ᠭᠠᠯᠲᠤ ᠠᠭᠤᠯᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

Volcano scheme.svg

ᠭᠠᠯᠲᠤ ᠠᠭᠤᠯᠠ:
1. ᠮᠠᠭᠮᠠ
2. ᠬᠤᠴᠢᠶᠠᠰᠤ ᠴᠢᠯᠠᠭᠤᠯᠢᠭ
3. ᠴᠣᠷᠭᠣ
4. ᠬᠣᠷᠮᠣᠢ
5. ᠰᠢᠯ
6. ᠰᠠᠯᠪᠤᠷᠢᠯᠠᠭᠰᠠᠨ ᠴᠣᠷᠭᠣ
7. ᠭᠠᠯᠲᠤ ᠠᠭᠤᠯᠠ ᠶᠢᠨ ᠦᠨᠡᠰᠦᠨ ᠡᠴᠡ ᠡᠭᠦᠰᠦᠭᠰᠡᠨ ᠳᠠᠪᠬᠤᠷᠭ᠎ᠠ ᠨᠤᠭᠤᠳ
8. ᠬᠠᠵᠠᠭᠤ
9. ᠭᠠᠯᠲᠤ ᠠᠭᠤᠯᠠ ᠶᠢᠨ ᠯᠠᠸᠠ ᠠᠴᠠ ᠡᠭᠦᠰᠦᠭᠰᠡᠨ ᠳᠠᠪᠬᠤᠷᠭ᠎ᠠ ᠨᠤᠭᠤᠳ
10. ᠬᠣᠭᠣᠯᠠᠢ
11. ᠫᠠᠷᠠᠽᠢᠲ ᠲᠣᠭᠣᠭ᠎ᠠ
12. ᠬᠠᠯᠠᠭᠤᠨ ᠯᠠᠸᠠ ᠶᠢᠨ ᠤᠷᠤᠰᠬᠠᠯ
13. ᠬᠠᠪᠬᠠᠯᠠᠭ᠎ᠠ
14. ᠲᠣᠭᠣᠭ᠎ᠠ
15. ᠦᠨᠡᠰᠦ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠭᠠᠯᠲᠤ ᠠᠭᠤᠯᠠ ᠶᠢᠨ ᠣᠷᠣᠢ ᠳᠡᠭᠡᠷ᠎ᠡ ᠲᠣᠭ ᠢᠶᠠᠨ ᠪᠠᠶᠢᠬᠤ ᠪᠥᠭᠡᠳ ᠲᠡᠭᠦᠪᠡᠷ ᠭᠠᠵᠠᠷ ᠤᠨ ᠭᠦᠨ ᠡᠴᠡ ᠬᠠᠯᠠᠭᠤᠨ ᠯᠠᠪᠠ (ᠮᠠᠭᠮᠠ ᠪᠤᠶᠤ ᠬᠠᠶᠢᠯᠤᠮᠠᠯ ᠴᠢᠯᠠᠭᠤ) ᠭᠠᠵᠠᠷ ᠤᠨ ᠭᠠᠳᠠᠷᠭᠤ ᠳᠤ ᠭᠠᠷᠤᠨ᠎ᠠ᠃ ᠭᠠᠯᠳᠤ ᠠᠭᠤᠯᠠ ᠨᠤᠭᠤᠳ ᠨᠢ ᠶᠡᠬᠡᠪᠴᠢᠯᠡᠨ ᠲᠧᠺᠲ᠋ᠣᠨᠢᠺ ᠤᠨ ᠫᠯᠢᠲ ᠦᠳ ᠦᠨ ᠣᠶᠢᠷᠠᠳᠬᠤ ᠪᠠ ᠬᠣᠯᠠᠳᠠᠬᠤ ᠵᠠᠭᠠᠭ᠂ ᠡᠬᠡ ᠭᠠᠵᠠᠷ ᠤᠨ ᠷᠢᠹᠲ ᠦᠨ ᠪᠥᠰᠡ ᠨᠦᠭᠦᠳ ᠲᠦ ᠡᠭᠦᠰᠦᠨ᠎ᠡ᠃

ᠭᠠᠯᠲᠤ ᠠᠭᠤᠯᠠ ᠶᠢᠨ ᠳᠡᠯᠪᠡᠷᠡᠯᠲᠡ ᠨᠢ ᠨᠢᠭᠡᠨ ᠲᠥᠷᠥᠯ ᠦᠨ ᠪᠠᠶᠢᠭᠠᠯᠢ ᠶᠢᠨ ᠭᠠᠮᠰᠢᠭ ᠲᠤ ᠲᠣᠭᠠᠴᠠᠭᠳᠠᠬᠤ ᠪᠠ ᠳᠣᠣᠷᠠᠬᠢ ᠪᠠᠶᠢᠳᠠᠯ ᠢᠶᠠᠷ ᠪᠠᠶᠢᠭᠠᠯᠢ ᠪᠠ ᠬᠦᠮᠦᠨ  ᠳᠤ ᠰᠥᠭᠡᠷᠭᠦ ᠨᠥᠯᠥᠭᠡ ᠦᠵᠡᠭᠦᠯᠦᠨ᠎ᠡ᠃

ᠭᠠᠯᠲᠤ ᠠᠭᠤᠯᠠ ᠶᠢᠨ ᠳᠡᠯᠪᠡᠷᠡᠯᠲᠡ ᠪᠡᠷ ᠬᠠᠯᠠᠭᠤᠨ ᠯᠠᠸᠠ ᠠᠴᠠ ᠭᠠᠳᠠᠨ᠎ᠠ ᠤᠰᠤᠨ ᠤ ᠠᠭᠤᠷ (H2O), ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ (CO2), ᠬᠦᠬᠦᠷ ᠦᠨ ᠳᠠᠪᠬᠤᠷ ᠢᠰᠦᠯ (SO2), ᠾᠯᠣᠷᠲᠤ ᠤᠰᠤᠲᠥᠶᠢᠷᠦᠭᠴᠢ (HCl), ᠹᠲ᠋ᠣᠷᠲᠤ ᠤᠰᠤᠲᠥᠶᠢᠷᠦᠭᠴᠢ (HF), ᠦᠨᠡᠰᠦ ᠶᠡᠬᠡ ᠬᠡᠮᠵᠢᠶ᠎ᠡ ᠪᠡᠷ ᠠᠭᠠᠷ ᠮᠠᠨᠳᠠᠯ ᠤᠷᠤᠭᠤ (ᠶᠡᠬᠡᠪᠴᠢᠯᠡᠨ ᠰᠲᠷᠠᠲ᠋ᠣᠰᠹᠧᠷᠢ ᠤᠷᠤᠭᠤ᠂ 16-32 ᠺᠢᠯᠣᠮᠧᠲ᠋ᠷ ᠬᠦᠷᠲᠡᠯ᠎ᠡ ᠥᠨᠳᠥᠷ ᠲᠦ) ᠴᠠᠴᠤᠭᠳᠠᠨ᠎ᠠ᠃ ᠡᠳᠡᠭᠡᠷ ᠡᠴᠡ ᠬᠠᠮᠤᠭ ᠤᠨ ᠮᠠᠭᠤ ᠨᠥᠯᠥᠭᠡ ᠲᠡᠢ ᠨᠢ ᠬᠦᠬᠦᠷ ᠦᠨ ᠳᠠᠪᠬᠤᠷ ᠢᠰᠦᠯ ᠪᠥᠭᠡᠳ᠂ ᠤᠭ ᠢᠰᠦᠯ ᠠᠭᠠᠷ ᠲᠤ ᠬᠦᠬᠦᠷ ᠦᠨ ᠬᠦᠴᠢᠯ (H2SO4), ᠤᠯᠠᠮ ᠢᠶᠠᠷ ᠮᠠᠰᠢ ᠵᠢᠵᠢᠭ ᠰᠢᠷᠬᠡᠭ ᠲᠡᠢ ᠰᠦᠯᠢᠹᠠᠲ ᠲᠣᠭᠣᠰᠣᠨᠴᠢᠷ ᠪᠣᠯᠤᠨ ᠬᠤᠪᠢᠷᠠᠨ᠎ᠠ᠃ ᠤᠭ ᠲᠣᠭᠣᠰᠣᠨᠴᠢᠷ ᠨᠢ ᠨᠠᠷᠠᠨ ᠠᠴᠠ ᠢᠷᠡᠬᠦ ᠳᠤᠯᠠᠭᠠᠨ ᠤ ᠡᠨᠧᠷᠭᠢ ᠶᠢ ᠪᠤᠴᠠᠭᠠᠨ ᠤᠶᠢᠯᠠᠭᠠᠬᠤ ᠪᠠ ᠲᠣᠮᠣᠬᠠᠨ ᠬᠡᠮᠵᠢᠶᠡᠨ ᠦ ᠭᠠᠯᠲᠤ ᠠᠭᠤᠯᠠ ᠶᠢᠨ ᠳᠡᠯᠪᠡᠷᠡᠯ ᠦᠨ ᠳᠠᠷᠠᠭ᠎ᠠ (1-3 ᠵᠢᠯ ᠦᠨ ᠲᠤᠷᠰᠢ) ᠠᠭᠠᠷ ᠤᠨ ᠳᠤᠮᠳᠠᠴᠢ ᠲᠣᠯᠠᠭᠠᠨ ᠤ ᠬᠡᠮᠵᠢᠶ᠎ᠡ ᠪᠠᠭᠠᠰᠳᠠᠭ (ᠬᠦᠢᠲᠡᠷᠡᠳᠡᠭ) ᠪᠠᠶᠢᠨ᠎ᠠ᠃ ᠡᠭᠦᠨ ᠡᠴᠡ ᠭᠠᠳᠠᠨ᠎ᠠ ᠰᠦᠯᠢᠹᠠᠲ ᠤᠨ ᠲᠣᠭᠣᠰᠣᠨᠴᠢᠷ ᠨᠢ ᠰᠲᠷᠠᠲ᠋ᠣᠰᠹᠧᠷᠢ ᠳ᠋ᠡᠬᠢ ᠾᠯᠣᠷᠠᠽᠣᠲ ᠤᠨ ᠬᠢᠮᠢ ᠶᠢᠨ ᠰᠢᠨᠵᠢ ᠴᠢᠨᠠᠷ ᠢ ᠥᠭᠡᠷᠡᠴᠢᠯᠡᠨ᠂ ᠾᠯᠣᠷ ᠤᠨ ᠢᠰᠦᠯ (ClO) ᠡᠭᠦᠰᠭᠡᠬᠦ ᠪᠠ ᠤᠭ ᠢᠰᠦᠯ ᠨᠢ ᠣᠽᠣᠨ ᠢ (O3) ᠤᠰᠠᠳᠬᠠᠨ᠎ᠠ᠃ ᠾᠯᠣᠷᠲᠤ ᠤᠰᠤᠲᠥᠶᠢᠷᠦᠭᠴᠢ (HCl), ᠹᠲ᠋ᠣᠷ ᠲᠤ ᠤᠰᠤᠲᠥᠶᠢᠷᠦᠭᠴᠢ (HF) ᠨᠢ ᠪᠣᠷᠣᠭᠠᠨ ᠤ ᠳᠤᠰᠤᠯ ᠤᠳ ᠲᠤ ᠤᠤᠭᠤᠭᠰᠠᠨ᠂ ᠪᠣᠭᠣᠨᠢ ᠬᠤᠭᠤᠴᠠᠭᠠᠨ ᠳᠤ ᠬᠦᠴᠢᠯᠯᠢᠭ ᠪᠣᠷᠣᠭ᠎ᠠ ᠪᠣᠯᠤᠨ᠎ᠠ᠃ ᠠᠭᠠᠷ ᠲᠤ ᠴᠠᠴᠤᠭᠳᠠᠭᠰᠠᠨ ᠦᠨᠡᠰᠦ ᠨᠢ ᠬᠡᠳᠦᠨ ᠡᠳᠦᠷ᠂ ᠡᠰᠡᠪᠡᠯ ᠬᠡᠳᠦᠨ ᠳᠣᠯᠣᠭ᠎ᠠ ᠬᠣᠨᠣᠭ ᠤᠨ ᠳᠣᠲᠣᠷ᠎ᠠ ᠠᠭᠠᠷ ᠮᠠᠨᠳᠠᠯ ᠠᠴᠠ ᠭᠠᠵᠠᠷ ᠤᠨ ᠭᠠᠳᠠᠷᠭᠤ ᠤᠷᠤᠭᠤ ᠪᠠᠭᠤᠨ᠎ᠠ᠃ ᠭᠠᠯᠲᠤ ᠠᠭᠤᠯᠠ ᠶᠢᠨ ᠳᠡᠯᠪᠡᠷᠡᠯᠲᠡ ᠪᠡᠷ ᠶᠡᠬᠡ ᠬᠡᠮᠵᠢᠶᠡᠨ ᠦ ᠬᠦᠯᠡᠮᠵᠢ ᠶᠢᠨ ᠬᠡᠢ - ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠢᠯᠭᠠᠷᠠᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠪᠢᠴᠢᠭᠡᠰᠦ