ᠬᠦᠮᠦᠨ ᠦ ᠬᠥᠭᠵᠢᠯ ᠦᠨ ᠢᠯᠡᠳᠬᠡᠯᠴᠡᠭᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠤᠰ ᠣᠷᠣᠨ ᠨᠤᠭᠤᠳ ᠤᠨ ᠬᠦᠮᠦᠨ ᠦ ᠬᠥᠭᠵᠢᠯ ᠦᠨ ᠢᠯᠡᠳᠬᠡᠯᠴᠡᠭᠦᠷᠡᠭᠡᠷᠬᠡ ᠵᠡᠷᠭᠡᠯᠡᠯ ᠢ ᠬᠠᠷᠠᠭᠤᠯᠤᠭᠰᠠᠨ ᠳᠡᠯᠡᠬᠡᠢ ᠶᠢᠨ ᠭᠠᠵᠠᠷ ᠤᠨ ᠵᠢᠷᠤᠭ(2010[1]):

██ ᠳᠡᠭᠡᠳᠦ (Very High)

██ ᠳᠡᠭᠡᠭᠦᠷ (High)

██ ᠳᠤᠮᠳᠠᠴᠢ (Medium)

██ ᠳᠣᠣᠭᠤᠷ (Low)

██ ᠥᠭᠭᠥᠭᠳᠡᠯ ᠭᠦᠢ

ᠬᠦᠮᠦᠨ ᠦ ᠬᠥᠭᠵᠢᠯ ᠦᠨ ᠢᠯᠡᠳᠬᠡᠯᠴᠡᠭᠦᠷ (ᠬᠡᠦᠬᠡᠳ ᠦᠨ ᠬᠥᠭᠵᠢᠯ ᠦᠨ ᠢᠨᠳᠧᠺᠰ) ᠪᠤᠶᠤ ᠬᠦᠮᠦᠨ ᠦ ᠬᠥᠭᠵᠢᠯ ᠦᠨ ᠢᠨᠳᠧᠺᠰ ᠭᠡᠳᠡᠭ ᠨᠢ ᠬᠦᠮᠦᠨ ᠦ ᠬᠥᠭᠵᠢᠯ ᠦᠨ ᠲᠦᠪᠰᠢᠨ ᠢᠶᠡᠷ ᠨᠢ ᠤᠯᠤᠰ ᠣᠷᠣᠨ ᠨᠤᠭᠤᠳ ᠢ ᠳᠡᠭᠡᠳᠦ (ᠠᠩᠭᠯᠢ ᠬᠡᠯᠡ ᠪᠡᠷ very high)᠂ ᠳᠡᠭᠡᠭᠦᠷ (high)᠂ ᠳᠤᠮᠳᠠᠴᠢ (medium)᠂ ᠳᠣᠣᠭᠤᠷ (low) ᠬᠡᠮᠡᠨ ᠵᠡᠷᠭᠡᠯᠡᠬᠦ ᠳᠦ ᠠᠰᠢᠭᠯᠠᠭᠳᠠᠳᠠᠭ ᠬᠣᠯᠢᠮᠠᠭ ᠪᠦᠷᠢᠳᠭᠡᠯ ᠬᠡᠮᠵᠢᠭᠳᠡᠬᠦᠨ ᠶᠤᠮ᠃

ᠬᠡᠦᠬᠡᠳ ᠦᠨ ᠬᠥᠭᠵᠢᠯ ᠦᠨ ᠢᠨᠳᠧᠺᠰ ᠪᠡᠷ ᠳᠡᠯᠡᠬᠡᠢ ᠶᠢᠨ ᠤᠯᠤᠰ ᠣᠷᠣᠨ ᠨᠤᠭᠤᠳ ᠳᠠᠬᠢ ᠬᠦᠮᠦᠨ ᠦ ᠠᠮᠢᠳᠤᠷᠠᠯ ᠤᠨ ᠳᠤᠮᠳᠠᠴᠢ ᠨᠠᠰᠤᠯᠠᠯᠲᠠ᠂ ᠪᠢᠴᠢᠭ ᠦᠰᠦᠭ ᠲᠠᠶᠢᠯᠤᠭᠳᠠᠯ ᠳᠤ᠂ ᠪᠣᠯᠪᠠᠰᠤᠷᠠᠯ ᠤᠨ ᠲᠦᠪᠰᠢᠨ᠂ ᠠᠮᠢᠳᠤᠷᠠᠯ ᠤᠨ ᠬᠡᠮ ᠬᠡᠮᠵᠢᠶ᠎ᠡ ᠵᠡᠷᠭᠡ ᠪᠡᠷ ᠬᠠᠷᠢᠴᠠᠭᠤᠯᠵᠤ ᠦᠨᠡᠯᠡᠳᠡᠭ ᠪᠣᠯᠬᠣᠷ ᠡᠨᠡ ᠨᠢ ᠬᠦᠮᠦᠨ ᠦ ᠰᠠᠶᠢᠨ ᠰᠠᠶᠢᠬᠠᠨ ᠪᠠᠶᠢᠳᠠᠯ᠂ ᠬᠥᠭᠵᠢᠯ ᠦᠨ ᠲᠣᠭᠠᠨ ᠬᠡᠮᠵᠢᠭᠳᠡᠬᠦᠨ ᠪᠣᠯᠳᠠᠭ᠃ ᠮᠥᠨ ᠲᠡᠭᠦᠨᠴᠢᠯᠡᠨ ᠬᠡᠦᠬᠡᠳ ᠦᠨ ᠬᠥᠭᠵᠢᠯ ᠦᠨ ᠢᠨᠳᠧᠺᠰ ᠢ ᠬᠣᠲᠠ᠂ ᠲᠣᠰᠬᠣᠨ᠂ ᠮᠤᠵᠢ ᠭᠡᠬᠦ ᠵᠡᠷᠭᠡ ᠣᠷᠣᠨ ᠨᠤᠲᠤᠭ ᠤᠨ ᠲᠦᠪᠰᠢᠨ ᠨᠦᠭᠦᠳ ᠲᠦ ᠬᠡᠮᠵᠢᠳᠡᠭ᠃

ᠬᠡᠮᠵᠢᠭᠦᠷ ᠪᠠ ᠲᠣᠭᠠᠴᠠᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ 11 ᠍ ᠳᠦᠭᠡᠷ ᠰᠠᠷ᠎ᠠ ᠶᠢᠨ 4 ᠍ ᠳᠦ ᠬᠡᠪᠯᠡᠭᠳᠡᠭᠰᠡᠨ ᠬᠦᠮᠦᠨ ᠦ ᠬᠥᠭᠵᠢᠯ ᠦᠨ ᠲᠠᠶᠢᠯᠤᠨ ᠳᠤ 2010 ᠣᠨ ᠠᠴᠠ ᠡᠬᠢᠯᠡᠨ ᠴᠢᠨᠠᠭᠰᠢᠳᠠ ᠳᠣᠣᠷᠠᠬᠢ ᠭᠤᠷᠪᠠᠨ ᠬᠡᠮᠵᠢᠭᠦᠷ ᠢ ᠬᠣᠣᠰᠯᠠᠭᠤᠯᠤᠨ ᠨᠡᠶᠢᠯᠡᠭᠦᠯᠵᠦ ᠲᠣᠭᠠᠴᠠᠭᠠᠯᠠᠬᠤ ᠶᠢ ᠮᠡᠳᠡᠭᠳᠡᠭᠰᠡᠨ ᠶᠤᠮ᠃

  • ᠤᠷᠲᠤ ᠤᠳᠠᠭᠠᠨ ᠦᠷᠭᠦᠯᠵᠢᠯᠡᠬᠦ᠂ ᠡᠷᠡᠭᠦᠯ ᠰᠠᠷᠠᠭᠤᠯ ᠠᠮᠢᠳᠤᠷᠠᠯ: ᠠᠮᠢᠳᠤᠷᠠᠯ ᠤᠨ ᠨᠠᠰᠤᠯᠠᠯᠲᠠ ᠶᠢᠨ ᠮᠠᠭᠠᠳᠯᠠᠯ
  • ᠮᠡᠳᠡᠯᠭᠡ ᠶᠢᠨ ᠬᠦᠷᠲᠡᠭᠡᠮᠵᠢ: ᠰᠤᠷᠤᠯᠴᠠᠬᠤ ᠳᠤᠮᠳᠠᠴᠢ ᠵᠢᠯ᠂ ᠰᠤᠷᠤᠯᠴᠠᠬᠤ ᠮᠠᠭᠠᠳᠯᠠᠯᠲᠠ ᠵᠢᠯ
  • ᠠᠮᠵᠢᠷᠭᠠᠨ ᠤ ᠬᠡᠮ ᠬᠡᠮᠵᠢᠶᠡᠨ ᠦ ᠲᠥᠯᠥᠪ: ᠨᠢᠭᠡ ᠬᠦᠮᠦᠨ ᠳᠦ ᠣᠨᠣᠭᠳᠠᠬᠣ ᠦᠢᠯᠡᠳᠪᠦᠷᠢᠯᠡᠯ ᠦᠨ ᠨᠡᠶᠢᠲᠡ ᠣᠷᠣᠯᠭ᠎ᠠ (ᠬᠤᠳᠠᠯᠳᠤᠨ ᠠᠪᠬᠤ ᠴᠢᠳᠠᠪᠤᠷᠢ ᠍ ᠪᠠᠷ ᠲᠡᠭᠰᠢᠳᠬᠡᠭᠰᠡᠨ).

ᠬᠦᠮᠦᠨ ᠦ ᠬᠥᠭᠵᠢᠯ ᠭᠡᠳᠡᠭ ᠨᠢ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ