ᠭᠠᠯᠲᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠭᠠᠯᠲᠤ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠭᠠᠯ ᠳᠤ
3,600 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
5,328 ᠬᠦᠮᠦᠨ ᠣᠷᠣᠰᠢᠨ ᠰᠠᠭᠤᠳᠠᠭ
183,000 ᠲᠣᠯᠣᠭᠠᠢ ᠮᠠᠯ ᠲᠠᠢ
ᠲᠠᠪᠤᠨ ᠪᠠᠭ ᠨᠦᠬᠡᠲᠦ᠂ ᠵᠢᠷᠦᠬᠡ᠂ ᠬᠤᠵᠢᠷᠲᠤ᠂ ᠷᠠᠰᠢᠶᠠᠨ ᠳᠤ᠂ ᠭᠠᠯ ᠳᠤ
1931 ᠣᠨ ᠳᠤ ᠢᠳᠡᠷ ᠰᠤᠮᠤ ᠪᠠᠶᠢᠭᠤᠯᠤᠭᠳᠠᠭᠰᠠᠨ᠃
1959 ᠣᠨ ᠳᠤ ᠭᠠᠯᠲᠤ ᠨᠡᠷ᠎ᠡ ᠪᠡᠷ ᠪᠠᠶᠢᠭᠤᠯᠤᠭᠳᠠᠭᠰᠠᠨ᠃
ᠡᠷᠭᠢᠨ ᠲᠣᠭᠣᠷᠢᠨ ᠳᠤ ᠪᠠᠨ ᠬᠥᠪᠰᠥᠭᠥᠯ ᠦᠨ ᠵᠢᠷᠭᠠᠯᠠᠩᠲᠤᠰᠢᠨ᠎ᠡ-ᠢᠳᠡᠷᠲᠡᠮᠦᠷᠪᠤᠯᠠᠭ᠂ ᠠᠷᠤᠬᠠᠩᠭᠠᠢ ᠶᠢᠨ ᠴᠡᠴᠡᠷᠯᠢᠭᠵᠢᠷᠭᠠᠯᠠᠩᠲᠤᠲᠠᠷᠢᠶᠠᠲᠤ ᠭᠡᠰᠡᠨ ᠵᠢᠷᠭᠤᠭᠠᠨ ᠰᠤᠮᠤ ᠲᠠᠢ ᠬᠠᠶᠠᠭ᠎ᠠ ᠵᠠᠯᠭᠠᠳᠠᠭ᠃

ᠭᠠᠯᠲᠤ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ ᠨᠡᠶᠢᠲᠡ 3,600 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠃ 2000 ᠣᠨ ᠤ ᠪᠠᠶᠢᠳᠠᠯ ᠢᠶᠠᠷ ᠬᠦᠮᠦᠨ ᠠᠮᠠ ᠨᠢ 5328 ᠪᠠᠶᠢᠪᠠ᠃ ᠰᠤᠮᠤ ᠶᠢᠨ ᠲᠥᠪ ᠢᠳᠡᠷ ᠨᠢ ᠠᠶᠢᠮᠠᠭ ᠤᠨ ᠲᠥᠪ ᠮᠥᠷᠡᠨ ᠶᠢ ᠡᠴᠡ ᠡᠮᠦᠨ᠎ᠡ ᠵᠦᠭ ᠲᠤ 168 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷ ᠠᠴᠠ 837 ᠺᠢᠯᠣᠮᠧᠲ᠋ᠷ ᠵᠠᠢ ᠳᠤ ᠣᠷᠣᠰᠢᠨ᠎ᠠ᠃ ᠰᠤᠮᠤ ᠶᠢᠨ ᠲᠥᠪ ᠡᠴᠡ ᠡᠮᠦᠨ᠎ᠡ ᠵᠦᠭ ᠲᠤ 25 ᠺᠢᠯᠣᠮᠧᠲ᠋ᠷ ᠵᠠᠢ ᠳᠤ ᠰᠠᠯᠪᠤᠷᠢᠲᠤ ᠶᠢᠨ ᠷᠠᠰᠢᠶᠠᠨ ᠬᠡᠮᠡᠬᠦ ᠬᠠᠯᠠᠭᠤᠨ ᠷᠠᠰᠢᠶᠠᠨ ᠪᠠᠶᠢᠳᠠᠭ᠃ ᠣᠳᠣ ᠶᠢᠨ ᠵᠠᠰᠠᠭ ᠳᠠᠷᠤᠭ᠎ᠠ ᠳ᠃ᠡᠷᠳᠡᠨᠢᠬᠤᠶᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠯᠲᠤ ᠰᠤᠮᠤ ᠨᠢ ᠠᠩᠬ᠎ᠠ ᠠᠷᠤᠬᠠᠩᠭᠠᠢ ᠠᠶᠢᠮᠠᠭ ᠤᠨ ᠢᠳᠡᠷ ᠰᠤᠮᠤ ᠨᠡᠷ᠎ᠡ ᠲᠡᠢ ᠪᠡᠷ 1931 ᠣᠨ ᠳᠤ ᠪᠠᠶᠢᠭᠤᠯᠤᠭᠳᠠᠭᠰᠠᠨ᠃ 1933 ᠣᠨ ᠤ ᠪᠠᠶᠢᠳᠠᠯ ᠢᠶᠠᠷ 687 ᠡᠷᠦᠬᠡ ᠶᠢᠨ 2,500 ᠣᠷᠣᠰᠢᠨ ᠰᠠᠭᠤᠭᠴᠢ᠂ 72,000 ᠣᠷᠴᠢᠮ ᠲᠣᠯᠣᠭᠠᠢ ᠮᠠᠯ ᠲᠠᠢ ᠪᠠᠶᠢᠪᠠ᠃ 1942 ᠣᠨ ᠳᠤ ᠬᠥᠪᠰᠥᠭᠥᠯ ᠠᠶᠢᠮᠠᠭ ᠤᠨ ᠬᠠᠷᠢᠶᠠᠨ ᠳᠤ ᠰᠢᠯᠵᠢᠭᠡᠳ᠂ 1956 ᠣᠨ ᠳᠤ ᠴᠢᠨᠳᠠᠮᠠᠨᠢ ᠰᠤᠮᠤ ᠶᠢᠨ ᠪᠦᠷᠢᠯᠳᠦᠬᠦᠨ ᠳᠦ ᠣᠷᠣᠭᠰᠠᠨ ᠪᠠᠶᠢᠨ᠎ᠠ᠃ 1959 ᠣᠨ ᠳᠤ ᠣᠳᠣ ᠶᠢᠨ ᠢᠶᠠᠨ ᠨᠡᠷ᠎ᠡ ᠪᠡᠷ ᠳᠠᠬᠢᠨ ᠪᠠᠶᠢᠭᠤᠯᠤᠭᠳᠠᠵᠠᠢ᠃ 1963 ᠣᠨ ᠳᠤ ᠵᠢᠷᠦᠬᠡ ᠰᠤᠮᠤ ᠲᠠᠲᠠᠨ ᠪᠠᠭᠤᠭᠳᠠᠵᠤ᠂ ᠭᠠᠯᠲᠤ ᠰᠤᠮᠤᠨ ᠳᠤ ᠨᠢᠭᠡᠳᠦᠭᠰᠡᠨ᠃ 1956 - 1990 ᠣᠨ ᠳᠤ 《ᠢᠳᠡᠷ ᠦᠨ ᠤᠨᠳᠤᠷᠤᠭ᠎ᠠ》 ᠨᠢᠭᠡᠳᠦᠯ ᠲᠤᠰ ᠰᠤᠮᠤᠨ ᠳᠤ ᠠᠵᠢᠯᠯᠠᠵᠤ ᠪᠠᠶᠢᠪᠠ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ ᠪᠠᠶᠢᠳᠠᠯ ᠢᠶᠠᠷ 183,000 ᠣᠷᠴᠢᠮ ᠲᠣᠯᠣᠭᠠᠢ ᠮᠠᠯ ᠲᠣᠭᠠᠯᠠᠭᠳᠠᠵᠠᠢ᠃ ᠡᠭᠦᠨ ᠳᠦ 83,000 ᠬᠣᠨᠢ᠂ 78,000 ᠢᠮᠠᠭ᠎ᠠ᠂ 10,000 ᠦᠬᠡᠷ ᠪᠣᠯᠤᠨ ᠰᠠᠷᠯᠤᠭ᠂ 11,000 ᠠᠳᠤᠭᠤ᠂ 64 ᠲᠡᠮᠡᠭᠡᠲᠡᠢ[1]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃45

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠲ᠋ᠠᠲ᠋ᠢᠰᠲ᠋ᠢᠭ ᠤᠨ ᠲᠥᠪ ᠭᠠᠵᠠᠷ: 2004 ᠣᠨ ᠤ ᠮᠠᠯ ᠲᠣᠭᠠᠯᠠᠯᠭ᠎ᠠ᠂ ᠬ᠃111

ᠪᠢᠴᠢᠭᠡᠰᠦ