ᠭᠠᠵᠠᠷ ᠬᠥᠳᠡᠯᠦᠯᠲᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠠᠵᠠᠷ ᠬᠦᠳᠡᠯᠦᠯᠲᠡ ᠶᠢᠨ ᠵᠠᠳᠠᠯᠤᠯᠲᠠ
ᠭᠠᠵᠠᠷ ᠬᠥᠳᠡᠯᠦᠯᠲᠡ ᠶᠢᠨ ᠭᠣᠯᠣᠮᠲᠠ

ᠭᠠᠵᠠᠷ ᠬᠥᠳᠡᠯᠦᠯᠲᠡ(地震) ᠭᠡᠳᠡᠭ ᠨᠢ ᠳᠡᠯᠡᠬᠡᠶ ᠶᠢᠨ ᠴᠠᠷᠴᠠᠳᠠᠰᠤ ᠲᠦᠷᠭᠡᠨ ᠡᠨᠧᠷᠭᠢ ᠢᠯᠭᠠᠷᠠᠭᠤᠯᠬᠤ ᠶᠠᠪᠤᠴᠠ ᠳᠤᠮᠳᠠ ᠪᠤᠢ ᠪᠣᠯᠭᠠᠬᠤ ᠬᠡᠯᠪᠡᠯᠵᠡᠯᠲᠡ᠂ ᠡᠨᠡᠬᠦ ᠬᠤᠭᠤᠴᠠᠭᠠᠨ ᠳᠤ ᠭᠠᠵᠠᠷ ᠬᠥᠳᠡᠯᠦᠯᠲᠡ ᠶᠢᠨ ᠳᠣᠯᠭᠢᠶᠠᠨ ᠡᠭᠦᠰᠬᠡᠬᠦ ᠨᠢᠭᠡ ᠵᠦᠢᠯ ᠦᠨ ᠪᠠᠶᠢᠭᠠᠯᠢ ᠶᠢᠨ ᠦᠵᠡᠭᠳᠡᠯ ᠪᠣᠯᠤᠨ᠎ᠠ ᠃ ᠳᠡᠯᠡᠬᠡᠶ ᠶᠢᠨ ᠪᠥᠮᠪᠥᠷᠴᠡᠭ ᠳᠡᠭᠡᠷᠡᠬᠢ ᠬᠠᠪᠲᠠᠭᠠᠶ ᠬᠡᠰᠡᠭ ᠪᠣᠯᠤᠨ ᠬᠠᠪᠲᠠᠭᠠᠶ ᠬᠡᠰᠡᠭ ᠤᠨ ᠬᠣᠭᠣᠷᠣᠨᠳᠣ ᠪᠠᠨ ᠬᠠᠷᠢᠯᠴᠠᠨ ᠰᠢᠬᠠᠯᠴᠠᠨ ᠮᠥᠷᠭᠥᠯᠳᠦᠬᠦ ᠂ ᠬᠠᠪᠲᠠᠭᠠᠶ ᠬᠡᠰᠡᠭ ᠤᠨ ᠬᠦᠪᠡᠭᠡ ᠢᠷᠮᠡᠭ ᠪᠠ ᠬᠠᠪᠲᠠᠭᠠᠶ ᠬᠡᠰᠡᠭ ᠤᠨ ᠳᠣᠲᠣᠭᠠᠳᠤ ᠳᠤ ᠵᠥᠷᠢᠭᠳᠡᠯ  ᠪᠠ ᠬᠠᠭᠠᠷᠠᠯᠲᠠ ᠡᠭᠦᠰᠴᠦ᠂ ᠭᠠᠵᠠᠷ ᠬᠥᠳᠡᠯᠦᠯᠲᠡ ᠡᠭᠦᠰᠴᠦ ᠪᠠᠶᠢᠬᠤ ᠶᠢᠨ ᠭᠣᠣᠯ ᠰᠢᠯᠲᠠᠭᠠᠨ ᠪᠣᠯᠤᠨ᠎ᠠ ᠃

ᠭᠠᠵᠠᠷ ᠬᠥᠳᠡᠯᠦᠯᠲᠡ ᠡᠬᠢᠯᠡᠵᠦ ᠡᠭᠦᠰᠳᠡᠭ ᠭᠠᠵᠠᠷ ᠢ ᠬᠥᠳᠡᠯᠦᠯᠲᠡ ᠶᠢᠨ ᠭᠤᠯᠤᠮᠳᠠ ᠭᠡᠳᠡᠭ ᠂ ᠬᠥᠳᠡᠯᠦᠯᠲᠡ ᠶᠢᠨ ᠭᠤᠯᠤᠮᠳᠠ ᠠᠰ ᠳᠡᠭᠡᠷ᠎ᠡ ᠲᠠᠯ᠎ᠠ ᠶᠢᠨ ᠭᠠᠵᠠᠷ ᠤᠨ ᠭᠠᠳᠠᠷᠭᠤ ᠶᠢ ᠬᠥᠳᠡᠯᠦᠯᠲᠡ ᠶᠢᠨ ᠲᠥᠪ ᠭᠡᠳᠡᠭ ᠃ ᠡᠪᠳᠡᠯᠡᠭᠡ ᠶᠢᠨ ᠴᠢᠨᠠᠷᠲᠠᠶ ᠭᠠᠵᠠᠷ ᠬᠥᠳᠡᠯᠦᠯᠲᠡ ᠶᠢᠨ ᠭᠠᠵᠠᠷ ᠳᠡᠭᠡᠷᠡᠬᠢ ᠬᠡᠯᠪᠡᠯᠵᠡᠯᠲᠡ ᠲᠤᠶᠢᠯ ᠤᠨ ᠰᠢᠷᠦᠭᠦᠨ ᠬᠡᠰᠡᠭ ᠢ ᠭᠠᠵᠠᠷ ᠲᠦᠢᠯ ᠤᠨ ᠬᠦᠳᠡᠯᠦᠯᠲᠡ ᠶᠢᠨ ᠤᠷᠤᠨ ᠭᠡᠨ᠎ᠡ ᠂ ᠭᠠᠵᠠᠷ ᠲᠦᠢᠯ ᠤᠨ ᠬᠦᠳᠡᠯᠦᠯᠲᠡ ᠶᠢᠨ ᠤᠷᠤᠨ ᠮᠦᠨᠴᠤ ᠬᠥᠳᠡᠯᠦᠯᠲᠡ ᠶᠢᠨ ᠲᠥᠪ ᠤᠨ ᠤᠷᠤᠰᠢᠵᠤ ᠪᠠᠶᠢᠭ᠎ᠠ ᠭᠠᠵᠠᠷ ᠣᠷᠣᠨ ᠪᠣᠯᠤᠨ᠎ᠠ ᠃ ᠭᠠᠵᠠᠷ ᠬᠥᠳᠡᠯᠦᠯᠲᠡ ᠳᠤ ᠦᠷᠭᠦᠯᠵᠢ ᠬᠥᠮᠦᠨ ᠬᠠᠷ᠎ᠠ ᠬᠦᠨᠳᠦ ᠨᠣᠴᠢᠲᠠᠶ ᠤᠢᠬᠦᠠ ᠰᠢᠷᠬᠠᠲᠤᠵᠤ ᠂ ᠭᠠᠯ ᠤᠨ ᠠᠶᠤᠯ᠂ ᠤᠰᠤᠨ ᠭᠠᠮᠰᠢᠭ ᠂ ᠬᠣᠣᠷᠲᠤ ᠬᠡᠢ ᠭᠣᠭᠣᠵᠢᠬᠤ ᠂ ᠪᠠᠺᠲ᠋ᠧᠷᠢ ᠵᠢᠴᠢ ᠰᠠᠴᠤᠷᠠᠭ ᠢᠳᠡᠪᠬᠢ ᠪᠤᠳᠠᠰ ᠲᠠᠷᠬᠠᠵᠤ ᠳᠡᠯᠭᠡᠷᠡᠬᠦᠯᠬᠦ ᠵᠡᠷᠬᠡ ᠶᠢ ᠡᠭᠦᠰᠭᠡᠳᠡᠭ᠂ ᠪᠠᠰᠠ ᠳᠠᠯᠠᠶ ᠶᠢᠨ ᠢᠰᠬᠡᠷᠦᠯᠲᠡ ᠂ ᠶᠡᠭᠦᠷᠡᠯᠲᠡ᠂ ᠨᠤᠷᠠᠯᠲᠠ ᠂ ᠭᠠᠵᠠᠷ ᠠᠩ ᠭᠠᠷᠬᠤ ᠵᠡᠷᠭᠡ ᠳᠠᠭᠠᠯᠲᠠ ᠭᠠᠶ ᠭᠠᠮᠰᠢᠭ ᠢ ᠡᠭᠦᠰᠭᠡᠵᠦ ᠮᠡᠳᠡᠨ᠎ᠡ ᠃

ᠪᠦᠷᠢᠳᠬᠡᠯ ᠢ ᠦᠨᠳᠦᠰᠦᠯᠡᠪᠡᠯ ᠂ ᠳᠡᠯᠡᠬᠡᠶ ᠶᠢᠨ ᠪᠥᠮᠪᠥᠷᠴᠡᠭ ᠳᠡᠭᠡᠷ᠎ᠡ ᠵᠢᠯ ᠪᠦᠷᠢ ᠪᠠᠷᠤᠭ 500 ᠲᠦᠮᠡ ᠢᠯᠡᠭᠦᠤ ᠤᠳᠠᠭ᠎ᠠ ᠭᠠᠵᠠᠷ ᠬᠥᠳᠡᠯᠵᠦ ᠂ ᠥᠭᠡᠷ᠎ᠡ ᠪᠡᠷ ᠬᠡᠯᠡᠪᠡᠯ ᠡᠳᠦᠷ ᠪᠦᠷᠢ ᠲᠦᠮᠡ ᠭᠠᠷᠤᠶ ᠤᠳᠠᠭᠠᠨ ᠤ ᠭᠠᠵᠠᠷ ᠬᠥᠳᠡᠯᠦᠯᠲᠡ ᠭᠠᠷᠤᠭᠰᠠᠨ ᠪᠠᠶᠢᠨ᠎ᠠ ᠃ ᠲᠡᠳᠡᠨ ᠦ ᠵᠣᠩᠬᠢᠯᠠᠬᠤ ᠤᠯᠠᠨ ᠨᠢ ᠳᠡᠩᠳᠡᠭᠦᠦ ᠪᠠᠭ᠎ᠠ ᠪᠤᠶᠤ ᠳᠡᠩᠳᠡᠭᠦᠦ ᠬᠣᠯᠠ ᠪᠣᠯᠬᠣᠷ ᠬᠥᠮᠦᠰ ᠰᠡᠷᠡᠵᠦ ᠤᠯᠬᠤ ᠦᠭᠡᠢ ᠪᠠᠶᠢᠨ᠎ᠠ ᠃ ᠦᠨᠡᠬᠡᠷ ᠬᠥᠮᠦᠨ ᠲᠥᠷᠥᠯᠬᠢᠲᠡᠨ ᠳᠤ ᠬᠦᠨᠳᠦ ᠨᠣᠴᠢᠲᠠᠶ ᠬᠣᠣᠷ ᠬᠥᠨᠥᠭᠡᠯ ᠤᠴᠠᠷᠠᠭᠤᠯᠤᠭᠰᠠᠨ ᠭᠠᠵᠠᠷ ᠬᠥᠳᠡᠯᠦᠯᠲᠡ ᠨᠢ ᠪᠠᠷᠤᠭ ᠠᠷᠪᠠᠨ ᠬᠡᠳᠦᠨ ᠬᠣᠷᠢᠨ ᠤᠳᠠᠭ᠎ᠠ ᠃ ᠣᠨᠴᠠᠭᠠᠶ ᠬᠦᠨᠳᠦ ᠨᠣᠴᠢᠲᠠᠶ ᠭᠠᠮᠰᠢᠭ ᠤᠴᠠᠷᠠᠭᠤᠯᠳᠠᠭ ᠭᠠᠵᠠᠷ ᠬᠥᠳᠡᠯᠦᠯᠲᠡ ᠨᠢ ᠪᠠᠷᠤᠭ ᠨᠢᠭᠡ ᠬᠣᠶᠠᠷ ᠤᠳᠠᠭ᠎ᠠ ᠡᠭᠦᠰᠬᠦ ᠪᠣᠯᠤᠨ᠎ᠠ ᠃ ᠬᠥᠮᠦᠰ ᠤᠨ ᠰᠡᠷᠡᠵᠦ ᠤᠯᠬᠤ ᠦᠭᠡᠢ ᠭᠠᠵᠠᠷ ᠬᠥᠳᠡᠯᠦᠯᠲᠡ ᠶᠢ ᠡᠷᠬᠡᠪᠰᠢ ᠭᠠᠵᠠᠷ ᠬᠥᠳᠡᠯᠦᠯᠲᠡ ᠶᠢᠨ ᠬᠡᠮᠵᠢᠭᠦᠷᠯᠢᠭ ᠢᠶᠡᠷ ᠰᠠᠶᠢ ᠲᠡᠮᠳᠡᠭᠯᠡᠵᠦ ᠴᠢᠳᠠᠨ᠎ᠠ ᠃ ᠠᠳᠠᠯᠢ ᠪᠤᠰᠤ ᠲᠦᠷᠦᠯ ᠬᠡᠯᠪᠡᠷᠢ ᠶᠢᠨ ᠭᠠᠵᠠᠷ ᠬᠥᠳᠡᠯᠦᠯᠲᠡ ᠶᠢᠨ ᠬᠡᠮᠵᠢᠭᠦᠷᠯᠢᠭ ᠢᠶᠡᠷ ᠠᠳᠠᠯᠢ ᠪᠤᠰᠤ ᠬᠦᠴᠦᠯᠡᠴᠡ᠂ ᠠᠳᠠᠯᠢ ᠪᠤᠰᠤ ᠬᠤᠯᠠ ᠣᠢᠢᠷ᠎ᠠ ᠶᠢᠨ ᠭᠠᠵᠠᠷ ᠬᠥᠳᠡᠯᠦᠯᠲᠡ ᠶᠢ ᠲᠡᠮᠳᠡᠭᠯᠡᠵᠦ ᠲᠠᠶᠢᠯᠤᠨ᠎ᠠ᠃ ᠳᠡᠯᠡᠬᠡᠶ ᠳᠡᠭᠡᠷ ᠡ ᠲᠣᠭ᠎ᠠ ᠲᠤᠮᠰᠢ ᠦᠭᠡᠢ ᠡᠯ᠎ᠡ ᠵᠦᠢᠯ ᠦᠨ ᠭᠠᠵᠠᠷ ᠬᠥᠳᠡᠯᠦᠯᠲᠡ ᠶᠢᠨ ᠬᠡᠮᠵᠢᠭᠦᠷᠯᠢᠭ ᠡᠳᠦᠷ ᠰᠥᠨᠢ ᠦᠭᠡᠶ ᠠᠵᠢᠯᠯᠠᠵᠤ᠂ ᠭᠠᠵᠠᠷ ᠬᠥᠳᠡᠯᠦᠯᠲᠡ ᠶᠢᠨ ᠬᠥᠳᠡᠯᠦᠯ ᠦᠨ ᠬᠠᠨᠳᠤᠰᠢ ᠶᠢ ᠬᠢᠨᠠᠨ ᠪᠠᠢᠢᠴᠠᠭᠠᠵᠤ ᠪᠠᠶᠢᠳᠠᠭ ᠃

ᠣᠳᠣᠬᠠᠨ ᠤ ᠰᠢᠨᠵᠢᠯᠡᠬᠦ ᠤᠬᠠᠭᠠᠨ ᠮᠡᠷᠭᠡᠵᠢᠯ ᠦᠨ ᠬᠢᠷᠢ ᠬᠡᠮᠵᠢᠶ᠎ᠡ ᠬᠠᠷᠠᠬᠠᠨ ᠭᠠᠵᠠᠷ ᠬᠥᠳᠡᠯᠦᠯᠲᠡ ᠬᠦᠷᠴᠦ ᠢᠷᠡᠬᠦ ᠶᠢ ᠤᠷᠠᠳᠴᠢᠯᠠᠨ ᠲᠥᠰᠦᠭᠡᠯᠡᠬᠦ ᠶᠢᠨ ᠠᠷᠭ᠎ᠠ ᠦᠭᠡᠢ ᠂ ᠢᠷᠡᠭᠡᠳᠦᠶ ᠶᠢᠨ ᠨᠡᠯᠢᠶᠡᠳ ᠤᠷᠳᠤ ᠬᠤᠭᠤᠴᠠᠭᠠᠨ ᠤ ᠳᠣᠲᠣᠷ᠎ᠠ ᠂ ᠭᠠᠵᠠᠷ ᠬᠥᠳᠡᠯᠦᠯᠲᠡ ᠨᠢ ᠮᠦᠨ ᠴᠦ ᠲᠥᠰᠦᠭᠡᠯᠡᠵᠦ ᠴᠢᠳᠠᠬᠤ ᠦᠭᠡᠶ ᠃ ᠠᠮᠵᠢᠯᠲᠠ ᠲᠠᠢ ᠭᠠᠵᠠᠷ ᠬᠥᠳᠡᠯᠦᠯᠲᠡ ᠶᠢ ᠲᠥᠰᠦᠭᠡᠯᠡᠭᠰᠡᠨ ᠵᠢᠱᠢᠶ᠎ᠡ ᠭᠡᠭᠴᠢ ᠪᠣᠯ ᠦᠨᠳᠦᠰᠦᠨ ᠳᠡᠭᠡᠨ ᠴᠥᠮ ᠲᠣᠬᠢᠶᠠᠯᠳᠤᠯ ᠮᠦᠨ᠃ ᠭᠠᠵᠠᠷ ᠬᠥᠳᠡᠯᠦᠯᠲᠡ  ᠶᠢ ᠠᠷᠭᠠᠴᠠᠬᠤ ᠳᠤ᠂ ᠪᠢᠳᠠ ᠪᠠᠷᠢᠯᠭ᠎ᠠ ᠶᠢᠨ ᠭᠠᠵᠠᠷ ᠬᠥᠳᠡᠯᠦᠯᠲᠡ ᠶᠢ ᠳᠠᠭᠠᠭᠠᠬᠤ ᠳᠡᠰ ᠢ ᠨᠡᠡᠭ ᠳᠡᠭᠡᠭᠰᠢᠯᠡᠭᠦᠯᠵᠦ ᠂ ᠰᠡᠷᠭᠡᠶᠢᠯᠡᠯᠲᠡ ᠶᠢ ᠰᠠᠶᠢᠲᠤᠷ ᠬᠢᠵᠦ᠂ ᠬᠠᠷᠢᠨ ᠭᠠᠵᠠᠷ ᠬᠥᠳᠡᠯᠦᠯᠲᠡ ᠶᠢ ᠤᠷᠠᠳᠴᠢᠯᠠᠨ ᠲᠥᠰᠦᠭᠡᠯᠡᠬᠦ ᠪᠢᠰᠢ᠃

ᠭᠠᠵᠠᠷ ᠬᠥᠳᠡᠯᠦᠯᠲᠡ ᠶᠢᠨ ᠣᠷᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠶ ᠶᠢᠨ ᠪᠥᠮᠪᠥᠷᠴᠡᠭ ᠢ ᠭᠤᠷᠪᠠᠨ ᠳᠠᠪᠬᠤᠷᠭ᠎ᠠ ᠬᠤᠪᠢᠶᠠᠨ᠎ᠠ ᠄ ᠳᠠᠷᠤᠶ ᠲᠥᠪ ᠦᠨ ᠳᠠᠪᠬᠤᠷᠭ᠎ᠠ ᠨᠢ ᠳᠡᠯᠡᠬᠡᠶ ᠶᠢᠨ ᠪᠥᠮᠪᠥᠷᠴᠡᠭ ᠦᠨ ᠴᠥᠮ᠎ᠡ ᠂ ᠳᠤᠮᠳᠠᠳᠤ ᠬᠡᠰᠡᠭ ᠨᠢ ᠭᠠᠵᠠᠷ ᠤᠨ ᠬᠥᠰᠢᠭᠡ ᠂ ᠭᠠᠳᠠᠷ ᠳᠠᠪᠬᠤᠷᠭ᠎ᠠ ᠨᠢ ᠳᠡᠯᠡᠬᠡᠶ ᠶᠢᠨ ᠴᠠᠷᠴᠠᠳᠠᠰᠤ᠃

ᠭᠠᠵᠠᠷ ᠬᠥᠳᠡᠯᠦᠯᠲᠡ ᠶᠢᠨ ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠶ ᠶᠢᠨ ᠪᠥᠮᠪᠥᠷᠴᠡᠭ ᠦᠨ ᠭᠠᠳᠠᠷᠭᠤ ᠶᠢᠨ ᠴᠢᠯᠠᠭᠤᠯᠢᠭ ᠳᠠᠪᠬᠤᠷᠭ᠎ᠠ ᠶᠢ ᠳᠡᠯᠡᠬᠡᠶ ᠶᠢᠨ ᠴᠠᠷᠴᠠᠳᠠᠰᠤ ᠭᠡᠳᠡᠭ ᠃ ᠳᠡᠯᠡᠬᠡᠶ ᠶᠢᠨ ᠴᠠᠷᠴᠠᠳᠠᠰᠤ ᠤᠨ ᠴᠢᠯᠠᠭᠤᠯᠢᠭ ᠳᠠᠪᠬᠤᠷᠭ᠎ᠠ ᠨᠢ ᠬᠦᠴᠦ ᠬᠦᠷᠲᠡᠭᠰᠡᠨ ᠤ ᠳᠠᠷᠠᠭ᠎ᠠ ᠪᠤᠰᠢᠭᠤᠬᠠᠨ ᠬᠠᠭᠠᠷᠠᠵᠤ ᠵᠥᠷᠢᠭᠳᠡᠵᠦ ᠭᠠᠵᠠᠷ ᠤᠨ ᠭᠠᠳᠠᠷᠭᠤ ᠶᠢᠨ ᠬᠡᠯᠪᠡᠯᠵᠡᠯᠲᠡ ᠪᠤᠶᠤ ᠡᠪᠳᠡᠯᠭᠡ ᠡᠭᠦᠰᠬᠡᠬᠦ ᠶᠢ ᠭᠠᠵᠠᠷ ᠬᠥᠳᠡᠯᠦᠯᠲᠡ ᠭᠡᠳᠡᠭ ᠃


ᠭᠠᠳᠠᠨ᠎ᠠ ᠶᠢᠨ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ