ᠬᠦᠷᠢᠶ᠎ᠡ ᠬᠣᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠦᠷᠢ᠎ᠡ ᠬᠤᠰᠢᠭᠤ
ᠬᠤᠰᠢᠭᠤ
ᠬᠦᠷᠢᠶ᠎ᠡ ᠬᠤᠰᠢᠭᠤ ᠨᠢ ᠲᠦᠩᠯᠢᠶᠤᠤ ᠬᠤᠳᠠ ᠵᠢᠨ ᠪᠠᠷᠠᠭᠤᠨ ᠡᠮᠦᠨ᠎ᠡ ᠬᠡᠰᠡᠭ ᠲᠦ ᠪᠠᠢᠷᠢᠯᠠᠳᠠᠭ
ᠤᠯᠤᠰ ᠤᠷᠤᠨ Flag of the People's Republic of China.svg ᠬᠢᠲᠠᠳ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠲᠦᠩᠯᠢᠶᠣᠣ ᠬᠣᠲᠠ
ᠬᠣᠰᠢᠭᠤ᠂ ᠰᠢᠶᠠᠨ ᠬᠦᠷᠢᠶ᠎ᠡ ᠬᠤᠰᠢᠭᠤ
ᠰᠤᠮᠤ᠂ ᠪᠠᠯᠭᠠᠰᠦ 1.ᠬᠦᠷᠢᠶ᠎ᠡ ᠪᠠᠯᠭᠠᠰᠤ
2.ᠪᠠᠶᠠᠨᠬᠤᠸᠠ ᠪᠠᠯᠭᠠᠰᠦ
3.ᠺᠸᠥ ᠾᠸ ᠽᠢ ᠪᠠᠯᠭᠠᠰᠤ
4.ᠯᠢᠦ ᠵᠢᠶᠠ ᠽᠢ ᠪᠠᠯᠭᠠᠰᠦ
5.ᠡᠯᠡᠰᠤᠨ ᠪᠠᠯᠭᠠᠰᠤ
6.ᠮᠠᠩᠬᠠᠨ ᠰᠤᠮᠤ
7.ᠰᠢᠶᠠᠨ ᠵᠢᠨ ᠰᠤᠮᠤ
8.ᠱᠦᠢ ᠴᠢᠤᠸᠠᠨ ᠰᠢᠶᠠᠩ
ᠭᠠᠵᠠᠷ ᠨᠤᠲᠤᠭ 4744ᠺᠦᠸᠠᠳ᠋ ᠺᠢᠯᠣᠮᠧᠲ᠋ᠷ
ᠬᠦᠮᠦᠨ ᠠᠮᠠ (2010ᠤᠨ) 167020 ᠬᠦᠮᠦᠨ
ᠨᠢᠭᠲᠠᠴᠠ ᠰᠡᠶᠢᠷᠡᠭ 36.17 ᠬᠦᠮᠦᠨ/km²
ᠮᠠᠰᠢᠨ ᠤ ᠳ᠋ᠣᠭᠠᠷ 蒙G

ᠬᠦᠷᠢᠶ᠎ᠡ ᠬᠤᠰᠢᠭᠤ ᠪᠤᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠩᠯᠢᠶᠤᠤ ᠬᠤᠳᠠ ᠶᠢᠨ ᠬᠠᠷᠢᠶ᠎ᠠ ᠬᠤᠰᠢᠭᠤ᠃ ᠲᠤᠰ ᠬᠤᠰᠢᠭᠤ ᠨᠢ ᠲᠦᠩᠯᠢᠶᠤᠤ ᠬᠤᠳᠠ ᠶᠢᠨ ᠪᠠᠷᠠᠭᠤᠨ ᠡᠮᠦᠨ᠎ᠡ ᠬᠡᠰᠡᠭ ᠲᠦ ᠪᠠᠶᠢᠷᠢᠯᠠᠵᠦ᠂ ᠡᠮᠦᠨ᠎ᠠ ᠲᠠᠯ᠎ᠠ ᠪᠠᠷ  ᠶ᠋ᠢᠡᠨ ᠯᠢᠶᠤᠤᠨᠢᠩ ᠮᠤᠵᠢ ᠵᠢᠨ ᠹᠦᠰᠢᠨ ᠬᠤᠲᠠ ᠲᠠᠢ ᠂ ᠪᠠᠷᠠᠭᠤᠨ ᠲᠠᠯ᠎ᠠ ᠪᠡᠷ ᠶ᠋ᠢᠡᠨ ᠨᠠᠢᠮᠠᠨ ᠬᠤᠰᠢᠭᠤ ᠲᠠᠢ᠂ ᠬᠤᠶᠢᠲᠦ ᠲᠠᠯ᠎ᠠ ᠪᠡᠷ  ᠶ᠋ᠢᠡᠨ ᠺᠠᠢᠯᠤ ᠰᠢᠶᠠᠨ ᠲᠠᠢ᠂ ᠵᠡᠭᠦᠨ ᠲᠠᠯ᠎ᠠ ᠪᠡᠷ ᠶ᠋ᠢᠡᠨ ᠬᠣᠷᠴᠢᠨ ᠵᠡᠭᠦᠨ ᠭᠠᠷᠤᠨ ᠬᠤᠶᠢᠳᠦ ᠬᠤᠰᠢᠭᠤ ᠲᠠᠢ ᠬᠦᠷᠰᠢᠯᠡᠵᠦ᠂ ᠵᠡᠭᠦᠨ ᠤᠳᠤᠷᠢᠭ ᠦᠨ121°09′~122°21′᠂ ᠤᠮᠠᠷᠠᠲᠦ ᠦᠷᠭᠡᠷᠢᠭ ᠦᠨ42°21′~43°14′ ᠦᠨ ᠬᠤᠭᠤᠷᠤᠨᠳᠦ  ᠳᠦ ᠪᠠᠶᠢᠷᠢᠰᠢᠵᠦ ᠂ 4744 ᠺᠦᠸᠠᠳ᠋ ᠺᠢᠯᠤᠮᠸᠲ᠋ᠷ ᠨᠤᠲᠤᠭ ᠲᠡᠪᠢᠰᠭᠡᠷ ᠡᠵᠡᠯᠡᠵᠦ ᠪᠤᠢ᠃ ᠬᠦᠷᠢᠶ᠎ᠡ ᠬᠤᠰᠢᠭᠤ ᠨᠢ ᠮᠤᠩᠭᠤᠯ᠂ᠮᠠᠨᠵᠦ᠂ ᠬᠢᠳᠠᠳ᠂ ᠬᠤᠳᠤᠩ ᠵᠡᠷᠭᠡ ᠠᠷᠪᠠᠨ ᠨᠢᠭᠡᠨ ᠦᠨᠳᠦᠰᠦᠲᠡᠨ ᠪᠡᠷ ᠪᠦᠷᠢᠯᠳᠦᠭᠰᠡᠨ᠂ ᠨᠡᠶᠢᠲᠡ167020(ᠲᠦᠩᠯᠢᠶᠤᠤ ᠬᠤᠳᠠ ᠶᠢᠨ 2010 ᠤᠨ ᠦ ᠵᠢᠷᠭᠤᠳᠤᠭᠠᠷ ᠬᠤᠭᠤᠴᠠᠭᠠᠨ ᠦ ᠬᠦᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠳ᠋ᠠᠢᠲ᠋ᠠ ) ᠬᠦᠮᠦᠨ ᠠᠮᠠ ᠲᠠᠢ ᠪᠠᠶᠢᠳᠠᠭ᠃




ᠰᠢᠷᠡᠭᠡᠳᠦ ᠬᠦᠷᠢᠶ᠎ᠡ ᠵᠢᠨ ᠵᠠᠰᠠᠭ ᠯᠠᠮᠠ ᠵᠢᠨ ᠬᠤᠰᠢᠭᠤ[ᠵᠠᠰᠠᠪᠤᠷᠢᠯᠠᠬᠤ | ᠺᠣᠳ᠋ ᠢᠶᠠᠷ ᠵᠠᠰᠠᠬᠣ]

    ᠰᠢᠷᠡᠭᠡᠳ᠋ᠣ ᠬᠦᠷᠢᠶ᠎ᠠ ᠶᠢᠨ ᠵᠠᠰᠠᠭ ᠯᠠᠮᠠ ᠶᠢᠨ ᠬᠣᠰᠢᠭᠣ ᠪᠣᠯ ᠦᠪᠣᠷ ᠮᠣᠩᠭ᠋ᠣᠯ ᠤᠨ ᠴᠣᠷᠢ ᠶᠢᠨ ᠭᠠᠬᠴᠠ ᠵᠠᠰᠠᠭ ᠯᠠᠮᠠ ᠶᠢᠨ ᠬᠣᠰᠢᠭᠣ ᠪᠣᠯᠣᠨ᠎ᠠ ᠃ ᠴᠢᠩ ᠣᠯᠣᠰ ᠤᠨ ᠦᠶ᠎ᠠ ᠳᠡᠬᠢ ᠮᠣᠩᠭ᠋ᠣᠯ ᠣᠷᠣᠨ ᠤ ᠲᠣᠯᠣᠭᠠᠨ ᠵᠠᠰᠠᠭ ᠯᠠᠮᠠ ᠶᠢᠨ ᠬᠣᠰᠢᠭᠣ ᠶᠢᠨ ᠨᠢᠬᠡ ᠪᠢᠯᠡ ᠃
    ᠰᠢᠷᠡᠭᠡᠳ᠋ᠣ ᠬᠦᠷᠢᠶ᠎ᠠ ᠶᠢᠨ ᠲᠦᠷᠦ ᠱᠠᠰᠢᠨ ᠨᠢᠬᠡᠳ᠋ᠣᠭ᠍ᠰᠡᠨ ᠵᠠᠰᠠᠭ ᠯᠠᠮᠠ ᠶᠢᠨ ᠬᠣᠰᠢᠭᠣ ᠶᠢᠨ ᠪᠠᠢᠭᠣᠯᠣᠮᠵᠢ ᠨᠢ1931 ᠤᠨ ᠬᠦᠷᠳ᠋ᠡᠯ᠎ᠠ ᠶᠠᠪᠣᠬᠳ᠋ᠠᠵᠦ ᠂ ᠵᠠᠰᠠᠭ ᠲᠡᠷᠢᠬᠦᠨ ᠯᠠᠮᠠ ᠬᠣᠷᠢᠨ ᠭᠣᠷᠪᠠᠨ ᠦᠶ᠎ᠠ ᠵᠠᠯᠭᠠᠵᠦ ᠂ ᠭᠣᠷᠪᠠᠨ ᠵᠠᠭᠣᠨ ᠵᠢᠯ ᠤᠨ ᠲᠡᠣᠬᠡ ᠲᠡᠶ ᠪᠣᠯᠵᠠᠢ ᠃ 
    ᠦᠶ᠎ᠠ ᠪᠦᠷᠢ ᠶᠢᠨ ᠵᠠᠰᠠᠭ ᠲᠡᠷᠢᠬᠦᠨ ᠯᠠᠮᠠ ᠶᠢᠨ ᠨᠡᠷ᠎ᠠ ᠵᠢ ᠵᠢᠬᠰᠠᠭᠠᠪᠠᠯ ᠄
    1. ᠮᠠᠨᠽᠣᠰᠢᠷᠢ ᠬᠣᠳ᠋ᠣᠬᠳ᠋ᠣ
    2. ᠲᠠᠷᠬᠠᠨ ᠴᠣᠷᠵᠢ ᠨᠠᠩᠰᠣ
    3. ᠷᠠᠪᠵᠠᠮᠪᠠ ᠰᠢᠪᠵᠡᠬᠦ᠋ᠷᠦᠭ᠌ ᠨᠣᠮ ᠤᠨ ᠬᠠᠭᠠᠨ
    4. ᠷᠠᠪᠵᠠᠮᠪᠠ ᠵᠢᠮᠪᠠᠵᠠᠮᠰᠣ
    5. ᠷᠠᠪᠵᠠᠮᠪᠠ ᠷᠣᠵᠠ
    6. ᠡᠪᠣᠬᠡᠨ ᠯᠠᠮᠠ ᠵᠢᠬᠡ
    7. ᠮᠡᠷᠭᠡᠨ ᠴᠣᠷᠵᠢ ᠵᠠᠮᠢᠶᠠᠨᠳ᠋ᠠᠨᠽᠠᠨ
    8. ᠷᠠᠪᠵᠠᠮᠪᠠ ᠡᠷᠳ᠋ᠡᠨᠢ ᠴᠣᠷᠵᠢ
    9. ᠷᠠᠪᠵᠠᠮᠪᠠ ᠰᠡᠴᠡᠨ ᠴᠣᠷᠵᠢ ᠶᠣᠨᠳ᠋ᠣᠨᠰᠠᠩᠪᠣ
    10. ᠷᠠᠪᠵᠠᠮᠪᠠ ᠠᠬᠸᠠᠩᠴᠦᠢᠮᠪᠣᠯ
    11. ᠷᠠᠪᠵᠠᠮᠪᠠ ᠲᠡᠩᠰᠡᠨᠪᠢᠯᠢᠭ᠌ ᠨᠣᠮ ᠤᠨ ᠬᠠᠭᠠᠨ
    12. ᠷᠠᠪᠵᠠᠮᠪᠠ ᠬᠣᠪᠢᠯᠭᠠᠨ ᠬᠣᠳ᠋ᠣᠬᠳ᠋ᠣ ᠠᠬᠸᠠᠩᠵᠠᠮᠢᠶᠠᠨᠪᠠᠯᠰᠠᠩ
    13. ᠭᠠᠪᠴᠣ ᠷᠢᠨᠴᠢᠨᠰᠡᠷᠣᠪ
    14. ᠷᠠᠪᠵᠠᠮᠪᠠ ᠵᠠᠮᠢᠶᠠᠨᠳ᠋ᠠᠨᠽᠠᠨᠵᠠᠮᠰᠣ
    15. ᠷᠠᠪᠵᠠᠮᠪᠠ ᠲᠡᠮᠴᠣᠢᠶ‍ᠦ᠋ᠩᠷᠣᠪ
    16. ᠭᠠᠪᠴᠣ ᠯᠣᠪᠰᠠᠩᠰᠠᠩᠵᠠᠢ
    17. ᠷᠠᠪᠵᠠᠮᠪᠠ ᠵᠠᠮᠪᠠᠴᠣᠢᠵᠦᠩ
    18. ᠯᠣᠪᠰᠠᠩᠫᠦᠷᠯᠠᠢᠨᠢᠮ᠎ᠠ
    19. ᠳ᠋ᠠᠢᠪᠷᠣᠯᠸᠯᠣᠪᠰᠠᠩ
    20. ᠯᠣᠪᠰᠠᠩᠪᠠᠯᠵᠣᠣᠷ
    21. ᠯᠣᠪᠰᠠᠩᠷᠠᠰᠢ
    22. ᠠᠬᠸᠠᠩᠪᠠᠯᠳ᠋ᠠᠨ
    23. ᠯᠣᠪᠰᠡᠩᠷᠢᠨᠴᠢᠨ

ᠡᠬᠢ ᠰᠤᠷᠪᠤᠯᠵᠢ᠄ ᠲᠠᠯ᠎ᠠ ᠵᠢᠨ ᠪᠦᠷᠭᠦᠳ ᠰᠦᠯᠵᠢᠶ᠎ᠡ


ᠬᠦᠷᠢᠶ᠎ᠡ ᠵᠢᠨ ᠲᠡᠥᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

    ᠲᠡᠥᠬᠡᠨ ᠬᠥᠭᠵᠢᠯ ᠤᠨ ᠶᠠᠪᠤᠴᠨ ᠳ᠋ᠣ ᠤᠳᠤᠬᠢ ᠬᠥᠷᠢᠶ᠎ᠡ ᠬᠤᠰᠢᠭᠤᠨ ᠤ  ᠨᠤᠳᠤᠭ ᠲᠡᠪᠢᠰᠬᠡᠷ ᠲᠤ ᠤᠮᠠᠷᠠᠳᠤ ᠶᠢᠨ ᠤᠯᠠᠨ ᠥᠨᠳᠤᠰᠤᠳᠠᠨ ᠡᠬᠡᠯᠵᠢᠯᠠᠨ ᠠᠮᠢᠳᠤᠷᠠᠵᠥ ᠪᠠᠢᠵᠠᠢ ᠃     ᠪᠠᠢᠯᠳᠤᠭᠠᠨᠳᠤ ᠤᠯᠤᠰ ᠤᠨ  ᠴᠠᠭ ᠥᠶ᠎ᠡ ᠳ᠋ᠣ  ᠬᠥᠷᠢᠶ᠎ᠡ ᠶᠢᠨ ᠭᠠᠵᠠᠷ ᠨᠤᠳᠤᠭ ᠨᠢ ᠶᠢᠨ ᠤᠯᠤᠰ ᠤᠨ ᠬᠤᠢᠳᠤ ᠵᠠᠬ᠎ᠠ ᠲᠠᠢ ᠬᠢᠯᠢ ᠨᠠᠢᠯᠠᠵᠥ  ᠳ᠋ᠥᠡᠭᠬᠤ ᠠᠢᠮᠠᠭ ᠠᠮᠢᠳᠤᠷᠠᠵᠥ ᠪᠠᠢᠪᠡ ᠃ ᠪᠠᠷᠠᠭᠤᠨ ᠬᠠᠨ ᠤ ᠴᠠᠭ ᠥᠶ᠎ᠡ ᠳ᠋ᠣ ᠡᠦ᠋ᠬᠤᠸᠠᠨ ᠠᠢᠮᠠᠭ ᠤᠷᠤᠰᠢᠨ ᠲᠤᠭᠳᠠᠨᠢᠵᠥ ᠂ ᠵᠡᠬᠥᠨ ᠬᠠᠨ ᠤ ᠥᠶ᠎ᠡ ᠳ᠋ᠣ ᠰᠢᠶᠠᠨᠫᠢ ᠥᠨᠳᠤᠰᠤᠳᠠᠨ ᠠᠮᠢᠳᠤᠷᠠᠨ ᠲᠥᠯᠵᠢᠵᠥ ᠪᠠᠢᠪᠡ ᠃     ᠨᠠᠢᠳᠠ ᠶᠢᠨ ᠤᠨ ᠲᠤᠭᠠᠯᠠᠯ ᠤᠨ 916 ~ 1125 ᠤᠨ ᠤ ᠬᠤᠭᠤᠷᠤᠨᠳᠤ ᠂ ᠬᠢᠳᠠᠨ ᠥᠨᠳᠤᠰᠤᠳᠠᠨ ᠯᠢᠶᠤᠤ ᠤᠯᠤᠰ ᠢ ᠪᠠᠢᠭᠤᠯᠵᠥ ᠂ ᠬᠥᠷᠢᠶ᠎ᠡ ᠶᠢᠨ ᠨᠤᠳᠤᠭ ᠲᠡᠪᠢᠰᠬᠡᠷ ᠨᠢ ᠬᠢᠳᠠᠨ ᠤ ᠲᠡᠬᠡᠳᠤ ᠨᠠᠢᠰᠯᠡᠯ ᠤᠨ ᠭᠤᠤᠯ ᠨᠢᠬᠡ ᠬᠡᠰᠡᠭ ᠭᠠᠵᠠᠷ ᠤᠷᠤᠨ ᠪᠠᠢᠪᠡ ᠃ ᠠᠯᠳᠠᠨ ᠤᠯᠤᠰ ᠤᠨ ᠦᠶ᠎ᠠ ᠳᠦ ᠂ᠠᠯᠲᠠᠨ ᠤᠯᠤᠰ ᠦᠨ ᠬᠤᠶᠢᠳᠦ ᠨᠡᠢᠰᠯᠡᠯ ᠳᠦ ᠬᠠᠷᠢᠶᠠᠯᠠᠭᠳᠠᠨ᠂ᠶᠤᠸᠠᠨ ᠤᠯᠤᠰ ᠤᠨ ᠴᠠᠭ ᠦᠶ᠎ᠠ ᠳᠦ᠂ᠶᠤᠸᠠᠨ ᠦ ᠲᠤᠳᠤᠭᠠᠳᠤ ᠭᠠᠵᠠᠷ ᠲᠦ ᠪᠠᠭᠳᠠᠵᠦ ᠪᠠᠢᠪᠠ᠃ 1470 ᠤᠨ ᠳ᠋ᠣ ᠂ ᠲᠠᠶᠠᠨ ᠬᠠᠭᠠᠨ ᠮᠤᠡᠭᠭᠤᠯ ᠤᠨ ᠲᠠᠷᠠᠬᠠᠢ ᠪᠤᠳᠠᠷᠬᠠᠢ ᠠᠢᠮᠠᠭ ᠪᠥᠯᠥᠭ ᠢ ᠨᠢᠭᠡᠳᠬᠡᠭᠰᠡᠨ ᠦ ᠲᠠᠷᠠᠭ᠎ᠠ᠂ᠬᠦᠷᠢᠶ᠎ᠠ ᠨᠢ ᠦᠢᠯᠢᠩᠭ᠎ᠠ ᠶᠢᠨ ᠲᠦᠮᠡᠨ ᠡᠷᠦᠬᠡ ᠳᠦ ᠬᠠᠷᠢᠶᠠᠯᠠᠭᠳᠠᠵᠦ᠂ 1548 ᠤᠨ ᠳ᠋ᠣ ᠴᠠᠬᠠᠷ ᠠᠢᠮᠠᠭ ᠶᠢᠨ ᠲᠠᠯᠠᠢ ᠬᠠᠭᠠᠨ ᠦ ᠡᠷᠬᠡᠰᠢᠶᠠᠯ ᠳᠦ ᠪᠠᠢᠪᠠ᠃1558 ~ 1592 ᠤᠨ ᠤ ᠬᠤᠭᠤᠷᠤᠨᠳᠤ ᠴᠠᠬᠠᠷ ᠠᠢᠮᠠᠭ ᠤᠨ ᠲᠥᠮᠠᠨ ᠵᠠᠰᠠᠭᠳᠤ ᠬᠠᠭᠠᠨ ᠤ ᠨᠤᠶᠠᠯᠠᠯ ᠳ᠋ᠣ ᠪᠠᠢᠵᠥ ᠂ 1592 ~ 1604 ᠤᠨ ᠤ ᠬᠤᠭᠤᠷᠤᠨᠳᠤ ᠴᠠᠬᠠᠷ ᠠᠢᠮᠠᠭ ᠤᠨ ᠪᠤᠶᠠᠨ ᠬᠠᠭᠠᠨ ᠤ ᠬᠠᠷᠢᠶᠠᠨᠳ᠋ᠣ ᠪᠠᠢᠪᠡ ᠃
    1604 ~ 1628 ᠤᠨ ᠤ ᠬᠤᠭᠤᠷᠤᠨᠳᠤ ᠴᠠᠬᠠᠷ ᠠᠢᠮᠠᠭ ᠤᠨ ᠯᠢᠭᠳᠡᠨ ᠬᠠᠭᠠᠨ ᠤ ᠡᠷᠬᠡᠰᠢᠶᠡᠯ ᠬᠡᠪᠴᠢᠶᠠᠨ ᠳ᠋ᠣ ᠪᠠᠢᠵᠥ ᠂ ᠪᠠᠷᠤᠭ 1617 ᠤᠨ‍ ‍ᠣ ᠤᠷᠴᠢᠮ ‍᠂‍ ᠯᠢᠭᠳᠠᠨ ᠬᠠᠭᠠᠨ‍ ‍ᠣ ᠤᠯᠤᠰ ᠲᠥᠷᠤ‍ ‍ᠶᠢᠨ ᠲᠥᠪ ᠪᠤᠯᠵᠥ ᠪᠠᠢᠪᠡ ‍᠃‍ ᠢᠡᠭᠬᠢᠬᠡᠳ     ‍《‍ ᠬᠥᠷᠢᠶ᠎ᠡ ‍》‍ ᠬᠡᠳᠡᠭ ᠭᠠᠵᠠᠷ ᠤᠨ ᠨᠠᠷ᠎ᠡ ᠪᠤᠢ ᠪᠤᠯᠵᠠᠢ ‍᠃‍     
    1576 ᠤᠨ‍ ‍ᠳ᠋ᠣ ᠪᠠᠷᠠᠭᠤᠨ ᠲᠥᠮᠠᠳ‍ ‍ᠣᠨ ᠠᠯᠳᠠᠨ ᠬᠠᠭᠠᠨ‍ ‍ᠠᠴᠠ ᠲᠥᠮᠠᠳ‍ ‍ᠣᠨ ᠪᠠ ᠤᠷᠳᠤᠰ‍ ‍ᠣᠨ ᠭᠤᠷᠪᠠᠨ ᠲᠥᠮᠠᠨ ᠡᠷᠥᠬᠡ‍ ‍ᠶᠢ ᠲᠠᠢᠴᠢᠯᠠᠨ ‍᠂‍ ᠬᠦᠬᠡᠨᠠᠭᠤᠷ ᠢ ᠡᠵᠠᠯᠠᠨ ᠲᠥᠪᠡᠳ‍ ‍ᠲᠣ ᠬᠥᠷᠴᠠᠢ ‍᠃‍ ᠭᠤᠷᠪᠠᠳᠤᠭᠠᠷ ᠥᠶ᠎ᠡ‍ ‍ᠶᠢᠨ ᠲᠠᠯᠠᠢ ᠯᠠᠮᠨ ᠰᠤᠳᠨᠠᠮᠵᠠᠮᠰᠤ‍ ‍ᠠᠴᠠ ᠱᠠᠰᠢᠨ‍ ‍ᠢ ᠲᠡᠯᠬᠡᠷᠡᠬᠥᠯᠬᠥ ᠵᠤᠷᠢᠯᠭ᠎ᠠ‍ ‍ᠠᠴᠠ ᠰᠢᠷᠡᠪ ᠯᠠᠮᠨ‍ ‍ᠶᠢ ᠲᠤᠮᠢᠯᠠᠨ ‍᠂‍ ᠠᠯᠳᠠᠨ ᠬᠠᠭᠠᠨ‍ ‍ᠳ᠋ᠣ ᠤᠬᠠᠭᠤᠯᠤᠯ ᠬᠢᠪᠡ ‍᠃‍     ᠰᠢᠷᠡᠪ ᠯᠠᠮᠨ ‍᠄‍ ‍《‍ ᠬᠤᠪᠢᠯᠠᠢ ᠬᠠᠭᠠᠨ‍ ‍ᠢ ᠲᠠᠭᠤᠷᠢᠶᠠᠵᠥ ‍᠂‍ ᠮᠤᠡᠭᠭᠤᠯ ᠤᠷᠤᠨ‍ ‍ᠳ᠋ᠣ ᠱᠠᠰᠢᠨ‍ ‍ᠢ ᠲᠡᠯᠬᠡᠷᠡᠬᠥᠯᠪᠡᠯ ‍᠂‍ ᠲᠠᠢᠴᠢᠯᠠᠵᠥ ᠬᠠᠮᠢᠶᠠᠷᠬᠤ‍ ‍ᠳ᠋ᠣ ᠴᠢᠨᠢ ᠲᠥᠬᠥᠮ ‍!‍ ‍》‍ ᠬᠡᠵᠥ ᠬᠥᠴᠥᠳᠠᠢ ᠢᠳᠬᠠᠭᠰᠠᠨ‍ ‍ᠠᠴᠠ ᠠᠯᠳᠠᠨ ᠬᠠᠭᠠᠨ‍ ‍ᠣ ᠵᠥᠪᠰᠢᠶᠡᠷᠡᠯ‍ ‍ᠢ ᠤᠯᠵᠥ ‍᠂‍ 1578 ᠤᠨ‍ ‍ᠳ᠋ᠣ ᠲᠠᠯᠠᠢ ᠯᠠᠮᠨ‍ ‍ᠶᠢ ᠵᠠᠯᠠᠵᠥ ‍᠂‍ ᠮᠤᠡᠭᠭᠤᠯ ᠤᠷᠤᠨ‍ ‍ᠳ᠋ᠣ ᠱᠠᠰᠢᠨ ᠰᠤᠷᠳᠠᠬᠤᠨ‍ ‍ᠣ ᠰᠤᠷᠭᠠᠯ ᠰᠤᠶᠤᠯ‍ ‍ᠢ ᠤᠬᠠᠭᠤᠯᠪᠡ ‍᠃‍     
    ᠰᠢᠷᠡᠪ ᠯᠠᠮᠨ‍ ‍ᠶᠢᠨ ᠱᠠᠰᠢᠨ ᠰᠢᠳᠥᠯᠬᠡᠨ‍ ‍ᠣ ᠠᠵᠢᠯ ᠲᠤᠪᠤᠢᠮ᠎ᠡ ᠠᠮᠵᠢᠯᠳᠠ ᠤᠯᠤᠭᠰᠠᠨ ᠲᠤᠯᠨ ᠠᠯᠳᠠᠨ ᠬᠠᠭᠠᠨ ᠲᠡᠬᠥᠨ‍ ‍ᠢ ‍《‍ ᠡᠴᠢᠬᠡ ᠯᠠᠮᠨ ‍》‍ ᠡᠷᠬᠥᠮᠵᠢᠯᠡᠵᠥ ‍᠂‍ ᠲᠡᠬᠥᠨ‍ ‍ᠣ ᠲᠠᠷᠠᠭᠠᠴᠢ‍ ‍ᠪᠠᠷ ᠠᠵᠢᠯᠯᠠᠭ᠎ᠠ ᠬᠢᠬᠥ‍ ‍ᠳ᠋ᠣ ᠨᠢ ᠲᠤᠰᠨ ᠲᠡᠮᠵᠢᠯᠬᠡ ᠥᠵᠡᠬᠥᠯᠪᠡ ‍᠃‍  
    16 ᠳ᠋ᠤᠭᠠᠷ ᠵᠠᠭᠤᠨ‍ ‍ᠣ ᠡᠴᠤᠰ‍ ‍ ‍᠂‍ 17 ᠳ᠋ᠤᠭᠠᠷ ᠵᠠᠭᠤᠨ‍ ‍ᠣ ᠡᠬᠢ‍ ‍ᠪᠠᠷ ᠰᠢᠷᠡᠪ ᠵᠡᠬᠥᠨ ᠮᠤᠡᠭᠭᠤᠯ‍ ‍ᠳ᠋ᠣ ᠢᠷᠡᠵᠥ ᠱᠠᠰᠢᠨ ‍ ‍ᠣ ᠠᠵᠢᠯᠯᠠᠭ᠎ᠠ ᠥᠷᠨᠢᠬᠥᠯᠪᠡ ‍᠃‍ 1604 ᠤᠨ‍ ‍ ᠳ᠋ᠣ ᠴᠠᠬᠠᠷ ᠠᠢᠮᠠᠭ‍ ‍ᠣᠨ ᠯᠢᠭᠳᠠᠨ ᠬᠠᠭᠠᠨ ᠰᠠᠭᠤᠷᠢᠨ‍ ‍ᠢ ᠵᠠᠯᠭᠠᠮᠵᠢᠯᠠᠭᠰᠠᠨ‍ ‍ᠣ ᠲᠠᠷᠠᠭ᠎ᠠ ‍᠂‍ ᠡᠴᠢᠬᠡ ᠲᠡᠬᠡᠳᠤᠰ‍ ‍ᠣᠨ‍ ‍ᠢᠶᠡᠨ ᠨᠢᠬᠡᠳᠬᠡᠬᠥ ᠥᠢᠯᠡᠰ‍ ‍ᠢ ᠵᠠᠯᠭᠠᠮᠵᠢᠯᠠᠨ ᠬᠥᠭᠵᠢᠬᠥᠯᠬᠥ‍ ‍ᠶᠢᠨ ᠲᠥᠯᠥᠬᠡ ‍᠂‍ ᠤᠯᠤᠰ ᠲᠥᠷᠤ ‍᠂‍ ᠴᠡᠷᠢᠭ ᠲᠠᠢᠨ ‍᠂‍ ᠱᠠᠰᠢᠨ ‍ ‍ᠣ ᠠᠵᠢᠯᠯᠠᠭ᠎ᠠ‍ ‍ᠳ᠋ᠣ ᠴᠡᠭᠴᠡᠯᠠᠯᠳᠠ ᠬᠢᠵᠠᠢ ‍!‍ ᠯᠢᠭᠳᠠᠨ ᠱᠠᠰᠢᠨ ‍ ‍ᠣ ᠲᠡᠮᠵᠢᠯᠬᠡ‍ ‍ᠶᠢ ᠤᠯᠬᠤ‍ ‍ᠶᠢᠨ ᠲᠥᠯᠥᠬᠡᠨ᠎ᠡ ᠰᠢᠷᠡᠪ ᠢ ᠵᠠᠯᠠᠵᠥ ‍᠂‍ ᠰᠢᠷᠡᠪ‍ ‍ᠣᠨ ᠰᠠᠨᠠᠯ‍ ‍ᠢᠶᠡᠷ ‍《‍ ᠯᠢᠭᠳᠠᠨ ᠬᠤᠳᠤᠭᠳᠤ ᠬᠠᠭᠠᠨ ‍》‍ ᠪᠤᠯᠵᠥ ‍᠂‍ ᠱᠠᠰᠢᠨ ‍ ‍ᠢ ᠲᠡᠯᠬᠡᠷᠡᠬᠥᠯᠬᠥ ᠠᠵᠢᠯ‍ ‍ᠢ ᠭᠠᠷᠳᠠᠨ ᠬᠢᠵᠥ ‍᠂‍ ᠭᠠᠨᠵᠤᠤᠷ‍ ‍ᠢ ᠮᠤᠡᠭᠭᠤᠯᠴᠢᠯᠠᠨ ᠶᠤᠸᠠᠨ‍ ‍ᠠᠴᠠ ᠨᠠᠭᠠᠰᠢᠬᠢ ᠤᠯᠠᠨ ᠨᠤᠮ ᠰᠤᠳᠤᠷ‍ ‍ᠢ ᠤᠷᠴᠢᠭᠤᠯᠤᠨ ᠨᠥᠬᠥᠪᠥᠷᠢᠯᠡᠵᠥ ‍᠂‍ ‍《‍ ᠭᠠᠨᠵᠤᠤᠷ ‍》 ‍ᠢ 108 ᠪᠥᠯᠥᠭ ᠬᠡᠪᠯᠡᠪᠡ ‍᠃‍      
    1627 ᠤᠨ‍ ‍ᠣ ᠡᠴᠤᠰ ‍᠂‍ 1628 ᠤᠨ‍ ‍ᠣ ᠡᠬᠢ‍ ‍ᠪᠠᠷ ᠯᠢᠭᠳᠠᠨ ᠬᠠᠭᠠᠨ ‍᠂‍ ᠬᠤᠡᠭ ᠲᠠᠢᠵᠢ‍ ‍ᠶᠢᠨ ᠤᠳᠤᠷᠢᠳᠤᠭᠰᠠᠨ ᠵᠥᠷᠴᠢᠨ‍ ‍ᠣ ᠴᠡᠷᠢᠭ ᠪᠠ ᠤᠯᠠᠨ ᠮᠤᠡᠭᠭᠤᠯ ᠠᠢᠮᠠᠭ‍ ‍ᠣᠨ ᠬᠤᠯᠪᠤᠭᠠᠯᠠᠭᠰᠠᠨ ᠴᠡᠷᠢᠭ‍ ‍ᠲᠣ ᠪᠤᠳᠠ ᠴᠤᠬᠢᠭᠳᠠᠵᠥ ‍᠂‍ ᠪᠠᠷᠠᠭᠤᠨ ᠵᠥᠭ ᠵᠠᠢᠯᠠᠨ ᠰᠢᠯᠵᠢᠪᠡ ‍᠃‍ ᠡᠨᠨ ᠥᠶ᠎ᠡ ᠳ᠋ᠥ ᠬᠥᠷᠢᠶ᠎ᠡ‍ ‍ᠳ᠋ᠣ ᠴᠥᠬᠡᠨ ᠲᠤᠭᠠᠨ‍ ‍ᠣ ᠮᠤᠡᠭᠭᠤᠯ ᠬᠥᠮᠥᠨ ᠪᠠ ᠰᠥᠮ᠎ᠡ ᠬᠡᠢᠳ‍ ‍ᠤᠨ ᠯᠠᠮᠨ ᠬᠤᠸᠠᠷᠠᠭ ᠥᠯᠡᠳᠡᠪᠡ ‍᠃‍ ᠬᠥᠷᠢᠶᠠᠨ‍ ‍ᠣ ᠭᠠᠵᠠᠷ‍ ‍ᠲᠣ ᠭᠤᠤᠯᠳᠠᠭᠤ ᠬᠠᠯᠬ᠎ᠠ‍ ‍ᠶᠢᠨ ᠪᠠ ᠴᠠᠬᠠᠷ‍ ‍ᠣᠨ ᠬᠥᠮᠥᠨ ᠠᠮᠢᠳᠤᠷᠠᠵᠥ ᠪᠠᠢᠪᠡ ‍!‍ ᠪᠠᠷᠤᠭ 1630 ᠤᠨ‍ ‍ᠳ᠋ᠣ ‍᠂‍ ᠰᠢᠷᠡᠪ ᠯᠠᠮᠨ ᠬᠤᠡᠭ ᠲᠠᠢᠵᠢ ᠲᠠᠢ ᠬᠠᠷᠢᠴᠠᠭ᠎ᠠ ᠪᠠᠢᠭᠤᠯᠤᠨ ‍᠂‍ ᠮᠠᠨᠵᠥ‍ ‍ᠶᠢᠨ ᠨᠠᠢᠰᠯᠠᠯ ᠮᠥᠭᠳᠠᠨ‍ ‍ᠳ᠋ᠣ ᠵᠠᠯᠠᠭᠳᠠᠨ ᠤᠴᠢᠵᠥ ‍᠂‍ ᠱᠠᠰᠢᠨ ᠤ ᠨᠤᠮᠯᠠᠯ ᠬᠢᠵᠠᠢ ‍᠃‍ ᠨᠤᠮᠯᠠᠯ ᠨᠢ ᠲᠡᠬᠥᠰᠥᠭᠰᠠᠨ‍ ‍ᠣ ᠲᠠᠷᠠᠭ᠎ᠠ ᠬᠤᠡᠭ ᠲᠠᠢᠵᠢ‍ ‍ᠠᠴᠠ ᠰᠢᠷᠡᠪ‍ ‍ᠲᠣ ‍《‍ ᠮᠠᠨᠽᠥᠰᠢᠷᠢ ᠬᠤᠳᠤᠭᠳᠤ ‍》‍ ᠴᠤᠯᠨ ᠥᠭᠴᠤ ‍᠂‍ ᠪᠠᠭ‍ ‍ᠣᠨ ᠠᠭᠤᠯᠠᠨ‍ ‍ᠳ᠋ᠣ ᠰᠠᠭᠤᠯᠭᠠᠨ ᠨᠤᠮ ᠰᠤᠳᠤᠷ ᠤᠡᠭᠰᠢᠭᠤᠯᠪᠡ ‍᠃‍ ‍《‍ 1631 ᠤᠨ‍ ‍ᠳ᠋ᠣ ᠯᠢᠭᠳᠠᠨ ᠬᠠᠭᠠᠨ ᠪᠠᠷᠠᠭᠤᠨ ᠭᠤᠷᠪᠠᠨ ᠲᠥᠮᠠᠨ‍ ‍ᠣ ᠤᠷᠪᠠᠯᠭᠠᠨ‍ ‍ᠢ ᠲᠠᠷᠤᠡᠭᠭᠤᠢᠯᠠᠭᠰᠠᠨ‍ ‍ᠣ ᠲᠠᠷᠠᠭ᠎ᠠ ᠵᠡᠬᠥᠨᠰᠢ ᠢᠷᠡᠵᠥ ‍᠂‍ ᠠᠷᠤ ᠬᠤᠷᠴᠢᠨ‍ ‍ᠳ᠋ᠣ ᠴᠡᠷᠢᠭᠯᠠᠨ ‍᠂‍ ᠰᠢᠷ᠎ᠡ ᠮᠥᠷᠠᠨ‍ ‍ᠣ ᠤᠮᠠᠷᠠᠳᠤ ᠬᠥᠪᠡᠬᠡ ᠬᠥᠷᠳᠡᠯ᠎ᠡ ᠠᠶᠠᠯᠠᠪᠡ ‍᠃‍ ᠲᠠᠷᠠᠭ᠎ᠠ ᠵᠢᠯ‍ ‍ᠳ᠋ᠣ ᠠᠷᠤ ᠬᠤᠷᠴᠢᠨ ᠪᠠ ᠮᠠᠨᠵᠥ ᠬᠠᠮᠳᠤᠷᠠᠨ ᠯᠢᠭᠳᠠᠨ ᠬᠠᠭᠠᠨ‍ ‍ᠣ ᠡᠰᠡᠷᠬᠥ ᠲᠤᠪᠳᠤᠯᠪᠡ ‍᠃‍ ᠯᠢᠭᠳᠠᠨ ᠲᠠᠢᠯᠥᠭᠳᠡᠬᠡᠳ ᠪᠠᠷᠠᠭᠤᠨᠰᠢ ᠲᠤᠳᠠᠭᠠᠪᠡ ‍》‍     ‍(‍ ‍《‍ ᠮᠤᠡᠭᠭᠤᠯ‍ ‍ᠣᠨ ᠬᠤᠷᠢᠶᠠᠡᠭᠭᠤᠢ ᠲᠡᠤᠬᠡ‍ 》‍ ᠶᠢᠨ 231 ᠳ᠋ᠤᠬᠡᠷ ᠨᠢᠭᠤᠷ ‍)‍ ‍᠃‍ ᠢᠡᠭᠬᠢᠬᠡᠳ ‍《‍ ᠬᠥᠷᠢᠶ᠎ᠡ ‍》‍ ᠨᠢ ᠤᠯᠤᠰ ᠲᠥᠷᠤ‍ ‍ᠶᠢᠨ ᠬᠤᠭᠤᠰᠤᠨ ᠭᠠᠵᠠᠷ ᠪᠤᠯᠵᠥ ‍᠂‍ ᠰᠥᠮ᠎ᠡ ᠬᠡᠢᠳ ᠨᠢ ᠪᠠᠷᠤᠭ ᠯᠠᠮᠨ ᠬᠤᠸᠠᠷᠠᠭ ᠥᠬᠡᠢ ᠪᠤᠯᠤᠭᠠᠳ ᠬᠠᠷᠠᠴᠤ ᠠᠷᠠᠳ ᠨᠢ ᠨᠡᠬᠥᠨ ᠰᠢᠯᠵᠢᠵᠥ ‍᠂‍ ᠡᠯᠢ ᠬᠤᠯᠢ ‍᠂‍ ᠤᠷᠤᠭᠤᠳᠠᠵᠥ ᠲᠤᠷᠤᠢᠳᠠᠭᠰᠠᠨ ᠪᠠᠢᠳᠠᠯ ᠲᠠᠢ ᠪᠤᠯᠤᠭᠠᠳ ᠪᠠᠢᠪᠡ ‍᠃‍ ᠡᠨᠨ ᠪᠠᠢᠳᠠᠯ‍ ‍ᠢ ᠤᠢᠯᠠᠭᠠᠵᠥ ᠮᠡᠳᠡᠭᠰᠠᠨ ᠪᠠᠭ‍ ‍ᠣᠨ ᠠᠭᠤᠯᠠᠨ‍ ‍ᠣ ᠰᠢᠷᠡᠪ ᠯᠠᠮᠨ ‍᠂‍ ᠬᠤᠡᠭ ᠲᠠᠢᠵᠢ‍ ‍ᠳ᠋ᠣ ᠭᠤᠶᠤᠳᠠᠯ ᠭᠠᠷᠭᠠᠵᠥ ‍《‍ ᠬᠥᠷᠢᠶ᠎ᠡ ‍》 ‍ᠶᠢ ᠬᠤᠪᠢᠳᠠᠨ ᠠᠪᠤᠭᠰᠠᠨ ᠪᠠᠢᠨ᠎ᠡ ‍᠃‍     ᠬᠤᠶᠠᠷ ‍᠂‍ ᠰᠢᠷᠡᠬᠡᠳᠤ ᠬᠥᠷᠢᠶ᠎ᠡ ᠬᠤᠰᠢᠭᠤ ᠡᠬᠢᠯᠠᠨ ᠲᠥᠯᠥᠪᠵᠢᠭᠰᠠᠨ ᠨᠢ ᠨᠠᠢᠳᠠ‍ ‍ᠶᠢᠨ ᠤᠨ ᠲᠤᠭᠠᠯᠠᠯ‍ ‍ᠣᠨ 1633 ᠤᠨ‍ ‍ᠳ᠋ᠣ ᠰᠢᠷᠡᠪ ᠯᠠᠮᠨ ᠬᠤᠡᠭ ᠲᠠᠢᠵᠢ‍ ‍ᠠᠴᠠ ᠵᠥᠪᠰᠢᠶᠡᠷᠡᠯ ᠤᠯᠵᠥ ‍᠂‍ ‍《‍ ᠬᠥᠷᠢᠶ᠎ᠡ ‍》 ‍ᠳ᠋ᠣ ᠢᠷᠡᠵᠥ ᠰᠥᠮ᠎ᠡ ᠬᠡᠢᠳ‍ ‍ᠲᠣ ᠰᠠᠭᠤᠪᠡ ‍᠃‍ ᠢᠡᠭᠬᠢᠬᠡᠳ ᠡᠨᠳᠠᠬᠢ ᠨᠤᠳᠤᠭ ᠤᠰᠤ‍ ‍ᠶᠢ ᠲᠥᠰᠢᠭᠯᠠᠨ ᠠᠵᠥ ᠲᠥᠷᠥᠵᠥ ᠪᠠᠢᠭᠰᠠᠨ ᠮᠠᠯᠴᠢᠳ ᠰᠢᠷᠡᠪ‍ ‍ᠣᠨ ᠬᠠᠷᠢᠶᠠᠳᠤ ᠪᠤᠯᠵᠥ ‍᠂‍ ᠲᠡᠬᠥᠨ‍ ‍ᠣ ᠨᠤᠮᠯᠠᠯ‍ ‍ᠢ ᠰᠤᠨᠤᠰᠤᠨ ‍᠂‍ ᠲᠡᠬᠥᠨ‍ ‍ᠣ ᠵᠠᠬᠢᠷᠤᠯ‍ ‍ᠢ ᠲᠠᠭᠠᠬᠤ ᠪᠤᠯᠪᠡ ‍᠃‍ 1635 ᠤᠨ‍ ‍ᠳ᠋ᠣ ᠥᠪᠤᠷ ᠮᠤᠡᠭᠭᠤᠯ‍ ‍ᠣᠨ ᠡᠯ᠎ᠡ ᠮᠤᠡᠭᠭᠤᠯ ᠠᠢᠮᠠᠭ ᠪᠥᠯᠥᠭ‍ ‍ᠠᠴᠠ 70 ᠨᠡᠷᠡᠰ ᠯᠠᠮᠨ‍ ‍ᠶᠢ ᠡᠯᠰᠡᠵᠥ ‍᠂‍ ᠬᠥᠷᠢᠶ᠎ᠡ‍ ‍ᠶᠢᠨ ᠰᠥᠮ᠎ᠡ ᠬᠡᠢᠳ‍ ‍ᠢ ᠲᠡᠬᠥᠯᠳᠡᠷᠵᠢᠬᠥᠯᠪᠡ ‍᠃‍ 1636 ᠤᠨ‍ ‍ᠳ᠋ᠣ ᠰᠢᠷᠡᠪ ᠲᠡᠭᠷᠢ‍ ‍ᠳ᠋ᠣ ᠬᠠᠯᠢᠬᠰᠠᠨ‍ ‍ᠣ ᠲᠠᠷᠠᠭ᠎ᠠ ᠲᠡᠬᠥᠨ‍ ‍ᠣ ᠲᠡᠬᠥᠥ ᠨᠠᠡᠭᠰᠤ‍ ‍ᠶᠢ ᠰᠢᠷᠡᠬᠡᠳᠤ ᠲᠠᠷᠬᠠᠨ ᠴᠤᠷᠵᠢ ᠡᠷᠬᠥᠮᠵᠢᠯᠠᠨ ‍᠂‍ ᠬᠥᠷᠢᠶ᠎ᠡ‍ ‍ᠶᠢᠨ ᠱᠠᠰᠢᠨ ‍ ‍ᠣ ᠪᠥᠬᠥ ᠶᠠᠪᠤᠳᠠᠯ‍ ‍ᠢ ᠬᠠᠮᠢᠶᠠᠷᠥᠭᠤᠯᠪᠡ ‍᠃‍ ᠡᠬᠥᠨ‍ ‍ᠣ ᠬᠠᠮᠳᠤ ᠲᠥᠷᠪᠡᠨ ᠵᠠᠰᠠᠭ ‍᠂‍ ᠲᠥᠷᠪᠡᠨ ᠲᠡᠮᠴᠢ ᠲᠤᠮᠢᠯᠠᠵᠥ ‍᠂‍ ᠱᠠᠰᠢᠨ ‍ ‍ᠣ ᠬᠠᠮᠢᠶᠠᠷᠤᠯᠳᠠ‍ ‍ᠪᠠᠨ ᠴᠢᠡᠭᠭᠠᠳᠬᠠᠵᠠᠢ ‍᠃‍ ᠲᠤᠰ ᠵᠢᠯ‍ ‍ᠳ᠋ᠣ ᠭᠤᠪᠢ‍ ‍ᠶᠢᠨ ᠡᠮᠤᠨᠡᠬᠢ ᠮᠤᠡᠭᠭᠤᠯ ᠠᠢᠮᠠᠭ‍ ‍ᠠᠴᠠ ᠠᠷᠠᠳ ᠨᠡᠬᠥᠯᠬᠡᠵᠥ ᠬᠥᠷᠢᠶ᠎ᠡ ᠰᠥᠮ᠎ᠡ‍ ‍ᠶᠢᠨ ᠬᠠᠷᠢᠶᠠᠳᠤ ᠪᠤᠯᠭᠠᠪᠡ ‍᠃‍ 1638 ᠤᠨ‍ ‍ᠳ᠋ᠣ ᠥᠪᠤᠷ ᠮᠤᠡᠭᠭᠤᠯ‍ ‍ᠣᠨ ᠡᠯ᠎ᠡ ᠮᠤᠡᠭᠭᠤᠯ ᠬᠤᠰᠢᠭᠤ‍ ‍ᠠᠴᠠ ᠨᠠᠯᠢᠶᠠᠳ ᠲᠤᠭᠠᠨ‍ ‍ᠣ ᠡᠷᠥᠬᠡ ᠨᠡᠬᠥᠯᠬᠡᠵᠥ ‍᠂‍ ᠬᠥᠷᠢᠶ᠎ᠡ ᠰᠥᠮ᠎ᠡ‍ ‍ᠶᠢᠨ ᠬᠠᠷᠢᠶᠠᠳᠤ ᠪᠤᠯᠭᠠᠪᠡ ‍᠃‍ 1646 ᠤᠨ‍ ‍ᠳ᠋ᠣ ᠨᠠᠡᠭᠰᠤ ᠨᠠᠰᠤ ᠨᠥᠭᠴᠢᠭᠰᠠᠨ‍ ‍ᠣ ᠲᠠᠷᠠᠭ᠎ᠠ ‍᠂‍ ᠴᠢᠡᠭ‍ ‍ᠣᠨ ᠵᠠᠰᠠᠭ‍ ‍ᠣᠨ ᠭᠠᠵᠠᠷ‍ ‍ᠠᠴᠠ ᠰᠢᠪᠵᠨ‍ ‍ᠶᠢ ᠲᠤᠮᠢᠯᠠᠨ ‍《‍ ᠨᠠᠢᠰᠯᠠᠯ‍ ‍ᠣᠨ ᠰᠢᠷᠡᠬᠡᠳᠤ ᠬᠥᠷᠢᠶ᠎ᠡ‍ ‍ᠶᠢᠨ ᠵᠠᠰᠠᠭ ᠳᠨ ᠯᠠᠮᠨ‍ ‍ᠶᠢᠨ ᠲᠠᠮᠠᠭ᠎ᠠ ‍》 ‍ᠶᠢ ᠱᠠᠡᠭᠨᠠᠨ ‍᠂‍ ᠬᠥᠷᠢᠶ᠎ᠡ‍ ‍ᠶᠢᠨ ᠵᠠᠰᠠᠭ ᠱᠠᠰᠢᠨ ‍ ‍ᠢ ᠬᠠᠮᠳᠤᠷᠠᠭᠤᠯᠤᠨ ᠵᠠᠬᠢᠷᠤᠭᠤᠯᠪᠡ ‍᠃‍ ᠡᠨᠨ ᠥᠶ᠎ᠡ ᠪᠤᠯᠵᠥ ᠢᠷᠡᠬᠡᠳ ᠬᠥᠷᠢᠶ᠎ᠡ ᠬᠤᠰᠢᠭᠤᠨ‍ ‍ᠣ ᠬᠠᠷᠢᠶ᠎ᠡ ᠬᠡᠪᠴᠢᠶ᠎ᠡ ᠥᠨᠳᠤᠰᠤᠨ‍ ‍ᠳ᠋ᠡᠬᠡᠨ ᠲᠤᠭᠳᠠᠪᠤᠷᠢᠵᠢᠵᠥ ‍᠂‍ ᠵᠠᠰᠠᠭ ᠱᠠᠰᠢᠨ ᠤᠶᠠᠯᠳᠤᠭᠰᠠᠨ ᠪᠠᠢᠭᠤᠯᠤᠮᠵᠢ ᠡᠬᠢᠯᠠᠨ ᠪᠥᠷᠢᠯᠳᠥᠵᠥ ‍᠂‍ ‍《‍ ᠰᠢᠷᠡᠬᠡᠳᠤ ᠬᠥᠷᠢᠶ᠎ᠡ ᠬᠤᠰᠢᠭᠤ ‍》‍ ᠬᠡᠵᠥ ᠲᠠᠭᠤᠳᠠᠭᠳᠠᠬᠤ ᠪᠤᠯᠪᠡ ‍᠃‍     
    ᠲᠤᠬᠠᠢ‍ ‍ᠶᠢᠨ ᠥᠶ᠎ᠡ ᠰᠢᠷᠡᠬᠡᠳᠤ ᠬᠥᠷᠢᠶ᠎ᠡ ᠬᠤᠰᠢᠭᠤᠨ‍ ‍ᠣ ᠤᠷᠴᠢᠨ ᠲᠤᠭᠤᠷᠢᠨ‍ ‍ᠳ᠋ᠣ ᠬᠤᠷᠴᠢᠨ ᠵᠡᠬᠥᠨ ᠭᠠᠷᠤᠨ ᠡᠮᠤᠨᠡᠳᠤ ᠬᠤᠰᠢᠭᠤ ‍᠂‍ ᠨᠠᠢᠮᠠᠨ ᠬᠤᠰᠢᠭᠤ ‍᠂‍ ᠲᠠᠡᠭᠭᠤᠤᠨ‍ ‍ᠣᠨ ᠬᠠᠯᠬ᠎ᠠ ᠬᠤᠰᠢᠭᠤ ‍᠂‍ ᠬᠠᠯᠬ᠎ᠠ‍ ‍ᠶᠢᠨ ᠵᠡᠬᠥᠨ ᠭᠠᠷᠤᠨ ᠬᠤᠰᠢᠭᠤ ᠪᠠ ᠶᠠᠡᠭᠰᠢᠪ ᠮᠠᠯᠵᠢᠯ‍ ‍ᠣᠨ ᠲᠠᠯᠠᠪᠠᠢ‍ ‍ᠪᠠᠷ ᠵᠠᠬ᠎ᠠ ᠨᠠᠢᠯᠠᠵᠥ ᠪᠠᠢᠪᠡ ‍᠃‍ ᠪᠥᠬᠥ ᠬᠤᠰᠢᠭᠤᠨ‍ ‍ᠣ ᠨᠤᠳᠤᠭ ᠲᠠᠪᠢᠰᠬᠡᠷ ᠨᠢ ᠡᠮᠤᠨ᠎ᠡ ᠤᠮᠠᠷ᠎ᠡ‍ ‍ᠪᠠᠷ‍ ‍ᠢᠶᠡᠨ 70 ᠺᠢᠯᠤᠮᠧᠲᠷ ‍᠂‍ ᠵᠡᠬᠥᠨ ᠪᠠᠷᠠᠭᠤᠨ‍ ‍ᠢᠶᠡᠷ‍ ‍ᠢᠶᠡᠨ 45 ᠺᠢᠯᠤᠮᠧᠲᠷ ‍᠂‍ ᠪᠠᠷᠤᠭ 3150 ᠺᠦᠧᠠᠳ᠋ ᠺᠢᠯᠤᠮᠧᠲᠷ ᠲᠠᠯᠠᠪᠠᠢ ᠲᠠᠢ ᠵᠢᠵᠢᠭᠬᠡᠨ ᠬᠤᠰᠢᠭᠤ ᠪᠠᠢᠪᠡ ‍᠃‍  
    1931 ᠤᠨ‍ ‍ᠣ 3 ᠰᠠᠷ᠎ᠡ‍ ‍ᠶᠢᠨ 19‍ ‍ᠣ ᠡᠳᠤᠷ ᠭᠤᠮᠢᠨᠳᠠᠡᠭ‍ ‍ᠣᠨ ᠨᠠᠨᠵᠢᠡᠭ‍ ‍ᠣᠨ ᠵᠠᠰᠠᠭ‍ ‍ᠣᠨ ᠤᠷᠳᠤᠨ‍ ‍ᠠᠴᠠ ‍《‍ ᠰᠢᠷᠡᠬᠡᠳᠤ ᠬᠥᠷᠢᠶ᠎ᠡ ᠬᠤᠰᠢᠭᠤᠨ‍ ‍ᠣ ᠵᠠᠰᠠᠭ ᠱᠠᠰᠢᠨ‍ ‍ᠢ ᠬᠤᠪᠢᠶᠠᠷᠶᠯᠠᠨ ᠵᠠᠰᠠᠬᠤ ᠠᠷᠭ᠎ᠠ ‍》 ‍ᠶᠢ ᠨᠠᠢᠳᠠᠯᠠᠪᠡ ‍᠃‍ ᠲᠠᠮᠠᠢ ᠤᠳᠠᠯ ᠥᠬᠡᠢ ᠯᠤᠪᠰᠠᠡᠭᠷᠢᠨᠴᠢᠨ ᠬᠠᠷ᠎ᠡ ᠬᠥᠮᠥᠨ ᠪᠤᠯᠵᠥ ‍᠂‍ ‍《‍ ᠬᠥᠷᠢᠶ᠎ᠡ ᠬᠤᠰᠢᠭᠤᠨ‍ ‍ᠣ ᠬᠤᠰᠢᠭᠤᠨ ᠲᠠᠷᠤᠭ᠎ᠠ ‍》‍ ᠪᠤᠯᠤᠭᠠᠳ ‍᠂‍ ᠱᠠᠰᠢᠨ ᠰᠢᠳᠥᠯᠬᠡ‍ ‍ᠶᠢᠨ ᠲᠡᠷᠢᠬᠥᠨ ᠯᠠᠮᠨ‍ ‍ᠶᠢᠨ ᠵᠡᠷᠬᠡ‍ ‍ᠶᠢ‍ ‍ᠪᠠᠨ ᠬᠠᠷᠴᠠᠭᠠᠢ‍ ‍ᠳ᠋ᠣ ᠶᠡᠬᠥᠯᠠᠨ ᠥᠭᠴᠠᠢ ‍᠃‍ ᠡᠬᠥᠨ‍ ‍ᠠᠴᠠ ᠬᠤᠢᠰᠢ ‍《‍ ᠰᠢᠷᠡᠬᠡᠳᠤ ᠬᠥᠷᠢᠶ᠎ᠡ ᠬᠤᠰᠢᠭᠤ ‍》‍ ᠨᠢ ‍《‍ ᠬᠥᠷᠢᠶ᠎ᠡ ᠬᠤᠰᠢᠭᠤ ‍》‍ ᠪᠤᠯᠤᠭᠰᠠᠨ ᠪᠢᠯᠨ ‍!‍     
    ᠯᠤᠪᠰᠠᠡᠭᠷᠢᠨᠴᠢᠨ ᠬᠤᠰᠢᠭᠤᠨ‍ ‍ᠣ ᠵᠤᠬᠢᠶᠠᠨ ᠪᠠᠢᠭᠤᠯᠤᠯᠳᠠ‍ ‍ᠶᠢ ᠰᠡᠷᠬᠥᠬᠡᠨ ‍᠂‍ ᠰᠤᠮᠤ‍ ‍ᠶᠢᠨ ᠪᠠᠢᠭᠤᠯᠤᠮᠵᠢ‍ ‍ᠶᠢ ᠪᠠᠢᠭᠤᠯᠵᠥ ‍᠂‍ ᠵᠠᠡᠭᠬᠢ ‍᠂‍ ᠮᠠᠢᠷᠠᠨ ‍᠂‍ ᠵᠠᠯᠠᠨ ᠵᠡᠷᠬᠡ ᠲᠤᠰᠢᠶᠠᠯᠳᠠᠨ ᠲᠤᠮᠢᠯᠠᠨ ᠵᠠᠰᠠᠭ ᠵᠠᠬᠢᠷᠭᠠᠨ‍ ‍ᠣ ᠪᠠᠢᠭᠤᠯᠤᠮᠵᠢ‍ ‍ᠪᠠᠨ ᠲᠡᠬᠥᠯᠳᠡᠷᠵᠢᠬᠥᠯᠵᠥ ‍᠂‍ ᠬᠠᠮᠢᠶᠠᠷᠤᠯᠳᠠ‍ ‍ᠪᠠᠨ ᠴᠢᠭᠭᠠᠳᠬᠠᠪᠡ ‍᠃‍     ᠢᠡᠭᠬᠢᠬᠡᠳ ᠰᠢᠷᠡᠬᠡᠳᠤ ᠬᠥᠷᠢᠶ᠎ᠡ ᠬᠤᠰᠢᠭᠤᠨ‍ ‍ᠣ ᠵᠠᠰᠠᠭ ᠱᠠᠰᠢᠨ ᠤᠶᠠᠯᠳᠤᠭᠰᠠᠨ 298 ᠵᠢᠯ‍ ‍ᠣᠨ ᠲᠡᠤᠬᠡ ᠡᠴᠤᠰᠯᠡᠪᠡ ‍᠃‍ 
                                   ᠵᠤᠬᠢᠶᠠᠭᠴᠢ᠄ ᠳ᠋ ‍᠊‍ ᠡᠷᠳᠡᠮᠲᠤ

ᠪᠢᠴᠢᠭᠡᠰᠦ