ᠭᠠᠶᠠ ᠬᠢᠮᠡᠯ ᠳᠠᠭᠠᠭᠤᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠠᠶᠠ ᠬᠢᠮᠡᠯ ᠳᠠᠭᠠᠭᠤᠯᠢ
ᠲᠩᠷᠢ ᠶᠢᠨ ᠵᠠᠭᠠᠳᠠᠰᠤ ᠭᠠᠯᠠᠺᠲ᠋ᠢᠺ ᠤᠨ ᠲᠥᠰᠥᠭᠡᠯᠡᠯ ᠵᠢᠷᠤᠭᠯᠠᠯ
ᠲᠩᠷᠢ ᠶᠢᠨ ᠵᠠᠭᠠᠳᠠᠰᠤ ᠭᠠᠯᠠᠺᠲ᠋ᠢᠺ ᠲᠤ ᠮᠠᠨ ᠤ ᠨᠠᠷᠠᠨ ᠤ ᠠᠶᠢᠮᠠᠭ ᠤᠨ ᠤᠷᠤᠰᠢᠬᠤ ᠪᠠᠶᠢᠷᠢᠯᠠᠯ

ᠧᠦ᠋ᠷᠣᠫᠠ ᠶᠢᠨ ᠰᠠᠨᠰᠠᠷ ᠤᠨ ᠠᠭᠧᠨᠲᠯᠢᠭ ᠠᠴᠠ 2013 ᠣᠨ ᠤ 12 ᠰᠠᠷ᠎ᠠ ᠶᠢᠨ 19 ᠍ ᠳᠦ ᠭᠠᠶᠠ ᠬᠢᠮᠡᠯ ᠳᠠᠭᠠᠭᠤᠯᠢ ᠶᠢ ᠬᠥᠭᠡᠷᠭᠡᠯ᠎ᠡ᠃ ᠡᠨᠡ ᠨᠢ ᠮᠠᠨ ᠤ ᠲᠩᠷᠢ ᠶᠢᠨ ᠵᠠᠭᠠᠳᠠᠰᠤ ᠭᠠᠯᠠᠺᠲ᠋ᠢᠺᠡᠶᠢᠨ ᠨᠡᠶᠢᠲᠡ 400 ᠲᠡᠷᠪᠤᠮ ᠣᠳᠣᠳ ᠠᠴᠠ ᠰᠣᠩᠭᠣᠭᠰᠠᠨ ᠬᠠᠮᠤᠭ ᠤᠨ ᠲᠣᠳᠣ ᠬᠠᠷᠠᠭᠳᠠᠬᠤ ᠨᠢᠭᠡ ᠲᠡᠷᠪᠤᠮ ᠣᠳᠣᠳ ᠢ 5 ᠵᠢᠯ ᠦᠨ ᠲᠤᠷᠰᠢ ᠠᠵᠢᠭᠯᠠᠵᠣ ᠮᠠᠰᠢ ᠨᠠᠷᠢᠨ 3 ᠬᠡᠮᠵᠢᠶᠡᠰᠦ ᠳᠦ ᠣᠭᠲᠠᠷᠭᠤᠢ ᠶᠢᠨ ᠭᠠᠵᠠᠷ ᠤᠨ ᠵᠢᠷᠤᠭ ᠢ ᠦᠢᠯᠡᠳᠬᠦ ᠪᠣᠯᠤᠨ᠎ᠠ᠃ ᠭᠠᠶᠠ ᠨᠢ 5 ᠵᠢᠯ ᠦᠨ ᠬᠤᠭᠤᠴᠠᠭᠠᠨ ᠳᠤ ᠣᠳᠣ ᠪᠦᠷᠢ ᠶᠢ 70 ᠤᠳᠠᠭ᠎ᠠ ᠠᠵᠢᠭᠯᠠᠵᠣ ᠪᠠᠶᠢᠷᠢᠯᠠᠯ ᠢ ᠨᠢ ᠬᠡᠮᠵᠢᠵᠦ ᠲᠡᠮᠳᠡᠭᠯᠡᠬᠦ ᠶᠢᠨ ᠬᠠᠵᠠᠭᠤ ᠪᠠᠷ ᠲᠡᠳᠡᠭᠡᠷ ᠦᠨ ᠭᠡᠷᠡᠯᠲᠦᠯᠲᠡ ᠶᠢᠨ ᠬᠡᠮᠵᠢᠶ᠎ᠡ᠂ ᠲᠧᠮᠫᠧᠷᠠᠲᠦ᠋ᠷ᠂ ᠲᠠᠲᠠᠯᠴᠠᠯ ᠤᠨ ᠪᠣᠯᠤᠨ ᠬᠢᠮᠢ ᠶᠢᠨ ᠪᠦᠲᠦᠴᠡ ᠶᠢ ᠰᠤᠳᠤᠯᠬᠤ ᠶᠤᠮ᠃ ᠭᠠᠶ᠎ᠠ ᠶᠢ ᠪᠦᠲᠦᠭᠡᠬᠦ ᠠᠵᠢᠯᠯᠠᠭᠤᠯᠬᠤ ᠨᠡᠶᠢᠲᠡ ᠲᠥᠰᠥᠯ ᠦᠨ ᠥᠷᠲᠡᠭ 740 ᠰᠠᠶ᠋ᠢ ᠧᠦ᠋ᠷᠣ (1 ᠲᠡᠷᠪᠤᠮ ᠠᠮᠠ᠃ᠳ᠋ᠣᠯᠯ) ᠶᠤᠮ᠃

ᠠᠵᠢᠯᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠶᠠ ᠨᠢ ᠳᠡᠯᠡᠬᠡᠢ ᠡᠴᠡ ᠨᠠᠷᠠ ᠬᠦᠷᠲᠡᠯᠡᠬᠢ ᠵᠠᠢ ᠶᠢᠨ ᠳᠤ 1,5 ᠰᠠᠶ᠋ᠢ km ᠵᠠᠶᠢᠲᠠᠢ L2 ᠣᠷᠪᠢᠲᠠᠳ ᠪᠠᠶᠢᠷᠢᠯᠠᠵᠤ ᠡᠳᠦᠷ ᠲᠦ 8 ᠴᠠᠭ ᠤᠨ ᠲᠤᠷᠰᠢ 5 ᠮᠸᠭᠠᠪᠠᠢ ᠳᠤ/ᠰᠧᠺᠦᠶᠢᠨᠳ᠋ ᠬᠤᠷᠳᠤ ᠪᠠᠷ ᠮᠡᠳᠡᠭᠡᠯᠡᠯ ᠢ ᠳᠡᠯᠡᠬᠡᠢ ᠳᠦ ᠳᠠᠮᠵᠢᠭᠤᠯᠵᠤ ᠠᠵᠢᠯᠯᠠᠨ᠎ᠠ᠃ ᠬᠥᠯᠭᠡ ᠶᠢᠨ ᠨᠢᠭᠡ ᠲᠠᠯ᠎ᠠ ᠶᠢ ᠨᠠᠷᠠᠨ ᠤ ᠬᠠᠭᠠᠯᠲᠠ ᠳᠡᠯᠭᠡᠮᠡᠯ ᠳᠤᠭᠤᠢ ᠬᠦᠷᠢᠶ᠎ᠡ ᠪᠡᠷ ᠬᠠᠭᠠᠵᠤ ᠳᠤᠷᠠᠨ ᠢ ᠨᠠᠷᠠᠨ ᠤ ᠭᠡᠷᠡᠯ ᠡᠴᠡ ᠬᠠᠮᠠᠭᠠᠯᠠᠵᠤ ᠠᠵᠢᠯᠯᠠᠨ᠎ᠠ᠃ ᠬᠥᠯᠭᠡ ᠶᠢᠨ ᠠᠵᠢᠯᠯᠠᠬᠤ ᠵᠢᠩ 1392 ᠺᠢᠯᠣᠭᠷᠠᠮ᠂ ᠶᠡᠬᠡ ᠪᠡᠶ᠎ᠡ ᠶᠢᠨ ᠬᠡᠮᠵᠢᠶ᠎ᠡ ᠨᠢ 4,6 m ᠪᠠ 2,3 m᠂ ᠵᠠᠷᠤᠴᠠᠭᠤᠯᠬᠤ ᠡᠨᠧᠷᠭᠢ 1910 ᠸᠠᠲ ᠢ ᠨᠠᠷᠠᠨ ᠤ ᠵᠠᠶᠢᠨ ᠠᠴᠠ ᠬᠠᠩᠭᠠᠭᠳᠠᠵᠤ ᠠᠵᠢᠯᠯᠠᠨ᠎ᠠ᠃

ᠲᠣᠨᠣᠭᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠠᠰᠲ᠋ᠷᠣᠮᠧᠲ᠋ᠷ ᠤᠨ ᠲᠥᠬᠥᠭᠡᠷᠦᠮᠵᠢ ᠨᠢ 5,7-20 ᠲᠦᠪᠰᠢᠨ ᠦ ᠲᠣᠳᠣᠷᠠᠯᠲᠠ ᠲᠠᠢ ᠣᠳᠣᠳ ᠢ ᠠᠵᠢᠭᠯᠠᠵᠣ ᠲᠡᠳᠡᠭᠡᠷ ᠦᠨ ᠪᠠᠶᠢᠷᠢᠯᠠᠯ ᠤᠨ ᠵᠢᠷᠤᠭᠯᠠᠯ ᠢ ᠭᠠᠷᠭᠠᠵᠤ ᠠᠪᠤᠨ᠎ᠠ᠃
  2. ᠹᠣᠲ᠋ᠣᠮᠧᠲ᠋ᠷ ᠤᠨ ᠲᠥᠬᠥᠭᠡᠷᠦᠮᠵᠢ ᠨᠢ ᠣᠳᠣᠳ ᠤᠨ ᠭᠡᠷᠡᠯᠲᠦᠯᠲᠡ ᠶᠢ 320-1000 ᠨᠨᠣᠮᠧᠲ᠋ᠷ ᠤᠨ ᠰᠫᠧᠺᠲ᠋ᠷ ᠦᠨ ᠳᠣᠯᠭᠢᠶᠠᠨ ᠳᠡᠭᠡᠷ᠎ᠡ ᠬᠡᠮᠵᠢᠵᠦ ᠴᠡᠩᠬᠡᠷ ᠪᠠ ᠤᠯᠠᠭᠠᠨ ᠹᠣᠲ᠋ᠣᠮᠧᠲ᠋ᠷ ᠨᠢ ᠣᠳᠣᠨ ᠤ ᠮᠠᠰ᠂ ᠲᠧᠮᠫᠧᠷᠠᠲᠦ᠋ᠷ᠂ ᠨᠠᠰᠤ ᠶᠢ ᠬᠡᠮᠵᠢᠨ᠎ᠡ᠃
  3. ᠰᠠᠴᠤᠷᠠᠭ ᠤᠨ ᠬᠤᠷᠳᠤᠨ ᠤ ᠰᠫᠧᠺᠲ᠋ᠷᠣᠮᠧᠲ᠋ᠷ ᠨᠢ ᠣᠭᠲᠠᠷᠭᠤᠢ ᠶᠢᠨ ᠪᠡᠶᠡᠲᠦ ᠶᠢᠨ ᠬᠤᠷᠳᠤ ᠶᠢ ᠬᠡᠮᠵᠢᠨ᠎ᠡ᠃

ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠧᠦ᠋ᠷᠣᠫᠠ ᠶᠢᠨ ᠰᠠᠨᠰᠠᠷ ᠤᠨ ᠠᠭᠧᠨᠲᠯᠢᠭ ᠤᠨ ᠮᠡᠳᠡᠭᠡ
  2. ᠺᠧᠮᠪᠷᠢᠳᠴᠢ ᠶᠢᠨ ᠶᠡᠬᠡ ᠰᠤᠷᠭᠠᠭᠤᠯᠢ ᠶᠢᠨ ᠮᠡᠳᠡᠭᠡ
ᠲᠩᠷᠢ ᠶᠢᠨ ᠵᠠᠭᠠᠳᠠᠰᠤ ᠭᠠᠯᠠᠺᠲ᠋ᠢᠺ ᠤᠨ 360 ᠭᠷᠠᠳᠦᠶᠢᠰ ᠳᠡᠯᠭᠡᠮᠡᠯ ᠪᠠᠶᠢᠳᠠᠯ᠃ ᠡᠨᠡ ᠭᠠᠯᠠᠺᠲ᠋ᠢᠺ ᠤᠨ ᠨᠢᠭᠡ ᠵᠠᠬ᠎ᠠ ᠠᠴᠠ ᠨᠥᠭᠥᠭᠡ ᠵᠠᠬ᠎ᠠ ᠷᠤ ᠭᠡᠷᠡᠯ 100 000 ᠵᠢᠯ ᠲᠤᠭᠤᠯᠳᠠᠭ ᠳᠤᠮᠳᠠᠴᠢ ᠬᠡᠮᠵᠢᠶ᠎ᠡ ᠲᠡᠢ ᠭᠠᠯᠠᠺᠲ᠋ᠢᠺ ᠶᠤᠮ᠃
ᠲᠩᠷᠢ ᠶᠢᠨ ᠵᠠᠭᠠᠳᠠᠰᠤ ᠭᠠᠯᠠᠺᠲ᠋ᠢᠺ

ᠪᠢᠴᠢᠭᠡᠰᠦ