ᠭᠠᠷᠷᠢ ᠺᠠᠰᠫᠠᠷᠠᠪᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠠᠷᠷᠢ ᠺᠠᠰᠫᠠᠷᠠᠪᠠ
Garri kasparow 20070318.jpg
ᠭᠠᠷᠷᠢ ᠺᠠᠰᠫᠠᠷᠠᠪᠠ᠂ 2007 ᠣᠨ
ᠪᠦᠲᠦᠨ ᠨᠡᠷ᠎ᠡ ᠭᠠᠷᠷᠢ ᠺᠢᠮᠣᠸᠢᠴ ᠺᠠᠰᠫᠠᠷᠠᠪᠠ
ᠤᠯᠤᠰ Flag of the Soviet Union.svg ᠵᠥᠪᠯᠡᠯᠲᠦ ᠬᠣᠯᠪᠣᠭᠠᠲᠤ ᠤᠯᠤᠰ, ᠣᠷᠣᠰ ᠣᠷᠣᠰ
ᠲᠦᠷᠦᠭᠰᠡᠨ 1963 ᠣᠨ ᠤ 4 ᠰᠠᠷ᠎ᠠ ᠶᠢᠨ 13,
ᠵᠥᠪᠯᠡᠯᠲᠦ ᠬᠣᠯᠪᠣᠭᠠᠲᠤ ᠤᠯᠤᠰ᠂ ЗСБНАзербайжан ᠤᠯᠤᠰ᠂ ᠪᠠᠺᠦ᠋
ᠳᠡᠯᠡᠬᠡᠢ ᠶᠢᠨ ᠠᠪᠤᠷᠭᠤ 1985–1993 (ᠦᠨᠡᠮᠯᠡᠬᠦᠢ)
1993–2000 (ᠰᠣᠩᠭᠣᠳᠠᠭ)
ᠣᠯᠠᠨ ᠤᠯᠤᠰ ᠤᠨ ᠰᠢᠲᠠᠷ᠎ᠠ ᠶᠢᠨ ᠬᠣᠯᠪᠣᠭ᠎ᠠ ᠍ ᠤ ᠴᠢᠨᠰᠠᠭ᠎ᠠ 2812
ᠣᠷᠭᠢᠯ ᠴᠢᠨᠰᠠᠭ᠎ᠠ 2851 (1999 ᠣᠨ ᠤ 7 ᠰᠠᠷ᠎ᠠ)

ᠭᠠᠷᠷᠢ ᠺᠢᠮᠣᠸᠢᠴ ᠺᠠᠰᠫᠠᠷᠠᠪᠠ ᠪᠣᠯ ᠳᠡᠯᠡᠬᠡᠢ ᠶᠢᠨ ᠰᠢᠲᠠᠷ᠎ᠠ ᠶᠢᠨ 13 ᠍ ᠍ ᠳᠠᠬᠢ ᠠᠪᠤᠷᠭᠤ ᠪᠥᠭᠡᠳ ᠳᠡᠯᠡᠬᠡᠢ ᠶᠢᠨ ᠭᠠᠷᠮᠠᠭᠠᠢ ᠰᠢᠲᠠᠷ᠎ᠠ ᠶᠢᠨ ᠶᠡᠬᠡ ᠮᠠᠰᠲ᠋ᠸᠷ ᠪᠢᠯᠡ᠃ ᠲᠡᠷᠡ ᠪᠡᠷ 1963 ᠣᠨ ᠤ 4 ᠍ ᠍ ᠳᠦᠭᠡᠷ ᠰᠠᠷ᠎ᠠ ᠶᠢᠨ 13 ᠍ ᠍ ᠳᠦ ᠠᠽᠧᠷᠪᠠᠶᠢᠵᠠᠨᠪᠠᠺᠦ᠋ ᠬᠣᠳᠠ ᠳᠤ ᠲᠥᠷᠦᠵᠢᠭᠡ᠃ ᠺᠠᠰᠫᠠᠷᠠᠪᠠ ᠬᠠᠷᠢᠴᠠᠩᠭᠤᠢ ᠵᠠᠯᠠᠭᠤ ᠳᠤ ᠪᠠᠨ ᠪᠤᠶᠤ 1985 ᠣᠨ ᠳᠤ ᠳᠡᠯᠡᠬᠡᠢ ᠶᠢᠨ ᠠᠪᠤᠷᠭᠤ ᠪᠣᠯᠵᠠᠢ᠃ ᠡᠶᠢᠨᠬᠦᠦ ᠬᠠᠮᠤᠭ ᠤᠨ ᠵᠠᠯᠠᠭᠤ ᠳᠤ ᠪᠠᠨ ᠳᠡᠯᠡᠬᠡᠢ ᠶᠢᠨ ᠰᠢᠲᠠᠷ᠎ᠠ ᠶᠢᠨ ᠠᠪᠤᠷᠭᠤ ᠪᠣᠯᠤᠭᠰᠠᠨ ᠳᠡᠯᠡᠬᠡᠢ ᠶᠢᠨ ᠰᠢᠲᠠᠷ᠎ᠠ ᠶᠢᠨ 8 ᠳᠠᠬᠢ ᠠᠪᠤᠷᠭᠤ ᠮᠬᠤᠢᠯ ᠲᠠᠯᠢᠢᠨ ᠷᠧᠺᠣᠷᠳ᠋ ᠍ ᠍ ᠢ ᠰᠢᠨᠡᠴᠢᠯᠡᠵᠦ ᠴᠢᠳᠠᠵᠠᠢ᠃

ᠺᠠᠰᠫᠠᠷᠠᠪᠠ ᠨᠢ ᠰᠢᠲᠠᠷ᠎ᠠ ᠶᠢᠨ ᠲᠡᠦᠬᠡᠨ ᠳᠦ ᠮᠠᠰᠢ ᠣᠯᠠᠨ ᠭᠠᠶᠢᠬᠠᠮᠰᠢᠭᠲᠤ ᠷᠧᠺᠣᠷᠳ᠋ ᠍ ᠍ ᠤᠳ ᠢ ᠲᠣᠭᠲᠠᠭᠠᠭᠰᠠᠨ ᠪᠠ ᠲᠡᠳᠡᠭᠡᠷ ᠦᠨ ᠨᠢᠭᠡ ᠨᠢ ᠲᠡᠭᠦᠨ ᠦ 2005 ᠣᠨ ᠳᠤ ᠲᠣᠭᠲᠠᠭᠠᠭᠰᠠᠨ ᠣᠷᠭᠢᠯ ᠷᠧᠲ᠋ᠢᠩ ᠪᠣᠯᠬᠤ 2851 ᠶᠤᠮ᠃ ᠲᠡᠷᠡᠪᠡᠷ ᠳᠡᠯᠡᠬᠡᠢ ᠶᠢᠨ ᠰᠢᠲᠠᠷ᠎ᠠ ᠶᠢᠨ ᠠᠪᠤᠷᠭᠤ ᠠᠴᠠ ᠭᠠᠳᠠᠨ᠎ᠠ 《ᠰᠢᠲᠠᠷ᠎ᠠ ᠶᠢᠨ ᠣᠰᠺᠠᠷ》 ᠬᠡᠮᠡᠬᠦ ᠨᠡᠷ᠎ᠡ ᠬᠦᠨᠳᠦᠲᠡᠢ ᠱᠠᠩᠨᠠᠯ ᠤᠨ ᠡᠵᠡᠨ ᠶᠤᠮ᠃

ᠺᠠᠰᠫᠠᠷᠠᠪᠠ 1985-2000 ᠣᠨ ᠤ ᠬᠣᠭᠣᠷᠣᠨᠳᠣ ᠳᠡᠯᠡᠬᠡᠢ ᠶᠢᠨ ᠰᠢᠲᠠᠷ᠎ᠠ ᠶᠢᠨ ᠠᠪᠤᠷᠭᠤ ᠪᠠᠶᠢᠭᠰᠠᠨ ᠪᠥᠭᠡᠳ 2000 ᠣᠨ ᠳᠤ ᠳᠡᠯᠡᠬᠡᠢ ᠶᠢᠨ 14 ᠍ ᠍ ᠳᠡᠬᠢ ᠰᠢᠲᠠᠷ᠎ᠠ ᠶᠢᠨ ᠠᠪᠤᠷᠭᠤ ᠺᠷᠠᠮᠨᠢᠺ ᠲᠤ ᠬᠣᠵᠢᠭᠳᠠᠭᠰᠠᠨ᠎ᠠ ᠪᠠᠷ ᠰᠢᠲᠠᠷ᠎ᠠ ᠶᠢᠨ ᠬᠠᠭᠠᠨ ᠤ ᠰᠠᠭᠤᠳᠠᠯ ᠠᠴᠠ ᠪᠠᠭᠤᠴᠠᠢ᠃ ᠭᠡᠰᠡᠨ ᠬᠡᠳᠦᠢ ᠴᠤ ᠡᠶᠢᠨᠬᠦᠦ ᠬᠣᠵᠢᠭᠳᠠᠭᠰᠠᠨ᠎ᠠ ᠪᠠᠷ ᠲᠡᠭᠦᠨ ᠦ ᠰᠢᠲᠠᠷ᠎ᠠ ᠶᠢᠨ ᠶᠢᠷᠲᠢᠨᠴᠦ ᠳ᠋ᠡᠬᠢ ᠨᠣᠶᠠᠷᠬᠠᠯ ᠳᠠᠭᠤᠰᠤᠭ᠎ᠠ ᠦᠭᠡᠢ ᠶᠤᠮ᠃ ᠺᠠᠰᠫᠠᠷᠠᠪᠠ ᠬᠡᠳᠦᠢ ᠺᠷᠠᠮᠨᠢᠺ ᠲᠤ ᠠᠪᠤᠷᠭᠤ ᠶᠢᠨ ᠲᠢᠲᠢᠮ ᠢᠶᠡᠨ ᠠᠯᠠᠳᠠᠭᠰᠠᠨ ᠴᠤ ᠭᠡᠰᠡᠨ ᠰᠢᠲᠠᠷ᠎ᠠ ᠶᠢᠨ ᠶᠢᠷᠲᠢᠨᠴᠦᠳ ᠰᠢᠯᠢᠳᠡᠭ ᠨᠢ ᠭᠡᠳᠡᠭ ᠢᠶᠡᠨ ᠤᠳᠠᠭ᠎ᠠ ᠳᠠᠷᠠᠭ᠎ᠠ ᠬᠠᠷᠠᠭᠤᠯᠵᠤ ᠪᠠᠶᠢᠭᠰᠠᠨ ᠪᠥᠭᠡᠳ 2000 ᠣᠨ ᠠᠴᠠ ᠬᠣᠶᠢᠰᠢ 2007 ᠣᠨ ᠳᠤ ᠵᠣᠳᠣᠭ ᠲᠠᠶᠢᠯᠬᠤ ᠬᠦᠷᠲᠡᠯ᠎ᠡ ᠰᠢᠯᠢᠳᠡᠭ ᠶᠡᠬᠡ ᠮᠠᠰᠲ᠋ᠸᠷ ᠤᠳ ᠤᠨ ᠲᠡᠮᠡᠴᠡᠭᠡᠨ ᠳᠦ ᠦᠷᠭᠦᠯᠵᠢ ᠳᠡᠭᠡᠭᠦᠷ ᠪᠠᠶᠢᠷᠢᠨ ᠳᠤ ᠣᠷᠣᠵᠤ ᠪᠠᠶᠢᠭᠰᠠᠨ ᠪᠠ ᠳᠡᠶᠢᠯᠦᠩᠬᠢ ᠳᠦ ᠨᠢ ᠲᠦᠷᠦᠭᠦᠯᠡᠵᠦ ᠪᠠᠶᠢᠪᠠ᠃

ᠳᠡᠯᠡᠬᠡᠢ ᠶᠢᠨ ᠠᠪᠤᠷᠭᠤ ᠴᠣᠯᠠ ᠪᠠᠨ ᠡᠷᠭᠢᠭᠦᠯᠦᠨ ᠣᠯᠵᠤ ᠠᠪᠬᠤ ᠪᠠᠷ ᠺᠷᠠᠮᠨᠢᠺ ᠲᠠᠢ ᠬᠠᠯᠵᠠ ᠲᠣᠭᠯᠠᠬᠤ ᠪᠠᠷ ᠰᠠᠨᠠᠯ ᠲᠠᠯᠪᠢᠭᠰᠠᠨ ᠪᠣᠯᠪᠠᠴᠤ ᠺᠷᠠᠮᠨᠢᠺ ᠵᠥᠪᠰᠢᠶᠡᠷᠡᠭᠡ ᠦᠭᠡᠢ ᠪᠠᠶᠢᠨ᠎ᠠ᠃ ᠺᠠᠰᠫᠠᠷᠠᠪᠠ 2014 ᠣᠨ ᠤ 2 ᠰᠠᠷ᠎ᠠ ᠶᠢᠨ 27 ᠍ ᠍ ᠳᠦ ᠺᠦᠷᠦᠠᠴᠢᠶ ᠠ ᠤᠯᠤᠰ ᠤᠨ ᠢᠷᠭᠡᠨ ᠪᠣᠯᠵᠠᠢ᠃

ᠪᠢᠴᠢᠭᠡᠰᠦ