯᠵᠢᠯᠲᠡ
 -  ᠪᠷᠢᠲ᠋ᠠᠨ(ᠠᠩᠭᠯᠢ) ᠳᠤ ᠡᠵᠡᠯᠡᠭᠳᠡᠪᠡ 1841 ᠣᠨ ᠤ 1 ᠰᠠᠷ᠎ᠠ ᠶᠢᠨ 25 
 -  ᠨᠠᠨᠵᠢᠩ ᠤᠨ ᠭᠡᠷ ᠡ 1842 ᠣᠨ ᠤ 8 ᠰᠠᠷ᠎ᠠ ᠶᠢᠨ 29 
 -  ᠶᠠᠫᠣᠨ ᠳᠤ ᠡᠵᠡᠯᠡᠭᠳᠡᠪᠡ 1941 ᠣᠨ - 1945 ᠣᠨ 
 -  ᠶᠡᠬᠡ ᠪᠷᠢᠲ᠋ᠠᠨ(ᠠᠩᠭᠯᠢ) ᠡᠴᠡ ᠲᠤᠮᠳᠠᠳᠤ ᠤᠯᠤᠰ ᠤᠨ ᠪᠦᠷᠢᠨ ᠡᠷᠬᠡ ᠳᠤ ᠰᠢᠯᠵᠢᠪᠡ 1997 ᠣᠨ ᠤ 7 ᠰᠠᠷ᠎ᠠ ᠶᠢᠨ 1 
ᠨᠤᠲᠤᠭ ᠳᠡᠪᠢᠰᠬᠡᠷ
 -  ᠪᠦᠬᠦ ᠲᠠᠯᠠᠪᠠᠢ 1,104 km2 (179)
 -  ᠭᠠᠳᠠᠷᠭᠤ ᠶᠢᠨ ᠤᠰᠤ (%) 4.58% (50 км²)[1]
ᠬᠦᠮᠦᠨ ᠠᠮᠠ
 -  ᠲᠣᠭᠠᠴᠠᠭ᠎ᠠ (2010) 7,055,071[1] (100)
 -  ᠲᠣᠭᠠᠯᠠᠯᠭ᠎ᠠ (2010) 7,061,200[2] 
 -  ᠨᠢᠭᠲᠠᠴᠠ ᠰᠡᠶᠢᠷᠡᠭ 6,480[3] ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $351.119 ᠲᠡᠷᠪᠤᠮ[4] 
 -  ᠨᠢᠭᠡ ᠬᠦᠨᠳᠦ $49,137[4] 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $243.302 ᠲᠡᠷᠪᠤᠮ[4] 
 -  ᠨᠢᠭᠡ ᠬᠦᠨᠳᠦ $34,049[4] 
Gini (2007) 43.4[5] 
ᠬᠡᠦᠬᠡᠳ ᠦᠨ ᠬᠥᠭᠵᠢᠯ ᠦᠨ ᠢᠨᠳᠧᠺᠰ (2011) 0.898[6] (ᠮᠠᠰᠢ ᠰᠠᠶᠢᠨ) (13)
ᠮᠥᠩᠭᠥᠨ ᠦ ᠨᠢᠭᠡᠴᠡ ᠰᠢᠶᠠᠩᠭᠠᠩ ᠳ᠋ᠣᠯᠯᠠᠷ (HKD)
ᠴᠠᠭ ᠤᠨ ᠪᠥᠰᠡ ᠰᠢᠶᠠᠩᠭᠠᠩ ᠤᠨ ᠴᠠᠭ (GMT+8)
ᠳ᠋ᠦᠮᠠᠢᠨ ᠤ ᠨᠡᠷ᠎ᠡ .hk
ᠤᠲᠠᠰᠤᠨ ᠤ ᠲᠣᠮᠢᠶ᠎ᠠ +852
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠭᠠᠵᠠᠷ ᠤᠨ ᠵᠢᠷᠤᠭ ᠲᠤ ᠨᠣᠭᠣᠭᠠᠨ ᠥᠩᠭᠡ ᠲᠡᠢ ᠨᠢ ᠰᠢᠶᠠᠩᠭᠠᠩ ᠤᠨ ᠭᠠᠵᠠᠷ ᠨᠤᠲᠤᠭ

ᠰᠢᠶᠠᠩᠭᠠᠩ (ᠬᠢᠲᠠᠳ ᠢᠶᠠᠷ 香港ᠠᠩᠭᠯᠢ ᠪᠠᠷ Hong Kong) ᠠᠽᠢᠶ᠎ᠠ ᠳ᠋ᠠᠬᠢ ᠳᠡᠯᠡᠬᠡᠢ ᠶᠢᠨ ᠮᠦᠩᠭᠦᠨ ᠭᠦᠢᠯᠭᠡᠭᠡᠨ ᠤ ᠲᠣᠮᠣᠬᠠᠨ ᠲᠥᠪ ᠬᠣᠲᠠ ᠪᠦᠭᠡᠳ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠰᠢᠶᠠᠩᠭᠠᠩ ᠤᠨ ᠤᠨᠴᠠᠭᠠᠢ ᠵᠠᠬᠢᠷᠭᠠᠨ ᠤ ᠬᠣᠶᠠᠷ ᠤᠷᠤᠨ ᠤ (香港特別行政區) ᠬᠢᠨᠢ ᠨᠢᠭᠡ ᠨᠢ ᠪᠤᠯᠤᠨ᠎ ᠠ᠃ ᠨᠥᠭᠥᠭᠡ ᠨᠢ ᠤᠤᠮᠸᠨ(澳门) ᠪᠤᠯᠤᠨ᠎ ᠠ᠃

ᠰᠢᠶᠠᠩᠭᠠᠩ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠮᠦᠨᠡᠲᠦ ᠬᠡᠰᠡᠭ ᠲᠦ ᠤᠷᠤᠰᠢᠬᠤ ᠪᠥᠭᠡᠳ ᠬᠣᠶᠢᠳᠤ ᠲᠠᠯ᠎ᠠ ᠪᠠᠷ ᠢᠶᠠᠨ ᠭᠤᠸᠠᠩᠳᠦ᠋ᠩ ᠮᠤᠵᠢ ᠲᠠᠢ ᠬᠢᠯᠢᠯᠡᠳᠡᠭ᠃ ᠵᠡᠭᠦᠨ᠂ ᠪᠠᠷᠠᠭᠤᠨ᠂ ᠡᠮᠦᠨᠡᠲᠦ ᠲᠠᠯ᠎ᠠ ᠳᠤ ᠨᠢ ᠡᠮᠦᠨᠡᠲᠦ ᠲᠡᠩᠭᠢᠰ (南海) ᠣᠷᠣᠰᠢᠨ᠎ᠠ᠃

ᠰᠢᠶᠠᠩᠭᠠᠩ ᠨᠢ 1942 ᠣᠨ ᠠᠴᠠ 1997 ᠣᠨ ᠪᠤᠯᠲᠠᠯ ᠠ᠂ ᠳᠠᠷᠤᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠤ ᠪᠤᠴᠠᠵᠤ ᠢᠷᠡᠬᠦ ᠬᠦᠷᠲᠡᠯ᠎ᠡ ᠠᠩᠭᠯᠢ ᠤᠯᠤᠰ ᠍ ᠤᠨ ᠵᠠᠰᠠᠭ ᠵᠠᠬᠢᠷᠭᠠᠨ ᠤ ᠳᠣᠣᠷ᠎ᠠ ᠪᠠᠶᠢᠵᠠᠢ᠃ ᠳᠤᠮᠳᠠᠳᠤ-ᠠᠩᠭᠯᠢ ᠶᠢᠨ ᠬᠠᠮᠲᠤᠷᠠᠭᠰᠠᠨ ᠲᠤᠩᠬᠠᠭ ᠪᠣᠯᠤᠨ ᠰᠢᠶᠠᠩᠭᠠᠩ ᠤᠨ ᠦᠨᠳᠦᠰᠦᠨ ᠬᠠᠤᠯᠢ ᠳᠤ ᠵᠢᠭᠠᠭᠰᠠᠨ ᠢᠶᠠᠷ ᠰᠢᠯᠵᠢᠭᠦᠯᠦᠭᠰᠡᠨ ᠡᠴᠡ ᠲᠠᠪᠢᠨ ᠵᠢᠯ ᠦᠨ ᠳᠠᠷᠠᠭ᠎ᠠ ᠪᠤᠶᠤ ᠬᠠᠮᠤᠭ ᠤᠶᠢᠷ ᠠ ᠳᠤ ᠪᠠᠨ 2047 ᠣᠨ ᠬᠦᠷᠲᠡᠯ᠎ᠡ ᠰᠢᠶᠠᠩᠭᠠᠩ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ "ᠨᠢᠭᠡ ᠤᠯᠤᠰ᠂ ᠬᠣᠶᠠᠷ ᠪᠠᠶᠢᠭᠤᠯᠤᠯᠭ᠎ ᠠ" ᠭᠡᠰᠡᠨ ᠲᠦᠷᠦ ᠶᠢᠨ ᠪᠣᠳᠣᠯᠭ᠎ᠠ ᠶᠢᠨ ᠳᠠᠭᠠᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠵᠠᠰᠠᠭ ᠤᠨ ᠭᠠᠵᠠᠷ ᠨᠢ ᠰᠢᠶᠠᠩᠭᠠᠩ ᠤᠨ ᠠᠶᠤᠯ ᠦᠭᠡᠢ ᠪᠠᠶᠢᠳᠠᠯᠭᠠᠳᠠᠭᠠᠳᠤ ᠪᠣᠳᠣᠯᠭ᠎ᠠ ᠶᠢ ᠬᠠᠷᠢᠭᠤᠴᠠᠵᠤ᠂ ᠬᠠᠤᠯᠢ ᠶᠢᠨ ᠰᠢᠰᠲ᠋ᠧᠮᠴᠠᠭᠳᠠᠭ᠎ ᠠ ᠶᠢᠨ ᠬᠦᠴᠦᠨ᠂ ᠮᠥᠩᠭᠥᠨ ᠲᠡᠮᠳᠡᠭᠲᠦᠭᠠᠶᠢᠯᠢ ᠶᠢᠨ ᠪᠣᠳᠣᠯᠭ᠎ᠠᠴᠠᠭᠠᠴᠢᠯᠠᠯ ᠍ ᠤᠨ ᠪᠣᠳᠣᠯᠭ᠎ᠠ᠂ ᠣᠯᠠᠨ ᠤᠯᠤᠰ ᠤᠨ ᠪᠠᠶᠢᠭᠤᠯᠤᠯᠭ᠎ᠠ ᠵᠡᠷᠭᠡ ᠦᠢᠯᠡ ᠶᠠᠪᠤᠳᠠᠯ ᠳᠤ ᠢᠯᠡᠭᠡᠬᠦ ᠲᠥᠯᠥᠭᠡᠯᠡᠭᠴᠢᠳ ᠢᠶᠡᠨ ᠥᠪᠡᠷ ᠢᠶᠡᠨ ᠵᠣᠬᠢᠴᠠᠭᠤᠯᠤᠨ᠎ᠠ᠃

ᠠᠩᠬ᠎ᠠ ᠬᠤᠳᠠᠯᠳᠤᠭᠠᠨ ᠤ ᠪᠣᠭᠣᠮᠲᠠ ᠪᠣᠯᠵᠤ ᠪᠠᠶᠢᠭᠤᠯᠤᠭᠳᠠᠭᠰᠠᠨ ᠰᠢᠶᠠᠩᠭᠠᠩ ᠨᠢ 20 ᠍ ᠳᠦᠭᠡᠷ ᠵᠠᠭᠤᠨ ᠤ ᠰᠡᠭᠦᠯᠴᠢ ᠪᠡᠷ ᠲᠣᠮᠣᠬᠠᠨ ᠮᠦᠩᠭᠦᠨ ᠭᠦᠢᠯᠭᠡᠭᠡᠨ ᠤ ᠲᠥᠪ ᠪᠣᠯᠵᠠᠢ᠃ ᠬᠦᠷᠦᠩᠭᠡ ᠡᠳ᠋ ᠍ ᠦᠨ ᠵᠠᠰᠠᠭ ᠨᠢ ᠭᠣᠣᠯᠳᠠᠭᠤ ᠦᠢᠯᠡᠴᠢᠯᠡᠭᠡᠨ ᠦ ᠰᠠᠯᠪᠤᠷᠢ ᠳᠤ ᠲᠤᠯᠭᠠᠭᠤᠷᠢᠯᠠᠳᠠᠭ ᠪᠥᠭᠡᠳ ᠴᠢᠯᠦᠭᠡᠲᠠᠢ ᠪᠠᠶᠢᠳᠠᠭ᠃ ᠬᠦᠮᠦᠨ ᠠᠮᠠ ᠨᠢ ᠭᠣᠣᠯᠳᠠᠭᠤ ᠬᠢᠲᠠᠳ ᠦᠨᠳᠦᠰᠦᠲᠡᠨ ᠪᠠᠶᠢᠵᠤ᠂ ᠪᠤᠰᠤᠳ ᠦᠨᠳᠦᠰᠦᠲᠡᠨ ᠨᠦᠭᠦᠳ ᠦᠨ ᠢᠷᠭᠡᠳ ᠤᠨ ᠲᠤᠭ᠎ ᠠ ᠨᠢ ᠴᠦᠬᠡᠨ ᠪᠣᠯᠪᠠᠴᠤ ᠴᠢᠬᠤᠯᠠ ᠬᠡᠰᠡᠭ ᠢ ᠪᠦᠷᠢᠳᠦᠭᠦᠯᠳᠡᠭ᠃ ᠰᠢᠶᠠᠩᠭᠠᠩ ᠳᠤ ᠳᠤᠷᠤᠨᠠᠳᠠᠬᠢᠨ ᠪᠤᠯᠤᠨ ᠦᠷᠦᠨᠡᠳᠠᠬᠢᠨ ᠦ ᠰᠤᠶᠤᠯ ᠤᠷᠠᠯᠢᠭ ᠶᠡᠬᠡᠬᠡᠨ ᠨᠥᠯᠦᠭᠡᠯᠡᠭᠰᠡᠨ ᠪᠥᠭᠡᠳ ᠡᠨᠡ ᠨᠢ ᠬᠣᠭᠣᠯᠠᠺᠢᠨᠣ᠋ᠬᠥᠭᠵᠢᠮ ᠦᠨ ᠤᠷᠠᠯᠢᠭ ᠤᠳ ᠲᠤ ᠢᠯᠡᠷᠬᠡᠢ ᠬᠠᠷᠠᠭᠳᠠᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠭᠯᠢ ᠶᠢᠨ ᠡᠵᠡᠮᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1839 ᠣᠨ ᠳᠤ ᠴᠢᠩ ᠤᠯᠤᠰ ᠨᠢ ᠠᠩᠭᠯᠢ ᠡᠴᠡ ᠬᠠᠷ᠎ᠠ ᠲᠠᠮᠠᠬᠢ ᠤᠷᠤᠭᠤᠯᠬᠤ ᠶᠢ ᠲᠡᠪᠴᠢᠭᠰᠡᠨ ᠠᠴᠠ ᠪᠣᠯᠵᠤ ᠠᠩᠭᠯᠢ ᠲᠠᠢ ᠬᠠᠷ᠎ᠠ ᠲᠠᠮᠠᠬᠢᠨ ᠤ ᠨᠢᠭᠡᠳᠦᠭᠡᠷ ᠳᠠᠶᠢᠨ ᠪᠤᠯᠵᠠᠢ᠃ 1841 ᠣᠨ ᠤ 1 ᠰᠠᠷ᠎ᠠ ᠶᠢᠨ 20 ᠍ ᠳᠦ ᠠᠩᠭᠯᠢ ᠶᠢᠨ ᠴᠡᠷᠢᠭ ᠨᠢ ᠰᠢᠶᠠᠩᠭᠠᠩ ᠠᠷᠠᠯ ᠢ ᠡᠵᠡᠯᠡᠨ ᠠᠪᠴᠤ᠂ 1842 ᠣᠨ ᠤ 8 ᠰᠠᠷ᠎ᠠ ᠶᠢᠨ 29 ᠍ ᠳᠦ ᠨᠠᠨᠵᠢᠩ ᠤᠨ ᠭᠡᠷ᠎ᠡ ᠪᠡᠷ ᠥᠪᠡᠷ ᠦᠨ ᠮᠡᠳᠡᠯ ᠳᠦ ᠠᠪᠴᠤ ᠰᠠᠭᠤᠷᠢᠨ ᠭᠠᠵᠠᠷ (ᠸᠢᠺᠲ᠋ᠣᠷᠢ ᠭᠡᠬᠦ ᠨᠡᠷ᠎ᠡ ᠲᠡᠢ) ᠪᠠᠶᠢᠭᠤᠯᠵᠠᠢ᠃

1890 ᠍ ᠊ᠭᠡᠳ ᠣᠨ ᠤ ᠸᠢᠺᠲ᠋ᠣᠷᠢ ᠰᠠᠭᠤᠷᠢᠨ ᠭᠠᠵᠠᠷ
(ᠣᠳᠣ ᠲᠥᠪ ᠳᠡᠭᠦᠷᠭᠡ ᠶᠢᠨ ᠭᠠᠵᠠᠷ)

1860 ᠣᠨ ᠳᠤ ᠠᠩᠭᠯᠢ ᠨᠢ ᠬᠣᠶᠠᠳᠤᠭᠠᠷ ᠤᠳᠠᠭᠠᠨ ᠤ ᠬᠠᠷ᠎ᠠ ᠲᠠᠮᠠᠬᠢ ᠶᠢᠨ ᠳᠠᠶᠢᠨ ᠢ ᠡᠭᠦᠰᠬᠡᠵᠤ᠂ ᠺᠠᠤᠯᠠᠨ (ᠠᠩᠭᠯᠢ ᠪᠠᠷ Kowloon) ᠬᠣᠰᠢᠭᠤ ᠶᠢ ᠡᠵᠡᠯᠡᠵᠤ ᠠᠪᠤᠭᠰᠠᠨ ᠪᠦᠭᠡᠳ 1898 ᠣᠨ ᠳᠤ ᠤᠷᠢᠳᠤ ᠶᠢᠨ ᠭᠠᠵᠠᠷ ᠠᠴᠠ ᠪᠠᠨ ᠪᠦᠷ ᠲᠣᠮᠣ ᠭᠠᠵᠠᠷ ᠢ (New territories) 99 ᠵᠢᠯ ᠦᠨ ᠲᠦᠷᠢᠶᠡᠰᠦ ᠶᠢᠨ ᠭᠡᠷ᠎ᠡ ᠪᠡᠷ ᠨᠡᠮᠡᠵᠦ ᠠᠪᠴᠠᠢ᠃[7]

1841 ᠣᠨ ᠳᠤ ᠵᠢᠭᠠᠰᠤᠴᠢᠳ ᠨᠢ ᠭᠣᠣᠯᠳᠠᠭᠤ 7,450 ᠲᠤᠮᠳᠠᠳᠤ ᠤᠯᠤᠰ ᠤᠨ ᠬᠦᠮᠦᠨ ᠪᠠᠶᠢᠭᠰᠠᠨ ᠪᠣᠯ᠂ 1870 ᠣᠨ ᠳᠤ 115000 ᠲᠤᠮᠳᠠᠳᠤ ᠤᠯᠤᠰ ᠤᠨ ᠬᠦᠮᠦᠨ᠂ 8,754 ᠧᠦ᠋ᠷᠣᠫᠠ ᠬᠦᠮᠦᠨ ᠣᠷᠣᠰᠢᠨ ᠰᠠᠭᠤᠳᠠᠭ ᠪᠣᠯᠤᠭᠰᠠᠨ ᠨᠢ ᠬᠦᠮᠦᠨ ᠠᠮᠠ ᠴᠤᠭᠯᠠᠷᠠᠵᠤ ᠡᠬᠢᠯᠡᠭᠰᠡᠨ ᠦ ᠵᠢᠱᠢᠶ᠎ᠡ ᠶᠤᠮ᠃[8]

ᠶᠠᠫᠣᠨ ᠤ ᠲᠦᠷᠢᠮᠡᠭᠡᠶᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠫᠣᠨ ᠤ ᠡᠵᠡᠨᠲᠦ ᠭᠦᠷᠦᠨ ᠳᠡᠯᠡᠬᠡᠢ ᠶᠢᠨ ᠬᠣᠶᠠᠳᠤᠭᠠᠷ ᠳᠠᠶᠢᠨ ᠳᠤ ᠠᠽᠢᠶ᠎ᠠ ᠶᠢᠨ ᠵᠡᠭᠦᠨ ᠬᠡᠰᠡᠭ ᠠᠴᠠ ᠳᠣᠪᠲᠣᠯᠤᠨ ᠡᠵᠡᠯᠡᠵᠦ ᠪᠠᠶᠢᠬᠤ ᠦᠶ ᠡ ᠳᠤ᠂ ᠳᠠᠷᠤᠢ 1941 ᠣᠨ ᠤ 12 ᠰᠠᠷ᠎ᠠ ᠶᠢᠨ 8 ᠍ ᠳᠦ ᠰᠢᠶᠠᠩᠭᠠᠩ ᠤᠷᠤᠭᠤ ᠳᠠᠭᠠᠷᠢᠭᠰᠠᠨ ᠶᠤᠮ᠃[9] ᠠᠩᠭᠯᠢ᠂ ᠺᠠᠨᠠᠳᠠ ᠶᠢᠨ ᠬᠠᠮᠠᠭᠠᠯᠠᠭᠴᠢ ᠬᠦᠴᠦᠨ 1941 ᠣᠨ ᠤ 12 ᠰᠠᠷ᠎ᠠ ᠶᠢᠨ 25 ᠍ ᠳᠦ ᠰᠢᠶᠠᠩᠭᠠᠩ ᠢ ᠠᠯᠳᠠᠵᠠᠢ᠃[10] ᠶᠠᠫᠣᠨ ᠳᠤ ᠡᠵᠡᠯᠡᠭᠳᠡᠭᠰᠡᠨ ᠬᠡᠳᠦᠨ ᠵᠢᠯ ᠳᠤ ᠬᠤᠭᠤᠯᠠ ᠬᠦᠨᠡᠰᠦ ᠬᠣᠮᠰᠠᠳᠠᠵᠤ᠂ ᠡᠳ᠋ ᠪᠤᠳᠠᠰ ᠤᠨ ᠦᠨ᠎ᠡ ᠬᠠᠷᠢᠴᠠᠩᠭᠤᠢ ᠥᠰᠦᠭᠰᠡᠨ ᠶᠤᠮ᠃ ᠲᠤᠮᠳᠠᠳᠤ ᠤᠯᠤᠰ ᠤᠨ ᠬᠦᠮᠦᠰ  ᠤᠳ ᠬᠣᠶᠢᠰᠢ ᠨᠡᠭᠦᠭᠰᠡᠭᠡᠷ ᠪᠠᠶᠢᠵᠤ᠂ 1941 ᠣᠨ ᠳᠤ 1500000 ᠬᠦᠮᠦᠨ ᠪᠠᠶᠢᠭᠰᠠᠨ ᠢᠶᠠᠨ 1945 ᠣᠨ ᠳᠤ ᠠᠩᠭᠯᠢ ᠨᠢ ᠰᠢᠶᠠᠩᠭᠠᠩ ᠢ ᠳᠠᠬᠢᠨ ᠡᠷᠭᠢᠭᠦᠯᠦᠨ ᠠᠪᠬᠤ ᠪᠤᠯᠲᠠᠯ᠎ᠠ 600000 ᠬᠦᠮᠦᠨ ᠪᠣᠯᠵᠤ ᠴᠥᠭᠡᠷᠡᠭᠰᠡᠨ ᠪᠠᠶᠢᠳᠠᠭ᠃[11]

ᠬᠦᠢᠲᠡᠨ ᠳᠠᠶᠢᠨ ᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1989 ᠣᠨ ᠤ ᠰᠢᠶᠠᠩᠭᠠᠩ

1950 ᠍ ᠊ᠭᠠᠳ ᠣᠨ ᠳᠤ ᠰᠢᠶᠠᠩᠭᠠᠩ ᠳᠤ ᠬᠦᠪᠦᠩ ᠤᠨ ᠭᠠᠷᠭᠠᠯᠲᠠ ᠪᠣᠯᠤᠨ ᠪᠤᠰᠤᠳ ᠠᠵᠤ ᠦᠢᠯᠡᠳᠪᠦᠷᠢ ᠤᠳ ᠶᠡᠬᠡᠳᠡ ᠬᠥᠭᠵᠢᠭᠰᠡᠨ ᠶᠤᠮ᠃ ᠡᠨᠡ ᠦᠶ᠎ᠡ ᠳᠦ ᠬᠦᠮᠦᠨ ᠠᠮᠠ ᠶᠢᠨ ᠲᠣᠭ᠎ᠠ ᠦᠷᠭᠦᠯᠵᠢᠯᠡᠨ ᠥᠰᠴᠤ ᠂ ᠬᠥᠳᠡᠯᠮᠦᠷᠢ ᠶᠢᠨ ᠬᠥᠯᠥᠰᠥ ᠬᠠᠷᠠᠮᠵᠢ ᠨᠢ ᠬᠡᠪ ᠢᠶᠡᠷ ᠢᠶᠡᠨ ᠪᠠᠶᠢᠭᠰᠠᠨ ᠴᠤ ᠬᠦᠮᠦᠨ ᠠᠷᠠᠳ ᠤᠨ ᠠᠮᠢᠳᠤᠷᠠᠯ ᠤᠨ ᠲᠦᠪᠰᠢᠨ ᠳᠡᠭᠡᠭᠰᠢᠯᠡᠭᠰᠡᠨ ᠪᠠᠶᠢᠨ᠎ᠠ᠃[12] ᠰᠢᠶᠠᠩᠭᠠᠩ ᠳᠤ 80᠂ 90 ᠍ ᠊ᠭᠡᠳ ᠣᠨ ᠳᠤ ᠠᠵᠤ ᠦᠢᠯᠡᠳᠪᠦᠷᠢ ᠶᠢᠨ ᠰᠠᠯᠪᠤᠷᠢ ᠳᠤ ᠠᠵᠢᠯᠯᠠᠬᠤ ᠬᠦᠴᠦᠨ ᠦ ᠪᠠᠭᠲᠠᠭᠠᠮᠵᠢ ᠬᠠᠨᠤᠬᠤ ᠦᠶ᠎ᠡ ᠳᠦ ᠬᠦᠷᠦᠭᠡᠳ ᠦᠢᠯᠡᠴᠢᠯᠡᠭᠡ ᠶᠢᠨ ᠰᠠᠯᠪᠤᠷᠢ ᠶᠢᠨ ᠨᠡᠶᠢᠲᠡ ᠬᠡᠮᠵᠢᠶ᠎ᠡ ᠶᠡᠬᠡ ᠪᠡᠷ ᠥᠰᠴᠠᠢ᠃[13]

ᠠᠩᠭᠯᠢ ᠤᠯᠤᠰ ᠨᠢ 1997 ᠣᠨ ᠳᠤ ᠰᠢᠨ᠎ᠡ ᠭᠠᠵᠠᠷ ᠤᠨ (ᠠᠩᠭᠯᠢ ᠪᠠᠷ New territories) ᠲᠦᠷᠢᠶᠡᠰᠦ ᠶᠢᠨ ᠬᠤᠭᠤᠴᠠᠭ᠎ᠠ ᠳᠠᠭᠤᠰᠪᠠᠯ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠨᠢ ᠰᠢᠶᠠᠩᠭᠠᠩ ᠳᠡᠬᠢ ᠪᠦᠷᠢᠨ ᠡᠷᠬᠡ ᠪᠡᠨ ᠰᠡᠷᠭᠦᠭᠡᠨ᠎ ᠠ ᠭᠡᠳᠡᠭ ᠢ 1984 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠲᠠᠢ ᠬᠠᠮᠲᠤᠷᠠᠭᠰᠠᠨ ᠲᠤᠩᠬᠠᠭ ᠢ ᠲᠤᠭᠲᠠᠬᠤ ᠳᠦ ᠪᠡᠨ ᠪᠠᠲᠤᠯᠠᠵᠠᠢ᠃[7]

1997 ᠣᠨ ᠠᠴᠠ ᠬᠣᠶᠢᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠳᠤ ᠤᠯᠤᠰ ᠍ ᠤᠨ ᠡᠷᠭᠡ ᠮᠡᠳᠡᠯ ᠳᠦ ᠪᠤᠴᠠᠭᠰᠠᠨ ᠢᠶᠡᠷ ᠠᠩᠭᠯᠢ ᠶᠢᠨ ᠡᠷᠭᠡ ᠮᠡᠳᠡᠯ ᠤᠨ ᠦᠶ᠎ᠡ ᠳᠦ ᠪᠠᠶᠢᠭᠰᠠᠨ ᠠᠴᠠ ᠳᠤᠮᠳᠠᠳᠤ ᠶᠢᠨ ᠬᠦᠮᠦᠰ ᠲᠤ ᠵᠤᠬᠢᠴᠠᠭᠤᠯᠵᠤ ᠥᠭᠡᠷᠡᠴᠢᠯᠡᠭᠳᠡᠭᠰᠡᠨ ᠵᠦᠢᠯᠡᠰ ᠪᠠᠶᠢᠳᠠᠭ᠃ ᠥᠭᠡᠷᠡᠴᠢᠯᠡᠭᠳᠡᠭᠰᠡᠨ ᠦᠭᠡᠢ ᠵᠠᠷᠢᠮ ᠲᠠᠯ᠎ ᠠ ᠨᠢ ᠄ ᠥᠪᠡᠷ ᠦᠨ ᠨᠡᠷ᠎ᠡ ᠪᠡᠷ ᠳᠡᠯᠡᠬᠡᠢ ᠶᠢᠨ ᠠᠷᠠᠯᠵᠠᠶᠠᠨ ᠤ ᠪᠠᠶᠢᠭᠤᠯᠤᠮᠵᠢ (ДХБ)᠂ ᠲᠡᠯᠡᠬᠡᠢ ᠶᠢᠨ ᠤᠯᠠᠨ ᠤᠯᠤᠰ ᠤᠨ ᠤᠯᠢᠮᠫᠢᠺ ᠤᠨ ᠵᠦᠪᠯᠡᠯ (ОУОХ) ᠭᠡᠬᠦ ᠮᠡᠲᠦ ᠬᠡᠳᠦ ᠬᠡᠳᠦᠨ ᠣᠯᠠᠨ ᠤᠯᠤᠰ ᠤᠨ ᠪᠠᠶᠢᠭᠤᠯᠤᠯᠭ᠎ᠠ ᠶᠢᠨ ᠭᠡᠰᠢᠭᠦᠨ ᠬᠡᠪ ᠢᠶᠡᠷ ᠪᠠᠶᠢᠳᠠᠭ᠃ ᠪᠦᠬᠦ ᠰᠤᠷᠭᠠᠭᠤᠯᠢ ᠳᠤ ᠠᠩᠭᠯᠢ ᠬᠡᠯᠡ ᠵᠢᠭᠠᠭᠠᠳᠠᠭ ᠬᠡᠪ ᠢᠶᠡᠷ ᠪᠠᠶᠢᠵᠤ᠂ ᠪᠠᠰᠠ ᠰᠢᠶᠠᠩᠭᠠᠩ ᠤᠨ ᠲᠤᠰᠬᠠᠢ ᠤᠷᠤᠨ ᠤᠨ ᠫᠠᠰᠫᠣᠷᠲ (护照) ᠲᠠᠢ ᠬᠦᠮᠦᠨ ᠧᠦ᠋ᠷᠣᠫᠠᠤᠮᠠᠷᠠᠳᠤ ᠠᠮᠧᠷᠢᠺᠠ ᠲᠤ ᠴᠢᠯᠦᠭᠡᠲᠡᠢ ᠨᠡᠪᠲᠡᠷᠡᠬᠦ ᠡᠷᠬᠡ ᠲᠡᠢ ᠬᠡᠪ ᠢᠶᠡᠷ᠂ ᠬᠡᠪᠯᠡᠯ ᠮᠡᠳᠡᠭᠡᠯᠡᠯ ᠦᠨ ᠡᠷᠬᠡ ᠴᠢᠯᠦᠭᠡ ᠲᠡᠢ ᠬᠡᠪ ᠢᠶᠡᠷ ᠢᠶᠡᠨ ᠪᠠᠶᠢᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠠᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

 1. 1.0 1.1 "Hong Kong". The World Factbook. CIA. 23 August 2010. Retrieved 17 September 2010.}
 2. Population and Vital Events. Census and Statistics Department, Hong Kong Government (2010). 4 October 2010 ᠍ ᠳᠦ ᠬᠠᠨᠳᠤᠭᠰᠠᠨ᠃
 3. Population Density by Area. Census and Statistics Department, Hong Kong Government (2009). 4 October 2010 ᠍ ᠳᠦ ᠬᠠᠨᠳᠤᠭᠰᠠᠨ᠃
 4. 4.0 4.1 4.2 4.3 "Hong Kong". International Monetary Fund. Retrieved 18 April 2012.
 5. Human Development Report 2009 – Gini Index. United Nations Development Programme. 10 November 2009 ᠍ ᠳᠦ ᠬᠠᠨᠳᠤᠭᠰᠠᠨ᠃
 6. Human Development Report 2011. United Nations. 2011-11-02 ᠍ ᠳᠦ ᠬᠠᠨᠳᠤᠭᠰᠠᠨ᠃
 7. 7.0 7.1 Wiltshire, Trea (1997). Old Hong Kong, 5th, FormAsia Books. ISBN 962-7283-13-4. 
 8. Linda Pomerantz-Zhang (1992). "Wu Tingfang (1842–1922): reform and modernization in modern Chinese history". Hong Kong University Press. p.8. ISBN 962-209-287-X
 9. L, Klemen (1999–2000). Chronology of the Dutch East Indies, 7 December 1941 – 11 December 1941. Forgotten Campaign: The Dutch East Indies Campaign 1941–1942.
 10. L, Klemen (1999–2000). Chronology of the Dutch East Indies, 25 December 1941 – 31 December 1941. Forgotten Campaign: The Dutch East Indies Campaign 1941–1942.
 11. Bradsher, Keith. "Thousands March in Anti-Japan Protest in Hong Kong", 17 April 2005. 20 October 2010 ᠍ ᠳᠦ ᠠᠪᠤᠭᠰᠠᠨ᠃ 
 12. Moore, Lynden (1985). The growth and structure of international trade since the Second World War. Cambridge University Press. ISBN 978-0-521-46979-1. Retrieved on 2011-09-01. 
 13. Dodsworth, John (1997). {{{title}}}. International Monetary Fund. ISBN 1-55775-672-4. 

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠰᠢᠶᠠᠩᠭᠠᠩ

ᠪᠢᠴᠢᠭᠡᠰᠦ