ᠭᠡᠷᠡᠯ ᠦᠨ ᠬᠤᠷᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠨᠢ 150 ᠰᠠᠶ᠎ᠠ ᠺᠢᠯᠣᠮᠧᠲ᠋ᠷ ᠵᠠᠢ ᠳᠤ ᠨᠠᠷᠠ ᠶᠢ ᠲᠣᠭᠣᠷᠢᠨ ᠡᠷᠭᠢᠵᠦ᠂ ᠰᠠᠷᠠ ᠨᠢ ᠳᠡᠯᠡᠬᠡᠢ ᠶᠢ ᠲᠣᠭᠣᠷᠢᠳᠠᠭ᠃
ᠨᠠᠷᠠᠨ ᠤ ᠭᠡᠷᠡᠯ ᠨᠢ ᠳᠡᠯᠡᠬᠡᠢ ᠳᠦ ᠬᠦᠷᠬᠦ ᠳᠦ 8 ᠮᠢᠨᠦ᠋ᠲ᠂ 19 ᠰᠸᠺᠦ᠋ᠨ᠋ᠳ᠋ ᠵᠠᠷᠤᠴᠠᠭᠤᠯᠤᠨ᠎ᠠ
ᠭᠡᠷᠡᠯ ᠦᠨ ᠬᠤᠷᠳᠤ ᠥᠭᠡᠷ᠎ᠡ ᠥᠭᠡᠷ᠎ᠡ ᠨᠢᠭᠡᠴᠡ ᠨᠦᠭᠦᠳ ᠢᠶᠡᠷ
ᠮᠧᠲ᠋ᠷ/ᠰᠸᠺᠦ᠋ᠨ᠋ᠳ᠋ 299,792,458 (ᠶᠠᠭ)
ᠺᠢᠯᠣᠮᠧᠲ᠋ᠷ/ 300,000
ᠺᠢᠯᠣᠮᠧᠲ᠋ᠷ/ᠴᠠᠭ 1,079 ᠰᠠᠶ᠋ᠢ
ᠮᠢᠯ/ᠰᠸᠺᠦ᠋ᠨ᠋ᠳ᠋ 186,000
ᠮᠢᠯ/ᠴᠠᠭ 671 ᠰᠠᠶ᠋ᠢ
ᠣᠳᠣᠨ ᠣᠷᠣᠨ ᠤ ᠨᠢᠭᠡᠴᠡ/ᠡᠳᠦᠷ 173
ᠫᠯᠠᠨᠺ ᠤᠨ ᠨᠢᠭᠡᠴᠡ 1 (ᠶᠠᠭ)
ᠭᠡᠷᠡᠯ ᠲᠤᠭᠤᠯᠬᠤ ᠬᠤᠭᠤᠴᠠᠭ᠎ᠠ
ᠵᠠᠢ ᠬᠤᠭᠤᠴᠠᠭ᠎ᠠ
 ᠨᠢᠭᠡ ᠹᠦᠲ 1.0 ns︵ᠨᠤᠨ ᠰᠸᠺᠦ᠋ᠨ᠋ᠳ᠋︶
 ᠨᠢᠭᠡ ᠮᠧᠲ᠋ᠷ 3.3 ns
 ᠨᠢᠭᠡ ᠺᠢᠯᠣᠮᠧᠲ᠋ᠷ 3.3 μs(ᠮᠢᠺᠷᠣ ᠰᠸᠺᠦ᠋ᠨ᠋ᠳ᠋)
 ᠨᠢᠭᠡ ᠮᠢᠯ (ᠬᠠᠤᠯᠢ ᠶᠣᠰᠣᠨ ᠤ) 5.4 μs
ᠳᠡᠯᠡᠬᠡᠢ ᠶᠢᠨ ᠪᠦᠰᠡᠯᠡᠬᠦᠷ ᠍ ᠤᠨ ᠤᠷᠲᠤ 134 ms
ᠰᠠᠷ᠎ᠠ ᠠᠴᠠ ᠳᠡᠯᠡᠬᠡᠢ ᠬᠦᠷᠲᠡᠯᠡᠬᠢ ᠵᠠᠢ 1.3 ᠰᠸᠺᠦ᠋ᠨ᠋ᠳ᠋
ᠨᠠᠷᠠ ᠠᠴᠠ ᠳᠡᠯᠡᠬᠡᠢ ᠬᠦᠷᠲᠡᠯᠡᠬᠢ ᠵᠠᠢ 8.3 ᠮᠢᠨᠦ᠋ᠲ
 ᠨᠢᠭᠡ ᠫᠠᠷᠰᠧᠺ 3.26 ᠵᠢᠯ
ᠲᠩᠷᠢ ᠶᠢᠨ ᠵᠠᠭᠠᠳᠠᠰᠤ ᠢᠶᠠᠷ 100,000 ᠵᠢᠯ
ᠨᠡᠮᠡᠯᠲᠡ ᠲᠡᠮᠳᠡᠭᠯᠡᠯ ᠪᠠᠶᠢᠬᠤ ᠦᠭᠡᠢ ᠲᠣᠬᠢᠶᠠᠯᠳᠤᠯ ᠳᠤ ᠪᠦᠬᠦ ᠤᠳᠬ᠎ᠠ ᠶᠢ ᠣᠶᠢᠷᠠᠯᠴᠠᠭ᠎ᠠ ᠪᠠᠷ ᠲᠡᠮᠳᠡᠭᠯᠡᠭᠰᠡᠨ ᠪᠣᠯᠤᠨ᠎ᠠ᠃

ᠭᠡᠷᠡᠯ ᠦᠨ ᠬᠤᠷᠳᠤ ᠨᠢ c ᠦᠰᠦᠭ ᠢᠶᠡᠷ ᠲᠡᠮᠳᠡᠭᠯᠡᠭᠳᠡᠳᠡᠭ ᠹᠢᠽᠢᠺ ᠦᠨ ᠲᠣᠭᠲᠠᠮᠠᠯ᠃ ᠬᠡᠮᠵᠢᠶ᠎ᠡ ᠨᠢ ᠶᠠᠭ 299,792,458 ᠮᠧᠲ᠋ᠷ/ᠰᠸᠺᠦ᠋ᠨ᠋ᠳ᠋[1][2] ᠪᠥᠭᠡᠳ 300,000 ᠺᠢᠯᠣᠮᠧᠲ᠋ᠷ/ᠰᠸᠺᠦ᠋ᠨ᠋ᠳ᠋ ᠭᠡᠰᠡᠨ ᠣᠶᠢᠷᠠᠯᠴᠠᠭ᠎ᠠ ᠤᠳᠬ᠎ᠠ ᠶᠢ ᠥᠷᠭᠡᠨ ᠢᠶᠡᠷ ᠠᠰᠢᠭᠯᠠᠳᠠᠭ᠃ ᠡᠨᠡ ᠨᠢ ᠬᠤᠷᠳᠤ ᠶᠢ ᠨᠢ ᠰᠠᠭᠠᠷᠠᠭᠤᠯᠬᠤ ᠠᠲ᠋ᠣᠮ᠂ ᠮᠣᠯᠧᠺᠦᠯ᠂ ᠪᠤᠰᠤᠳ ᠲᠥᠷᠥᠯ ᠦᠨ ᠮᠠᠲ᠋ᠧᠷᠢᠶᠠᠯ ᠣᠷᠣᠰᠢᠨ ᠪᠠᠶᠢᠬᠤ ᠦᠭᠡᠢ ᠴᠡᠪᠡᠷ ᠬᠣᠭᠣᠰᠣᠨ ᠳᠤ ᠴᠠᠬᠢᠯᠭᠠᠨ ᠰᠣᠷᠢᠨᠵᠢᠨ ᠰᠠᠴᠤᠷᠠᠭ ᠤᠨ ᠲᠠᠷᠬᠠᠬᠤ ᠬᠤᠷᠳᠤ ᠶᠤᠮ᠃

ᠬᠦᠮᠦᠨ ᠲᠥᠷᠥᠯᠬᠢᠲᠡᠨ ᠦ ᠲᠡᠦᠬᠡ ᠶᠢᠨ ᠶᠠᠪᠤᠴᠠ ᠳᠤ ᠭᠡᠷᠡᠯ ᠨᠢ ᠭᠱᠠᠨ ᠵᠠᠭᠤᠷ᠎ᠠ ᠳᠤ ᠲᠠᠷᠬᠠᠳᠠᠭ᠂ ᠡᠰᠡᠪᠡᠯ ᠶᠡᠷᠦ ᠳᠡᠭᠡᠨ ᠯᠠ ᠮᠠᠰᠢ ᠬᠤᠷᠳᠤᠨ ᠲᠠᠷᠬᠠᠳᠠᠭ ᠡᠰᠡᠬᠦ ᠨᠢ ᠮᠡᠳᠡᠭᠳᠡᠵᠦ ᠪᠠᠶᠢᠭᠰᠠᠨ ᠦᠭᠡᠢ᠃ 17 ᠍ᠳ᠋ᠦᠭᠡᠷ ᠵᠠᠭᠤᠨ ᠳᠤ ᠣᠳᠣᠨ ᠣᠷᠣᠨ ᠰᠤᠳᠤᠯᠤᠭᠠᠴᠢ ᠣᠯᠧ ᠷᠦᠮᠡᠷ ᠪᠠᠷᠬᠠᠰᠪᠠᠳᠢ ᠶᠢᠨ ᠳᠠᠭᠠᠭᠤᠯᠢ ᠶᠢᠨ ᠦᠵᠡᠭᠳᠡᠬᠦ ᠬᠥᠳᠡᠯᠭᠡᠭᠡᠨ ᠦ ᠰᠤᠳᠤᠯᠭ᠎ᠠ ᠳᠡᠭᠡᠷ᠎ᠡ ᠦᠨᠳᠦᠰᠦᠯᠡᠨ ᠭᠡᠷᠡᠯ ᠬᠢᠵᠠᠭᠠᠷ ᠲᠠᠢ ᠬᠤᠷᠳᠤ ᠪᠠᠷ ᠲᠠᠷᠬᠠᠳᠠᠭ ᠪᠣᠯᠬᠤ ᠶᠢ ᠪᠠᠲᠤᠯᠠᠵᠠᠢ᠃ ᠡᠭᠦᠨ ᠡᠴᠡ ᠬᠣᠶᠢᠰᠢ ᠣᠯᠠᠨ ᠵᠠᠭᠤᠨ ᠤ ᠲᠤᠷᠰᠢᠳᠠ ᠤᠯᠠᠮ ᠨᠠᠷᠢᠨ ᠬᠡᠮᠵᠢᠯᠲᠡ ᠨᠦᠭᠦᠳ ᠢ ᠬᠢᠭᠰᠡᠨ ᠢᠶᠡᠷ 1975 ᠤᠨ ᠳᠤ ᠭᠡᠷᠡᠯ ᠦᠨ ᠬᠤᠷᠳᠤ ᠶᠢ ᠨᠠᠷᠢᠪᠴᠢᠯᠠᠯ ᠲᠠᠢ ᠪᠠᠷ 299,792,458 m/s ᠪᠣᠯᠬᠤ ᠶᠢ ᠲᠣᠭᠲᠠᠭᠠᠴᠠᠢ᠃ 1983 ᠤᠨ ᠳᠤ СИ ᠰᠢᠰᠲ᠋ᠧᠮ ᠳᠤ ᠮᠧᠲ᠋ᠷ  ᠢ  "1299,792,458 ᠰᠸᠺᠦ᠋ᠨ᠋ᠳ᠋ ᠲᠦ ᠭᠡᠷᠡᠯ ᠦᠨ ᠲᠠᠷᠠᠬᠤ ᠬᠤᠷᠳᠤ" ᠬᠡᠮᠡᠨ ᠲᠣᠳᠣᠷᠬᠠᠶᠢᠯᠠᠭᠰᠠᠨ᠃[1][2]

ᠰᠢᠯ᠂ ᠠᠭᠠᠷ ᠵᠡᠷᠭᠡ ᠲᠤᠩᠭᠠᠯᠠᠭ ᠮᠠᠲ᠋ᠧᠷᠢᠶᠠᠯ ᠢᠶᠠᠷ ᠭᠡᠷᠡᠯ ᠦᠨ ᠲᠠᠷᠬᠠᠬᠤ ᠵᠢᠩᠬᠢᠨᠢ ᠬᠤᠷᠳᠤ ᠨᠢ c ᠍ ᠡᠴᠡ ᠪᠠᠭ᠎ᠠ᠃ c ᠪᠠ ᠲᠤᠬᠠᠢ ᠶᠢᠨ ᠮᠠᠲ᠋ᠧᠷᠢᠶᠠᠯ ᠳᠤ ᠭᠡᠷᠡᠯ ᠦᠨ ᠲᠠᠷᠬᠠᠬᠤ v ᠬᠤᠷᠳᠤ ᠶᠢᠨ ᠬᠠᠷᠢᠴᠠᠭ᠎ᠠ ᠶᠢ ᠮᠠᠲ᠋ᠧᠷᠢᠶᠠᠯ ᠤᠨ n ᠬᠤᠭᠤᠷᠠᠯ ᠤᠨ ᠢᠯᠡᠳᠬᠡᠭᠴᠢ ᠭᠡᠨ᠎ᠡ (n = c / v)᠃ ᠵᠢᠱᠢᠶ᠎ᠡ ᠨᠢ ᠦᠵᠡᠭᠳᠡᠬᠦ ᠭᠡᠷᠡᠯ ᠦᠨ ᠬᠤᠪᠢ ᠳᠤ ᠰᠢᠯᠢᠨ ᠦ ᠬᠤᠭᠤᠷᠠᠯ ᠤᠨ ᠢᠯᠡᠳᠬᠡᠭᠴᠢ ᠨᠢ 1.5 ᠪᠥᠭᠡᠳ ᠡᠨᠡ ᠨᠢ ᠦᠵᠡᠭᠳᠡᠬᠦ ᠭᠡᠷᠡᠯ c / 1.5 ≈ 200,000 ᠺᠢᠯᠣᠮᠧᠲ᠋ᠷ/s ᠬᠤᠷᠳᠤ ᠲᠠᠢ ᠲᠠᠷᠬᠠᠳᠠᠭ ᠭᠡᠰᠡᠨ ᠦᠭᠡ᠃ ᠦᠵᠡᠭᠳᠡᠬᠦ ᠭᠡᠷᠡᠯ ᠦᠨ ᠬᠤᠪᠢᠳᠠᠬᠤ ᠠᠭᠠᠷ ᠤᠨ ᠬᠤᠭᠤᠷᠠᠯ ᠤᠨ ᠢᠯᠡᠳᠬᠡᠭᠴᠢ ᠨᠢ 1.0003᠂ ᠡᠶᠢᠨᠬᠦᠦ ᠠᠭᠠᠷ ᠳᠠᠬᠢ ᠭᠡᠷᠡᠯ ᠦᠨ ᠲᠠᠷᠬᠠᠬᠤ ᠬᠤᠷᠳᠤ ᠨᠢ ᠴᠡᠪᠡᠷ ᠬᠣᠭᠣᠰᠣᠨ ᠳᠤ ᠬᠢ ᠲᠠᠢ ᠢᠵᠢᠯ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 ᠵᠠᠭᠪᠤᠷ:SIbrochure
  2. 2.0 2.1 Penrose, R (2004). The Road to Reality: A Complete Guide to the Laws of the Universe. Vintage Books, 410–1. ISBN 9780679776314. “... the most accurate standard for the metre is conveniently defined so that there are exactly 299,792,458 of them to the distance travelled by light in a standard second, giving a value for the metre that very accurately matches the now inadequately precise standard metre rule in Paris.” 

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ