ᠭᠢᠳ᠋ᠷᠠᠪᠯᠢᠭ ᠤᠨ ᠰᠢᠩᠭᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠭᠢᠳ᠋ᠷᠠᠪᠯᠢᠺ ᠰᠢᠩᠭᠡᠨ ᠨᠢ ᠰᠢᠩᠭᠡᠨ ᠪᠣᠳᠠᠰ ᠪᠥᠭᠡᠳ ᠰᠢᠩᠭᠡᠨ ᠲᠧᠭᠨᠢᠭᠡᠶᠢᠨ ᠭᠢᠳ᠋ᠷᠠᠪᠯᠢᠺ ᠰᠢᠰᠲ᠋ᠧᠮ ᠳᠤ ᠡᠨᠧᠷᠭᠢ ᠶᠢ (ᠡᠵᠡᠯᠡᠬᠦᠨ ᠦ ᠤᠷᠤᠰᠬᠠᠯᠳᠠᠷᠤᠯᠲᠠ) ᠳᠠᠮᠵᠢᠭᠤᠯᠬᠤ ᠳᠤ ᠬᠡᠷᠡᠭᠯᠡᠳᠡᠭ᠃ ᠭᠢᠳ᠋ᠷᠠᠪᠯᠢᠺ ᠰᠢᠩᠭᠡᠨ ᠦ ᠵᠠᠬ᠎ᠠ ᠵᠡᠭᠡᠯᠢ ᠳᠦ ᠡᠵᠡᠯᠡᠬᠦ ᠬᠡᠮᠵᠢᠶ᠎ᠡ ᠮᠣᠲ᠋ᠣᠷ ᠤᠨ ᠲᠣᠰᠤᠨ ᠤ ᠳᠠᠷᠠᠭ᠎ᠠ ᠣᠷᠣᠳᠠᠭ ᠬᠣᠶᠠᠷ ᠳ᠋ᠡᠬᠢ ᠲᠣᠮᠣ ᠲᠣᠰ ᠲᠣᠰᠤᠯᠠᠭᠠᠨ ᠤ ᠮᠠᠲ᠋ᠧᠷᠢᠶᠠᠯ ᠍ ᠤᠨ ᠰᠠᠯᠪᠤᠷᠢ ᠶᠤᠮ᠃ ᠵᠢᠱᠢᠶ᠎ᠡ ᠨᠢ ХБНГУ ᠍ ᠳᠦ ᠵᠢᠯ ᠳᠤ ᠪᠡᠨ 150.000 ᠲᠣᠨ ᠭᠢᠳ᠋ᠷᠠᠪᠯᠢᠺ ᠰᠢᠩᠭᠡᠨ ᠬᠡᠷᠡᠭᠯᠡᠳᠡᠭ ᠪᠠ ᠡᠭᠦᠨ ᠡᠴᠡ 60.000 ᠣᠷᠴᠢᠮ ᠲᠣᠨ ᠢ ᠠᠦ᠋ᠲ᠋ᠣ᠋ ᠲᠧᠭᠨᠢᠭ ᠲᠦ ᠬᠡᠷᠡᠭᠯᠡᠳᠡᠭ ᠪᠠᠶᠢᠨ᠎ᠠ᠃

ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠢᠳ᠋ᠷᠠᠪᠯᠢᠭ ᠤᠨ ᠰᠢᠩᠭᠡᠨ ᠨᠢ ᠮᠠᠰᠢ ᠰᠠᠶᠢᠨ ᠲᠤᠰᠤᠯᠠᠬᠤ ᠰᠢᠨᠵᠢ ᠴᠢᠨᠠᠷ ᠲᠠᠢ ᠪᠠᠶᠢᠬᠤ ᠶᠣᠰᠣᠲᠠᠢ ᠪᠥᠭᠡᠳ ᠬᠠᠭᠤᠴᠢᠷᠠᠬᠤ ᠶᠠᠪᠤᠴᠠ ᠤᠳᠠᠭᠠᠨ᠂ ᠮᠥᠨ ᠨᠣᠷᠭᠠᠯᠲᠠ ᠪᠣᠯᠤᠨ ᠨᠠᠭᠠᠯᠳᠤᠬᠤ ᠴᠢᠳᠠᠪᠤᠷᠢ ᠥᠨᠳᠥᠷ ᠲᠡᠢ ᠪᠠᠶᠢᠬᠤ᠃ ᠡᠭᠦᠨ ᠡᠴᠡ ᠭᠠᠳᠠᠨ᠎ᠠ ᠰᠢᠲᠠᠬᠤ ᠲᠣᠯᠠᠭᠠᠨ ᠤ ᠬᠡᠮᠵᠢᠶ᠎ᠡ ᠥᠨᠳᠥᠷ ᠪᠠᠶᠢᠬᠤ ᠬᠦᠢᠲᠡᠨᠳᠡ ᠤᠷᠤᠰᠬᠤ ᠴᠢᠳᠠᠪᠤᠷᠢ ᠪᠠᠨ ᠠᠯᠠᠳᠠᠬᠤ ᠦᠭᠡᠢ ᠪᠠᠶᠢᠬᠤ ᠨᠢ ᠴᠢᠬᠤᠯᠠ᠃ ᠭᠢᠳ᠋ᠷᠠᠪᠯᠢᠺ ᠰᠢᠰᠲ᠋ᠧᠮ ᠳᠦ ᠬᠡᠷᠡᠭᠯᠡᠬᠦ ᠦᠶ᠎ᠡ ᠳᠦ ᠷᠧᠽᠢᠨ ᠵᠢᠭᠢᠷᠢᠭ᠌ ᠪᠣᠯᠤᠨ ᠳᠠᠪᠠᠷᠬᠠᠢ ᠮᠥᠨ ᠬᠦᠴᠢᠯ ᠳᠦ ᠲᠡᠰᠪᠦᠷᠢᠲᠡᠢ ᠪᠠᠶᠢᠬᠤ ᠰᠢᠨᠵᠢ ᠴᠢᠨᠠᠷᠤ ᠨᠤᠭᠤᠳ ᠢ ᠦᠵᠡᠭᠦᠯᠬᠦ ᠶᠣᠰᠣᠲᠠᠢ᠃ ᠳᠠᠷᠠᠭ᠎ᠠ ᠶᠢᠨ ᠴᠢᠬᠤᠯᠠ ᠦᠵᠡᠭᠦᠯᠦᠯᠲᠡᠨ ᠳᠦ ᠲᠣᠯᠠᠭᠠᠨ ᠤ ᠬᠡᠮᠵᠢᠶ᠎ᠡ ᠤᠨ ᠨᠥᠯᠦᠭᠡᠨ ᠳᠦ ᠬᠢ ᠥᠳᠬᠡᠷᠡᠯ ᠳᠦ ᠪᠠᠭ᠎ᠠ ᠪᠠᠶᠢᠬᠤ (ᠳ᠋ᠢᠨᠠᠮᠢᠺ ᠪᠣᠯᠤᠨ ᠺᠢᠨᠧᠮᠠᠲ᠋ᠢᠭ ᠥᠳᠬᠡᠷᠡᠯᠲᠡ ᠶᠢᠨ ᠠᠯᠢ ᠠᠯᠢᠨ ᠳᠤ), ᠮᠥᠨ ᠰᠢᠬᠠᠯᠲᠠ ᠶᠢᠨ ᠵᠡᠷᠭᠡ ᠪᠠᠭ᠎ᠠ ᠪᠠᠶᠢᠬᠤ ᠪᠣᠯᠤᠨ ᠵᠦᠰᠦᠯᠲᠡᠨ ᠳᠦ ᠲᠣᠭᠲᠠᠪᠤᠷᠢᠲᠠᠢ ᠪᠠᠶᠢᠳᠠᠯ᠂ ᠪᠠᠭ᠎ᠠ ᠬᠥᠭᠡᠰᠦᠷᠡᠯᠲᠡ ᠵᠡᠷᠭᠡ ᠣᠷᠣᠨ᠎ᠠ᠃ ᠭᠢᠳ᠋ᠷᠠᠪᠯᠢᠺ ᠰᠢᠩᠭᠡᠨ ᠦ ᠦᠨᠳᠦᠰᠦᠨ ᠡᠭᠦᠷᠭᠡ ᠨᠢ ᠠᠯᠢ ᠪᠣᠯᠬᠤ ᠠᠯᠳᠠᠭᠳᠠᠯ ᠪᠠᠭ᠎ᠠ ᠲᠠᠢ ᠪᠠᠷ ᠭᠢᠳ᠋ᠷᠠᠪᠯᠢᠭ ᠤᠨ ᠴᠢᠳᠠᠯ ᠢ ᠨᠠᠰᠣᠰᠤᠨ ᠠᠴᠠ ᠮᠣᠲ᠋ᠣᠷ ᠯᠤᠤ ᠪᠤᠶᠤ ᠼᠢᠯᠢᠨᠳ᠋ᠷ ᠯᠦᠦ ᠳᠠᠮᠵᠢᠭᠤᠯᠬᠤ᠃ ᠡᠨᠡ ᠦᠨᠳᠦᠰᠦᠨ ᠡᠭᠦᠷᠭᠡ ᠡᠴᠡ ᠭᠠᠳᠠᠨ᠎ᠠ ᠭᠢᠳ᠋ᠷᠠᠪᠯᠢᠺ ᠰᠢᠩᠭᠡᠨ ᠨᠢ ᠭᠢᠳ᠋ᠷᠠᠪᠯᠢᠺ ᠰᠢᠰᠲ᠋ᠧᠮ ᠳᠦ ᠬᠥᠳᠡᠯᠭᠡᠭᠡᠨᠲᠡᠢ ᠡᠳ᠋ ᠠᠩᠭᠢ ᠶᠢ (ᠼᠢᠯᠢᠨᠳ᠋ᠷ᠂ ᠲᠦᠯᠬᠢᠬᠦ ᠭᠤᠯᠭᠤᠬᠤ ᠬᠠᠪᠲᠠᠭᠠᠢ᠂ ᠬᠣᠯᠬᠢᠪᠴᠢ᠂ ᠵᠠᠯᠭᠠᠭᠳᠠᠬᠤ ᠡᠳ᠋ ᠠᠩᠭᠢ) ᠲᠣᠰᠤᠯᠠᠭ᠎ᠠ ᠪᠣᠯᠤᠨ ᠵᠢᠪᠡᠷᠡᠯᠲᠡ ᠡᠴᠡ ᠬᠠᠮᠠᠭᠠᠯᠠᠬᠤ ᠮᠥᠨ ᠮᠧᠲ᠋ᠠᠯ ᠤᠨ ᠭᠠᠳᠠᠷᠭᠤ ᠶᠢ ᠬᠠᠮᠠᠭᠠᠯᠠᠬᠤ ᠡᠭᠦᠷᠭᠡ ᠲᠡᠢ᠃ ᠭᠢᠳ᠋ᠷᠠᠪᠯᠢᠺ ᠰᠢᠩᠭᠡᠨ ᠦ ᠪᠠᠰᠠ ᠨᠢᠭᠡ ᠰᠠᠶᠢᠨ ᠲᠠᠯ᠎ᠠ ᠰᠢᠩᠭᠡᠨ ᠳᠦ ᠪᠤᠢ ᠪᠣᠯᠤᠭᠰᠠᠨ ᠪᠣᠬᠢᠷᠳᠠᠯ ᠳᠤ (ᠦᠷᠦᠯᠲᠡᠡᠶᠢᠨ ᠤᠯᠠᠮ ᠠᠴᠠ ᠪᠤᠢ ᠪᠣᠯᠤᠭᠰᠠᠨ) ᠪᠣᠯᠬᠤ ᠤᠰᠤ᠂ ᠠᠭᠠᠷ ᠪᠣᠯᠤᠨ ᠠᠯᠳᠠᠭᠳᠠᠯ ᠳᠤᠯᠠᠭᠠᠨ ᠍ ᠢ ᠭᠠᠳᠠᠭᠰᠢᠯᠠᠭᠤᠯᠬᠤ ᠶᠤᠮ᠃

ᠳᠠᠷᠤᠯᠲᠠᠨ ᠳᠤ ᠵᠣᠷᠢᠭᠤᠯᠤᠭᠰᠠᠨ ᠰᠢᠩᠭᠡᠨ ᠦ ᠲᠥᠷᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠷᠡᠭᠯᠡᠬᠦ ᠵᠣᠷᠢᠯᠭ᠎ᠠ ᠪᠣᠯᠤᠨ ᠲᠠᠯᠪᠢᠭᠳᠠᠭᠰᠠᠨ ᠱᠠᠭᠠᠷᠳᠠᠯᠭ᠎ᠠ ᠠᠴᠠ ᠬᠠᠮᠢᠶᠠᠷᠤᠨ ᠭᠢᠳ᠋ᠷᠠᠪᠯᠢᠭ ᠤᠨ ᠰᠢᠩᠭᠡᠨ ᠨᠢ ᠥᠭᠡᠷ᠎ᠡ ᠥᠭᠡᠷ᠎ᠡ ᠲᠥᠷᠥᠯ ᠦᠨ ᠰᠢᠩᠭᠡᠨ ᠪᠣᠳᠠᠰ ᠲᠤ ᠰᠠᠭᠤᠷᠢᠯᠠᠭᠰᠠᠨ ᠲᠥᠷᠥᠯ ᠪᠦᠷᠢ ᠶᠢᠨ ᠰᠢᠩᠭᠡᠨ ᠡᠴᠡ ᠪᠦᠷᠢᠳᠳᠡᠭ᠃

ᠮᠢᠨᠧᠷᠠᠯ ᠲᠣᠰᠤᠨ ᠳᠤ ᠰᠠᠭᠤᠷᠢᠯᠠᠭᠰᠠᠨ ᠭᠢᠳ᠋ᠷᠠᠪᠯᠢᠺ ᠲᠣᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠶᠡᠬᠡ ᠪᠡᠷ ᠬᠡᠷᠡᠭᠯᠡᠭᠳᠡᠳᠡᠭ ᠭᠢᠳ᠋ᠷᠠᠪᠯᠢᠭ ᠤᠨ ᠰᠢᠩᠭᠡᠨ ᠪᠣᠯ ᠮᠢᠨᠧᠷᠠᠯ ᠲᠣᠰᠤᠨ ᠳᠤ ᠰᠠᠭᠤᠷᠢᠯᠠᠭᠰᠠᠨ ᠰᠢᠩᠭᠡᠨᠡᠭᠦᠳᠡ ᠪᠠ ᠡᠳᠡᠭᠡᠷ ᠲᠣᠳᠣᠷᠬᠠᠢ ᠨᠡᠮᠡᠯᠲᠡ ᠪᠣᠳᠠᠰ ᠠᠭᠤᠯᠠᠭᠰᠠᠨ ᠪᠠᠶᠢᠳᠠᠭ᠃ ᠡᠭᠦᠨ ᠢ ᠭᠢᠳ᠋ᠷᠠᠪᠯᠢᠭ ᠤᠨ ᠰᠢᠩᠭᠡᠨ ᠭᠡᠵᠦ ᠨᠡᠷᠡᠯᠡᠨ᠎ᠡ᠃ ᠡᠨᠡ ᠭᠢᠳ᠋ᠷᠠᠪᠯᠢᠺ ᠲᠣᠰᠤᠨ ᠳᠤ ᠲᠠᠯᠪᠢᠭᠳᠠᠬᠤ ᠱᠠᠭᠠᠷᠳᠠᠯᠭ᠎ᠠ ᠶᠢ ISO 6743/4 ᠰᠲ᠋ᠠᠨᠳᠠᠷᠲ ᠢᠶᠠᠷ ᠲᠣᠭᠲᠠᠭᠠᠵᠤ ᠥᠭᠭᠦᠭᠰᠡᠨ ᠪᠠ ᠳᠣᠲᠣᠷ᠎ᠠ ᠨᠢ HL, HM, HV ᠭᠡᠵᠦ ᠢᠯᠭᠠᠨ ᠠᠩᠭᠢᠯᠠᠨ᠎ᠠ᠃ ᠭᠧᠷᠮᠠᠨ ᠤ DIN 51 524 ᠰᠲ᠋ᠠᠨᠳᠠᠷᠲ ᠤᠨ ᠳᠠᠭᠠᠤ ᠪᠣᠯ H, HL, HLP, HVLP ᠭᠡᠵᠦ ᠠᠩᠭᠢᠯᠠᠳᠠᠭ᠃

 • H: ᠶᠠᠮᠠᠷ ᠴᠤ ᠨᠡᠮᠡᠯᠲᠡ ᠪᠣᠳᠠᠰ ᠪᠠᠶᠢᠬᠤ ᠦᠭᠡᠢ᠂ ᠡᠨᠡ ᠲᠣᠰᠤᠨ ᠤ ᠰᠲ᠋ᠠᠨᠳᠠᠷᠲ DIN 51 517. ᠡᠨᠡ ᠲᠥᠷᠦᠯ ᠦᠨ ᠲᠣᠰᠣ ᠨᠢ ᠪᠠᠷᠤᠭ ᠬᠡᠷᠡᠭᠯᠡᠭᠡᠨ ᠡᠴᠡ ᠭᠠᠷᠤᠭᠰᠠᠨ᠃
 • HL: ᠵᠢᠪᠡᠷᠡᠯᠲᠡ ᠡᠴᠡ ᠪᠣᠯᠤᠨ ᠬᠠᠭᠤᠴᠢᠷᠠᠯᠲᠠ ᠠᠴᠠ ᠬᠠᠮᠠᠭᠠᠯᠠᠬᠤ ᠨᠡᠮᠡᠯᠲᠡ ᠪᠣᠳᠠᠰ ᠲᠠᠢ᠃ 200 ᠬᠦᠷᠲᠡᠯ᠎ᠡ ᠪᠠᠷᠰ ᠤᠨ ᠳᠠᠷᠤᠯᠲᠠᠨ ᠳᠤ ᠠᠰᠢᠭᠯᠠᠬᠤ ᠪᠣᠯᠤᠮᠵᠢ ᠲᠠᠢ᠂ ᠳᠤᠯᠠᠭᠠᠨ ᠲᠡᠰᠪᠦᠷᠢᠯᠡᠯ ᠳᠦ ᠨᠢ ᠬᠡᠪ ᠦᠨ (DIN 51 524, 1 ᠍ ᠬᠡᠰᠦᠭ)
 • HM: ᠵᠢᠪᠡᠷᠡᠯᠲᠡ ᠡᠴᠡ ᠪᠣᠯᠤᠨ ᠬᠠᠭᠤᠴᠢᠷᠠᠯᠲᠠ ᠠᠴᠠ ᠬᠠᠮᠠᠭᠠᠯᠠᠬᠤ ᠨᠡᠮᠡᠯᠲᠡ ᠪᠣᠳᠠᠰ ᠲᠠᠢ ᠮᠥᠨ ᠦᠷᠡᠯᠲᠡ ᠲᠡᠢ ᠬᠡᠰᠡᠭ ᠲᠦ ᠡᠳ᠋ ᠠᠩᠭᠢ ᠦᠷᠦᠯᠲᠡ ᠶᠢᠨ ᠤᠯᠠᠮ ᠠᠴᠠ ᠢᠳᠡᠭᠳᠡᠬᠦ ᠶᠢ ᠪᠠᠭᠠᠰᠭᠠᠬᠤ ᠨᠡᠮᠡᠯᠲᠡ ᠲᠡᠢ᠃ (DIN 51 524, 2 ᠍ ᠬᠡᠰᠦᠭ)
 • HV: ᠵᠢᠪᠡᠷᠡᠯᠲᠡ ᠡᠴᠡ ᠪᠣᠯᠤᠨ ᠬᠠᠭᠤᠴᠢᠷᠠᠯᠲᠠ ᠠᠴᠠ ᠬᠠᠮᠠᠭᠠᠯᠠᠬᠤ ᠨᠡᠮᠡᠯᠲᠡ ᠪᠣᠳᠠᠰ ᠲᠠᠢ ᠮᠥᠨ ᠦᠷᠡᠯᠲᠡ ᠲᠡᠢ ᠬᠡᠰᠡᠭ ᠲᠦ ᠡᠳ᠋ ᠠᠩᠭᠢ ᠦᠷᠦᠯᠲᠡ ᠶᠢᠨ ᠤᠯᠠᠮ ᠠᠴᠠ ᠢᠳᠡᠭᠳᠡᠬᠦ ᠶᠢ ᠪᠠᠭᠠᠰᠭᠠᠬᠤ ᠨᠡᠮᠡᠯᠲᠡ ᠲᠡᠢ᠃ ᠡᠭᠦᠨ ᠡᠴᠡ ᠭᠠᠳᠠᠨ᠎ᠠ ᠲᠣᠯᠠᠭᠠᠨ ᠤ ᠬᠡᠮᠵᠢᠶ᠎ᠡ ᠤᠨ ᠨᠥᠯᠦᠭᠡᠨ ᠡᠴᠡ ᠬᠠᠮᠢᠶᠠᠷᠤᠭᠰᠠᠨ ᠥᠳᠬᠡᠷᠡᠯᠲᠡ ᠶᠢ ᠰᠠᠶᠢᠵᠢᠷᠭᠠᠭᠤᠯᠬᠤ ᠨᠡᠮᠡᠯᠲᠡ ᠪᠣᠳᠠᠰ ᠢ ᠬᠢᠵᠦ ᠥᠭᠭᠦᠭᠰᠡᠨ (DIN 51 524, 3 ᠍ ᠬᠡᠰᠡᠭ)
 • HLPD: ᠵᠢᠪᠡᠷᠡᠯᠲᠡ ᠡᠴᠡ ᠪᠣᠯᠤᠨ ᠬᠠᠭᠤᠴᠢᠷᠠᠯᠲᠠ ᠠᠴᠠ ᠬᠠᠮᠠᠭᠠᠯᠠᠬᠤ ᠨᠡᠮᠡᠯᠲᠡ ᠪᠣᠳᠠᠰ ᠲᠠᠢ ᠮᠥᠨ ᠠᠷᠢᠭᠤᠳᠬᠠᠯ ᠤᠨ ᠵᠣᠷᠢᠭᠤᠯᠤᠯᠲᠠ ᠪᠦᠬᠦᠢ ᠨᠡᠮᠡᠯᠲᠡ ᠪᠣᠳᠠᠰ ᠲᠠᠢ (ᠰᠲ᠋ᠠᠨᠳᠠᠷᠲᠴᠢᠯᠠᠭᠳᠠᠭ᠎ᠠ ᠦᠭᠡᠢ)

ᠬᠦᠨᠡᠰᠦᠨ ᠦ- ᠪᠣᠯᠤᠨ ᠲᠡᠵᠢᠭᠡᠯ ᠦᠨ ᠦᠢᠯᠡᠳᠪᠦᠷᠢᠯᠡᠯ ᠦᠨ ᠲᠧᠭᠨᠢᠭ ᠲᠦ ᠵᠣᠷᠢᠭᠤᠯᠤᠭᠰᠠᠨ ᠭᠢᠳ᠋ᠷᠠᠪᠯᠢᠺ ᠰᠢᠩᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

H1- ᠭᠢᠳ᠋ᠷᠠᠪᠯᠢᠺ ᠲᠣᠰᠣ ᠨᠢ National Science Foundation ('''NSF H1''') ᠍ ᠪᠠᠷ ᠰᠧᠷᠲ᠋ᠢᠹᠢᠺᠠᠲᠤᠯᠠᠭᠳᠠᠭᠰᠠᠨ ᠤᠴᠢᠷ ᠬᠦᠨᠡᠰᠦᠨ ᠦ ᠪᠣᠯᠤᠨ ᠠᠮᠢᠲᠠᠨ ᠤ ᠲᠡᠵᠢᠭᠡᠯ ᠦᠨ ᠦᠢᠯᠡᠳᠪᠦᠷᠢᠯᠡᠯ ᠦᠨ ᠲᠧᠭᠨᠢᠭ ᠲᠦ ᠬᠡᠷᠡᠭᠯᠡᠵᠦ ᠪᠣᠯᠬᠤ ᠪᠥᠭᠡᠳ ᠵᠠᠷᠢᠮ ᠲᠣᠬᠢᠶᠠᠯᠳᠤᠯ ᠳᠤ ᠬᠦᠨᠡᠰᠦ- ᠪᠣᠯᠤᠨ ᠲᠡᠵᠢᠭᠡᠯ ᠦᠢᠯᠡᠳᠪᠦᠷᠢᠯᠡᠬᠦ ᠶᠠᠪᠤᠴᠠ ᠳᠤ ᠲᠤᠬᠠᠢ ᠶᠢᠨ ᠪᠦᠲᠦᠭᠡᠭᠳᠡᠬᠦᠨ ᠳᠦ ᠠᠰᠠᠷ ᠪᠠᠭ᠎ᠠ ᠬᠡᠮᠵᠢᠶ᠎ᠡ ᠪᠡᠷ ᠬᠣᠯᠢᠯᠳᠤᠭᠰᠠᠨ ᠪᠠᠶᠢᠬᠤ ᠳᠤ ᠭᠡᠮ ᠬᠣᠣᠷ ᠦᠭᠡᠢ ᠭᠡᠵᠦ ᠦᠵᠡᠳᠡᠭ᠃ NSF H2 ᠭᠢᠳ᠋ᠷᠠᠪᠯᠢᠺ ᠲᠣᠰᠣ ᠨᠢ ᠬᠦᠨᠡᠰᠦ- ᠪᠣᠯᠤᠨ ᠲᠡᠵᠢᠭᠡᠯ ᠦᠢᠯᠡᠳᠪᠦᠷᠢᠯᠡᠬᠦ ᠶᠠᠪᠤᠴᠠ ᠳᠤ ᠲᠤᠬᠠᠢ ᠶᠢᠨ ᠪᠦᠲᠦᠭᠡᠭᠳᠡᠬᠦᠨ ᠳᠦ ᠶᠠᠮᠠᠷ ᠨᠢᠭᠡ ᠪᠠᠶᠢᠳᠠᠯ ᠢᠶᠠᠷ ᠬᠤᠯᠢᠯᠳᠤᠭᠤᠯᠬᠤ ᠪᠣᠯᠤᠮᠵᠢ ᠦᠭᠡᠢ ᠦᠶ᠎ᠡ ᠳᠦ ᠬᠡᠷᠡᠭᠯᠡᠨ᠎ᠡ᠃ ᠡᠳᠡᠭᠡᠷ ᠲᠣᠰᠣ ᠶᠢ ᠪᠢᠣᠯᠣᠭᠢ ᠶᠢᠨ ᠬᠤᠪᠢ ᠳᠤ ᠬᠤᠷᠳᠤᠨ ᠵᠠᠳᠠᠷᠠᠯ ᠳᠤ ᠣᠷᠣᠳᠠᠭ ᠭᠢᠳ᠋ᠷᠠᠪᠯᠢᠺ ᠰᠢᠩᠭᠡᠨ ᠲᠡᠢ (ᠪᠠᠶᠢᠭᠠᠯᠢ ᠳᠤ ᠡᠭᠡᠯᠢ ᠲᠡᠢ ᠭᠢᠳ᠋ᠷᠠᠪᠯᠢᠺ ᠰᠢᠩᠭᠡᠨ) ᠠᠨᠳᠠᠭᠤᠷᠴᠢ ᠪᠣᠯᠬᠤ ᠦᠭᠡᠢ᠃ ᠬᠦᠨᠡᠰᠦᠨ ᠳᠦ ᠪᠠᠭ᠎ᠠ ᠬᠡᠮᠵᠢᠶ᠎ᠡ ᠪᠡᠷ ᠬᠣᠯᠢᠯᠳᠤᠵᠤ ᠪᠣᠯᠬᠤ ᠭᠢᠳ᠋ᠷᠠᠪᠯᠢᠺ ᠰᠢᠩᠭᠡᠨ ᠨᠢ ᠶᠠᠭ ᠡᠮ ᠦᠨ- ᠪᠣᠯᠤᠨ ᠭᠣᠸ᠎ᠠ ᠰᠠᠶᠢᠬᠠᠨ ᠤ ᠦᠢᠯᠡᠳᠪᠦᠷᠢᠯᠡᠯ ᠳᠦ ᠬᠡᠷᠡᠭᠯᠡᠳᠡᠭ ᠰᠢᠭ ᠶᠡᠬᠡᠩᠬᠢ ᠳᠦ ᠪᠡᠨ ᠫᠧᠲ᠋ᠷᠣᠬᠢᠮ ᠤᠨ ᠴᠡᠪᠡᠷ ᠴᠠᠭᠠᠨ ᠲᠣᠰᠣᠣᠨ ᠳᠤ ᠰᠠᠭᠤᠷᠢᠯᠠᠳᠠᠭ᠃ ᠭᠡᠬᠦ ᠳᠦ ᠪᠡᠨ ᠴᠥᠭᠡᠨ ᠬᠡᠳᠦᠨ ᠲᠥᠷᠥᠯ ᠦᠨ H1 ᠍ ᠰᠧᠷᠲ᠋ᠢᠹᠢᠺᠠᠲ ᠪᠣᠯᠤᠨ ᠪᠢᠣᠯᠣᠭᠢ ᠶᠢᠨ ᠵᠠᠳᠠᠷᠠᠯ ᠳᠤ ᠲᠦᠷᠭᠡᠨ ᠣᠷᠣᠳᠠᠭ ᠭᠢᠳ᠋ᠷᠠᠪᠯᠢᠺ ᠲᠣᠰ ᠪᠠᠶᠢᠳᠠᠭ᠃

ᠪᠢᠣᠯᠣᠭᠢ ᠶᠢᠨ ᠵᠠᠳᠠᠷᠠᠯ ᠳᠤ ᠬᠤᠷᠳᠤᠨ ᠤᠷᠤᠬᠤ ᠭᠢᠳ᠋ᠷᠠᠪᠯᠢᠺ ᠰᠢᠩᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠠᠯᠢ ᠳᠤ ᠬᠣᠣᠷ ᠨᠥᠯᠥᠭᠡ ᠤᠴᠠᠷᠠᠭᠤᠯᠵᠤ ᠪᠣᠯᠬᠣᠷ ᠭᠠᠵᠠᠷ ᠠᠰᠢᠭᠯᠠᠵᠤ ᠪᠠᠶᠢᠭ᠎ᠠ ᠲᠧᠭᠨᠢᠭ ᠲᠦ ( ᠵᠢᠱᠢᠶ᠎ᠡ ᠨᠢ: ᠭᠦᠨ ᠦ ᠤᠰᠤᠨ ᠤ ᠬᠠᠮᠠᠭᠠᠯᠠᠯᠲᠠ ᠲᠠᠢ ᠭᠠᠵᠠᠷ ᠠᠵᠢᠯᠯᠠᠵᠤ ᠪᠠᠶᠢᠭ᠎ᠠ ᠲᠧᠭᠨᠢᠭ᠂ ᠣᠢ ᠳᠤ ᠠᠰᠢᠭᠯᠠᠬᠤ ᠮᠣᠳᠣ ᠤᠨᠠᠭ᠎ᠠx ᠮᠠᠰᠢᠨ ᠲᠧᠭᠨᠢᠭ᠂ ᠠᠭᠤᠯᠠᠨ ᠳᠤ ᠪᠣᠯᠤᠨ ᠴᠠᠨ᠎ᠠ ᠶᠢᠨ ᠪᠠᠭᠠᠵᠢ ᠳᠤ ᠠᠰᠢᠭᠯᠠx ᠲᠧᠭᠨᠢᠭ ᠲᠥᠬᠦᠭᠡᠷᠦᠮᠵᠢ ᠬᠡᠬᠦ ᠮᠡᠳᠦ) ᠵᠣᠷᠢᠭᠤᠯᠤᠨ ᠲᠤᠰᠬᠠᠢ ᠭᠢᠳ᠋ᠷᠠᠪᠯᠢᠺ ᠰᠢᠩᠭᠡᠨ ᠭᠠᠷᠭᠠᠭᠰᠠᠨ ᠪᠥᠭᠡᠳ ᠡᠨᠡ ᠨᠢ ᠮᠠᠰᠢ ᠲᠦᠷᠭᠡᠨ ᠪᠢᠣᠯᠣᠭᠢ ᠶᠢᠨ ᠵᠠᠳᠠᠷᠠᠯ ᠳᠤ ᠣᠷᠣᠳᠠᠭ᠃ ᠡᠶᠢᠮᠦ ᠲᠣᠰᠣ ᠶᠢ ᠮᠢᠨᠧᠷᠠᠯ ᠲᠣᠰᠤᠨ ᠠᠴᠠ ᠭᠠᠷᠭᠠᠨ ᠦᠢᠯᠡᠳᠪᠦᠷᠢᠯᠡᠳᠡᠭ᠃ ᠭᠡᠬᠦ ᠳᠦ ᠪᠡᠨ ᠶᠡᠬᠡᠩᠬᠢ ᠲᠣᠬᠢᠶᠠᠯᠳᠤᠯ ᠳᠤ ᠡᠷᠭᠢᠨ ᠲᠥᠯᠦᠵᠢᠬᠦ ᠲᠦᠭᠦᠬᠡᠢ ᠡᠳ᠋ ᠪᠤᠶᠤ ᠤᠷᠭᠤᠮᠠᠯ ᠤᠨ ᠲᠣᠰᠣᠨ ᠤ ᠰᠠᠭᠤᠷᠢ ᠳᠡᠭᠡᠷ᠎ᠡ ᠲᠤᠯᠭᠠᠭᠤᠷᠢᠯᠠᠨ ᠦᠢᠯᠡᠳᠪᠦᠷᠢᠯᠡᠳᠡᠭ᠃ ᠪᠢᠣᠯᠣᠭᠢ ᠶᠢᠨ ᠵᠠᠳᠠᠷᠠᠯ ᠳᠤ ᠲᠦᠷᠭᠡᠨ ᠣᠷᠣᠳᠠᠭ᠂ ᠡᠷᠭᠢᠨ ᠲᠥᠯᠦᠵᠢᠬᠦ ᠲᠦᠭᠦᠬᠡᠢ ᠡᠳ᠋ ᠍ ᠢᠶᠡᠷ ᠬᠢᠭᠳᠡᠭᠰᠡᠨ ᠲᠣᠰᠣ ᠶᠢ ᠪᠢᠣᠭᠢᠳ᠋ᠷᠠᠪᠯᠢᠺ ᠰᠢᠩᠭᠡᠨ ᠬᠡᠮᠡᠨ ᠨᠡᠷᠡᠯᠡᠨ᠎ᠡ᠃ ᠪᠠᠶᠢᠭᠠᠯᠢ ᠳᠤ ᠡᠭᠡᠯᠢ ᠲᠡᠢ ᠭᠢᠳ᠋ᠷᠠᠪᠯᠢᠭ ᠤᠨ ᠰᠢᠩᠭᠡᠨ ᠨᠦᠭᠦᠳ ᠨᠢ ᠬᠣᠣᠷ ᠲᠠᠢ ᠪᠣᠳᠠᠰ ᠤᠨ ᠠᠩᠬᠢᠯᠠᠯ ᠳᠤ ᠣᠷᠣᠬᠤ ᠪᠠ ᠬᠣᠣᠷᠲᠤ ᠪᠣᠳᠠᠰ ᠠᠩᠬᠢᠯᠠᠯ 1 ᠭᠡᠰᠡᠨ ᠠᠩᠬᠢᠯᠠᠯ ᠳᠤ ᠪᠠᠭᠲᠠᠨ᠂ HE (Hydraulic Environmental) ᠦᠰᠦᠭ ᠢᠶᠡᠷ ᠲᠡᠮᠳᠡᠭᠯᠡᠳᠡᠭ᠃

ᠪᠠᠶᠢᠭᠠᠯᠢ ᠳᠤ ᠡᠭᠡᠯᠢ ᠲᠡᠢ ᠭᠢᠳ᠋ᠷᠠᠪᠯᠢᠺ ᠰᠢᠩᠭᠡᠨ ᠳᠠᠷᠠᠭᠠᠬᠢ ᠪᠠᠶᠢᠳᠠᠯ ᠢᠶᠠᠷ ᠲᠥᠷᠦᠯᠵᠢᠭᠦᠯᠦᠨ ᠢᠯᠭᠠᠨ᠎ᠠ:

 • HETG (ᠰᠠᠭᠤᠷᠢ ᠷᠢᠯᠢᠽᠧᠷᠢ ᠳᠤ= ᠤᠷᠭᠤᠮᠠᠯ ᠤᠨ ᠲᠣᠰᠣ): ᠡᠨᠡ ᠲᠣᠰᠤᠨ ᠨᠤᠭᠤᠳ ᠪᠢᠣᠯᠣᠭᠢ ᠶᠢᠨ ᠵᠠᠳᠠᠷᠠᠯ ᠳᠤ ᠣᠷᠣᠬᠤ ᠳᠤ ᠪᠠᠨ ᠮᠠᠰᠢ ᠰᠠᠶᠢᠨ ᠮᠥᠨ ᠬᠡᠪ ᠦᠨ ᠦᠶ᠎ᠡ ᠳᠦ ᠤᠮᠳᠠᠨ ᠤ ᠤᠰᠤᠨ ᠳᠤ ᠨᠥᠯᠦᠭᠡᠯᠡᠬᠦ ᠬᠣᠣᠷ ᠲᠠᠢ ᠨᠥᠯᠦᠭᠡ ᠪᠠᠭ᠎ᠠ᠃ ᠮᠢᠨᠧᠷᠠᠯ ᠲᠣᠰᠣ ᠲᠠᠢ ᠬᠠᠷᠢᠴᠠᠭᠤᠯᠬᠤ ᠳᠤ ᠬᠠᠭᠤᠴᠢᠷᠠᠯ ᠳᠤ ᠠᠷᠠᠢ ᠬᠤᠷᠳᠤᠨ ᠶᠠᠪᠤᠭᠳᠠᠬᠤ᠂ ᠮᠥᠨ ᠲᠣᠯᠠᠭᠠᠨ ᠤ ᠬᠡᠮᠵᠢᠶ᠎ᠡ ᠤᠨ ᠠᠴᠢᠶᠠᠯᠠᠯ ᠳᠠᠬᠤ ᠴᠢᠳᠠᠪᠤᠷᠢ ᠮᠠᠭᠤ᠃
 • HEPG (ᠰᠠᠭᠤᠷᠢ ᠣᠯᠢᠯᠶᠤᠶᠢᠺᠣᠯ): ᠫᠣᠯᠢᠭᠯᠶᠦᠶᠢᠺᠦᠯ ᠢ ᠮᠢᠨᠧᠷᠠᠯ ᠲᠣᠰᠤᠨ ᠠᠴᠠ ᠭᠠᠷᠭᠠᠵᠤ ᠠᠪᠬᠤ ᠪᠠ ᠪᠢᠣᠯᠣᠭᠢ ᠶᠢᠨ ᠵᠠᠳᠠᠷᠠᠯ ᠳᠤ ᠣᠷᠣᠬᠤ ᠳᠤ ᠪᠠᠨ ᠮᠠᠰᠢ ᠰᠠᠶᠢᠨ ᠮᠥᠨ ᠬᠡᠪ ᠦᠨ ᠦᠶ᠎ᠡ ᠳᠦ ᠤᠮᠳᠠᠨ ᠤ ᠤᠰᠤᠨ ᠳᠤ ᠨᠥᠯᠦᠭᠡᠯᠡᠬᠦ ᠬᠣᠣᠷ ᠲᠠᠢ ᠨᠥᠯᠦᠭᠡ ᠪᠠᠭ᠎ᠠ᠃ ᠶᠡᠷᠦᠩᠬᠡᠢ ᠰᠢᠨᠵᠢ ᠴᠢᠨᠠᠷ ᠨᠢ ᠮᠢᠨᠧᠷᠠᠯ ᠲᠣᠰᠣ ᠲᠠᠢ ᠢᠵᠢᠯ᠂ ᠤᠰᠤᠨ ᠳᠤ ᠠᠭᠤᠰᠳᠠᠭ᠂ ᠮᠢᠨᠧᠷᠠᠯ ᠲᠣᠰ ᠪᠣᠯᠤᠨ ᠤᠷᠭᠤᠮᠠᠯ ᠤᠨ ᠲᠣᠰᠣ ᠲᠠᠢ ᠬᠣᠯᠢᠵᠤ ᠪᠣᠯᠳᠠᠭ ᠦᠭᠡᠢ᠃
 • HEES (ᠰᠠᠭᠤᠷᠢ ᠨᠡᠶᠢᠯᠡᠭ ᠡᠹᠢᠷ᠂ ᠭᠧᠷᠮ᠃ synthetische Ester): ᠨᠡᠶᠢᠯᠡᠭ ᠡᠹᠢᠷ ᠢ ᠡᠷᠭᠢᠨ ᠲᠥᠯᠦᠵᠢᠬᠦ ᠲᠦᠭᠦᠬᠡᠢ ᠡᠳ᠋ ᠍ ᠦᠨ ᠰᠠᠭᠤᠷᠢ ᠪᠣᠯᠤᠨ ᠮᠢᠨᠧᠷᠠᠯ ᠲᠣᠰᠤᠨ ᠤ ᠰᠤᠤᠷ ᠤᠨ ᠠᠯᠢ ᠠᠯᠢᠨ ᠠᠴᠠ ᠭᠠᠷᠭᠠᠵᠤ ᠠᠪᠴᠤ ᠪᠣᠯᠳᠠᠭ᠃ ᠡᠨᠡ ᠲᠥᠷᠥᠯ ᠦᠨ ᠲᠣᠰᠣ ᠨᠢ ᠪᠢᠣᠯᠣᠭᠢ ᠶᠢᠨ ᠵᠠᠳᠠᠷᠠᠯ ᠳᠤ ᠣᠷᠣxᠳ᠋ᠠ ᠮᠠᠰᠢ ᠰᠠᠶᠢᠨ ᠮᠥᠨ ᠬᠡᠪ ᠦᠨ ᠦᠶ᠎ᠡ ᠳᠦ ᠤᠮᠳᠠᠨ ᠤ ᠤᠰᠤᠨ ᠳᠤ ᠨᠦᠯᠦᠭᠡᠯᠡᠬᠦ ᠬᠣᠣᠷ ᠲᠠᠢ ᠨᠥᠯᠥᠭᠡ ᠪᠠᠭ᠎ᠠ ᠮᠥᠨ ᠤᠰᠤᠨ ᠳᠤ ᠠᠶᠤᠯᠲᠠᠢ ᠪᠣᠳᠠᠰ ᠤᠨ ᠠᠩᠬᠢᠯᠠᠯ 1 ᠭᠡᠰᠡᠨ ᠠᠩᠬᠢᠯᠠᠯ ᠤᠨ ᠦᠵᠡᠭᠦᠯᠦᠯᠲᠡ ᠶᠢ ᠬᠠᠩᠭᠠᠳᠠᠭ᠃ ᠬᠠᠭᠤᠴᠢᠷᠠᠯ ᠳᠤ ᠳᠠᠬᠤ ᠴᠢᠳᠠᠪᠤᠷᠢ ᠥᠨᠳᠥᠷ ᠲᠡᠢ᠂ ᠣᠭᠴᠣᠮ ᠠᠵᠢᠯ ᠤᠨᠨ ᠲᠣᠯᠠᠭᠠᠨ ᠤ ᠬᠡᠮᠵᠢᠶ᠎ᠡ ᠤᠨ ᠥᠭᠡᠷᠡᠴᠢᠯᠡᠯᠲᠡ ᠶᠢᠨ ᠨᠥᠯᠦᠭᠡᠨ ᠳᠦ ᠠᠪᠲᠠᠬᠤ ᠦᠭᠡᠢ᠃
 • HEPR (ᠥᠭᠡᠷ᠎ᠡ ᠲᠥᠷᠥᠯ ᠦᠨ ᠰᠠᠭᠤᠷᠢ ᠪᠦᠬᠦᠢ ᠰᠢᠩᠭᠡᠨ ᠨᠦᠭᠦᠳ᠂ ᠫᠣᠯᠢ ᠠᠯᠢᠹᠠ ᠣᠯᠧᠹᠢᠨ)

ᠪᠢᠣᠭᠢᠳ᠋ᠷᠠᠪᠯᠢᠺ ᠰᠢᠩᠭᠡᠨ ᠦ ᠵᠠᠬ᠎ᠠ ᠵᠡᠭᠡᠯᠢ ᠳᠦ ᠡᠵᠡᠯᠡᠬᠦ ᠪᠠᠶᠢᠷᠢ ᠰᠠᠭᠤᠷᠢ ᠰᠡᠭᠦᠯ ᠦᠨ ᠵᠢᠯ ᠤᠨᠳ ᠲᠤ ᠶᠡᠬᠡᠬᠡᠨ ᠨᠡᠮᠡᠭᠳᠡᠵᠦ ᠪᠠᠶᠢᠭ᠎ᠠ ᠪᠣᠯᠪᠠᠴᠤ ᠡᠨᠡ ᠬᠠᠩᠭᠠᠯᠲᠠᠲᠠᠢ ᠬᠡᠮᠵᠢᠶᠡᠨ ᠳᠦ ᠬᠦᠷᠴᠦ ᠣᠴᠢᠵᠤ ᠪᠠᠰᠠ ᠴᠢᠳᠠᠬᠤ ᠦᠭᠡᠢ ᠯᠠ ᠪᠠᠶᠢᠨ᠎ᠠ᠃ ᠵᠢᠱᠢᠶ᠎ᠡ ᠨᠢ: ᠭᠧᠷᠮᠠᠨ ᠳᠤ ᠪᠢᠣᠭᠢᠳ᠋ᠷᠠᠪᠯᠢᠺ ᠰᠢᠩᠭᠡᠨ ᠦ ᠵᠠᠬ᠎ᠠ ᠵᠡᠭᠡᠯᠢ ᠳᠦ ᠡᠵᠡᠯᠡᠬᠦ ᠬᠤᠪᠢ 2000 ᠣᠨ ᠳᠤ 3% ᠪᠠᠶᠢᠭᠰᠠᠨ ᠪᠣᠯ 2005[1] ᠣᠨ ᠬᠦᠷᠲᠡᠯᠡᠬᠢ ᠬᠤᠭᠤᠴᠠᠭᠠᠨ ᠳᠤ ᠢᠯᠠᠩᠭᠤᠶ᠎ᠠ ᠠᠦ᠋ᠲ᠋ᠣᠮᠣᠪᠢᠯ ᠤᠨ ᠰᠠᠯᠪᠤᠷᠢ ᠳᠤ 19% ᠪᠣᠯᠤᠨ ᠥᠰᠦᠭᠰᠡᠨ[2]

ᠰᠢᠲᠠᠯᠲᠠ ᠶᠢᠨ ᠲᠣᠯᠠᠭᠠᠨ ᠤ ᠬᠡᠮᠵᠢᠶ᠎ᠡ ᠥᠨᠳᠥᠷ ᠲᠡᠢ ᠰᠢᠩᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠷ ᠳ᠋ᠡᠬᠢ ᠪᠦᠯᠦᠭ ᠪᠣᠯᠬᠤ ᠰᠢᠲᠠᠯᠲᠠ ᠶᠢᠨ ᠲᠣᠯᠠᠭᠠᠨ ᠤ ᠬᠡᠮᠵᠢᠶ᠎ᠡ ᠥᠨᠳᠥᠷ ᠲᠡᠢ ᠰᠢᠩᠭᠡᠨ ᠨᠦᠭᠦᠳ ᠤᠷᠤᠬᠤ ᠪᠠ ᠡᠭᠦᠨ ᠢ ᠮᠢᠨᠧᠷᠠᠯ ᠲᠣᠰ ᠬᠡᠷᠡᠭᠯᠡᠬᠦ ᠪᠣᠯᠤᠮᠵᠢ ᠦᠭᠡᠢ (ᠭᠠᠯ ᠭᠠᠷᠬᠤ ᠮᠠᠭᠠᠳᠯᠠᠯ ᠥᠨᠳᠥᠷ ᠤᠴᠢᠷ) ᠨᠥᠬᠥᠴᠡᠯ ᠳᠦ ᠬᠡᠷᠡᠭᠯᠡᠨ᠎ᠡ᠃ ᠢᠯᠠᠩᠭᠤᠶ᠎ᠠ ᠨᠡᠭᠦᠷᠡᠰᠦᠨ ᠦ ᠠᠭᠤᠷᠬᠠᠢ ᠳᠤ ᠪᠣᠯᠤᠨ ᠠᠭᠠᠷ ᠤᠨ ᠲᠡᠭᠡᠭᠡᠪᠦᠷᠢ ᠲᠤ ᠵᠠᠪᠠᠯ ᠬᠡᠷᠡᠭᠯᠡᠬᠦ ᠳᠦᠷᠢᠮ ᠪᠤᠢ᠃ ᠡᠶᠢᠮᠦ ᠰᠢᠩᠭᠡᠨ ᠬᠡᠷᠡᠭᠯᠡᠳᠡᠭ ᠪᠤᠰᠤᠳ ᠦᠢᠯᠡᠳᠪᠦᠷᠢ ᠳᠦ ᠭᠢᠳ᠋ᠷᠠᠪᠯᠢᠭ ᠤᠨ ᠰᠢᠩᠭᠡᠨ ᠠᠯᠳᠠᠭᠳᠠᠭᠳᠠᠰᠤᠨ ᠠᠴᠠ ᠪᠣᠯᠵᠤ ᠭᠠᠯ ᠭᠠᠷᠬᠤ᠂ ᠮᠥᠨ ᠬᠠᠯᠠᠭᠤᠨ ᠮᠧᠲ᠋ᠠᠯ ᠪᠣᠯᠤᠨ ᠵᠠᠳᠠᠭᠠᠢ ᠭᠠᠯ ᠬᠡᠷᠡᠭᠯᠡᠳᠡᠭ ᠦᠢᠯᠡᠳᠪᠦᠷᠢ ᠨᠦᠭᠦᠳ ᠣᠷᠣᠨ᠎ᠠ᠃

ᠰᠢᠲᠠᠯᠲᠠ ᠶᠢᠨ ᠲᠣᠯᠠᠭᠠᠨ ᠤ ᠬᠡᠮᠵᠢᠶ᠎ᠡ ᠥᠨᠳᠥᠷ ᠲᠡᠢ ᠰᠢᠩᠭᠡᠨ ᠢ ᠳᠠᠷᠠᠭᠠᠬᠢ ᠪᠦᠯᠦᠭ ᠦᠳ ᠲᠦ ᠬᠤᠪᠢᠶᠠᠨ᠎ᠠ:

 • HFA: ᠲᠣᠰᠣ᠂ ᠤᠰᠤ ᠡᠮᠤᠯᠰ ᠦᠨ ᠬᠣᠯᠢᠮᠠᠭ ᠲᠤ (ᠤᠰᠤ ᠡᠮᠤᠯᠰ ᠦᠨ ᠬᠣᠯᠢᠮᠠᠭ ᠲᠤ ᠲᠣᠰᠣ ᠨᠡᠮᠡᠭᠰᠡᠨ ᠭᠡᠰᠡᠨ ᠦᠭᠡ) ᠪᠤᠶᠤ 80% ᠍ ᠰ ᠳᠡᠭᠡᠭᠰᠢ ᠤᠰᠤ ᠠᠭᠤᠯᠠᠭᠰᠠᠨ ᠮᠢᠨᠧᠷᠠᠯ ᠲᠣᠰᠣ ᠪᠣᠯᠤᠨ ᠫᠣᠯᠢᠭᠯᠶᠦᠶᠢᠺᠦᠯ ᠤᠨ ᠠᠭᠤᠰᠤᠮᠠᠯ ᠤᠨ ᠰᠠᠭᠤᠷᠢ ᠪᠦᠬᠦᠢ ᠠᠭᠤᠰᠤᠮᠠᠯ ᠶᠤᠮ᠃ ᠮᠢᠨᠧᠷᠠᠯ ᠲᠣᠰᠤᠨ ᠳᠤ ᠰᠠᠭᠤᠷᠢᠯᠠᠭᠰᠠᠨ ᠠᠭᠤᠰᠤᠮᠠᠯ ᠤᠨ ᠮᠠᠭᠤ ᠲᠠᠯ᠎ᠠ ᠨᠢ ᠬᠣᠯᠢᠭᠰᠠᠨ ᠰᠢᠩᠭᠡᠨ ᠨᠦᠭᠦᠳ ᠲᠤᠰ ᠲᠤᠰ ᠲᠤ ᠪᠠᠨ ᠪᠤᠴᠠᠵᠤ ᠢᠯᠭᠠᠷᠠᠬᠤ ᠮᠥᠨ ᠮᠢᠺᠷᠣᠪ ᠦᠷᠡᠵᠢᠵᠦ ᠪᠤᠢ ᠪᠣᠯᠤᠭᠠᠳ ᠪᠠᠶᠢᠳᠠᠭ᠃ ᠡᠨᠡ ᠰᠢᠩᠭᠡᠨ ᠨᠢ ᠰᠢᠲᠠᠬᠤ ᠳᠤ ᠪᠠᠨ ᠮᠠᠭᠤ᠂ +5°ᠰ ᠡᠴᠡ +55°ᠰ ᠬᠦᠷᠲᠡᠯ᠎ᠡ ᠲᠣᠯᠠᠭᠠᠨ ᠤ ᠬᠡᠮᠵᠢᠶ᠎ᠡ ᠲᠦ ᠬᠡᠷᠡᠭᠯᠡᠵᠦ ᠪᠣᠯᠤᠨ᠎ᠠ᠃ ᠬᠡᠲᠦ ᠪᠠᠭ᠎ᠠ ᠵᠠᠭᠤᠷᠠᠮᠠᠲᠠᠭᠠᠢ ᠴᠢᠨᠠᠷ ᠠᠴᠠ ᠰᠢᠯᠲᠠᠭᠠᠯᠠᠨ ᠪᠢᠲᠡᠭᠦᠮᠵᠢᠯᠡᠯ ᠮᠠᠭᠤ ᠲᠠᠢ ᠲᠥᠬᠥᠭᠡᠷᠦᠮᠵᠢ ᠳᠦ ᠠᠰᠢᠭᠯᠠᠪᠠᠯ ᠵᠠᠢ ᠵᠠᠪᠰᠠᠷ ᠢᠶᠠᠷ ᠶᠡᠬᠡ ᠬᠡᠮᠵᠢᠶ᠎ᠡ ᠪᠡᠷ ᠠᠯᠳᠠᠭᠳᠠx ᠠᠶᠤᠯᠲᠠᠢ᠃
 • HFB: ᠤᠰᠤ᠂ ᠲᠣᠰᠣ ᠡᠮᠤᠯᠰ ᠦᠨ ᠬᠣᠯᠢᠮᠠᠭ ᠪᠤᠶᠤ 40% ᠍ ᠰ ᠢᠯᠡᠭᠦᠦ ᠤᠰᠤ ᠪᠣᠯᠤᠨ ᠮᠢᠨᠧᠷᠠᠯ ᠲᠣᠰ ᠠᠭᠤᠯᠠᠨ᠎ᠠ᠃ ᠰᠢᠲᠠᠯᠲᠠ ᠮᠠᠭᠤ᠂ +5°ᠰ ᠡᠴᠡ +60°ᠰ ᠬᠦᠷᠲᠡᠯ᠎ᠡ ᠲᠣᠯᠠᠭᠠᠨ ᠤ ᠬᠡᠮᠵᠢᠶ᠎ᠡ ᠲᠦ ᠬᠡᠷᠡᠭᠯᠡᠵᠦ ᠪᠣᠯᠤᠨ᠎ᠠ᠃ ᠭᠠᠯ ᠳᠤ ᠲᠡᠰᠪᠦᠷᠢᠯᠡᠬᠦ ᠴᠢᠳᠠᠪᠤᠷᠢ ᠮᠠᠭᠤ ᠤᠴᠢᠷ ᠵᠢᠱᠢᠶ᠎ᠡ ᠨᠢ ᠭᠧᠷᠮᠠᠨ ᠳᠤ ᠡᠨᠡ ᠲᠥᠷᠥᠯ ᠦᠨ ᠲᠣᠰᠣ ᠬᠡᠷᠡᠭᠯᠡᠬᠦ ᠶᠢ ᠬᠣᠷᠢᠭᠰᠠᠨ᠃
 • HFC: ᠤᠰᠤ᠂ ᠲᠣᠰᠣ ᠡᠮᠤᠯᠰ ᠦᠨ ᠬᠣᠯᠢᠮᠠᠭ ᠪᠤᠶᠤ 35% ᠍ ᠰ ᠢᠯᠡᠭᠦᠦ ᠤᠰᠤ ᠪᠣᠯᠤᠨ ᠫᠣᠯᠢᠭᠯᠶᠦᠶᠢᠺᠦᠯ ᠤᠨ ᠠᠭᠤᠰᠤᠮᠠᠯ᠃ ᠰᠢᠲᠠᠯᠲᠠ ᠮᠠᠭᠤ᠂ -20°ᠰ ᠡᠴᠡ +60°ᠰ ᠬᠦᠷᠲᠡᠯ᠎ᠡ ᠲᠧᠮᠫᠧᠷᠠᠲᠦ᠋ᠷ᠂ 250 ᠪᠠᠷ ᠬᠦᠷᠲᠡᠯ᠎ᠡ ᠳᠠᠷᠤᠯᠲᠠ ᠲᠠᠢ ᠤᠷᠴᠢᠨ ᠳᠤ ᠬᠡᠷᠡᠭᠯᠡᠵᠦ ᠪᠣᠯᠤᠨ᠎ᠠ᠃ ᠡᠨᠡ ᠲᠥᠷᠥᠯ ᠦᠨ ᠰᠢᠩᠭᠡᠨ ᠢ ᠬᠠᠮᠤᠭ ᠤᠨ ᠶᠡᠬᠡ ᠪᠡᠷ ᠬᠡᠷᠡᠭᠯᠡᠳᠡᠭ᠃ ᠳᠠᠮᠵᠢᠭᠤᠯᠬᠤ ᠬᠣᠭᠣᠯᠠᠢ ᠶᠢᠨ ᠰᠢᠰᠲ᠋ᠧᠮ ᠳᠦ ᠠᠰᠢᠭᠯᠠᠬᠤ ᠳᠤ ᠪᠠᠨ ᠴᠠᠶᠢᠷ ᠪᠠᠶᠢᠭ᠎ᠠ ᠡᠰᠡᠬᠦ ᠶᠢ ᠰᠠᠶᠢᠨ ᠰᠢᠯᠭᠠᠬᠤ ᠱᠠᠭᠠᠷᠳᠠᠯᠭ᠎ᠠ ᠲᠠᠢ᠃ ᠤᠴᠢᠷ ᠨᠢ ᠡᠨᠡ ᠲᠥᠷᠥᠯ ᠦᠨ ᠰᠢᠩᠭᠡᠨ ᠴᠠᠶᠢᠷ ᠲᠠᠢ ᠨᠢᠭᠡᠳᠦᠨ ᠴᠠᠶᠢᠷ ᠤᠨ ᠰᠠᠪᠠᠨ ᠡᠭᠦᠰᠭᠡᠬᠦ ᠪᠠ ᠡᠨᠡ ᠳᠠᠷᠤᠯᠲᠠ ᠶᠢᠨ ᠰᠢᠭᠦᠯᠲᠡᠭᠦᠷ ᠦᠳ ᠢ ᠪᠥᠭᠯᠡᠬᠦ ᠠᠶᠤᠯᠲᠠᠢ᠃
 • HFD: ᠤᠰᠤ ᠦᠭᠡᠢ ᠰᠢᠨᠲ᠋ᠧᠲ᠋ᠢᠭ ᠤᠨ ᠰᠢᠩᠭᠡᠨ ᠪᠥᠭᠡᠳ ᠮᠢᠨᠧᠷᠠᠯ ᠲᠣᠰ ᠡᠰᠡᠪᠡᠯ ᠤᠰᠤᠨ ᠠᠴᠠ (HFD-U ᠪᠢᠰᠢ) ᠢᠯᠡᠭᠦᠦ ᠥᠨᠳᠥᠷ ᠨᠢᠭᠲᠠᠴᠠ ᠲᠠᠢ᠃ ᠨᠠᠰᠣᠰᠤᠨ ᠳᠤ ᠬᠡᠷᠡᠭᠯᠡᠪᠡᠯ ᠰᠣᠷᠣᠯᠲᠠᠨ ᠳᠤ ᠮᠠᠭᠤ ᠨᠥᠯᠥᠭᠡᠲᠡᠢ ᠡᠴᠡ ᠭᠠᠳᠠᠨ᠎ᠠ ᠵᠢᠭᠢᠷᠢᠭ᠌ ᠷᠧᠽᠢᠨ᠂ ᠬᠤᠪᠠᠨᠴᠠᠷ ᠪᠣᠯᠤᠨ ᠪᠤᠰᠤᠳ ᠡᠨᠡ ᠲᠥᠷᠥᠯ ᠦᠨ ᠮᠠᠲ᠋ᠧᠷᠢᠶᠠᠯ ᠢ <<ᠢᠳᠡᠬᠦ>> ᠪᠤᠶᠤ ᠠᠭᠤᠰᠬᠠᠬᠤ ᠠᠶᠤᠯᠲᠠᠢ᠃ ᠰᠢᠲᠠᠬᠤ ᠳᠤ ᠪᠠᠨ ᠮᠠᠭᠤ᠂ -20°ᠰ ᠡᠴᠡ +150°ᠰ ᠬᠦᠷᠲᠡᠯ᠎ᠡ ᠲᠣᠯᠠᠭᠠᠨ ᠤ ᠬᠡᠮᠵᠢᠶ᠎ᠡ ᠠᠰᠢᠭᠯᠠᠵᠤ ᠪᠣᠯᠤᠨ᠎ᠠ᠃ ᠡᠭᠦᠨ ᠢ ᠪᠦᠷᠢᠯᠳᠦᠭᠦᠯᠵᠦ ᠪᠤᠢ ᠦᠨᠳᠦᠰᠦᠨ ᠪᠦᠷᠢᠯᠳᠦᠬᠦᠨ ᠬᠡᠰᠡᠭ ᠡᠴᠡ ᠬᠠᠮᠢᠶᠠᠷᠤᠨ ᠳᠠᠷᠠᠭᠠᠬᠢ ᠪᠠᠶᠢᠳᠠᠯ ᠢᠶᠠᠷ ᠠᠩᠭᠢᠯᠠᠳᠠᠭ:
  • HFD-R: ᠹᠣᠰᠹᠣᠷ ᠤᠨ ᠬᠦᠴᠢᠯ ᠦᠨ ᠡᠹᠢᠷ
  • HFD-S: ᠨᠠᠶᠢᠷᠠᠯᠭ᠎ᠠ ᠳᠤ ᠪᠠᠨ ᠤᠰᠤ ᠠᠭᠤᠯᠤᠭ᠎ᠠ ᠦᠭᠡᠢ ᠾᠯᠣᠷᠵᠢᠭᠤᠯᠤᠭᠰᠠᠨ ᠨᠡᠭᠦᠷᠡᠰᠦ ᠤᠰᠤᠲᠥᠶᠢᠷᠦᠭᠴᠢ
  • HFD-T: HFD-R ᠪᠣᠯᠤᠨ HFD-S ᠍ ᠦᠨ ᠬᠣᠯᠢᠮᠠᠭ
  • HFD-U: ᠨᠠᠶᠢᠷᠠᠯᠭ᠎ᠠ ᠳᠤ ᠪᠠᠨ ᠤᠰᠤ ᠠᠭᠤᠯᠤᠭ᠎ᠠ ᠦᠭᠡᠢ ᠪᠤᠰᠤᠳ ᠨᠠᠶᠢᠷᠠᠯᠭ᠎ᠠ (ᠡx ᠲᠣᠰᠤᠨ ᠤ ᠬᠦᠴᠢᠯ ᠦᠨ ᠡᠹᠢᠷ ᠡᠴᠡ ᠪᠥᠷᠢᠳᠦᠨ᠎ᠡ)

ᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠰᠤ ᠨᠢ ᠭᠢᠳ᠋ᠷᠠᠪᠯᠢᠭ ᠤᠨ ᠰᠢᠩᠭᠡᠨ ᠢᠶᠡᠷ ᠬᠡᠷᠡᠭᠯᠡᠬᠦ ᠳᠦ ᠶᠡᠷᠦ ᠨᠢ ᠶᠠᠮᠠᠷ ᠨᠢᠭᠡ ᠠᠰᠠᠭᠤᠳᠠᠯ ᠦᠭᠡᠢ᠃ ᠴᠡᠪᠡᠷ ᠤᠰᠤ ᠶᠢ ᠭᠡᠬᠦ ᠳᠦ ᠪᠡᠨ ᠥᠨᠳᠥᠷ ᠴᠢᠳᠠᠯ ᠤᠨ ᠭᠢᠳ᠋ᠷᠠᠪᠯᠢᠺ ᠰᠢᠰᠲ᠋ᠧᠮ ᠳᠦ ᠬᠡᠷᠡᠭᠯᠡᠳᠡᠭ ᠦᠭᠡᠢ ᠬᠠᠷᠢᠨ ᠲᠣᠰᠣ ᠶᠢ ᠡᠮᠤᠯᠢᠰ ᠲᠡᠢ ᠬᠣᠯᠢᠨ (ᠹᠷᠧᠽᠧᠷ ᠤᠨ ᠰᠠᠭᠤᠷᠢ ᠮᠠᠰᠢᠨ ᠤ ᠬᠥᠷᠥᠭᠡᠬᠦ ᠪᠣᠯᠤᠨ ᠲᠤᠰᠤᠯᠠᠬᠤ ᠰᠢᠩᠭᠡᠨ ᠲᠡᠢ ᠣᠶᠢᠷᠠᠯᠴᠠᠭ᠎ᠠ) ᠬᠡᠷᠡᠭᠯᠡᠳᠡᠭ᠃ ᠠᠩᠬᠠᠨ ᠤ ᠲᠧᠭᠨᠢᠭ ᠦᠨ ᠭᠢᠳ᠋ᠷᠠᠪᠯᠢᠺ ᠲᠤ ᠤᠰᠤ ᠶᠢ ᠭᠢᠳ᠋ᠷᠠᠪᠯᠢᠺ ᠰᠢᠩᠭᠡᠨ ᠪᠣᠯᠭᠠᠨ ᠬᠡᠷᠡᠭᠯᠡᠵᠦ ᠪᠠᠶᠢᠴᠠᠢ᠃ ᠤᠰᠤ ᠨᠢ ᠶᠡᠷᠦᠩᠬᠡᠢ ᠳᠤ ᠪᠡᠨ ᠲᠣᠭᠲᠠᠮᠠᠯ ᠪᠠᠭ᠎ᠠ ᠵᠠᠭᠤᠷᠠᠮᠠᠲᠠᠭᠠᠢ ᠴᠢᠨᠠᠷᠲᠠᠢ᠃ ᠰᠢᠬᠠᠯᠲᠠ ᠶᠢᠨ ᠵᠡᠷᠭᠡ ᠨᠢ ᠭᠢᠳ᠋ᠷᠠᠪᠯᠢᠭ ᠤᠨ ᠲᠣᠰᠣ ᠲᠠᠢ ᠬᠠᠷᠢᠴᠠᠭᠤᠯᠬᠤ ᠳᠤ ᠣᠶᠢᠷᠠᠯᠴᠠᠭ᠎ᠠ ᠪᠠᠷ 60% ᠣᠷᠴᠢᠮ ᠪᠠᠶᠢᠨ᠎ᠠ᠃

ᠠᠩᠬᠢᠯᠠᠯ:

 • ᠱᠤᠭᠤᠮ ᠤᠨ ᠤᠰᠤ (ᠴᠡᠪᠡᠷ᠂ ᠪᠣᠬᠢᠷ ᠤᠰᠤᠨ ᠤ ᠱᠤᠭᠤᠮ ᠳᠤ ᠬᠡᠷᠡᠭᠯᠡᠳᠡᠭ ᠤᠰᠤ᠂ ᠰᠢᠭᠦᠭᠰᠡᠨ)
 • ᠲᠧᠭᠨᠢᠭ ᠦᠨ ᠤᠰᠤ (ᠤᠰᠤ ᠲᠣᠰ ᠡᠮᠦᠯᠢᠰ)
 • ᠳᠠᠯᠠᠢ ᠶᠢᠨ- ᠪᠤᠶᠤ ᠳᠠᠪᠤᠰᠤ ᠲᠠᠢ ᠤᠰᠤ ( ᠰᠢᠭᠦᠭᠰᠡᠨ᠂ ᠢᠳᠡᠮᠡᠬᠡᠢ ᠴᠢᠨᠠᠷ ᠠᠴᠠ ᠨᠢ ᠰᠢᠯᠲᠠᠭᠠᠯᠠᠭᠠᠳ ᠬᠡᠷᠡᠭᠯᠡᠳᠡᠭ ᠦᠭᠡᠢ)

ᠰᠢᠨᠵᠢ ᠴᠢᠨᠠᠷ ᠪᠣᠯᠤᠨ ᠬᠡᠮᠵᠢᠬᠦ ᠨᠢᠭᠡᠴᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨᠵᠢ ᠴᠢᠨᠠᠷ ᠨᠢᠭᠡᠴᠡ ᠮᠢᠨᠧᠷᠠᠯ ᠲᠣᠰᠤᠨ ᠨᠤᠭᠤᠳ ᠫᠣᠯᠢᠭᠯᠶᠦᠶᠢᠺᠦᠯ-ᠤᠰᠤ-ᠠᠭᠤᠰᠤᠮᠠᠯ ᠹᠣᠰᠹᠠᠲ ᠤᠨ ᠡᠹᠢᠷ Xᠯ᠎ᠠ ᠪᠠᠷᠷᠣᠮᠠᠲ᠋ᠧ ᠹᠣᠰᠹᠠᠲ ᠤᠨ ᠡᠹᠢᠷ ᠪᠣᠯᠤᠨ xᠯ᠎ᠠ ᠪᠠᠷᠷᠣᠮᠠᠲ᠋ᠧ ᠬᠣᠯᠢᠮᠠᠭ ᠤᠰᠤ
ᠨᠢᠭᠲᠠᠴᠠ 15 °C ᠍ ᠲᠤ ᠰᠮ−3 0,87–0,9 1,01–1,09 1,1–1,3 1,3–1,45 1,2–1,4 1
ᠡᠵᠡᠯᠡᠬᠦᠨ ᠦ ᠲᠡᠯᠡᠯᠲᠡ ᠶᠢᠨ ᠺᠣᠧᠹᠹᠢᠼᠢᠶᠸᠨᠲ 10−3 −1 0,65 0,7 0,7 0,7 0,7 0,206
ᠳᠤᠮᠳᠠᠴᠢ ᠰᠢᠬᠠᠯᠲᠠ ᠶᠢᠨ ᠮᠣᠳᠣᠯ ᠫᠠ 2 3,5–4 2,3–2,8 2,3–2,8 2,3–2,8 2,08
ᠬᠡᠢ ᠰᠢᠩᠭᠡᠭᠡᠯᠲᠡ ᠶᠢᠨ ᠺᠣᠧᠹᠹᠢᠼᠢᠶᠸᠨᠲ 0,08–0,1 0,03–0,04 0,08–0,09 0,08–0,09 0,08–0,09 0,02
Xᠠᠷᠢᠴᠠᠩᠭᠤᠢ ᠳᠤᠯᠠᠭᠠᠨ ᠤ ᠪᠠᠭᠲᠠᠭᠠᠮᠵᠢ ᠺᠭ−1−1 1885 3350 1250–1650 1050 1250 4182
ᠳᠤᠯᠠᠭᠠᠨ ᠳᠠᠮᠵᠢᠭᠤᠯᠬᠤ ᠴᠢᠳᠠᠪᠤᠷᠢ ᠸ ᠲᠤ −1−1 6,97–13,95 25,18 8,37 8,37 8,37 38,38
ᠣᠴᠢᠯᠠᠯᠲᠠ ᠶᠢᠨ ᠴᠡᠭ °ᠰ 210 - 210–240 200–220 210–230 -
ᠰᠢᠲᠠᠵᠤ ᠡᠬᠢᠯᠡᠬᠦ ᠲᠣᠯᠠᠭᠠᠨ ᠤ ᠬᠡᠮᠵᠢᠶ᠎ᠡ °ᠰ 310–360 - 450–600 670 600–630 -
ᠠᠵᠢᠯᠯᠠᠬᠤ ᠲᠣᠯᠠᠭᠠᠨ ᠤ ᠬᠡᠮᠵᠢᠶ᠎ᠡ ᠬᠠᠮᠤᠭ ᠤᠨ ᠳᠡᠭᠡᠳᠦ °ᠰ 90 65 150 150 150 65

ᠨᠣᠮ ᠰᠤᠷᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠸᠣᠯᠺᠧᠷ ᠯᠧᠨᠼ᠂ ᠮᠠᠬᠠᠶᠢᠯ ᠸᠧᠪᠧᠷ: ᠲᠣᠰᠤᠯᠠᠭᠠᠨ ᠤ ᠮᠠᠲ᠋ᠧᠷᠢᠶᠠᠯ ᠤᠨ ᠲᠧᠭᠨᠣᠯᠣᠭᠢ᠃ ᠪᠢᠣᠭᠢᠳ᠋ᠷᠠᠪᠯᠢᠺ ᠰᠢᠩᠭᠡᠨ ᠦ ᠵᠠᠬ᠎ᠠ ᠵᠡᠭᠡᠯᠢ ᠶᠢᠨ ᠰᠤᠳᠤᠯᠭ᠎ᠠ 2006 ᠣᠨ (ᠭᠧᠷᠮᠠᠨ) (PDF-Download)
 2. ᠡᠷᠭᠢᠨ ᠲᠥᠯᠥᠵᠢᠬᠦ ᠲᠦᠭᠦᠬᠡᠢ ᠡᠳ᠋ ᠍ ᠦᠨ ᠰᠤᠳᠤᠯᠭᠠᠨ ᠤ ᠲᠥᠪ: ᠡᠷᠭᠢᠨ ᠲᠥᠯᠥᠵᠢᠬᠦ ᠲᠦᠭᠦᠬᠡᠢ ᠡᠳ᠋ ᠍ ᠦᠨ ᠲᠠᠯ᠎ᠠ ᠪᠠᠷx ᠮᠡᠳᠡᠭᠡᠯᠡᠯ ᠪᠣᠯᠤᠨ ᠰᠤᠳᠤᠯᠭ᠎ᠠ 2007 (ᠭᠧᠷᠮᠠᠨ) (PDF-Download)
 • Robert Bosch XXᠺ: ᠬᠤᠳᠠᠯᠳᠤᠭ᠎ᠠ᠂ ᠠᠵᠤ ᠦᠢᠯᠡᠳᠪᠦᠷᠢ ᠶᠢᠨ ᠭᠠᠷ ᠤᠨ ᠠᠪᠤᠯᠭ᠎ᠠ ISBN 978-3-87125-501-4

ᠪᠢᠴᠢᠭᠡᠰᠦ