ᠭᠠᠷᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠭᠡᠳᠦ ᠮᠥᠷ: ᠲᠩᠷᠢ ᠶᠢᠨ ᠸᠠᠩᠳᠠᠯᠠᠢ ᠶᠢᠨ ᠸᠠᠩ; ᠳᠤᠮᠳᠠ ᠮᠥᠷ: ᠳᠡᠯᠡᠬᠡᠢᠬᠥᠬᠡᠳᠡᠢ ᠮᠡᠷᠭᠡᠨ ᠪ ᠴᠠᠭᠠᠨ ᠣᠳᠣᠢ ᠣᠳᠣ᠂ ᠱᠤᠭᠠᠷ᠎ᠠ (ᠬᠡᠮᠵᠢᠶ᠎ᠡ ᠵᠥᠪ); ᠳ᠋ᠣᠣ ᠳᠤ ᠮᠥᠷ: ᠳᠣᠣᠷᠠᠬᠢ ᠵᠢᠷᠤᠭ ᠠᠴᠠ ᠬᠠᠷ᠎ᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠭᠠᠷᠠᠭ ᠨᠢ ᠣᠳᠣ ᠪᠤᠶᠤ ᠣᠳᠣᠨ ᠤ ᠦᠯᠡᠳᠡᠭᠳᠡᠯ ᠢ ᠲᠣᠭᠣᠷᠢᠨ ᠡᠷᠭᠢᠬᠦ᠂ ᠪᠥᠮᠪᠥᠷᠴᠡᠭ ᠬᠡᠯᠪᠡᠷᠢ ᠲᠡᠢ ᠪᠠᠶᠢᠬᠤ ᠳᠤ ᠬᠦᠷᠦᠯᠴᠡᠬᠦᠶᠢᠴᠡ ᠲᠠᠲᠠᠬᠤ ᠬᠦᠴᠦᠲᠡᠢ᠂ ᠴᠥᠮ᠎ᠡ ᠶᠢᠨ ᠨᠢᠭᠡ ᠳᠦ ᠬᠢ ᠤᠷᠪᠠᠯ ᠶᠠᠪᠤᠭᠳᠠᠬᠤ ᠳᠤ ᠬᠦᠷᠦᠯᠴᠡᠬᠦ ᠦᠭᠡᠢ ᠬᠡᠮᠵᠢᠶ᠎ᠡ ᠲᠡᠢ᠂ ᠥᠪᠡᠷ ᠦᠨ ᠣᠷᠴᠢᠮ ᠤᠨ ᠵᠠᠢ ᠶᠢ ᠵᠢᠵᠢᠭ ᠪᠡᠶᠡᠲᠦ ᠨᠦᠭᠦᠳ ᠡᠴᠡ ᠴᠢᠯᠦᠭᠡᠯᠡᠭᠰᠡᠨ᠂ ᠥᠪᠡᠷ ᠲᠡᠢ ᠨᠢ ᠬᠠᠷᠢᠴᠠᠭᠤᠯᠬᠤᠶᠢᠴᠠ ᠬᠡᠮᠵᠢᠶᠡᠨ ᠦ ᠪᠡᠶ᠎ᠡ ᠳᠦ ᠣᠶᠢᠷ᠎ᠠ ᠣᠷᠴᠢᠮ ᠳᠤ ᠨᠢ ᠣᠷᠣᠰᠢᠬᠤ ᠦᠭᠡᠢ ᠪᠠᠶᠢᠬᠤ ᠣᠳᠣᠨ ᠣᠷᠣᠨ ᠤ ᠪᠡᠶᠡᠲᠦ ᠶᠤᠮ᠃[a][1][2]

ᠭᠠᠷᠢᠭ ᠤᠳ ᠢ ᠡᠷᠲᠡᠨ ᠦ ᠰᠤᠶᠤᠯ ᠢᠷᠭᠡᠨᠰᠢᠯ ᠦᠳ ᠪᠤᠷᠬᠠᠨ ᠡᠰᠡᠪᠡᠯ ᠪᠤᠷᠬᠠᠨ ᠤ ᠡᠯᠴᠢ ᠨᠦᠭᠦᠳ ᠬᠡᠮᠡᠨ ᠦᠵᠡᠳᠡᠭ ᠪᠠᠶᠢᠴᠠᠢ᠃ ᠣᠳᠣ ᠴᠤ ᠭᠡᠰᠡᠨ ᠭᠠᠷᠢᠭ ᠤᠳ ᠢ ᠬᠦᠮᠦᠨ ᠦ ᠠᠮᠢᠳᠤᠷᠠᠯ ᠳᠤ ᠨᠥᠯᠦᠭᠡᠯᠡᠳᠡᠭ ᠭᠡᠰᠡᠨ ᠢᠲᠡᠭᠡᠯ ᠪᠠᠶᠢᠳᠠᠭ ᠨᠢ ᠠᠰᠲ᠋ᠷᠣᠯᠣᠭᠢᠵᠢᠷᠤᠬᠠᠢ ᠶᠤᠮ᠃ ᠰᠢᠨᠵᠢᠯᠡᠬᠦ ᠤᠬᠠᠭᠠᠨ ᠤ ᠮᠡᠳᠡᠯᠭᠡ ᠶᠡᠬᠡᠰᠦᠭᠰᠡᠨ ᠢᠶᠡᠷ ᠭᠠᠷᠠᠭ ᠤᠨ ᠲᠣᠳᠣᠷᠬᠠᠶᠢᠯᠠᠯᠲᠠ ᠥᠭᠡᠷᠡᠴᠢᠯᠡᠭᠳᠡᠵᠦ᠂ ᠥᠭᠡᠷ᠎ᠡ ᠥᠭᠡᠷ᠎ᠡ ᠪᠡᠶᠡᠲᠦ ᠨᠦᠭᠦᠳ ᠢ ᠣᠷᠤᠯᠴᠠᠭᠤᠯᠬᠤ ᠪᠣᠯᠤᠭᠰᠠᠨ᠃ ᠥᠨᠥ ᠦᠶ᠎ᠡ ᠳᠦ ᠴᠤ ᠭᠡᠰᠡᠨ ᠪᠦᠬᠦᠨ ᠦ ᠬᠦᠯᠢᠶᠡᠨ ᠵᠥᠪᠰᠢᠶᠡᠷᠡᠳᠡᠭ ᠭᠠᠷᠠᠭ ᠤᠨ ᠲᠣᠳᠣᠷᠬᠠᠶᠢᠯᠠᠯᠲᠠ ᠭᠡᠵᠦ ᠦᠭᠡᠢ᠃ 2006 ᠣᠨ ᠳᠤ ᠣᠯᠠᠨ ᠤᠯᠤᠰ ᠤᠨ ᠣᠳᠣᠨ ᠣᠷᠣᠨ ᠤ ᠬᠣᠯᠪᠣᠭ᠎ᠠ ᠨᠠᠷᠠᠨ ᠤ ᠠᠶᠢᠮᠠᠭ ᠳᠠᠬᠢ ᠭᠠᠷᠢᠭ ᠤᠳ ᠤᠨ ᠲᠠᠯ᠎ᠠ ᠪᠠᠷ ᠬᠢ ᠠᠯᠪᠠ ᠶᠣᠰᠣᠨ ᠤ ᠲᠣᠭᠲᠠᠭᠠᠯ ᠢ ᠭᠠᠷᠭᠠᠭᠰᠠᠨ ᠴᠤ ᠡᠭᠦᠨ ᠢ ᠴᠤ ᠭᠡᠰᠡᠨ ᠵᠠᠷᠢᠮ ᠡᠷᠳᠡᠮᠲᠡᠳ ᠬᠦᠯᠢᠶᠡᠨ ᠵᠥᠪᠰᠢᠶᠡᠷᠡᠭᠡ ᠦᠭᠡᠢ ᠪᠠᠶᠢᠨ᠎ᠠ᠃

ᠳᠡᠭᠡᠳᠦ ᠮᠥᠷ: ᠠᠩᠭᠠᠷᠠᠭᠪᠤᠳ; ᠳ᠋ᠣᠣ ᠳᠤ ᠮᠥᠷ: ᠰᠠᠷᠠᠳᠡᠯᠡᠬᠡᠢ ᠶᠢᠨ ᠸᠠᠩᠬᠠᠦ᠋ᠮᠧᠠ ᠣᠳᠣᠢ ᠭᠠᠷᠠᠭ ᠤᠳ (ᠬᠡᠮᠵᠢᠶ᠎ᠡ ᠵᠥᠪ)

ᠡᠷᠲᠡᠨ ᠦ ᠷᠤᠮᠠ ᠍ ᠤᠨ ᠡᠷᠳᠡᠮᠲᠡᠨ ᠫᠲ᠋ᠣᠯᠧᠮᠧᠢ ᠭᠠᠷᠠᠭ ᠤᠳ ᠢ ᠡᠫᠢᠼᠢᠺᠠᠯ ᠪᠠᠶᠢᠳᠠᠯ ᠢᠶᠠᠷ ᠳᠡᠯᠡᠬᠡᠢ ᠶᠢ ᠲᠣᠭᠣᠷᠢᠵᠤ ᠡᠷᠭᠢᠳᠡᠭ ᠬᠡᠮᠡᠨ ᠦᠵᠡᠵᠦ ᠪᠠᠶᠢᠴᠠᠢ᠃ ᠬᠡᠳᠦᠢ ᠪᠡᠷ ᠭᠠᠷᠠᠭ ᠤᠳ ᠨᠢ ᠨᠠᠷᠠ ᠶᠢ ᠲᠣᠭᠣᠷᠢᠵᠤ ᠡᠷᠭᠢᠳᠡᠭ ᠭᠡᠰᠡᠨ ᠰᠠᠨᠠᠭ᠎ᠠ ᠣᠯᠠᠨ ᠤᠳᠠᠭ᠎ᠠ ᠭᠠᠷᠴᠤ ᠪᠠᠶᠢᠭᠰᠠᠨ ᠴᠤ 17 ᠍ ᠳᠦᠭᠡᠷ ᠵᠠᠭᠤᠨ ᠳᠤ ᠯᠠ ᠭᠠᠯᠢᠯᠧᠣ ᠭᠠᠯᠢᠯᠧᠢᠨ ᠳᠤᠷᠠᠨ ᠠᠪᠠᠢ ᠶᠢᠨ ᠲᠤᠰᠠᠯᠠᠮᠵᠢ ᠲᠠᠢ ᠪᠠᠷ ᠬᠢᠭᠰᠡᠨ ᠠᠵᠢᠭᠡᠯᠡᠯᠲᠠ ᠪᠠᠷ ᠡᠨᠡ ᠰᠠᠨᠠᠭ᠎ᠠ ᠳᠡᠮᠵᠢᠭᠳᠡᠬᠦ ᠪᠣᠯᠤᠭᠰᠠᠨ ᠪᠠᠶᠢᠨ᠎ᠠ᠃ ᠡᠨᠡᠬᠦ ᠠᠵᠢᠭᠡᠯᠡᠯᠲᠠ ᠶᠢᠨ ᠦᠷ᠎ᠡ ᠳ᠋ᠦᠩ ᠦᠨ ᠨᠠᠷᠢᠨ ᠰᠤᠳᠤᠯᠭ᠎ᠠ ᠪᠠᠷ ᠢᠣᠬᠣᠨᠨᠡᠰ ᠺᠧᠫᠯᠧᠷ ᠭᠠᠷᠢᠭ ᠤᠳ ᠢ ᠲᠣᠭᠣᠷᠢᠭ ᠪᠤᠰᠤ ᠡᠯᠯᠢᠫᠰ ᠪᠠᠶᠢᠳᠠᠯ ᠢᠶᠠᠷ ᠡᠷᠭᠢᠳᠡᠭ ᠢ ᠨ ᠡᠴᠡᠢ᠃ ᠠᠵᠢᠭᠯᠠᠬᠣ ᠪᠠᠭᠠᠵᠢ ᠨᠤᠭᠤᠳ ᠰᠠᠶᠢᠵᠢᠷᠠᠭᠰᠠᠨ ᠢᠶᠠᠷ ᠭᠠᠷᠠᠭ ᠤᠳ ᠨᠢ ᠳᠡᠯᠡᠬᠡᠢ ᠶᠢᠨ ᠠᠳᠠᠯᠢ ᠪᠠᠷ ᠨᠠᠯᠠᠤ ᠲᠡᠩᠯᠡᠭ ᠳᠡᠭᠡᠷ᠎ᠡ ᠡᠷᠭᠢᠵᠦ᠂ ᠮᠥᠰᠦᠨ ᠲᠤᠶᠢᠯ᠂ ᠤᠯᠠᠷᠢᠯ ᠲᠠᠢ; ᠰᠠᠨᠰᠠᠷ ᠤᠨ ᠡᠷᠡᠨ ᠦᠶ᠎ᠡ ᠡᠬᠢᠯᠡᠭᠰᠡᠨ ᠢᠶᠡᠷ ᠰᠠᠨᠰᠠᠷ ᠤᠨ ᠬᠥᠯᠭᠡ ᠨᠦᠭᠦᠳ ᠦᠨ ᠠᠴᠢ ᠪᠠᠷ ᠭᠠᠯᠲᠤ ᠠᠭᠤᠯᠠᠬᠠᠷ᠎ᠠ ᠰᠠᠯᠬᠢᠲᠧᠺᠲ᠋ᠣᠨᠢᠺᠭᠢᠳ᠋ᠷᠣᠯᠣᠭᠢ ᠍ ᠶᠢᠨ ᠣᠨᠴᠠᠯᠢᠭ ᠲᠠᠢ ᠶᠢ ᠣᠳᠣᠨ ᠣᠷᠣᠨ ᠰᠤᠳᠤᠯᠤᠭᠠᠴᠢᠳ ᠨᠡᠭᠡᠭᠡᠭᠰᠡᠨ ᠪᠠᠶᠢᠨ᠎ᠠ᠃ 1992 ᠣᠨ ᠠᠴᠠ ᠨᠠᠷᠠᠨ ᠤ ᠠᠶᠢᠮᠠᠭ ᠠᠴᠠ ᠭᠠᠳᠠᠨ᠎ᠠ᠂ ᠪᠤᠰᠤᠳ ᠣᠳᠣ ᠶᠢ ᠲᠣᠭᠣᠷᠢᠵᠤ ᠡᠷᠭᠢᠬᠦ ᠣᠯᠠᠨ ᠵᠠᠭᠤᠨ ᠭᠠᠷᠠᠭ ᠣᠯᠠᠳᠠᠭᠰᠠᠨ᠎ᠠ ᠪᠠᠷ ᠲᠩᠷᠢ ᠶᠢᠨ ᠵᠠᠭᠠᠳᠠᠰᠤ ᠭᠠᠯᠠᠺᠲ᠋ᠢᠺ ᠳᠠᠬᠢ ᠭᠠᠷᠠᠭ ᠤᠳ ᠨᠢ ᠪᠢᠳᠡᠨᠡᠶᠢᠬᠢ ᠲᠡᠢ ᠢᠵᠢᠯ ᠣᠨᠴᠠᠯᠢᠭ ᠲᠠᠢ ᠶᠢ ᠲᠣᠭᠲᠠᠭᠠᠴᠠᠢ᠃

ᠭᠠᠷᠠᠭ ᠤᠳ ᠨᠢ ᠶᠡᠷᠦᠩᠬᠡᠢ ᠳᠤ ᠪᠡᠨ ᠬᠣᠶᠠᠷ ᠬᠡᠰᠡᠭ ᠲᠦ ᠬᠤᠪᠢᠶᠠᠭᠳᠠᠳᠠᠭ: ᠨᠢᠭᠲᠠᠴᠠ ᠪᠠᠭ᠎ᠠ ᠲᠠᠢ᠂ ᠲᠣᠮᠣ ᠬᠡᠮᠵᠢᠶᠡᠨ ᠦ ᠬᠡᠢ ᠶᠢᠨ ᠭᠠᠷᠠᠭ ᠪᠣᠯᠤᠨ ᠵᠢᠵᠢᠭ᠂ ᠴᠢᠯᠠᠭᠤᠷᠬᠠᠭ ᠬᠥᠷᠥᠰᠥ ᠳᠦ ᠭᠠᠷᠠᠭ. ᠣᠯᠠᠨ ᠤᠯᠤᠰ ᠤᠨ ᠣᠳᠣᠨ ᠣᠷᠣᠨ ᠤ ᠬᠣᠯᠪᠣᠭ᠎ᠠᠨ ᠤ ᠲᠣᠳᠣᠷᠬᠠᠶᠢᠯᠠᠯᠲᠠ ᠶᠣᠰᠣᠭᠠᠷ ᠨᠠᠷᠠᠨ ᠤ ᠠᠶᠢᠮᠠᠭ ᠲᠤ ᠨᠠᠶᠢᠮᠠᠨ ᠭᠠᠷᠠᠭ ᠣᠷᠣᠰᠢᠨ᠎ᠠ᠃ ᠨᠠᠷᠠᠨ ᠠᠴᠠ ᠲᠣᠭᠠᠯᠠᠪᠠᠯ ᠳᠥᠷᠪᠡᠨ ᠬᠥᠷᠥᠰᠥ ᠳᠦ ᠭᠠᠷᠠᠭ: ᠪᠤᠳᠤᠱᠤᠭᠠᠷ᠎ᠠᠳᠡᠯᠡᠬᠡᠢᠠᠩᠭᠠᠷᠠᠭ; ᠳᠥᠷᠪᠡᠨ ᠬᠡᠢ ᠶᠢᠨ ᠭᠠᠷᠠᠭ: ᠪᠠᠷᠬᠠᠰᠪᠠᠳᠢᠰᠠᠨᠢᠴᠠᠷᠲᠩᠷᠢ ᠶᠢᠨ ᠸᠠᠩᠳᠠᠯᠠᠢ ᠶᠢᠨ ᠸᠠᠩ. ᠡᠳᠡᠭᠡᠷ ᠡᠴᠡ ᠭᠠᠳᠠᠨ᠎ᠠ ᠮᠥᠨ ᠣᠳᠣ ᠪᠠᠷ ᠨᠡᠭᠡᠭᠡᠭᠳᠡᠭᠰᠡᠨ ᠲᠠᠪᠤᠨ ᠣᠳᠣᠢ ᠭᠠᠷᠠᠭᠲᠠᠢ: ᠼᠧᠷᠧᠷᠠᠳᠡᠯᠡᠬᠡᠢ ᠶᠢᠨ ᠸᠠᠩ (ᠬᠠᠭᠤᠴᠢᠨ ᠢᠶᠠᠷ ᠶᠢᠰᠦ ᠳᠠᠬᠢ ᠭᠠᠷᠠᠭ ᠬᠡᠮᠡᠭᠳᠡᠵᠦ ᠪᠠᠶᠢᠭᠰᠠᠨ), ᠮᠠᠺᠧᠮᠠᠺᠧᠬᠠᠦ᠋ᠮᠧᠠᠡᠷᠢᠳᠠ. ᠪᠤᠳᠤ᠂ ᠱᠤᠭᠠᠷ᠎ᠠ᠂ ᠼᠧᠷᠧᠷᠠ᠂ ᠮᠠᠺᠧᠮᠠᠺᠸᠭ ᠡᠰᠡ ᠲᠣᠭᠠᠴᠠᠪᠠᠯ ᠡᠳᠡᠭᠡᠷ ᠨᠢ ᠪᠦᠭᠦᠳᠡ ᠪᠠᠶᠢᠭᠠᠯᠢ ᠶᠢᠨ ᠳᠠᠭᠠᠭᠤᠯᠢᠲᠠᠢ᠃

2009 ᠣᠨ ᠤ 6 ᠰᠠᠷ᠎ᠠ ᠶᠢᠨ ᠪᠠᠶᠢᠳᠠᠯ ᠢᠶᠠᠷ ᠨᠠᠷᠠᠨ ᠤ ᠠᠶᠢᠮᠠᠭ ᠠᠴᠠ ᠭᠠᠳᠠᠭᠤᠷ ᠤᠷᠤᠰᠢᠬᠤ 353 ᠭᠠᠷᠠᠭ ᠣᠯᠳᠠᠵᠠᠢ᠃ ᠡᠳᠡᠭᠡᠷ ᠳᠣᠲᠣᠷ᠎ᠠ ᠳᠡᠯᠡᠬᠡᠢ ᠲᠡᠢ ᠣᠶᠢᠷᠠᠯᠴᠠᠭ᠎ᠠ ᠬᠡᠮᠵᠢᠶᠡᠨ ᠦ ᠴᠤ᠂ ᠠᠪᠤᠷᠭᠤ ᠲᠣᠮᠣ ᠬᠡᠢ ᠶᠢᠨ ᠭᠠᠷᠠᠭ ᠤᠨ ᠬᠡᠮᠵᠢᠶ᠎ᠡ ᠲᠡᠢ ᠭᠠᠷᠢᠭ ᠤᠳ ᠪᠠᠶᠢᠨ᠎ᠠ᠃[3]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. IAU 2006 General Assembly: Result of the IAU Resolution votes. International Astronomical Union (2006). the original on 2007-10-25 ᠍ ᠰ ᠠᠷᠬᠢᠸᠯᠠᠭᠳᠠᠭᠰᠠᠨ᠃ 2008-08-23 ᠍ ᠳᠦ ᠬᠠᠨᠳᠤᠭᠰᠠᠨ᠃
  2. Working Group on Extrasolar Planets (WGESP) of the International Astronomical Union. IAU (2001). 2008-08-23 ᠍ ᠳᠦ ᠬᠠᠨᠳᠤᠭᠰᠠᠨ᠃
  3. Schneider, Jean (2009-06-03). Interactive Extra-solar Planets Catalog. The Extrasolar Planets Encyclopaedia. 2009-06-03 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠭᠠᠷᠠᠭ»
http://wiki.uhaan.com/index.php?title=ᠭᠠᠷᠠᠭ&oldid=443324》 ᠍  ᠡᠴᠡ ᠠᠪᠤᠭᠰᠠᠨ

ᠪᠢᠴᠢᠭᠡᠰᠦ