ᠭᠠᠵᠠᠷ ᠤᠨ ᠳᠤᠮᠳᠠᠳᠤ ᠲᠡᠩᠭᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠰᠠᠨᠰᠠᠷ ᠤᠨ ᠬᠢᠮᠡᠯ ᠳᠠᠭᠠᠭᠤᠯᠢ ᠠᠴᠠ ᠠᠪᠤᠭᠰᠠᠨ ᠵᠢᠷᠤᠭ

ᠭᠠᠵᠠᠷ ᠤᠨ ᠳᠤᠮᠳᠠᠳᠤ ᠲᠡᠩᠭᠢᠰ ᠨᠢ ᠠᠲ᠋ᠯᠠᠨᠲ ᠤᠨ ᠳᠠᠯᠠᠢᠨ ᠨᠢᠭᠡᠨ ᠲᠡᠩᠭᠢᠰ ᠪᠥᠭᠡᠳ ᠬᠣᠶᠢᠳᠤ ᠲᠠᠯ᠎ᠠ ᠪᠠᠷ ᠢᠶᠠᠨ ᠧᠦ᠋ᠷᠣᠫᠠ᠂ ᠡᠮᠦᠨ᠎ᠡ ᠲᠠᠯ᠎ᠠ ᠪᠠᠷ ᠢᠶᠠᠨ ᠠᠹᠷᠢᠺᠠ᠂ ᠵᠡᠭᠦᠨ ᠲᠠᠯ᠎ᠠ ᠪᠠᠷ ᠢᠶᠠᠨ ᠠᠽᠢᠶ᠎ᠠ ᠲᠢᠪᠡᠭᠡᠷᠡ ᠬᠦᠷᠢᠶᠡᠯᠡᠭᠳᠡᠨ᠎ᠡ᠃ ᠨᠡᠶᠢᠲᠡ ᠲᠠᠯᠠᠪᠠᠢ ᠨᠢ 2.5 ᠰᠠᠶ᠎ᠠ км² ᠪᠣᠯᠪᠠᠴᠤ ᠠᠲ᠋ᠯᠠᠨᠲ ᠤᠨ ᠳᠠᠯᠠᠢ ᠲᠠᠢ ᠵᠥᠪᠬᠡᠨ 14 ᠺᠢᠯᠣᠮᠧᠲ᠋ᠷ ᠥᠷᠭᠡᠨ ᠲᠡᠢ ᠭᠢᠪᠷᠠᠯᠲᠠᠷ ᠤᠨ ᠬᠣᠭᠣᠯᠠᠢ ᠶᠢ ᠢᠶᠠᠷ ᠬᠣᠯᠪᠣᠭᠳᠠᠳᠠᠭ᠂ ᠦᠨᠳᠦᠰᠦᠨ ᠳᠦ ᠪᠡᠨ ᠡᠬᠡ ᠭᠠᠵᠠᠷ ᠳᠤᠮᠳᠠ ᠶᠢᠨ ᠭᠡᠵᠦ ᠬᠡᠯᠡᠵᠦ ᠪᠣᠯᠬᠤ ᠪᠠᠷ ᠲᠡᠩᠭᠢᠰ ᠶᠤᠮ᠃ ᠤᠯᠠᠭᠠᠨ ᠲᠡᠩᠭᠢᠰᠲᠡᠢ ᠰᠤᠡᠴᠡ ᠶᠢᠨ ᠰᠤᠪᠠᠭ ᠢᠶᠠᠷ ᠬᠣᠯᠪᠣᠭᠳᠠᠨ᠎ᠠ᠃

ᠡᠷᠲᠡ ᠦᠶ᠎ᠡ ᠳᠦ ᠤᠭ ᠲᠡᠩᠭᠢᠰ ᠨᠢ ᠲᠡᠭᠦᠨ ᠢ ᠲᠣᠭᠣᠷᠢᠨ ᠣᠷᠣᠰᠢᠨ ᠲᠣᠭᠲᠠᠨᠢᠵᠤ ᠪᠠᠶᠢᠭᠰᠠᠨ ᠡᠷᠲᠡᠨ ᠦ ᠶᠸᠵᠠᠫᠲ᠂ ᠫᠧᠷᠰ᠂ ᠭᠷᠧᠺ᠂ ᠷᠣᠮ᠂ ᠹᠢᠨᠢᠺ᠂ ᠺᠠᠷᠹᠠᠭᠧᠨ᠂ ᠮᠧᠰᠣᠫᠣᠲ᠋ᠠᠮ (ᠬᠣᠶᠠᠷ ᠮᠥᠷᠡᠨ ᠦ ᠬᠥᠨᠳᠡᠢ ᠶᠢᠨ) ᠵᠡᠷᠭᠡ ᠣᠯᠠᠨ ᠢᠷᠭᠡᠨᠰᠢᠯ ᠦᠳ ᠦᠨ ᠬᠣᠭᠣᠷᠣᠨᠳᠣ ᠬᠤᠳᠠᠯᠳᠤᠭ᠎ᠠ ᠪᠣᠯᠤᠨ ᠰᠤᠶᠤᠯ ᠳᠠᠮᠵᠢᠭᠤᠯᠬᠤ ᠭᠣᠣᠯ ᠵᠠᠮ ᠪᠠᠶᠢᠴᠠᠢ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠳᠤᠮᠳᠠᠳᠤ ᠲᠡᠩᠭᠢᠰ ᠦᠨ ᠠᠩᠭᠯᠢ ᠬᠡᠯᠡᠡᠩ ᠳ᠋ᠡᠬᠢ 《Mediterranean》 ᠭᠡᠳᠡᠭ ᠨᠡᠷ᠎ᠡ ᠨᠢ ᠯᠠᠲ᠋ᠢᠨ ᠬᠡᠯᠡᠨᠢᠭᠢ 《mediterraneus》 (ᠭᠠᠵᠠᠷ ᠤᠳ ᠤᠨ ᠬᠣᠭᠣᠷᠣᠨᠳᠣᠬᠢ᠂ ᠳᠡᠯᠡᠬᠡᠢ ᠶᠢᠨ ᠳᠤᠮᠳᠠᠬᠢ) ᠪᠤᠶᠤ ᠭᠠᠵᠠᠷ ᠤᠨ ᠳᠤᠮᠳᠠᠬᠢ (medius, 《ᠳᠤᠮᠳᠠᠬᠢ》 + terra, 《ᠭᠠᠵᠠᠷ》, 《ᠳᠡᠯᠡᠬᠡᠢ》) ᠭᠡᠳᠡᠭ ᠦᠭᠡᠨ ᠡᠴᠡ ᠭᠠᠷᠤᠯᠲᠠᠢ᠃

ᠭᠠᠵᠠᠷ ᠤᠨ ᠳᠤᠮᠳᠠᠳᠤ ᠲᠡᠩᠭᠢᠰ ᠨᠢ ᠲᠡᠦᠬᠡᠡᠨᠳᠡ ᠶᠠᠩᠵᠤ ᠪᠦᠷᠢ ᠶᠢᠨ ᠨᠡᠷ᠎ᠡ ᠪᠡᠷ ᠨᠡᠷᠡᠯᠡᠭᠳᠡᠵᠦ ᠪᠠᠶᠢᠰaᠨ ᠨᠢ ᠪᠠᠷᠢᠮᠲᠠ ᠨᠤᠭᠤᠳ ᠠᠴᠠ ᠲᠣᠳᠣᠷᠬᠠᠢ ᠪᠠᠶᠢᠳᠠᠭ᠃ ᠵᠢᠱᠢᠶ᠎ᠡ ᠨᠢ ᠡᠷᠲᠡᠨ ᠦ ᠷᠤᠮᠠᠴᠤᠳ ᠲᠤ ᠪᠣᠯ ᠯᠠᠲ᠋ᠢᠨ ᠬᠡᠯᠡᠨ ᠦ 《Mare Nostrum》 ᠪᠤᠶᠤ 《ᠪᠢᠳᠡᠨ ᠦ ᠲᠡᠩᠭᠢᠰ》 ᠭᠡᠰᠡᠨ ᠤᠳᠬ᠎ᠠ ᠲᠠᠢ ᠨᠡᠷᠡᠯᠡᠭᠳᠡᠵᠦ ᠪᠠᠶᠢᠭᠰᠠᠨ᠃ ᠪᠢᠪᠯᠢ ᠍ ᠶᠢᠨ ᠰᠤᠳᠤᠷ ᠲᠤ ᠪᠣᠯ 《ᠠᠤᠭ᠎ᠠ ᠶᠡᠬᠡ ᠲᠡᠩᠭᠢᠰ》 ᠡᠰᠡᠪᠡᠯ 《ᠪᠠᠷᠠᠭᠤᠨ ᠲᠡᠩᠭᠢᠰ》 ᠭᠡᠵᠦ ᠭᠠᠷᠴᠤ ᠢᠷᠡᠳᠡᠭ᠃

ᠣᠷᠴᠢᠨ ᠦᠶ᠎ᠡ ᠶᠢᠨ ᠢᠪᠡᠷᠡᠢ ᠬᠡᠯᠡᠡᠨᠳᠡ 《הים התיכון》 (ha-Yam ha-Tichon), ᠡᠰᠡᠪᠡᠯ 《ᠳᠤᠮᠳᠠᠳᠤ ᠲᠡᠩᠭᠢᠰ》 ᠭᠡᠵᠦ ᠬᠡᠯᠡᠭᠳᠡᠳᠡᠭ᠃ ᠰᠡᠭᠦᠯ ᠦᠨ ᠬᠢ ᠨᠢ ᠪᠣᠯ ᠭᠧᠷᠮᠠᠨ ᠬᠡᠯᠡᠡᠨᠳᠡ 《Mittelmeer》 ᠭᠡᠵᠦ ᠬᠡᠯᠡᠳᠡᠭ ᠲᠡᠢ ᠨᠢᠭᠡ ᠢᠵᠢᠯ ᠤᠳᠬ᠎ᠠ ᠶᠤᠮ᠃ ᠲᠦᠷᠺ ᠬᠡᠯᠡᠡᠨᠳᠡ ᠪᠣᠯ 《Akdeniz》 ᠪᠤᠶᠤ 《ᠴᠠᠭᠠᠨ ᠲᠡᠩᠭᠢᠰ》 ᠬᠡᠮᠡᠬᠦ ᠨᠡᠷᠡᠯᠡᠭᠳᠡᠳᠡᠭ᠃ ᠠᠷᠠᠪ ᠬᠡᠯᠡᠡᠨᠳᠡ ᠪᠣᠯ 《البحر الأبيض المتوسط (Al-BaHr Al-Abiad Al-Muttawasit)》 ᠪᠤᠶᠤ 《ᠳᠤᠮᠳᠠᠳᠤ ᠴᠠᠭᠠᠨ ᠲᠡᠩᠭᠢᠰ》 ᠭᠡᠭᠳᠡᠳᠡᠭ᠃

ᠰᠡᠭᠦᠯ ᠦᠨ ᠦᠶ᠎ᠡ ᠳᠦ 《The Med》 ᠭᠡᠵᠦ ᠬᠡᠯᠡᠭᠳᠡᠵᠦ ᠪᠠᠶᠢᠭ᠎ᠠ ᠨᠢ ᠭᠠᠵᠠᠷ ᠤᠨ ᠳᠤᠮᠳᠠᠳᠤ ᠲᠡᠩᠭᠢᠰ ᠪᠣᠯᠤᠨ ᠲᠡᠭᠦᠨ ᠢ ᠡᠷᠭᠢᠨ ᠲᠣᠭᠣᠷᠢᠨ ᠳᠠᠬᠢ ᠭᠠᠵᠠᠷ ᠨᠤᠲᠤᠭ ᠤᠨ ᠲᠠᠯ᠎ᠠ ᠪᠠᠷ ᠡᠳᠦᠷ ᠲᠤᠲᠤᠮ ᠤᠨ ᠶᠠᠷᠢᠶᠠᠨ ᠳᠤ ᠶᠠᠷᠢᠬᠤ ᠳᠤ ᠪᠠᠨ ᠬᠡᠷᠡᠭᠯᠡᠵᠦ ᠪᠤᠢ ᠲᠣᠪᠴᠢᠯᠠᠭᠰᠠᠨ ᠨᠡᠷᠡᠰᠢᠯ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠳᠤᠮᠳᠠᠳᠤ ᠲᠡᠩᠭᠢᠰ

ᠭᠠᠵᠠᠷ ᠤᠨ ᠳᠤᠮᠳᠠᠳᠤ ᠲᠡᠩᠭᠢᠰ ᠨᠢ ᠧᠦ᠋ᠷᠣᠫᠠᠠᠽᠢᠶ᠎ᠠᠠᠹᠷᠢᠺᠠ ᠲᠢᠪ ᠦᠳ ᠦᠨ ᠳᠤᠮᠳᠠ ᠣᠷᠣᠰᠢᠳᠠᠭ᠂ ᠡᠬᠡ ᠭᠠᠵᠠᠷ ᠤᠨ ᠳᠤᠮᠳᠠ ᠤᠷᠤᠰᠢᠬᠤ ᠳᠣᠲᠣᠭᠠᠳᠤ ᠲᠡᠩᠭᠢᠰ ᠪᠥᠭᠡᠳ ᠪᠠᠷᠠᠭᠤᠨ ᠲᠠᠯ᠎ᠠ ᠪᠠᠷ ᠢᠶᠠᠨ ᠠᠲ᠋ᠯᠠᠨᠲ ᠤᠨ ᠳᠠᠯᠠᠢᠲᠠᠢ ᠭᠢᠪᠷᠠᠯᠲᠠᠷ ᠤᠨ ᠬᠣᠭᠣᠯᠠᠢ ᠶᠢ ᠢᠶᠠᠷ ᠬᠣᠯᠪᠣᠭᠳᠠᠳᠠᠭ᠃ ᠡᠷᠲᠡᠨ ᠦ ᠷᠣᠮᠣᠴᠤᠳ ᠡᠨᠡ ᠲᠡᠩᠭᠢᠰ ᠢ ᠡᠬᠡ ᠭᠠᠵᠠᠷ ᠤᠨ ᠳᠤᠮᠳᠠ ᠪᠦᠷᠢᠨ ᠲᠦᠭᠵᠢᠭᠳᠡᠭᠰᠡᠨ ᠪᠠᠶᠢᠳᠠᠭ ᠭᠡᠵᠦ ᠦᠵᠡᠳᠡᠭ ᠪᠠᠶᠢᠭᠰᠠᠨ ᠪᠥᠭᠡᠳ ᠪᠢᠳᠡᠨ ᠦ ᠲᠡᠩᠭᠢᠰ /Mare Nostrum/ ᠭᠡᠵᠦ ᠨᠡᠷᠡᠯᠡᠳᠡᠭ ᠪᠠᠶᠢᠪᠠ᠃ ᠭᠠᠵᠠᠷ ᠤᠨ ᠳᠤᠮᠳᠠᠳᠤ ᠲᠡᠩᠭᠢᠰ ᠲᠦ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠍ ᠤᠨ ᠪᠦᠷᠢᠯᠳᠦᠬᠦᠨ ᠳᠦ ᠪᠠᠭᠳᠠᠵᠣ ᠪᠠᠶᠢᠭᠰᠠᠨ ᠣᠷᠣᠨ ᠨᠤᠭᠤᠳ ᠬᠠᠷ᠎ᠠ ᠲᠡᠩᠭᠢᠰᠳᠠᠷᠳᠠᠨᠧᠯᠯ ᠤᠨ ᠬᠣᠭᠣᠯᠠᠢᠮᠠᠷᠣᠮᠣᠷ ᠤᠨ ᠲᠡᠩᠭᠢᠰᠪᠣᠰᠹᠣᠷ ᠤᠨ ᠬᠣᠭᠣᠯᠠᠢ ᠶᠢ ᠢᠶᠠᠷ ᠳᠠᠮᠵᠢᠨ ᠬᠣᠯᠪᠣᠭᠳᠠᠳᠠᠭ ᠪᠠ ᠤᠯᠠᠮ ᠢᠶᠠᠷ ᠵᠠᠳᠠᠭᠠᠢ ᠳᠠᠯᠠᠢ ᠳᠤ ᠭᠠᠷᠬᠤ ᠭᠠᠷᠴᠠ ᠨᠢ ᠪᠣᠯᠳᠠᠭ᠃ ᠧᠦ᠋ᠷᠣᠫᠠ ᠶᠢᠨ ᠬᠣᠯᠪᠣᠭ᠎ᠠᠨ ᠤ ᠤᠯᠤᠰ ᠤᠳ ᠪᠣᠯᠤᠨ ᠠᠮᠧᠷᠢᠺᠠ ᠶᠢᠨ ᠨᠢᠭᠡᠳᠦᠭᠰᠡᠨ ᠤᠯᠤᠰ ᠨᠢ ᠭᠠᠵᠠᠷ ᠤᠨ ᠳᠤᠮᠳᠠᠳᠤ ᠲᠡᠩᠭᠢᠰ ᠢ ᠠᠰᠢᠭᠯᠠᠨ ᠯᠢᠪᠢᠶ ᠠᠠᠯᠵᠢᠷᠢᠶ ᠠᠠ ᠠᠴᠠ᠂ ᠰᠤᠡᠴᠡ ᠶᠢᠨ ᠰᠤᠪaᠭᠡᠶᠢᠭ ᠠᠰᠢᠭᠯᠠᠨ ᠫᠧᠷᠰ ᠦᠨ ᠪᠤᠯᠤᠨᠭᠡᠶᠢᠨ ᠣᠷᠣᠨ ᠨᠤᠭᠤᠳ ᠠᠴᠠ ᠲᠦᠭᠦᠬᠡᠢ ᠴᠢᠯᠠᠭᠣᠨ ᠲᠣᠰᠣ ᠲᠠᠲᠠᠵᠤ ᠠᠪᠳᠠᠭ ᠤᠯᠤᠰ ᠲᠥᠷᠥ᠂ ᠡᠳ᠋ ᠍ ᠦᠨ ᠵᠠᠰᠠᠭ ᠤᠨ ᠴᠢᠬᠤᠯᠠ ᠪᠥᠰᠡ ᠨᠤᠲᠤᠭ ᠶᠤᠮ᠃

ᠭᠠᠵᠠᠷ ᠤᠨ ᠳᠤᠮᠳᠠᠳᠤ ᠲᠡᠩᠭᠢᠰ ᠨᠢ 2509000 ᠺᠢᠯᠣᠸᠣᠯᠲ᠋.km ᠭᠠᠳᠠᠷᠭᠤ ᠶᠢ ᠬᠠᠮᠤᠷᠤᠨ ᠣᠷᠣᠰᠢᠳᠠᠭ ᠪᠥᠭᠡᠳ ᠪᠠᠷᠠᠭᠤᠨ ᠡᠷᠭᠢᠰᠡ ᠵᠡᠭᠦᠨ ᠡᠷᠭᠢ ᠬᠦᠷᠲᠡᠯᠡᠬᠢ ᠬᠠᠮᠤᠭ ᠤᠨ ᠬᠣᠯᠠ ᠵᠠᠢ ᠨᠢ 3900 ᠺᠢᠯᠣᠮᠧᠲ᠋ᠷ᠂ ᠥᠷᠭᠡᠨ ᠢᠶᠡᠷ ᠢᠶᠡᠨ 1600 ᠺᠢᠯᠣᠮᠧᠲ᠋ᠷ ᠬᠦᠷᠡᠳᠡᠭ᠃ ᠶᠡᠷᠦᠩᠬᠡᠢ ᠳᠤ ᠪᠡᠨ ᠭᠦᠶᠦᠬᠡᠨ᠂ ᠳᠤᠮᠳᠠᠴᠢ ᠭᠦᠨ ᠨᠢ 1500 ᠮᠧᠲ᠋ᠷ ᠪᠠ ᠭᠷᠧᠺ ᠦᠨ ᠡᠮᠦᠨᠡᠲᠦ ᠡᠷᠭᠢ ᠣᠷᠴᠢᠮ ᠢᠶᠠᠷ 5150 ᠮᠧᠲ᠋ᠷ ᠲᠦ ᠬᠦᠷᠡᠳᠡᠭ ᠨᠢ ᠬᠠᠮᠤᠭ ᠤᠨ ᠭᠦᠨ ᠬᠡᠰᠡᠭ ᠨᠢ ᠶᠤᠮ᠃ ᠡᠨᠡ ᠭᠠᠵᠠᠷ ᠲᠤ 30 ᠰᠠᠶ᠎ᠠ ᠵᠢᠯ ᠦᠨ ᠡᠮᠦᠨ᠎ᠡ ᠪᠠᠶᠢᠭᠰᠠᠨ ᠲᠧᠹᠢᠰ ᠭᠡᠵᠦ ᠨᠡᠷᠡᠯᠡᠳᠡᠭ ᠡᠷᠲᠡᠨ ᠦ ᠳᠠᠯᠠᠢ ᠪᠠᠶᠢᠴᠠᠢ᠃ ᠡᠨᠡ ᠳᠠᠯᠠᠢ ᠨᠢ ᠧᠦ᠋ᠷᠠᠽᠢ ᠪᠣᠯᠤᠨ ᠠᠹᠷᠢᠺᠠ ᠶᠢᠨ ᠡᠬᠡ ᠭᠠᠵᠠᠷ ᠤᠳ ᠤᠨ ᠬᠣᠭᠣᠷᠣᠨᠳᠣ ᠪᠠᠨ ᠣᠶᠢᠷᠠᠳᠬᠤ ᠲᠧᠺᠲ᠋ᠣᠨᠢᠺ ᠬᠥᠳᠡᠯᠭᠡᠭᠡᠨᠢᠢ ᠦᠢᠯᠡᠴᠢᠯᠡᠯ ᠢᠶᠡᠷ ᠰᠢᠬᠠᠭᠳᠠᠨ ᠵᠢᠵᠢᠭᠷᠡᠵᠦ ᠦᠯᠡᠳᠡᠭᠰᠡᠨ ᠬᠡᠰᠡᠭ ᠨᠢ ᠥᠨᠥ ᠶᠢᠨ ᠭᠠᠵᠠᠷ ᠤᠨ ᠳᠤᠮᠳᠠᠳᠤ ᠲᠡᠩᠭᠢᠰ ᠪᠣᠯᠵᠠᠢ ᠭᠡᠵᠦ ᠦᠵᠡᠳᠡᠭ ᠪᠠᠶᠢᠨ᠎ᠠ᠃ ᠡᠨᠡ ᠲᠧᠺᠲ᠋ᠣᠨᠢᠺ ᠬᠥᠳᠡᠯᠭᠡᠭᠡᠨ ᠣᠳᠣ ᠬᠦᠷᠲᠡᠯ᠎ᠡ ᠦᠷᠭᠦᠯᠵᠢᠯᠡᠵᠦ ᠪᠠᠶᠢᠭ᠎ᠠ ᠪᠥᠭᠡᠳ ᠢᠲ᠋ᠠᠯᠢ ᠳᠠᠶᠠᠭᠠᠷᠬ᠎ᠠ ᠢᠳᠡᠪᠬᠢ ᠲᠡᠢ ᠭᠠᠯ ᠳᠤ ᠠᠭᠤᠯᠠ ᠨᠤᠭᠤᠳ᠂ ᠡᠳᠤᠨ᠎ᠠᠸᠧᠽᠤᠪ ᠦ ᠭᠠᠯᠲᠤ ᠠᠭᠤᠯᠠ ᠍ ᠤᠨ ᠲᠡᠰᠡᠷᠦᠯᠲᠡ ᠨᠦᠭᠦᠳ᠂ ᠢᠲ᠋ᠠᠯᠢᠭᠷᠧᠺᠲᠦᠷᠺᠡᠳ᠋ ᠪᠣᠯᠵᠤ ᠪᠤᠢ ᠣᠯᠠᠨ ᠤᠳᠠᠭ᠎ᠠ ᠶᠢᠨ ᠭᠠᠵᠠᠷ ᠬᠥᠳᠡᠯᠦᠯᠲᠡ ᠨᠦᠭᠦᠳ ᠡᠭᠦᠨ ᠦ ᠢᠯᠡᠷᠡᠯ ᠶᠤᠮ᠃ ᠲᠤᠨᠢᠰ ᠠᠴᠠ ᠰᠢᠼᠢᠯᠢ ᠠᠷᠠᠯ ᠬᠦᠷᠲᠡᠯ᠎ᠡ ᠲᠡᠩᠭᠢᠰ ᠦᠨ ᠢᠷᠤᠭᠠᠭᠠᠯ ᠤᠨ ᠲᠠᠪᠴᠠᠩ ᠳᠤ ᠤᠰᠤᠨ ᠳᠣᠣᠷᠠᠬᠢ ᠨᠢᠷᠤᠭᠤ ᠡᠭᠦᠰᠴᠢ ᠪᠠᠶᠢᠭ᠎ᠠ ᠪᠥᠭᠡᠳ ᠡᠨᠡ ᠨᠢ ᠠᠶᠠᠨᠳᠠᠭᠠᠨ ᠭᠠᠵᠠᠷ ᠤᠨ ᠳᠤᠮᠳᠠᠳᠤ ᠲᠡᠩᠭᠢᠰ ᠢ ᠪᠠᠷᠠᠭᠤᠨ᠂ ᠵᠡᠭᠦᠨ ᠬᠡᠰᠡᠭ ᠲᠦ ᠬᠤᠪᠢᠶᠠᠬᠤ ᠲᠥᠯᠥᠪᠲᠡᠢ ᠪᠠᠶᠢᠨ᠎ᠠ᠃ ᠭᠠᠳᠠᠭᠰᠢ ᠵᠠᠳᠠᠭᠠᠢ ᠳᠠᠯᠠᠢ ᠳᠤ ᠬᠣᠯᠪᠣᠭᠳᠠᠵᠤ ᠪᠠᠶᠢᠭ᠎ᠠ ᠭᠢᠪᠷᠠᠯᠲᠠᠷ ᠤᠨ ᠨᠠᠷᠢᠨ ᠬᠣᠭᠣᠯᠠᠢ ᠨᠢ ᠬᠠᠩᠭᠠᠯᠲᠠᠲᠠᠢ ᠬᠡᠮᠵᠢᠶᠡᠨ ᠦ ᠤᠰᠤᠨ ᠤ ᠰᠣᠯᠢᠯᠴᠠᠭ᠎ᠠ ᠶᠢ ᠬᠢᠵᠦ ᠴᠢᠳᠠᠬᠤ ᠦᠭᠡᠢ ᠪᠠᠶᠢᠭ᠎ᠠ ᠲᠤᠯᠠ ᠭᠠᠵᠠᠷ ᠤᠨ ᠳᠤᠮᠳᠠᠳᠤ ᠲᠡᠩᠭᠢᠰ ᠨᠢ ᠠᠲ᠋ᠯᠠᠨᠲ ᠤᠨ ᠳᠠᠯᠠᠢ ᠠᠴᠠ ᠢᠯᠡᠭᠦᠦ ᠱᠣᠷᠪᠣᠭ᠂ ᠳᠠᠪᠤᠰᠤᠷᠬᠠᠭ ᠪᠣᠯᠤᠭᠰᠠᠨ ᠪᠠᠶᠢᠳᠠᠭ᠃

ᠲᠤᠰ ᠲᠡᠩᠭᠢᠰ ᠲᠦ ᠮᠠᠯᠦᠲ᠋ᠠᠰᠢᠼᠢᠯᠢ ᠠᠷᠠᠯ ᠤᠳ ᠳᠠᠯᠠᠢ ᠶᠢᠨ ᠲᠡᠭᠡᠭᠡᠪᠦᠷᠢᠯᠡᠯᠲᠡ ᠳᠦ ᠴᠢᠬᠤᠯᠠ ᠠᠴᠢ ᠬᠣᠯᠪᠣᠭᠳᠠᠯ ᠲᠠᠢ ᠪᠠᠶᠢᠷᠢᠯᠠᠭᠰᠠᠨ ᠪᠠᠶᠢᠳᠠᠭ᠃ ᠮᠥᠨ ᠪᠠᠯᠧᠷᠢᠺ /ᠢᠰᠫᠠᠨᠢ/, ᠺᠣᠷᠰᠢᠺ /ᠹᠷᠠᠨᠼᠢ/, ᠰᠠᠷᠳᠢᠨᠢ /ᠢᠲ᠋ᠠᠯᠢ/, ᠺᠠᠫᠷᠤᠰᠢᠶᠤᠨᠺᠢᠺᠯᠠᠳ᠋ᠧᠰᠳᠤᠳ᠋ᠧᠺᠡᠨᠧᠰ ᠪᠣᠯᠤᠨ ᠡᠭᠧᠢᠨ ᠠᠷᠠᠯ ᠤᠳ /ᠭᠷᠧᠺ/ ᠨᠡᠯᠢᠶᠡᠳ ᠴᠢᠬᠤᠯᠠ ᠠᠴᠢ ᠬᠣᠯᠪᠣᠭᠳᠠᠯ ᠲᠠᠢ ᠪᠠᠶᠢᠨ᠎ᠠ᠃

ᠭᠠᠵᠠᠷ ᠤᠨ ᠳᠤᠮᠳᠠᠳᠤ ᠲᠡᠩᠭᠢᠰ ᠦᠨ ᠳᠣᠲᠣᠷ᠎ᠠ ᠲᠢᠷᠷᠧᠨ ᠦ ᠲᠡᠩᠭᠢᠰ (ᠪᠠᠷᠠᠭᠤᠨ ᠢᠲ᠋ᠠᠯᠢ ᠣᠷᠴᠢᠮ ᠳᠤ), ᠠᠳᠠᠷᠢᠶᠠᠲᠤ ᠶᠢᠨ ᠲᠡᠩᠭᠢᠰ (ᠢᠲ᠋ᠠᠯᠢ ᠪᠣᠯᠤᠨ ᠪᠠᠯᠺᠠᠨ ᠤ ᠬᠣᠶᠢᠭᠡᠶᠢᠨ ᠬᠣᠭᠣᠷᠣᠨᠳᠣ ᠤᠷᠤᠰᠢᠬᠤ), ᠡᠭᠧᠢ ᠶᠢᠨ ᠪᠣᠯᠤᠨ ᠢᠶᠤᠨ ᠤ ᠲᠡᠩᠭᠢᠰ (ᠭᠷᠧᠺ) ᠣᠷᠣᠰᠢᠨ ᠪᠠᠶᠢᠳᠠᠭ᠃ ᠲᠤᠰ ᠲᠡᠩᠭᠢᠰ ᠲᠦ ᠪᠠᠷᠰᠧᠯᠠᠨᠮᠠᠷᠰᠧᠯᠭᠧᠨᠤᠶᠠᠲᠷᠶᠧᠰᠲᠬᠠᠶᠢᠹᠠ ᠭᠡᠬᠦ ᠮᠡᠲᠦ ᠣᠯᠠᠨ ᠴᠢᠬᠤᠯᠠ ᠪᠣᠭᠣᠮᠲᠠ ᠨᠤᠭᠤᠳ ᠪᠠᠶᠢᠳᠠᠭ ᠪᠠ ᠡᠪᠷᠣᠷᠡᠢ ᠶᠢᠨᠫᠣᠨᠢᠯ ᠵᠡᠷᠭᠡ ᠲᠣᠮᠣᠬᠠᠨ ᠮᠥᠷᠡᠨ ᠨᠦᠭᠦᠳ ᠴᠢᠳᠬᠤᠳᠠᠭ᠃

ᠭᠣᠣᠯ ᠠᠷᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ