ᠬᠦᠷᠡᠯ ᠵᠡᠪᠰᠡᠭ ᠦᠨ ᠦᠶ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠦᠷᠡᠯ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠨᠤᠲᠤᠭ ᠲᠤ ᠬᠦᠷᠡᠯ  ᠦᠨ ᠦᠢᠯᠡᠳᠪᠦᠷᠢᠯᠡᠯ ᠭᠤᠷᠪᠠᠨ ᠮᠢᠩᠭᠠᠨ ᠠᠴᠠ ᠡᠬᠢᠯᠡᠭᠰᠡᠨ ᠪᠠᠶᠢᠨ᠎ᠠ᠃ ᠨᠢᠭᠡ ᠦᠶ᠎ᠡ ᠳᠦ ᠥᠷᠭᠡᠨ ᠳᠡᠯᠭᠡᠷᠴᠦ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ ᠨᠢᠭᠡ ᠮᠢᠩᠭᠠᠨ ᠤ ᠡᠬᠢ ᠬᠦᠷᠲᠡᠯ᠎ᠡ ᠦᠷᠭᠦᠯᠵᠢᠯᠡᠵᠡᠢ᠃ ᠬᠦᠷᠡᠯ ᠡᠳ᠋ᠯᠡᠯ ᠳᠦ ᠵᠡᠰ 90% ᠂ ᠴᠠᠭᠠᠨ ᠲᠤᠭᠤᠯᠭ᠎ᠠ 10% ᠣᠷᠣᠳᠠᠭ ᠪᠠᠶᠢᠨ᠎ᠠ᠃ ᠬᠦᠷᠡᠯ ᠢ ᠬᠠᠶᠢᠯᠠᠭᠤᠯᠵᠤ ᠴᠢᠳᠬᠤᠵᠤ ᠡᠳ᠋ᠯᠡᠯ ᠬᠢᠳᠡᠭ ᠪᠠᠶᠢᠵᠠᠢ᠃ ᠳᠥᠷᠪᠡᠯᠵᠢᠨ ᠪᠤᠯᠠᠰᠢᠨ ᠠᠴᠠ ᠪᠣᠯᠤᠨ ᠲᠡᠭᠦᠪᠦᠷᠢ ᠪᠡᠷ ᠬᠦᠷᠡᠯ ᠰᠦᠬᠡ᠂ ᠬᠦᠷᠡᠯ ᠢᠶᠡᠷ ᠬᠢᠭᠰᠡᠨ ᠣᠭᠣᠯᠢᠬᠢᠲᠤᠭ᠎ᠠᠵᠡᠪᠡᠨᠤᠭᠤᠳ᠂ ᠳᠤᠭᠤᠯᠠᠭ᠎ᠠᠲᠣᠭᠣᠢᠠᠮᠠᠭᠠᠢᠵᠤᠤᠵᠠᠢᠰᠢᠪᠦᠭᠡᠬᠤᠷᠤᠭᠤᠪᠴᠢ᠂ ᠠᠮᠢᠲᠠᠨ ᠤ ᠳᠦᠷᠰᠦᠲᠡᠢ ᠲᠡᠭᠡᠭ ᠲᠣᠪᠣᠷᠤᠤ᠂ ᠳᠠᠷᠤᠭᠤᠯᠭ᠎ᠠ ᠵᠡᠷᠭᠡ ᠵᠦᠢᠯᠡᠰ ᠣᠯᠳᠠᠵᠠᠢ᠃ ᠶᠡᠷᠦ ᠨᠢ ᠬᠦᠷᠡᠯ ᠵᠡᠪᠰᠡᠭ ᠨᠢ ᠠᠵᠤ ᠠᠬᠤᠢ ᠴᠢᠮᠡᠭᠯᠡᠯ ᠦᠨ ᠵᠦᠢᠯᠡᠰ ᠮᠣᠩᠭᠣᠯ ᠣᠷᠣᠨ ᠳᠦ  ᠶᠡᠬᠡᠬᠡᠨ ᠲᠠᠷᠬᠠᠮᠠᠯ ᠪᠠᠶᠢᠳᠠᠭ᠃ ᠲᠡᠶᠢᠮᠦ ᠡᠴᠡ ᠴᠤ ᠮᠣᠩᠭᠣᠯ ᠣᠷᠣᠨ ᠢ ᠳᠡᠯᠡᠬᠡᠢ ᠶᠢᠨ ᠬᠦᠷᠡᠯ  ᠶᠢᠨ ᠦᠢᠯᠡᠳᠪᠦᠷᠢᠯᠡᠯ ᠦᠨ ᠨᠢᠭᠡ ᠲᠣᠮᠣᠬᠠᠨ ᠲᠥᠪ ᠭᠡᠵᠦ ᠦᠵᠡᠳᠡᠭ᠃ ᠬᠦᠷᠡᠯ  ᠤᠨ ᠦᠶ᠎ᠡ ᠶᠢᠨ ᠭᠣᠣᠯ ᠳᠤᠷᠠᠰᠬᠠᠯ ᠪᠣᠯᠬᠤ ᠳᠥᠷᠪᠡᠯᠵᠢᠨ ᠪᠤᠯᠠᠰᠢ᠂ ᠪᠤᠭᠤᠨ ᠴᠢᠯᠠᠭᠤ ᠨᠢ ᠠᠶᠢᠮᠠᠭ ᠤᠨ ᠠᠬᠠᠯᠠᠭᠴᠢ᠂ ᠠᠶᠢᠮᠠᠭ ᠤᠨ ᠬᠣᠯᠪᠣᠭᠠᠨ ᠤ ᠲᠡᠷᠢᠭᠦᠨ ᠵᠡᠷᠭᠡ ᠬᠦᠨᠳᠦ ᠲᠡᠢ ᠤᠳᠤᠷᠢᠳᠤᠭᠴᠢᠳ ᠲᠤ ᠵᠣᠷᠢᠭᠤᠯᠤᠭᠳᠠᠵᠠᠢ᠃ ᠲᠡᠶᠢᠮᠦ ᠨᠦᠰᠡᠷ ᠪᠠᠶᠢᠭᠤᠯᠤᠮᠵᠢ ᠶᠢ ᠠᠶᠢᠮᠠᠭ ᠬᠣᠲᠠᠯᠠ ᠪᠠᠷ ᠢᠶᠠᠨ ᠪᠦᠲᠦᠭᠡᠬᠦ ᠡᠴᠡ ᠪᠢᠰᠢ ᠭᠠᠭᠴᠠ ᠨᠢᠭᠡᠨ ᠬᠦᠮᠦᠨ ᠪᠦᠲᠦᠭᠡᠬᠦ ᠪᠣᠯᠤᠮᠵᠢ ᠦᠭᠡᠢ᠃ ᠪᠤᠭᠤᠨ ᠬᠥᠰᠢᠶ᠎ᠡ ᠨᠢ ᠨᠣᠶᠠᠯᠠᠭᠴᠢ ᠠᠶᠢᠮᠠᠭ ᠤᠨ ᠰᠦᠯᠳᠡ ᠪᠠᠶᠢᠭᠰᠠᠨ ᠪᠣᠯᠤᠯᠲᠠᠢ᠃ ᠲᠡᠭᠡᠬᠦ ᠪᠡᠷ ᠬᠦᠷᠡᠯ  ᠤᠨ ᠡᠬᠢᠨ ᠦᠶᠡᠰ ᠠᠶᠢᠮᠠᠭ ᠥᠷᠨᠢᠯ ᠦᠨ ᠦᠶᠡᠰ ᠠᠶᠢᠮᠠᠭ ᠤᠨ ᠬᠣᠯᠪᠣᠭᠠᠨ ᠤ ᠵᠣᠬᠢᠶᠠᠨ ᠪᠠᠶᠢᠭᠤᠯᠤᠯᠲᠠ ᠲᠠᠢ ᠪᠣᠯᠵᠠᠢ᠃ ᠳᠥᠷᠪᠡᠯᠵᠢᠨ ᠪᠤᠯᠠᠰᠢ ᠨᠢ ᠾᠦᠩᠨᠦ ᠨᠠᠷ ᠤᠨ ᠡᠷᠲᠡᠨ ᠦ ᠬᠡᠯᠪᠡᠷᠢ ᠪᠦᠭᠡᠳ ᠲᠡᠳᠡᠨ ᠦ ᠡᠪᠦᠭᠡ ᠳᠡᠭᠡᠳᠦᠰ ᠲᠡᠢ ᠬᠣᠯᠪᠣᠭᠳᠠᠬᠤ ᠳᠤᠷᠠᠰᠬᠠᠯ ᠪᠣᠯᠬᠤ ᠶᠢ ᠡᠷᠳᠡᠮᠲᠡᠳ ᠲᠣᠭᠲᠠᠭᠠᠵᠠᠢ᠃ᠬᠢᠲᠠᠳ ᠰᠤᠷᠪᠤᠯᠵᠢ ᠳᠤ ᠲᠡᠮᠳᠡᠭᠯᠡᠭᠰᠡᠨ ᠶᠢᠡᠷ ᠾᠦᠩᠨᠦ ᠶᠢᠨ ᠡᠪᠦᠭᠡ ᠠᠶᠢᠮᠠᠬ  ᠤᠨ ᠠᠩᠬᠠᠨ ᠤ ᠬᠢ ᠨᠢ ᠬᠦᠮᠡᠶᠤ ᠪᠣᠯᠤᠨ ᠭᠦᠢ ᠨᠠᠷ ᠶᠤᠮ᠃ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ ᠬᠤᠶᠠᠷ ᠮᠢᠩᠭᠠᠨ ᠤ ᠦᠶ᠎ᠡ ᠳᠦ ᠭᠦᠢ ᠨᠠᠷ ᠮᠣᠩᠭᠣᠯ ᠨᠤᠲᠤᠭ ᠳᠡᠭᠡᠷ᠎ᠡ ᠮᠠᠯ ᠮᠠᠯᠯᠠᠵᠤ ᠲᠡᠷᠭᠡ ᠬᠡᠷᠡᠭᠯᠡᠨ ᠨᠡᠭᠦᠳᠡᠯᠯᠡᠨ ᠠᠮᠢᠳᠤᠷᠠᠵᠤ ᠪᠠᠶᠢᠭᠰᠠᠨ ᠠᠵᠠᠢ᠃ ᠬᠦᠢ ᠨᠠᠷ ᠳᠤᠯᠤᠳᠤᠭᠠᠷ ᠵᠠᠭᠤᠨ ᠤ ᠦᠶᠡᠰ ᠨᠠᠮᠤᠭ ᠤᠨ ᠬᠦᠷᠡᠩ ᠬᠥᠳᠡᠷ ᠡᠴᠡ《ᠪᠤᠬ᠎ᠠ ᠳᠠᠷᠤᠬᠤ》ᠠᠷᠭ᠎ᠠ ᠪᠠᠷ ᠪᠠᠭ᠎ᠠ ᠬᠡᠮᠵᠢᠶᠡᠨ ᠦ ᠲᠡᠮᠦᠷ ᠢᠯᠭᠠᠨ ᠠᠪᠴᠤ ᠪᠠᠭᠠᠵᠢ ᠵᠡᠪᠰᠡᠭ ᠬᠢᠵᠦ ᠡᠬᠢᠯᠡᠵᠡᠢ᠃ ᠡᠬᠢᠨ ᠦᠶ ᠡ ᠳ᠋ᠦ ᠪᠡᠨ ᠲᠡᠮᠦᠷ ᠬᠣᠪᠣᠷ ᠪᠠᠶᠢᠭᠰᠠᠨ ᠠᠴᠠ ᠬᠦᠷᠡᠯ ᠵᠡᠪᠰᠡᠭ ᠦᠨ ᠵᠠᠷᠢᠮ ᠬᠡᠰᠡᠭ ᠢ ᠲᠡᠮᠦᠷ ᠢᠶᠡᠷ ᠬᠢᠵᠦ ᠮᠥᠨ ᠬᠦᠷᠡᠯ ᠵᠡᠪᠰᠡᠭ ᠲᠡᠢ ᠬᠣᠣᠰᠯᠠᠭᠤᠯᠤᠨ ᠬᠡᠷᠡᠭᠯᠡᠵᠦ ᠪᠠᠶᠢᠵᠠᠢ᠃ ᠴᠢᠨᠳᠠᠮᠤᠨᠢ ᠵᠢᠨ ᠪᠤᠯᠠᠰᠢ ᠪᠣᠯᠤᠨ ᠪᠤᠰᠤᠳ ᠭᠠᠵᠠᠷ ᠠᠴᠠ ᠲᠡᠭᠦᠪᠦᠷᠢ ᠪᠡᠷ ᠰᠤᠮᠤᠨ ᠤ ᠵᠡᠪᠡ ᠂ᠴᠢᠨᠵᠠᠯ᠂ ᠬᠢᠲᠤᠭ᠎ᠠ᠂ ᠲᠡᠮᠦᠷ ᠰᠦᠬᠡ᠂ ᠰᠢᠪᠦᠭᠡ ᠵᠡᠷᠭᠡ ᠲᠡᠮᠦᠷ ᠪᠠᠭᠠᠵᠢ ᠵᠡᠪᠰᠡᠭ ᠦᠳ ᠣᠯᠳᠠᠵᠠᠢ᠃ ᠲᠡᠮᠦᠷ ᠵᠡᠪᠰᠡᠭ ᠬᠡᠷᠡᠭᠯᠡᠭᠰᠡᠨ ᠦ ᠦᠷ᠎ᠡ ᠳ᠋ᠦᠩ ᠳᠦ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ ᠳᠦᠷᠪᠡᠳᠦᠭᠡᠷ ᠵᠠᠭᠤᠨ ᠤ ᠦᠶᠡᠰ ᠾᠦᠩᠨᠦ ᠨᠠᠷ ᠬᠦᠴᠦᠷᠬᠡᠭᠵᠢᠨ᠂ ᠾᠦᠩᠨᠦ ᠶᠢᠨ ᠮᠣᠷᠢᠨ ᠴᠡᠷᠢᠭ ᠦᠨ ᠳᠣᠪᠲᠣᠯᠭᠠᠨ ᠳᠤ ᠬᠢᠲᠠᠳ ᠤᠨ ᠤᠮᠠᠷᠠᠳᠤ ᠬᠡᠰᠡᠭ ᠦᠨ ᠤᠯᠤᠰ ᠤᠳ ᠥᠷᠲᠥᠵᠦ ᠪᠠᠶᠢᠵᠠᠢ᠃ ᠲᠡᠳᠡ ᠾᠦᠩᠨᠦ ᠶᠢᠨ ᠳᠣᠪᠲᠣᠯᠭᠠᠨ ᠠᠴᠠ ᠥᠪᠡᠷᠰᠡᠳ ᠢ ᠪᠡᠨ ᠬᠠᠮᠠᠭᠠᠯᠠᠬᠤ ᠵᠣᠷᠢᠯᠭ᠎ᠠ ᠪᠠᠷ ᠪᠡᠬᠢᠯᠡᠯᠲᠡ ᠬᠡᠷᠡᠮ ᠪᠠᠷᠢᠵᠤ ᠲᠡᠷᠡ ᠨᠢ ᠠᠯᠳᠠᠷᠲᠤ ᠤᠷᠲᠤ ᠴᠠᠭᠠᠨ ᠬᠡᠷᠡᠮ ᠪᠣᠯᠤᠭᠰᠠᠨ ᠪᠠᠶᠢᠨ᠎ᠠ᠃ ᠡᠷᠲᠡᠨ ᠦ ᠮᠣᠩᠭᠣᠯ ᠨᠤᠲᠤᠭ ᠲᠤ ᠬᠦᠷᠡᠯ ᠵᠡᠪᠰᠡᠭ ᠦᠨ ᠦᠶ᠎ᠡ ᠳᠦ ᠠᠮᠢᠳᠤᠷᠠᠵᠤ ᠪᠠᠶᠢᠭᠰᠠᠨ ᠣᠪᠤᠭ ᠠᠶᠢᠮᠠᠭ ᠤᠳ ᠤᠨ ᠣᠶᠤᠨ ᠤ ᠰᠤᠶᠤᠯ ᠤᠨ ᠨᠢᠭᠡ ᠴᠢᠬᠤᠯᠠ ᠳᠤᠷᠠᠰᠬᠠᠯ ᠪᠣᠯ ᠬᠠᠳᠠᠨ ᠤ ᠰᠦᠭ ᠵᠢᠷᠤᠭ ᠪᠤᠶᠤ ᠬᠠᠳᠠᠨ ᠤ ᠪᠢᠴᠢᠭ ᠪᠣᠯᠤᠨ᠎ᠠ᠃ᠠᠷᠬᠧᠣᠯᠣᠭᠢ‍(ᠭᠠᠵᠠᠷ ᠵᠦᠢ) ᠍ ᠶᠢᠨ ᠰᠤᠳᠤᠯᠤᠭᠠᠴᠢᠳ ᠬᠠᠳᠠ ᠴᠢᠯᠠᠭᠤᠨ ᠳᠤ ᠤᠯᠠᠭᠠᠨ ᠵᠣᠰᠣ ᠪᠠᠷ ᠵᠢᠷᠤᠭᠰᠠᠨ ᠵᠢᠷᠤᠭ ᠪᠣᠯ ᠬᠦᠷᠡᠯ ᠵᠡᠪᠰᠡᠭ ᠦᠨ ᠦᠶ᠎ᠡ ᠶᠢᠨ ᠳᠤᠷᠠᠰᠬᠠᠯ ᠭᠡᠵᠦ ᠲᠣᠭᠲᠠᠭᠠᠵᠠᠢ᠃ ᠮᠣᠩᠭᠣᠯ ᠨᠤᠲᠤᠭ ᠲᠤ ᠬᠠᠳᠠᠨ ᠤ ᠤᠯᠠᠭᠠᠨ ᠵᠣᠰᠣᠨ ᠵᠢᠷᠤᠭ ᠥᠷᠭᠡᠨ ᠲᠠᠷᠬᠠᠭᠰᠠᠨ ᠪᠠᠶᠢᠳᠠᠭ᠃ ᠵᠣᠰᠣᠨ ᠵᠢᠷᠤᠭ ᠳᠤᠮᠳᠠ ᠠᠴᠠ ᠤᠯᠠᠭᠠᠨᠪᠠᠭᠠᠲᠤᠷ ᠬᠣᠲᠠ ᠶᠢᠨ ᠣᠶᠢᠷᠠᠯᠴᠠᠭ᠎ᠠ ᠪᠣᠭᠳᠠ ᠬᠠᠨ ᠠᠭᠤᠯᠠ ᠍ ᠤᠨ ᠶᠡᠬᠡ ᠪᠠᠭ᠎ᠠ ᠲᠩᠷᠢ ᠶᠢᠨ ᠠᠮᠠᠨ ᠤ ᠬᠠᠳᠠᠨ ᠤ ᠰᠦᠭ ᠵᠢᠷᠤᠭ ᠡᠷᠳᠡᠮᠲᠡᠳ ᠦᠨ ᠠᠩᠬᠠᠷᠤᠯ ᠢ ᠶᠡᠬᠡ ᠪᠡᠷ ᠲᠠᠲᠠᠵᠤ ᠪᠠᠶᠢᠨ᠎ᠠ᠃ ᠶᠡᠬᠡ ᠪᠠᠭ᠎ᠠ ᠲᠩᠷᠢ ᠶᠢᠨ ᠠᠮᠠ ᠪᠣᠯᠤᠨ ᠭᠠᠴᠤᠷᠲᠤ ᠶᠢᠨ ᠠᠳᠠᠭ ᠲᠤ ᠪᠠᠶᠢᠳᠠᠭ ᠪᠢᠴᠢᠭᠲᠦ ᠶᠢᠨ ᠠᠮᠠᠨ ᠤ ᠬᠠᠳᠠᠨ ᠳ᠋ᠠᠬᠢ ᠦᠬᠡᠷ ᠲᠦ ᠬᠥᠯᠯᠡᠭᠰᠡᠨ ᠠᠨᠵᠢᠰᠤᠨ ᠤ ᠵᠢᠷᠤᠭ ᠨᠢ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ ᠳᠤᠯᠤᠭ᠎ ᠠ-ᠨᠠᠢᠮᠠᠳᠤᠭᠠᠷ ᠵᠠᠭᠤᠨ ᠳᠤ ᠬᠠᠮᠢᠶᠠᠷᠬᠤ ᠶᠢ ᠡᠷᠳᠡᠮᠲᠡᠳ ᠲᠣᠳᠣᠷᠬᠠᠶᠢᠯᠠᠵᠠᠢ᠃ ᠨᠡᠯᠢᠶᠡᠳ ᠣᠯᠠᠨ ᠠᠶᠢᠮᠠᠭ ᠤᠳ ᠤᠨ ᠭᠠᠵᠠᠷ ᠨᠤᠲᠤᠭ ᠠᠴᠠ ᠨᠤᠮᠤ ᠰᠤᠮᠤ ᠪᠠᠷ ᠠᠩ ᠬᠢᠵᠤ ᠪᠠᠶᠢᠭ᠎ᠠ ᠶᠢ ᠬᠠᠷᠠᠭᠤᠯᠤᠭᠰᠠᠨ ᠬᠠᠳᠠᠨ ᠤ ᠰᠦᠭ ᠵᠢᠷᠤᠭ ᠤᠳ ᠡᠯᠪᠡᠭ ᠣᠯᠳᠠᠳᠠᠭ᠃ ᠡᠭᠦᠨ ᠳᠦ: ᠬᠦᠮᠦᠨᠮᠣᠷᠢᠲᠡᠮᠡᠭᠡᠶᠠᠩᠭᠢᠷᠠᠷᠭᠠᠯᠢᠪᠤᠭᠤᠪᠣᠳᠣᠩ ᠭᠠᠬᠠᠢᠴᠢᠨᠣ᠎ᠠᠦᠨᠡᠭᠡᠵᠡᠭᠡᠷ᠎ᠡᠱᠣᠩᠬᠣᠷᠪᠦᠷᠭᠦᠳᠵᠡᠷᠭᠡ ᠶᠢ ᠬᠠᠷᠠᠭᠤᠯᠤᠭᠰᠠᠨ ᠪᠠᠶᠢᠳᠠᠭ᠃ ᠬᠦᠷᠡᠯ ᠤᠨ ᠦᠶ᠎ᠡ ᠳᠦ ᠤᠷᠠᠨ ᠳᠠᠷᠬᠠᠴᠤᠤᠯ ᠴᠢᠯᠠᠭᠤ ᠪᠠᠷ ᠬᠡᠪ ᠬᠢᠵᠦ ᠭᠣᠶᠣᠯ ᠴᠢᠮᠡᠭᠯᠡᠯ᠂ ᠪᠠᠶᠢᠯᠳᠤᠭᠠᠨ ᠤ ᠵᠢᠳᠠ ᠰᠡᠯᠡᠮ᠎ᠡ ᠴᠢᠳᠬᠤᠵᠤ ᠦᠢᠯᠡᠪᠦᠷᠢᠯᠡᠨ ᠭᠠᠷᠭᠠᠵᠤ ᠪᠠᠶᠢᠵᠠᠢ᠃ ᠬᠦᠷᠡᠯ  ᠤᠨ ᠦᠶ᠎ᠡ ᠶᠢᠨ ᠬᠠᠳᠠᠨ ᠤ ᠰᠦᠭ ᠵᠢᠷᠤᠭ ᠢ ᠤᠯᠠᠭᠠᠨ ᠵᠣᠰᠣ ᠪᠠᠷ ᠵᠢᠷᠤᠭᠰᠠᠨ ᠵᠢᠷᠤᠭ ᠤᠳ᠂ ᠬᠠᠳᠠ ᠬᠣᠩᠬᠣᠶᠢᠯᠠᠨ ᠰᠡᠶᠢᠯᠵᠦ ᠬᠢᠭᠰᠡᠨ ᠵᠢᠷᠤᠭ ᠤᠳ ᠭᠡᠵᠦ ᠬᠤᠪᠢᠶᠠᠨ ᠦᠵᠡᠵᠦ ᠪᠣᠯᠤᠨ᠎ᠠ᠃ ᠬᠦᠷᠡᠯ  ᠤᠨ ᠦᠢᠯᠡᠳᠪᠦᠷᠢᠯᠡᠯ ᠦᠨ ᠦᠶ᠎ᠡ ᠶᠢᠨ ᠨᠡᠩ ᠴᠢᠬᠤᠯᠠ ᠣᠯᠳᠠᠪᠤᠷᠢ ᠪᠣᠯ ᠬᠦᠷᠡᠯ ᠲᠣᠭᠣᠭ᠎ᠠ ᠶᠤᠮ᠃ ᠡᠭᠦᠨ ᠢ ᠶᠡᠷᠦᠩᠭᠡᠢ ᠳ᠋ᠦ ᠨᠢ 3 ᠬᠥᠯᠳᠦ᠂ ᠴᠥᠭᠦᠴᠡᠨ ᠢᠷᠤᠭᠠᠷᠲᠤ ᠭᠡᠵᠦ 2 ᠬᠤᠪᠢᠶᠠᠵᠤ ᠦᠵᠡᠳᠡᠭ᠃ ᠡᠶᠢᠮᠦ ᠲᠣᠭᠣᠭ᠎ᠠ ᠲᠥᠪ ᠠᠽᠢᠶ᠎ᠠ᠂ ᠮᠣᠩᠭᠣᠯ ᠣᠷᠣᠨ ᠠᠴᠠ ᠳ᠋ᠣᠨ ᠮᠥᠷᠡᠨ ᠬᠦᠷᠲᠡᠯᠡᠬᠢ ᠨᠤᠲᠤᠭ ᠠᠴᠠ ᠣᠯᠳᠠᠳᠠᠭ᠃ ᠳ᠋ᠤᠨ ᠮᠥᠷᠡᠨ ᠡᠴᠡ ᠣᠯᠳᠠᠭᠰᠠᠨ ᠬᠦᠷᠡᠯ ᠲᠣᠭᠣᠭ᠎ᠠ ᠨᠢ ᠾᠦᠩᠨᠤ ᠤᠯᠤᠰ ᠤᠨ ᠬᠦᠷᠡᠯ ᠲᠣᠭᠣᠭ᠎ᠠ ᠪᠠᠶᠢᠵᠤ ᠪᠣᠯᠬᠤ ᠶᠤᠮ᠃ ᠴᠥᠭᠴᠦᠩ ᠢᠷᠤᠭᠠᠷᠲᠤ ᠲᠣᠭᠣᠭᠠᠨ ᠤ ᠵᠢᠱᠢᠶ᠎ᠡ ᠭᠡᠪᠡᠯ: 1988ᠤᠨ ᠳᠤ ᠮᠣᠩᠭᠣᠯ ᠤᠨ ᠠᠷᠬᠧᠣᠯᠣᠭᠴᠢᠳ ᠬᠣᠪᠳᠣ ᠠᠶᠢᠮᠠᠭ ᠤᠨ ᠮᠠᠩᠬᠠᠨ ᠰᠤᠮᠤ ᠶᠢᠨ ᠲᠠᠬᠢᠯᠲᠤ ᠶᠢᠨ ᠬᠣᠲᠣᠭᠣᠷ ᠲᠤ ᠮᠠᠯᠲᠤᠭᠰᠠᠨ ᠾᠦᠩᠨᠤ ᠨᠠᠷ ᠤᠨ ᠢᠵᠠᠭᠤᠷᠲᠠᠨ ᠤ ᠲᠣᠮᠣ ᠪᠤᠯᠠᠰᠢᠨ ᠠᠴᠠ ᠣᠯᠳᠠᠭᠰᠠᠨ ᠣᠯᠳᠠᠪᠤᠷᠢ ᠪᠤᠯᠤᠨ᠎ ᠠ᠃ ᠡᠷᠲᠡᠨ ᠦ ᠮᠣᠩᠭᠣᠯ ᠨᠤᠲᠤᠭ ᠳ᠋ᠠᠬᠢ ᠪᠤᠭᠤ ᠶᠢᠨ ᠳᠦᠷᠰᠦᠲᠦ ᠬᠥᠰᠢᠶ᠎ᠡ ᠨᠢ ᠬᠦᠷᠡᠯ  ᠤᠨ ᠦᠶ᠎ᠡ ᠶᠢᠨ ᠭᠠᠶᠢᠬᠠᠮᠰᠢᠭᠲᠤ ᠳᠤᠷᠠᠰᠬᠠᠯ ᠤᠨ ᠨᠢᠭᠡ ᠶᠤᠮ᠎᠃ ᠡᠷᠲᠡᠨ ᠦ ᠬᠦᠮᠦᠰ ᠨᠢ ᠤᠷᠲᠤ ᠭᠣᠨᠵᠣᠭᠣᠢ ᠴᠢᠯᠠᠭᠤᠨ ᠳᠤ ᠪᠤᠭᠤ ᠶᠢᠨ ᠳᠦᠷᠰᠦ ᠶᠢ ᠤᠷᠠᠨ ᠳᠦᠷᠰᠦᠯᠡᠯ ᠢᠶᠡᠷ ᠴᠣᠬᠢᠵᠤ ᠰᠡᠶᠢᠯᠬᠦ ᠳᠦ ᠪᠡᠨ ᠪᠤᠭᠤᠨ ᠤ ᠪᠠᠨ ᠡᠪᠡᠷ ᠬᠣᠰᠢᠭᠤ ᠬᠣᠩᠰᠢᠶᠠᠷ ᠬᠥᠯ ᠰᠡᠭᠦᠯ ᠶᠡᠬᠡ ᠪᠡᠶ᠎ᠡ ᠶᠢ ᠪᠣᠳᠠᠲᠤ ᠪᠠᠶᠢᠳᠠᠯ ᠢᠶᠠᠷ ᠨᠢ ᠳᠦᠷᠰᠦᠯᠡᠭᠰᠡᠨ ᠪᠠᠶᠢᠳᠠᠭ᠃ ᠭᠣᠣᠯ ᠲᠥᠯᠥᠪ ᠳᠥᠷᠪᠡᠯᠵᠢᠨ ᠪᠤᠯᠠᠰᠢᠨ ᠤ ᠪᠠᠷᠠᠭᠤᠨ ᠤᠷᠳᠤ ᠪᠤᠯᠤᠩ ᠳᠤ ᠪᠤᠰᠬᠠᠭᠰᠠᠨ ᠪᠠᠶᠢᠳᠠᠭ᠃ ᠮᠣᠩᠭᠣᠯ ᠣᠷᠣᠨ ᠤ ᠪᠤᠭᠤᠨ ᠴᠢᠯᠠᠭᠤᠨ ᠬᠥᠰᠢᠶᠡᠨ ᠦ ᠣᠯᠠᠩᠬᠢ ᠨᠢ ᠠᠷᠤᠬᠠᠩᠭᠠᠢ ᠪᠤᠯᠠᠭᠠᠨ ᠬᠥᠪᠰᠥᠭᠥᠯ ᠪᠠᠶᠠᠨᠬᠣᠩᠭᠣᠷ ᠵᠠᠪᠬᠠᠨ ᠠᠶᠢᠮᠠᠭ ᠤᠳ ᠤᠨ ᠨᠤᠲᠤᠭ ᠲᠤ ᠡᠯᠪᠡᠭ ᠲᠣᠬᠢᠶᠠᠯᠳᠤᠳᠠᠭ᠃ ᠮᠣᠩᠭᠣᠯ ᠤᠯᠤᠰ ᠤᠨ ᠨᠤᠲᠤᠭ ᠠᠴᠠ ᠪᠤᠭᠤ ᠶᠢᠨ ᠳᠦᠷᠰᠦᠲᠦ ᠰᠡᠶᠢᠯᠦᠭᠰᠡᠨ ᠴᠢᠯᠠᠭᠤᠨ ᠬᠥᠰᠢᠶ᠎ᠡ 550 ᠭᠠᠷᠤᠢ ᠣᠯᠳᠠᠵᠠᠢ᠃ᠡᠨᠡ ᠬᠥᠰᠢᠶ᠎ᠡ ᠨᠢ ᠪᠠᠭᠠᠲᠤᠷ ᠳᠠᠶᠢᠴᠢᠨ ᠡᠷᠡᠭᠲᠡᠶᠢᠴᠦᠳ ᠲᠦ ᠵᠣᠷᠢᠭᠤᠯᠤᠭᠰᠠᠨ ᠳᠤᠷᠠᠰᠬᠠᠯ ᠪᠥᠭᠡᠳ ᠲᠡᠭᠦᠨ ᠢ ᠥᠪᠴᠢ ᠪᠦᠷᠢᠨ ᠵᠡᠪᠰᠡᠭ ᠲᠡᠢ ᠨᠢ ᠳᠦᠷᠰᠦᠯᠡᠭᠰᠡᠨ ᠪᠠᠶᠢᠳᠠᠭ᠃ ᠵᠠᠷᠢᠮ ᠬᠥᠰᠢᠶᠡᠨ ᠦ ᠳᠡᠭᠡᠳᠦ ᠬᠡᠰᠡᠭ ᠲᠦ ᠨᠠᠷᠠ ᠰᠠᠷᠠ ᠪᠠᠶᠢᠳᠠᠭ᠃ ᠶᠡᠷᠦ ᠨᠢ ᠨᠠᠷᠠ ᠰᠠᠷᠠ ᠭᠠᠯ 3 ᠨᠣᠮᠧᠷ ᠳᠦᠷᠰᠦ ᠨᠢ ᠨᠡᠭᠦᠳᠡᠯᠴᠢᠳ ᠡᠴᠡ ᠰᠠᠭᠤᠷᠢᠰᠢᠮᠠᠯ ᠨᠠᠩᠭᠢᠶᠠᠳ ᠵᠡᠷᠭᠡ ᠳᠦ ᠳᠡᠯᠭᠡᠷᠡᠭᠰᠡᠨ ᠭᠡᠵᠦ ᠲᠡᠦᠬᠡ ᠰᠤᠳᠤᠷ ᠲᠤ ᠪᠠᠶᠢᠳᠠᠭ ᠪᠥᠭᠡᠳ ᠲᠥᠪ ᠠᠽᠢᠶ᠎ᠠ ᠶᠢᠨ ᠤᠨᠠᠭᠠᠨ ᠭᠠᠷᠤᠯ ᠲᠠᠢ ᠳᠦᠷᠰᠦᠯᠡᠯ ᠵᠦᠢᠯ ᠶᠤᠮ᠃ᠬᠣᠷᠸ᠎ᠠ ᠶᠢᠷᠲᠢᠨᠴᠦ ᠶᠢᠨ ᠭᠡᠷᠡᠯ ᠭᠡᠭᠡ ᠰᠠᠶᠢᠨ ᠰᠠᠶᠢᠬᠠᠨ ᠠᠮᠢᠳᠤᠷᠠᠯ ᠳᠡᠯᠡᠬᠡᠢ ᠶᠢᠨ ᠶᠢᠷᠲᠢᠨᠴᠦ ᠶᠢᠨ ᠨᠠᠷᠠ ᠰᠠᠷᠠ ᠣᠳᠣ ᠭᠠᠷᠠᠭ ᠮᠠᠷᠠᠯ ᠪᠤᠭᠤ ᠶᠢ ᠤᠭᠠᠯᠵᠠᠯᠠᠭᠰᠠᠨ ᠣᠯᠠᠨ ᠰᠠᠯᠠᠭᠠᠲᠤ ᠡᠪᠡᠷ ᠢᠶᠡᠨ ᠤᠷᠲᠤ ᠰᠠᠶᠢᠬᠠᠨ ᠵᠣᠣ ᠨᠢᠷᠤᠭᠤᠨ ᠳᠤ ᠪᠠᠨ ᠰᠤᠩᠭᠠᠨ ᠲᠠᠯᠪᠢᠭᠰᠠᠨ ᠲᠩᠷᠢ ᠥᠭᠡᠳᠡ ᠳᠡᠭᠦᠯᠢᠨ ᠨᠢᠰᠴᠦ ᠪᠠᠶᠢᠭ᠎ᠠ ᠪᠤᠭᠤ ᠶᠢᠨ ᠳᠦᠷᠰᠦᠲᠦ ᠬᠥᠰᠢᠶ᠎ᠡ ᠪᠣᠯ ᠬᠦᠷᠡᠯ  ᠤᠨ ᠦᠶ᠎ᠡ ᠶᠢᠨ ᠬᠦᠮᠦᠰ ᠦᠨ ᠠᠮᠢᠳᠤᠷᠠᠯ ᠣᠶᠤᠨ ᠤ ᠦᠨᠡᠲᠦ ᠰᠤᠶᠤᠯ ᠤᠨ ᠨᠠᠨᠳᠢᠨ ᠳᠤᠷᠠᠰᠬᠠᠯ ᠭᠠᠷᠴᠠᠭ᠎ᠠ ᠦᠭᠡᠢ ᠮᠥᠨ ᠪᠣᠯᠬᠤ ᠨᠢ ᠪᠠᠲᠤᠯᠠᠭᠳᠠᠠ ᠪᠠᠶᠢᠨ᠎ᠠ᠃ ᠡᠨᠡ ᠨᠢ ᠮᠣᠩᠭᠣᠯ ᠨᠤᠲᠤᠭ ᠤᠨ ᠲᠥᠪ ᠪᠠᠷᠠᠭᠤᠨ ᠬᠣᠶᠢᠲᠤ ᠵᠡᠭᠦᠨ ᠡᠮᠦᠨᠡᠲᠦ ᠬᠡᠰᠡᠭ ᠲᠦ ᠥᠷᠭᠡᠨ ᠲᠠᠷᠬᠠᠭᠰᠠᠨ ᠪᠠᠶᠢᠳᠠᠭ᠃

ᠪᠢᠴᠢᠭᠡᠰᠦ