ᠭᠠᠨᠳᠠᠩᠳᠦᠭᠴᠢᠩᠯᠢᠩ ᠬᠡᠶᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠠᠨᠳᠠᠩᠳᠦᠭᠴᠢᠩᠯᠢᠩ ᠬᠡᠶᠢᠳ

ᠭᠠᠨᠳᠠᠩᠳᠦᠭᠴᠢᠩᠯᠢᠩ ᠬᠡᠶᠢᠳ ᠦᠨ
ᠮᠡᠭᠡᠵᠢ ᠳᠦ ᠵᠠᠨᠷᠠᠶᠢᠰᠢᠭ ᠤᠨ ᠰᠦᠮ᠎ᠡ
ᠲᠣᠪᠴᠢ ᠮᠡᠳᠡᠭᠡᠯᠡᠯ
ᠪᠠᠶᠢᠷᠢᠯᠠᠯ ᠮᠣᠩᠭᠣᠯ ᠤᠯᠤᠰ ᠤᠨ ᠤᠯᠠᠭᠠᠨᠪᠠᠭᠠᠲᠤᠷ ᠬᠣᠲᠠ
ᠪᠠᠶᠢᠭᠤᠯᠤᠭᠰᠠᠨ ᠨᠢ ᠶᠦᠩᠴᠵᠢᠨ
ᠪᠠᠶᠢᠭᠤᠯᠤᠭᠳᠠᠭᠰᠠᠨ 1727 ᠣᠨ
ᠰᠡᠷᠭᠦᠭᠡᠭᠳᠡᠭᠰᠡᠨ 1944, 1994 ᠣᠨ ᠨᠤᠭᠤᠳ
ᠬᠥᠯᠭᠡᠨ ᠶᠡᠬᠡ ᠬᠥᠯᠭᠡᠨ
(ᠣᠴᠢᠷ ᠲᠤ ᠬᠥᠯᠭᠡᠨ)
ᠶᠣᠰᠣ᠂ ᠤᠷᠤᠰᠬᠠᠯ ᠪᠤᠶᠠᠨ ᠤ ᠶᠣᠰᠣ
ᠬᠠᠩᠪᠤ ᠯᠠᠮᠠ ᠴᠣᠶᠢᠵᠠᠮᠰᠤ
ᠯᠠᠮᠠ ᠬᠤᠸᠠᠷᠠᠭ ᠤᠨ ᠲᠣᠭ᠎ᠠ 150 +
1972 ᠣᠨ ᠤ ᠭᠡᠷᠡᠯ ᠵᠢᠷᠤᠭ

ᠭᠠᠨᠳᠠᠩᠳᠦᠭᠴᠢᠨᠡᠯᠦᠨ ᠬᠡᠶᠢᠳ, ᠬᠤᠷᠢᠶᠠᠩᠭᠤᠶᠢᠯᠠᠭᠰᠠᠨ ᠢᠶᠠᠷ ᠭᠠᠩᠳᠠᠨ ᠨᠢ ᠤᠯᠠᠭᠠᠨᠪᠠᠭᠠᠲᠤᠷ ᠬᠣᠳᠠ ᠳᠤ ᠪᠠᠶᠢᠬᠤ ᠮᠣᠩᠭᠣᠯ ᠤᠯᠤᠰ ᠤᠨ ᠪᠤᠷᠬᠠᠨ ᠤ ᠱᠠᠰᠢᠨ ᠤ ᠲᠥᠪ ᠬᠡᠶᠢᠳ ᠶᠤᠮ᠃

ᠨᠡᠷᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠨᠳᠠᠩᠳᠦᠭᠴᠢᠩᠯᠢᠩ ᠭᠡᠳᠡᠭ ᠨᠢ 《ᠲᠡᠭᠦᠰ ᠪᠠᠶᠠᠰᠬᠤᠯᠠᠩᠲᠤ ᠶᠡᠬᠡ ᠬᠦᠯᠢᠭᠡᠨ》 ᠭᠡᠰᠡᠨ ᠤᠳᠬ᠎ᠠ ᠲᠠᠢ᠃ ᠮᠥᠨ ᠪᠠᠷᠠᠭᠤᠨ ᠬᠦᠷᠢᠶ᠎ᠡ ᠬᠡᠮᠡᠨ ᠨᠡᠷᠡᠯᠡᠭᠳᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠬᠦᠷᠢᠶ᠎ᠡ ᠨᠢ 1809 ᠣᠨ ᠳᠤ ᠳᠠᠯᠬ᠎ᠠ ᠶᠢᠨ ᠳᠡᠨᠵᠢ ᠭᠡᠬᠦ ᠭᠠᠵᠠᠷ ᠲᠤ ᠰᠢᠷ᠎ᠠ ᠰᠦᠮ᠎ᠡ ᠨᠡᠷ᠎ᠡ ᠲᠡᠢ ᠪᠡᠷ ᠠᠩᠬ᠎ᠠ ᠰᠠᠭᠤᠷᠢ ᠲᠠᠯᠪᠢᠭᠳᠠᠵᠤ᠂ 1838 ᠣᠨ ᠳᠤ[1] ᠲᠠᠪᠤᠳᠤᠭᠠᠷ ᠪᠣᠭᠳᠠ ᠵᠪᠡᠵᠦᠨᠳᠠᠮᠪᠠ ᠬᠤᠲᠤᠭᠲᠤ ᠍ ᠤᠨ ᠵᠠᠷᠯᠢᠭ ᠢᠶᠠᠷ[2]᠃ ᠶᠡᠬᠡ ᠬᠣᠲᠠ ᠮᠠᠨᠳᠤᠯ ᠤᠨ ᠰᠦᠮ᠎ᠡ[3] ᠪᠠᠶᠢᠭᠤᠯᠤᠭᠳᠠᠭᠰᠠᠨ ᠨᠢ ᠥᠨᠥ ᠶᠢᠨ ᠭᠠᠨᠳᠠᠩᠳᠦᠭᠴᠢᠩᠯᠢᠩ ᠬᠡᠶᠢᠳ ᠶᠤᠮ᠃ ᠪᠣᠭᠳᠠ ᠬᠠᠭᠠᠨ ᠪᠤᠶᠤ ᠨᠠᠶᠢᠮᠠᠳᠤᠭᠠᠷ ᠪᠣᠭᠳᠠ ᠵᠪᠡᠵᠦᠨᠳᠠᠮᠪᠠ ᠬᠤᠲᠤᠭᠲᠤ ᠶᠢᠨ ᠰᠠᠨᠠᠭᠠᠴᠢᠯᠠᠭ᠎ᠠ ᠪᠠᠷ 1911 ᠣᠨ ᠳᠤ 80 ᠲᠣᠬᠣᠢ ᠥᠨᠳᠥᠷ ᠲᠡᠢ ᠠᠯᠲᠠᠠᠨ ᠮᠡᠭᠵᠢ ᠳᠦ ᠵᠠᠨᠷᠠᠶᠢᠰᠢᠭ ᠪᠤᠷᠬᠠᠨ ᠢ ᠪᠦᠲᠦᠭᠡᠵᠦ ᠵᠠᠯᠠᠭᠰᠠᠨ ᠪᠠᠶᠢᠨ᠎ᠠ᠃

ᠶᠡᠬᠡ ᠬᠡᠯᠮᠡᠭᠳᠡᠭᠦᠯᠦᠯᠲᠡ ᠶᠢᠨ ᠦᠶ᠎ᠡ ᠪᠡᠷ 1938 ᠣᠨ ᠳᠤ ᠬᠡᠶᠢᠳ ᠢ ᠬᠠᠭᠠᠵᠤ᠂ ᠵᠥᠪᠯᠡᠯᠲᠦ ᠬᠣᠯᠪᠣᠭᠠᠲᠤ ᠤᠯᠤᠰ ᠷᠤ ᠪᠤᠷᠬᠠᠨ ᠢ ᠠᠪᠴᠤ ᠣᠳᠤᠭᠰᠠᠨ ᠶᠤᠮ᠃ 1944 ᠣᠨ ᠳᠤ ᠬᠡᠶᠢᠳ ᠮᠥᠷᠭᠥᠯ ᠦᠨ ᠳᠤᠭᠠᠩ ᠨᠡᠷ᠎ᠡ ᠲᠡᠢ ᠪᠡᠷ ᠳᠠᠬᠢᠨ ᠰᠡᠷᠭᠦᠭᠡᠵᠦ᠂ ᠰᠣᠴᠢᠶᠠᠯᠢᠮ ᠍ ᠤᠨ ᠵᠢᠯ ᠤᠨᠳ ᠲᠤ ᠵᠠᠰᠠᠭ ᠤᠨ ᠭᠠᠵᠠᠷ ᠤᠨ ᠬᠢᠨᠠᠯᠲᠠ ᠳᠣᠣᠷ᠎ᠠ ᠮᠣᠩᠭᠣᠯ ᠳᠠᠬᠢ ᠪᠤᠷᠬᠠᠨ ᠤ ᠱᠠᠰᠢᠨ ᠤ ᠭᠠᠭᠴᠠ ᠭᠣᠯᠣᠮᠲᠠ ᠪᠣᠯᠵᠤ᠂ ᠮᠣᠩᠭᠣᠯ ᠤᠨ ᠪᠤᠷᠬᠠᠨ ᠤ ᠱᠠᠰᠢᠨᠲᠠᠨ ᠤ ᠲᠥᠪ ᠭᠡᠭᠡ ᠳᠦ ᠬᠢ ᠪᠣᠯᠵᠠᠢ᠃

ᠠᠷᠠᠳᠴᠢᠯᠠᠯ ᠳᠤ ᠰᠢᠯᠵᠢᠭᠰᠡᠨ ᠦ ᠳᠠᠷᠠᠭ᠎ᠠ ᠠᠷᠠᠳ ᠲᠦᠮᠡᠨ ᠦ ᠬᠠᠨᠳᠢᠪ ᠢᠶᠠᠷ 1996 ᠣᠨ ᠳᠤ ᠮᠡᠭᠵᠢ ᠳᠦ ᠵᠠᠨᠷᠠᠶᠢᠰᠢᠭ ᠪᠤᠷᠬᠠᠨ ᠢ ᠳᠠᠬᠢᠨ ᠪᠦᠲᠦᠭᠡᠵᠦ ᠵᠠᠯᠠᠭᠰᠠᠨ᠃ ᠣᠳᠣ ᠶᠢᠨ ᠲᠡᠷᠢᠭᠦᠨ ᠬᠠᠩᠪᠤ ᠯᠠᠮᠠ ᠨᠢ ᠳᠡᠮᠪᠡᠷᠢᠯ ᠦᠨ ᠴᠣᠶᠢᠵᠠᠮᠰᠤ.

ᠳ᠋ᠠᠴᠠᠩ᠂ ᠰᠤᠷᠭᠠᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠬᠡᠶᠢᠳ ᠨᠢ ᠣᠳᠣ ᠭᠦᠨ ᠤᠬᠠᠭᠠᠨᠢ (ᠴᠠᠨᠢᠳ ᠤᠨ) ᠳᠠᠰᠴᠣᠶᠢᠮᠫᠡᠯ᠂ ᠭᠤᠩᠭᠠᠴᠣᠶᠢᠯᠢᠨ᠂ ᠢᠳᠡᠭᠴᠤᠸᠠᠵᠢᠩᠯᠢᠩ ᠬᠡᠮᠡᠬᠦ 3 ᠳ᠋ᠠᠴᠠᠩ᠂ ᠪᠤᠷᠬᠠᠨ ᠤ ᠱᠠᠰᠢᠨ ᠤ ᠶᠡᠬᠡ ᠰᠤᠷᠭᠠᠭᠤᠯᠢ᠂ ᠪᠤᠷᠬᠠᠨ ᠤ ᠱᠠᠰᠢᠨ ᠤ ᠤᠷᠠᠯᠠᠬᠤᠢ ᠶᠢᠨ ᠤᠬᠠᠭᠠᠨ ᠤ ᠳᠡᠭᠡᠳᠦ ᠰᠤᠷᠭᠠᠭᠤᠯᠢ᠂ ᠪᠤᠷᠬᠠᠨ ᠤ ᠱᠠᠰᠢᠨ ᠤ ᠳᠤᠮᠳᠠ ᠰᠤᠷᠭᠠᠭᠤᠯᠢ᠂ ᠡᠮᠴᠢ᠂ ᠵᠢᠷᠤᠬᠠᠢ᠂ ᠵᠦᠳ᠂ ᠳᠡᠴᠢᠩᠭᠠᠯᠠᠪᠠ᠂ ᠵᠠᠨᠷᠠᠶᠢᠰᠢᠭ᠂ ᠪᠠᠳᠮ᠎ᠠ ᠶᠣᠭᠣ ᠵᠡᠷᠭᠡ ᠪᠤᠷᠬᠠᠨ ᠤ ᠱᠠᠰᠢᠨ ᠤ ᠡᠷᠳᠡᠮ ᠤᠬᠠᠭᠠᠨ ᠤ ᠰᠤᠷᠭᠠᠭᠤᠯᠢ᠂ ᠳ᠋ᠠᠴᠠᠩᠭ᠎ᠠ ᠨᠤᠭᠤᠳ ᠲᠠᠢ᠃

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠮᠣᠩᠭᠣᠯ ᠤᠨ ᠪᠤᠷᠬᠠᠨ ᠤ ᠱᠠᠰᠢᠨᠲᠠᠨ ᠤ ᠨᠡᠶᠢᠭᠡᠮᠯᠢᠭ ᠦᠨ ᠮᠡᠳᠡᠭᠡᠯᠡᠯ: ᠭᠠᠨᠳᠠᠩᠳᠦᠭᠴᠢᠩᠯᠢᠩ ᠬᠡᠶᠢᠳ
  2. ᠲᠠᠨᠢᠯᠴᠠᠭᠤᠯᠭ᠎ᠠ. ᠭᠠᠩᠳᠠᠨ ᠲᠡᠭᠴᠢᠩᠯᠢᠩ ᠬᠡᠶᠢᠳ. 2009 ᠣᠨ ᠤ 2 ᠰᠠᠷ᠎ᠠ ᠶᠢᠨ 13 ᠍ ᠳᠦ ᠬᠠᠨᠳᠤᠭᠰᠠᠨ᠃
  3. ᠦᠷᠡᠵᠢᠨ ᠱᠠᠳᠤᠳᠦᠪᠯᠢᠩ ᠬᠡᠶᠢᠳ ᠦᠨ ᠮᠡᠳᠡᠭᠡᠯᠡᠯ:ᠭᠠᠨᠳᠠᠩᠳᠦᠭᠴᠢᠩᠯᠢᠩ ᠬᠡᠶᠢᠳ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠩᠳᠠᠨ ᠲᠡᠭᠴᠢᠩᠯᠢᠩ ᠬᠡᠶᠢᠳ (ᠠᠩᠭᠯᠢᠮᠣᠩᠭᠣᠯ ᠬᠡᠯᠡᠡᠭᠡᠷᠡ)

ᠪᠢᠴᠢᠭᠡᠰᠦ