ᠭᠠᠷᠣᠷ ᠤᠨ ᠲᠣᠭᠠᠯᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠭᠠᠷᠣᠷ ᠤᠨ ᠲᠣᠭᠠᠯᠠᠯ ᠨᠢ 1582 ᠣᠨ ᠳᠤ ᠷᠤᠮᠠᠨᠢᠶ ᠠ ᠫᠠᠫ ᠭᠷᠢᠭᠠᠷᠡᠢ XIII ᠶᠦᠯ ᠦᠨ ᠲᠣᠭᠠᠯᠠᠯ ᠢ ᠰᠢᠨᠡᠴᠢᠯᠡᠨ ᠰᠠᠶᠢᠵᠢᠷᠠᠭᠤᠯᠵᠤ ᠪᠤᠢ ᠪᠣᠯᠭᠠᠭᠰᠠᠨ ᠴᠠᠭ ᠲᠣᠭᠠᠯᠠᠯ ᠶᠤᠮ᠃ ᠣᠳᠣ ᠪᠠᠷ ᠠᠷᠭ᠎ᠠ ᠶᠢᠨ ᠲᠣᠭᠠᠯᠠᠯ ᠪᠤᠶᠤ ᠨᠠᠷᠠᠨ ᠤ ᠲᠣᠭᠠᠯᠠᠯ ᠭᠡᠳᠡᠭ ᠤᠳᠬ᠎ᠠ ᠪᠠᠷ ᠢᠶᠠᠨ ᠳᠡᠯᠡᠬᠡᠢ ᠶᠢᠨ ᠶᠡᠬᠡᠩᠬᠢ ᠣᠷᠣᠨ ᠳᠤ ᠬᠡᠷᠡᠭᠯᠡᠭᠳᠡᠳᠡᠭ᠃ ᠮᠥᠨ ᠰᠢᠨ᠎ᠡ ᠲᠣᠭᠠᠯᠠᠯ (ᠠᠩᠭᠯᠢ ᠪᠠᠷ New Style, ᠲᠣᠪᠴᠢ ᠪᠠᠷ N.S., NS) ᠭᠡᠵᠦ ᠨᠡᠷᠡᠯᠡᠭᠳᠡᠬᠦ ᠨᠢ ᠪᠤᠢ᠃

ᠨᠢᠭᠡ ᠵᠢᠯ ᠢ 365 ᠬᠣᠨᠣᠭ ᠲᠤ ᠬᠤᠪᠢᠶᠠᠬᠤ ᠪᠥᠭᠡᠳ 4 ᠵᠢᠯ ᠲᠤᠲᠤᠮ ᠳᠤ ᠥᠨᠳᠥᠷ ᠵᠢᠯ ᠬᠡᠮᠡᠨ 366 ᠬᠣᠨᠣᠭ ᠲᠠᠢ ᠵᠢᠯ ᠢ ᠲᠣᠭᠠᠯᠠᠨ᠎ᠠ᠃ ᠶᠡᠷᠦᠩᠬᠡᠢ ᠳᠤ ᠪᠡᠨ 4 ᠍ ᠳᠦ ᠬᠤᠪᠢᠶᠠᠭᠳᠠᠳᠠᠭ ᠵᠢᠯ ᠦᠳ ᠥᠨᠳᠥᠷ ᠵᠢᠯ ᠪᠠᠶᠢᠳᠠᠭ ᠪᠣᠯᠪᠠᠴᠤ 400 ᠵᠢᠯ ᠳᠤ 3 ᠤᠳᠠᠭ᠎ᠠ 4 ᠍ ᠳᠦ ᠬᠤᠪᠢᠶᠠᠭᠳᠠᠳᠠᠭ ᠵᠢᠯ ᠢ ᠥᠨᠳᠥᠷ ᠵᠢᠯ ᠪᠢᠰᠢ᠂ ᠶᠡᠷᠦᠳᠡ ᠶᠢᠨ ᠵᠢᠯ ᠢᠶᠡᠷ ᠲᠣᠭᠠᠴᠠᠳᠠᠭ ᠪᠠᠶᠢᠨ᠎ᠠ᠃

ᠥᠭᠡᠷ᠎ᠡ ᠪᠡᠷ ᠬᠡᠯᠡᠪᠡᠯ ᠵᠢᠯ ᠦᠨ ᠲᠣᠭ᠎ᠠ 400 ᠍ ᠳᠦ ᠬᠤᠪᠢᠶᠠᠭᠳᠠᠭ ᠪᠣᠯ ᠥᠨᠳᠥᠷ ᠵᠢᠯ᠃ 400 ᠬᠤᠪᠢᠶᠠᠭᠳᠠᠳᠠᠭ ᠦᠭᠡᠢ ᠪᠣᠯᠪᠠᠴᠤ 100 ᠍ ᠳᠦ ᠬᠤᠪᠢᠶᠠᠭᠳᠠᠳᠠᠭ ᠪᠣᠯ ᠥᠨᠳᠥᠷ ᠵᠢᠯ ᠪᠢᠰᠢ᠃ ᠬᠠᠷᠢᠨ ᠳᠡᠭᠡᠷᠡᠬᠢ 2 ᠍ ᠠᠴᠠ ᠪᠤᠰᠤᠳ ᠲᠣᠬᠢᠶᠠᠯᠳᠤᠯ ᠳᠤ ᠣᠨ ᠤ ᠲᠣᠭ᠎ᠠ 4 ᠍ ᠳᠦ ᠬᠤᠪᠢᠶᠠᠭᠳᠠᠵᠤ ᠪᠠᠶᠢᠪᠠᠯ ᠥᠨᠳᠥᠷ ᠵᠢᠯ ᠬᠡᠮᠡᠨ ᠲᠣᠭᠠᠴᠠᠨ᠎ᠠ ᠭᠡᠰᠡᠨ ᠦᠭᠡ᠃

ᠵᠣᠬᠢᠶᠠᠬᠤ ᠪᠣᠯᠤᠭᠰᠠᠨ ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

16 ᠍ ᠳᠦᠭᠡᠷ ᠵᠠᠭᠤᠨᠢ ᠰᠡᠭᠦᠯ ᠦᠨ ᠬᠠᠭᠠᠰ ᠠᠴᠠ ᠡᠬᠢᠯᠡᠨ ᠲᠡᠷᠡ ᠦᠶ᠎ᠡ ᠳᠦ ᠠᠰᠢᠭᠯᠠᠭᠳᠠᠵᠤ ᠪᠠᠶᠢᠭᠰᠠᠨ ᠶᠦᠯ ᠦᠨ ᠲᠣᠭᠠᠯᠠᠯ ᠳᠠᠬᠢ ᠤᠯᠠᠷᠢᠯ ᠤᠳ ᠪᠣᠯᠤᠨ ᠵᠢᠩᠬᠢᠨᠢ ᠤᠯᠠᠷᠢᠯ ᠤᠨ ᠵᠥᠷᠢᠭᠦᠦ ᠢᠯᠡᠳᠲᠡ ᠮᠡᠳᠡᠷᠡᠭᠳᠡᠵᠦ ᠡᠬᠢᠯᠡᠭᠰᠡᠨ ᠠᠵᠢ᠃ ᠡᠶᠢᠮᠦ ᠡᠴᠡ ᠡᠨᠡᠬᠦ ᠠᠰᠠᠭᠤᠳᠠᠯ ᠢ ᠰᠢᠢᠳᠬᠦ ᠪᠡᠷ ᠲᠷᠧᠨ᠋ᠲ᠋ᠣ ᠶᠢᠨ ᠵᠥᠪᠯᠡᠯ (1545 - 1563) ᠫᠠᠫᠠᠳᠠ ᠣᠨ ᠲᠣᠭᠠᠯᠠᠯ ᠢ ᠰᠢᠨᠡᠳᠭᠡᠬᠦ ᠡᠭᠦᠷᠭᠡ ᠥᠭᠴᠡᠢ᠃ ᠡᠶᠢᠨᠬᠦᠦ ᠭᠷᠢᠭᠠᠷᠡᠢ XIII 1579 ᠣᠨ ᠳᠤ ᠬᠠᠩᠪᠤ ᠨᠠᠷᠠ ᠭᠣᠣᠯᠯᠠᠭᠰᠠᠨ ᠵᠥᠪᠯᠡᠯ ᠢ ᠪᠤᠢ ᠪᠣᠯᠭᠠᠵᠤ᠂ ᠣᠨ ᠲᠣᠭᠠᠯᠠᠯ ᠤᠨ ᠲᠤᠬᠠᠢ ᠰᠤᠳᠤᠯᠤᠭᠤᠯᠵᠠᠢ᠃ ᠲᠡᠳᠡᠨ ᠦ ᠪᠤᠢ ᠪᠣᠯᠭᠠᠭᠰᠠᠨ ᠰᠢᠨ᠎ᠡ ᠲᠣᠭᠠᠯᠠᠯ 1582 ᠣᠨ ᠤ 2 ᠰᠠᠷ᠎ᠠ ᠶᠢᠨ 4 ᠍ ᠳᠦ ᠪᠡᠯᠡᠨ ᠪᠣᠯᠵᠤ᠂ ᠮᠥᠨ ᠣᠨ ᠤ 10 ᠰᠠᠷ᠎ᠠ ᠶᠢᠨ 4 ᠍ ᠦ ᠫᠦᠷᠪᠦ ᠭᠠᠷᠠᠭᠡᠶᠢᠨ ᠳᠠᠷᠤᠭ᠎ᠠ ᠶᠢᠨ ᠡᠳᠦᠷ ᠢ 10 ᠰᠠᠷ᠎ᠠ ᠶᠢᠨ 15 ᠍ ᠤ ᠪᠠᠰᠠᠩ ᠭᠠᠷᠠᠭ ᠭᠡᠵᠦ ᠲᠣᠭᠲᠠᠭᠠᠨ᠂ ᠵᠠᠰᠠᠪᠤᠷᠢ ᠣᠷᠣᠭᠤᠯᠤᠭᠰᠠᠨ ᠪᠠᠶᠢᠨ᠎ᠠ᠃

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠬᠡᠷᠡᠭᠯᠡᠭᠳᠡᠵᠦ ᠪᠠᠶᠢᠭᠰᠠᠨ ᠶᠦᠯ ᠦᠨ ᠲᠣᠭᠠᠯᠠᠯ ᠨᠢ ᠶᠡᠷᠦᠳᠡ ᠶᠢᠨ ᠵᠢᠯ ᠢ 365 ᠬᠣᠨᠣᠭ ᠢᠶᠠᠷ ᠲᠣᠭᠠᠴᠠᠵᠤ᠂ 4 ᠵᠢᠯ ᠲᠤᠲᠤᠮ ᠳᠤ 366 ᠬᠣᠨᠣᠭ ᠲᠠᠢ ᠥᠨᠳᠥᠷ ᠵᠢᠯ ᠢ ᠪᠤᠢ ᠪᠣᠯᠭᠠᠳᠠᠭ ᠪᠠᠶᠢᠭᠰᠠᠨ ᠨᠢ ᠳᠤᠮᠳᠠᠴᠢ ᠪᠠᠷ 1 ᠵᠢᠯ ᠳᠤ 365.25 ᠡᠳᠦᠷ ᠢ ᠠᠭᠤᠯᠵᠤ ᠪᠠᠶᠢᠨ᠎ᠠ ᠭᠡᠰᠡᠨ ᠦᠭᠡ ᠶᠤᠮ᠃ ᠭᠡᠲᠡᠯ᠎ᠡ ᠳᠡᠯᠡᠬᠡᠢ ᠨᠠᠷᠠ ᠍ ᠢ ᠣᠶᠢᠷᠠᠯᠴᠠᠭ᠎ᠠ ᠪᠠᠷ 365.2422 ᠬᠣᠨᠣᠭ ᠲᠤ ᠲᠣᠭᠣᠷᠢᠳᠠᠭ ᠲᠤᠯᠠ 1000 ᠵᠢᠯ ᠦᠨ ᠬᠤᠭᠤᠴᠠᠭᠠᠨ ᠳᠤ 8 ᠡᠳᠦᠷ ᠦᠨ ᠠᠯᠳᠠᠭ᠎ᠠ ᠭᠠᠷᠤᠨ᠎ᠠ᠃ ᠡᠶᠢᠮᠦ ᠡᠴᠡ ᠣᠶᠢᠷ᠎ᠠ ᠣᠶᠢᠷᠠᠬᠠᠨ ᠵᠠᠰᠠᠪᠤᠷᠢ ᠬᠢᠵᠦ ᠪᠠᠶᠢᠬᠤ ᠦᠭᠡᠢ ᠪᠣᠯ ᠪᠣᠯᠬᠤ ᠦᠭᠡᠢ ᠪᠠᠶᠢᠪᠠ᠃

ᠬᠠᠷᠢᠨ ᠰᠢᠨᠡᠴᠢᠯᠡᠨ ᠵᠠᠰᠠᠪᠤᠷᠢᠯᠠᠭᠰᠠᠨ ᠭᠠᠷᠣᠷ ᠤᠨ ᠲᠣᠭᠠᠯᠠᠯ ᠨᠢ ᠵᠠᠷᠴᠢᠮ ᠤᠨ ᠬᠤᠪᠢ ᠳᠤ ᠶᠦᠯ ᠦᠨ ᠲᠣᠭᠠᠯᠠᠯ ᠲᠠᠢ ᠢᠵᠢᠯ ᠴᠤ 400 ᠵᠢᠯ ᠳᠤ 3 ᠤᠳᠠᠭ᠎ᠠ ᠥᠨᠳᠥᠷ ᠵᠢᠯ ᠢ ᠪᠠᠶᠢᠬᠤ ᠦᠭᠡᠢ ᠪᠣᠯᠭᠠᠬᠤ ᠵᠠᠮ ᠢᠶᠠᠷ 1 ᠵᠢᠯ ᠦᠨ ᠳᠤᠮᠳᠠᠴᠢ ᠡᠳᠦᠷ ᠦᠨ ᠲᠣᠭ᠎ᠠ ᠶᠢ 365.2425 ᠪᠣᠯᠭᠠᠭᠰᠠᠨ ᠪᠠᠶᠢᠨ᠎ᠠ᠃ ᠡᠶᠢᠨᠬᠦᠦ ᠴᠠᠭ ᠲᠣᠭᠠᠯᠠᠯ ᠢ ᠵᠠᠰᠠᠪᠤᠷᠢᠯᠠᠭᠰᠠᠨ ᠢᠶᠠᠷ 3300 ᠵᠢᠯ ᠳᠤ 1 ᠡᠳᠦᠷ ᠦᠨ ᠵᠥᠷᠢᠭᠦᠦ ᠭᠠᠷᠬᠤ ᠪᠠᠷ ᠪᠣᠯᠵᠤ᠂ ᠨᠠᠷᠢᠪᠴᠢᠯᠠᠯ ᠨᠢ ᠰᠠᠶᠢᠵᠢᠷᠠᠭᠰᠠᠨ ᠠᠵᠤ᠃

ᠭᠡᠬᠦ ᠳᠦ ᠪᠡᠨ ᠺᠠᠲ᠋ᠣᠯᠢᠭ ᠱᠠᠰᠢᠨᠲᠠᠨ ᠨᠤᠭᠤᠳ ᠢ ᠡᠰᠡᠷᠭᠦᠴᠡᠳᠡᠭ ᠫᠷᠣᠲ᠋ᠧᠰᠲ᠋ᠠᠨᠲ᠂ ᠦᠨᠡᠨ ᠠᠯᠳᠠᠷᠲᠠᠨ ᠤ ᠵᠡᠷᠭᠡ ᠪᠤᠰᠤᠳ ᠤᠷᠤᠰᠬᠠᠯ ᠢ ᠰᠢᠲᠦᠳᠡᠭ ᠤᠯᠤᠰ ᠤᠳ ᠨᠡᠯᠢᠶᠡᠳ ᠬᠣᠵᠢᠭᠤ ᠲᠤᠰ ᠲᠣᠭᠠᠯᠠᠯ ᠢ ᠨᠡᠪᠲᠡᠷᠡᠭᠦᠯᠵᠡᠢ᠃

ᠵᠠᠷᠢᠮ ᠤᠯᠤᠰ ᠤᠨ ᠭᠠᠷᠣᠷ ᠤᠨ ᠲᠣᠭᠠᠯᠠᠯ ᠢ ᠮᠥᠷᠳᠡᠵᠦ ᠡᠬᠢᠯᠡᠭᠰᠡᠨ ᠬᠤᠭᠤᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ