ᠭᠢᠷᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠢᠷᠢᠨ ᠮᠤᠵᠢ ᠵᠢᠨ ᠭᠠᠵᠡᠷ  ᠤᠨ ᠵᠢᠷᠤᠭ

ᠭᠢᠷᠢᠨ ( ᠬᠢᠲᠠᠳ ᠶᠢᠡᠷ 吉林 - ) — ᠪᠦᠭᠦᠳᠡ ᠨᠠᠢᠷᠠᠮᠳᠠᠬᠤ ᠲᠤᠮᠳᠠᠳᠤ ᠠᠷᠠᠳ ᠤᠯᠤᠰ ᠤᠨ ᠵᠡᠭᠦᠨ ᠬᠤᠶᠢᠳᠦ ᠤᠷᠤᠨ ᠦ ᠭᠤᠷᠪᠠᠨ ᠮᠤᠵᠢ  ᠶᠢᠨ ᠨᠢᠭᠡ᠃ ᠵᠠᠰᠠᠭ ᠵᠠᠬᠢᠷᠭᠠᠨ ᠦ ᠲᠦᠪ ᠬᠤᠳᠠ ᠨᠢ ᠴᠠᠩᠴᠦ᠋ᠨ᠃ ᠭᠢᠷᠢᠨ ᠮᠤᠵᠢ ᠨᠢ 187400 ᠺᠦᠸᠠᠳ᠋ ᠺᠢᠯᠤᠮᠸᠲ᠋ᠷ ᠨᠤᠲᠤᠭ ᠲᠡᠪᠢᠰᠭᠡᠷ ᠲᠠᠢ᠂ 2709 ᠰᠠᠶ᠎ᠠ ᠬᠦᠮᠦᠨ ᠠᠮᠢᠳᠤᠷᠠᠨ ᠰᠠᠭᠤᠳᠠᠭ᠃ᠵᠡᠭᠦᠨ ᠲᠠᠯ᠎ᠠ ᠪᠡᠷ ᠵᠢᠡᠨ ᠤᠮᠠᠷᠠᠳᠦ ᠰᠤᠯᠤᠩᠭᠤᠰ ᠤᠷᠤᠰ ᠬᠤᠶᠠᠷ ᠤᠯᠤᠰ ᠲᠠᠢ᠂ ᠤᠯᠤᠰ ᠦᠨ ᠬᠢᠯᠢ ᠵᠢᠨ ᠲᠤᠳᠤᠷ᠎ᠠ ᠤᠷᠢᠳᠤ ᠲᠠᠯ᠎ᠠ ᠪᠡᠷ ᠵᠢᠡᠨ ᠯᠢᠶᠤᠤᠨᠢᠩ ᠮᠤᠵᠢ᠂ ᠪᠠᠷᠠᠭᠤᠨ ᠲᠠᠯ᠎ᠠ ᠪᠡᠷ ᠶᠢᠡᠨ ᠦᠪᠦᠷ ᠮᠤᠩᠭᠤᠯ ᠤᠷᠤᠨ᠂ ᠬᠤᠶᠢᠳᠦ ᠲᠠᠯ᠎ᠠ ᠪᠡᠷ ᠵᠢᠡᠨ ᠬᠠᠷᠠᠮᠦ᠋ᠷᠡᠨ ᠮᠤᠵᠢ ᠲᠠᠢ ᠬᠢᠯᠢ ᠵᠠᠯᠭᠠᠳᠠᠭ᠃

«ᠭᠤᠤᠯ ᠦᠨ ᠲᠠᠭᠠᠥ» ᠭᠡᠬᠦ ᠤᠳᠬ᠎ᠠ ᠲᠠᠢ Girin ula (ᡤᡳᡵᡳᠨ ᡠᠯᠠ) ᠬᠡᠮᠡᠬᠦ ᠮᠠᠨᠵᠦ ᠦᠭᠡ ᠡᠴᠡ ᠮᠤᠵᠢ ᠵᠢᠨ ᠨᠡᠷ᠎ᠠ ᠦᠭᠭᠦᠭᠳᠡᠵᠡᠢ᠃ ᠬᠢᠲᠠᠳ ᠭᠠᠯᠢᠭ ᠦᠨ ᠲᠤᠭᠳᠠᠯᠴᠠᠭ᠎ᠠ ᠪᠡᠷ ᠡᠨᠡ ᠨᠢ Jilin wula (吉林烏拉/吉林乌拉) Жилинь вула («ᠴᠡᠴᠡᠭᠲᠦ ᠤᠢ») ᠪᠤᠯᠤᠨ᠎ᠠ᠃ ᠮᠤᠩᠭᠤᠯᠴᠤᠳ ᠭᠢᠷᠢᠨ ᠭᠡᠵᠦ ᠨᠡᠷᠡᠯᠡᠭᠰᠡᠭᠡᠷ ᠢᠷᠡᠭᠰᠡᠨ ᠶᠢᠡᠷ ᠤᠷᠤᠰ ᠬᠡᠯᠡᠨ ᠳᠦ ᠮᠦᠨ ᠭᠢᠷᠢᠨ ᠭᠡᠳᠡᠭ᠃ᠤᠳᠤ ᠵᠢᠨ ᠪᠦᠭᠦᠳᠡ ᠨᠠᠢᠷᠠᠮᠳᠠᠬᠤ ᠲᠤᠮᠳᠠᠳᠤ ᠠᠷᠠᠳ ᠤᠯᠤᠰ ᠦᠨ ᠮᠤᠩᠭᠤᠯᠴᠤᠳ ᠬᠢᠷᠢᠨ ᠮᠤᠵᠢ ᠭᠡᠵᠦ ᠨᠡᠷᠡᠯᠡᠳᠡᠭ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠴᠠᠩᠴᠦ᠋ᠨ ᠬᠤᠳᠠ (长春市)
  2. ᠪᠠᠢᠴᠸᠩ ᠬᠤᠳᠠ (白城市)
  3. ᠪᠠᠶᠢᠱᠠᠨ ᠬᠤᠳᠠ (白山市)
  4. ᠭᠢᠷᠢᠨ ᠬᠤᠳᠠ (吉林市)
  5. ᠯᠢᠶᠤᠤᠶᠤᠸᠠᠨ ᠬᠤᠳᠠ (辽源市)
  6. ᠰᠸᠫᠢᠩ ᠬᠤᠳᠠ (四平市)
  7. ᠰᠦᠩᠶᠤᠸᠠᠨ ᠬᠤᠳᠠ ( 松原市)
  8. ᠲᠦᠩᠬᠤᠸᠠ ᠬᠤᠳᠠ ( 通化市)
  9. ᠶᠠᠨᠪᠢᠶᠠᠨ ᠲᠡᠭᠦᠷᠭᠡ (延边州)

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠢᠷᠢᠨ ᠮᠤᠵᠢ ᠵᠢᠨ ᠦᠨᠳᠦᠰᠦᠲᠡᠨ ᠶᠠᠰᠤᠲᠠᠨ ᠤ ᠲᠤᠭ᠎ᠠ (2000 ᠤᠨ)
ᠠᠷᠠᠳ ᠲᠦᠮᠡᠨ ᠲᠤᠭ᠎ᠠ ᠡᠵᠡᠯᠡᠬᠦ ᠬᠤᠪᠢ
ᠬᠢᠲᠠᠳ ᠦᠨᠳᠦᠰᠦᠲᠡᠨ 24 348 815 90,85 %
ᠰᠤᠯᠤᠩᠭᠤᠰ ᠦᠨᠳᠦᠰᠦᠲᠡᠨ 1 145 688 4,27 %
ᠮᠡᠨᠵᠦ ᠦᠨᠳᠦᠰᠦᠲᠡᠨ 993 112 3,71 %
ᠮᠤᠩᠭᠤᠯ ᠦᠨᠳᠦᠰᠦᠲᠡᠨ 172 026 0,642 %
ᠬᠤᠳᠤᠩ ᠦᠨᠳᠦᠰᠦᠲᠡᠨ 125 620 0,469 %


ᠬᠢᠷᠢᠨ ᠮᠤᠵᠢ ᠳᠡᠬᠢ ᠮᠤᠩᠭᠤᠯ ᠦᠨᠳᠦᠰᠦᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠢᠨ ᠮᠤᠵᠢ ᠵᠢᠨ ᠮᠤᠩᠭᠤᠯ ᠦᠨᠳᠦᠰᠦᠲᠡᠨ ᠤ ᠬᠦᠮᠦᠨ ᠠᠮᠠ ᠨᠡᠶᠢᠲᠡ 145039ᠬᠦᠮᠦᠨ(2010 ᠤᠨ ᠦ ᠪᠦᠬᠦ ᠤᠯᠤᠰ ᠤᠨ ᠬᠦᠮᠦᠨ ᠠᠮᠠ ᠵᠢᠨ ᠨᠡᠶᠢᠳᠡᠮ ᠪᠠᠶᠢᠴᠠᠭᠠᠯᠲᠠ ᠵᠢᠨ ᠳ᠋ᠠᠶᠢᠲ᠋ᠠ) ᠪᠠᠶᠢᠵᠦ᠂ᠭᠤᠤᠯᠳᠠᠭᠤ ᠰᠦᠩᠶᠤᠸᠠᠨ ᠬᠤᠳᠠ ᠵᠢᠨ ᠡᠮᠦᠨᠡᠳᠦ ᠭᠤᠷᠯᠥᠰ ᠦᠨ ᠮᠤᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠪᠠ ᠪᠠᠢᠴᠸᠩ ᠬᠤᠳᠠ ᠵᠢᠨ ᠲᠦᠩ ᠢᠥᠢ ᠰᠢᠶᠠᠨ᠂ ᠵᠸᠨ ᠯᠠᠢ ᠰᠢᠶᠠᠨ᠂ ᠲᠤᠤ ᠨᠠᠨ ᠰᠢᠶᠠᠨ ᠵᠡᠷᠭᠡ ᠦᠪᠦᠷ ᠮᠤᠩᠭᠤᠯ ᠦᠨ ᠬᠢᠩᠭᠠᠨ ᠠᠶᠢᠮᠠᠭ ᠲᠠᠢ ᠬᠢᠯᠢ ᠵᠠᠯᠭᠠᠵᠦ ᠪᠤᠢ ᠰᠢᠶᠠᠨ ᠨᠤᠭᠤᠳ ᠵᠢᠡᠷ ᠲᠠᠷᠬᠠᠨ ᠰᠠᠭᠤᠷᠢᠰᠢᠳᠠᠭ᠃ᠲᠡᠳᠡ ᠪᠤᠯ ᠴᠢᠩ ᠬᠦᠷᠦᠨ ᠤ ᠦᠶ᠎ᠠ ᠵᠢᠨ ᠨᠤᠨ ᠬᠤᠷᠴᠢᠨ ᠦ ᠵᠡᠭᠦᠨ ᠭᠠᠷ ᠦᠨ ᠡᠮᠦᠨᠡᠳᠦ ᠭᠤᠷᠯᠤᠰ ᠪᠠ ᠬᠤᠶᠢᠳᠦ ᠭᠤᠷᠯᠤᠰ ᠬᠤᠰᠢᠭᠤᠨ ᠦ ᠬᠤᠶᠢᠴᠢᠰ ᠪᠤᠯᠤᠨ᠎ᠠ᠃ ᠬᠢᠷᠢᠨ ᠮᠤᠵᠢ ᠵᠢᠨ ᠮᠤᠩᠭᠤᠯ ᠦᠨᠳᠦᠰᠦᠲᠡᠨ ᠦ ᠰᠤᠷᠭᠠᠨ ᠬᠦᠮᠦᠵᠢᠯ ᠤᠨ ᠬᠤᠪᠢ ᠳᠦ ᠂ ᠡᠮᠦᠨᠡᠳᠦ ᠭᠤᠷᠯᠤᠰ ᠦᠨ ᠮᠤᠩᠭᠤᠯ ᠦᠨᠳᠦᠰᠦᠲᠡᠨ ᠤ ᠲᠤᠮᠳᠠᠳᠤ ᠰᠤᠷᠭᠠᠭᠤᠯᠢ ᠂ ᠴᠠᠭᠠᠨᠬᠤᠸᠠ ᠮᠤᠩᠭᠤᠯ ᠦᠨᠳᠦᠰᠦᠲᠡᠨ ᠤ ᠪᠠᠭ᠎ᠠ ᠰᠤᠷᠭᠠᠭᠤᠯᠢ ᠵᠡᠷᠭᠡ ᠴᠦᠬᠡᠨ ᠬᠡᠮᠵᠢᠶᠡᠨ ᠦ ᠰᠤᠷᠭᠠᠭᠤᠯᠢ ᠦᠨᠳᠦᠰᠦᠲᠡᠨ ᠤ ᠰᠤᠷᠭᠠᠨ ᠬᠦᠮᠦᠵᠢᠯ ᠤᠨ ᠬᠦᠨᠳᠦ ᠡᠭᠦᠷᠭᠡ ᠵᠢ ᠡᠭᠦᠷᠭᠡᠯᠡᠵᠦ ᠪᠠᠶᠢᠨ᠎ᠠ᠃

ᠵᠡᠭᠦᠯᠳᠡ᠂ ᠲᠠᠶᠢᠯᠠᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:Лавлах холбоос

ᠵᠠᠭᠪᠤᠷ:БНХАУ-ын дээд нутаг Ангилал:Хятадын муж

http://wiki.uhaan.com/index.php?title=ᠭᠢᠷᠢᠨ&oldid=484090》 ᠍  ᠡᠴᠡ ᠠᠪᠤᠭᠰᠠᠨ

ᠪᠢᠴᠢᠭᠡᠰᠦ