ᠬᠦᠢᠲᠡᠨ ᠳᠠᠶᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠵᠥᠪᠯᠡᠯᠲᠦ ᠬᠣᠯᠪᠣᠭᠠᠲᠤ ᠤᠯᠤᠰ ᠪᠣᠯᠤᠨ ᠪᠤᠰᠤᠳ ᠺᠣᠮᠮᠤᠨᠢᠰ ᠲᠤ ᠤᠯᠤᠰ ᠤᠳ ᠢ ᠤᠯᠠᠭᠠᠨ ᠢᠶᠠᠷ᠂ ᠬᠥᠬᠡ ᠪᠤᠶᠤ ᠨᠣᠭᠣᠭᠠᠨ ᠥᠩᠭᠡ ᠪᠡᠷ North Atlantic Treaty Organization ᠍ ᠦᠨ ᠭᠡᠰᠢᠭᠦᠳ ᠪᠣᠯᠤᠨ ᠺᠠᠫᠲ᠋ᠠᠯᠢᠰᠲ ᠤᠯᠤᠰ ᠤᠳ ᠢ ᠦᠵᠡᠭᠦᠯᠪᠡ᠃ 1959 ᠣᠨ

ᠬᠦᠢᠲᠡᠨ ᠳᠠᠶᠢᠨ ᠭᠡᠳᠡᠭ ᠨᠢ ᠳᠡᠯᠡᠬᠡᠢ ᠶᠢᠨ ᠬᠣᠶᠠᠳᠤᠭᠠᠷ ᠳᠠᠶᠢᠨᠢ ᠦᠶᠡᠰ ᠡᠬᠢ ᠲᠡᠢ᠂ ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭ᠎ᠠ ᠦᠷᠭᠦᠯᠵᠢᠯᠡᠭᠰᠡᠨ ᠣᠯᠠᠨ ᠤᠯᠤᠰ ᠤᠨ ᠤᠯᠤᠰ ᠲᠥᠷᠥ ᠶᠢᠨ ᠦᠢᠯᠡ ᠶᠠᠪᠤᠴᠠ ᠪᠥᠭᠡᠳ ᠡᠨᠡ ᠨᠢ ᠵᠥᠪᠯᠡᠯᠲᠦ ᠬᠣᠯᠪᠣᠭᠠᠲᠤ ᠤᠯᠤᠰ ᠍ ᠤᠨ ᠲᠡᠷᠢᠭᠦᠯᠡᠭᠰᠡᠨ ᠰᠣᠴᠢᠶᠠᠯᠢᠰᠲᠤ ᠰᠢᠰᠲ᠋ᠧᠮ᠂ ᠠᠮᠧᠷᠢᠺᠠ ᠶᠢᠨ ᠨᠢᠭᠡᠳᠦᠭᠰᠡᠨ ᠤᠯᠤᠰ ᠲᠡᠷᠢᠭᠦᠲᠡᠢ ᠺᠠᠫᠲ᠋ᠠᠯᠢᠰᠲ ᠰᠢᠰᠲ᠋ᠧᠮ ᠦᠨ ᠬᠣᠭᠣᠷᠣᠨᠳᠣ ᠶᠢᠨ ᠦᠵᠡᠯ ᠰᠤᠷᠲᠠᠯ ᠤᠨ ᠵᠥᠷᠢᠴᠡᠯᠳᠦᠭᠡᠨ ᠪᠠᠶᠢᠪᠠ᠃ ᠬᠦᠢᠲᠡᠨ ᠳᠠᠶᠢᠨ ᠢ 1940 ᠍ ᠊ᠭᠡᠳ ᠣᠨ ᠤ ᠳᠤᠮᠳᠠ ᠦᠶᠡᠰ ᠡᠬᠢᠯᠡᠨ᠂ ᠵᠥᠪᠯᠡᠯᠲᠦ ᠬᠣᠯᠪᠣᠭᠠᠲᠤ ᠤᠯᠤᠰ ᠢ ᠵᠠᠳᠠᠷᠠᠲᠠᠯ᠎ᠠ 1990 ᠍ ᠊ᠭᠡᠳ ᠣᠨ ᠤ ᠡᠬᠢᠨ ᠦᠶ᠎ᠡ ᠶᠢ ᠬᠦᠷᠲᠡᠯ᠎ᠡ ᠦᠷᠭᠦᠯᠵᠢᠯᠡᠭᠰᠡᠨ ᠭᠡᠵᠦ ᠦᠵᠡᠳᠡᠭ᠃

ᠬᠦᠢᠲᠡᠨ ᠳᠠᠶᠢᠨ ᠭᠡᠵᠦ ᠨᠡᠷᠡᠯᠡᠬᠦ ᠪᠣᠯᠤᠭᠰᠠᠨ ᠨᠢ ᠡᠨᠡ ᠳᠠᠶᠢᠨ ᠨᠢ ᠡᠮᠦᠨᠡᠬᠢ ᠴᠠᠭ ᠦᠶ᠎ᠡ ᠨᠦᠭᠦᠳ ᠰᠢᠭ ᠲᠠᠯ᠎ᠠ ᠨᠤᠭᠤᠳ ᠨᠢ ᠰᠢᠭᠤᠳ ᠬᠣᠭᠣᠷᠣᠨᠳᠣ ᠪᠠᠨ ᠵᠡᠪᠰᠡᠭ ᠪᠠᠷᠢᠨ ᠨᠢᠭᠤᠷ ᠲᠤᠯᠤᠨ ᠳᠠᠶᠢᠲᠤᠬᠤ ᠦᠭᠡᠢ ᠬᠠᠷᠢᠨ ᠥᠭᠡᠷ᠎ᠡ ᠠᠷᠭ᠎ᠠ ᠵᠠᠮ ᠢᠶᠠᠷ᠂ ᠴᠡᠷᠢᠭ ᠦᠨ ᠡᠪᠰᠡᠯ ᠪᠠᠶᠢᠭᠤᠯᠵᠤ᠂ ᠲᠠᠩᠨᠠᠭᠤᠯ᠂ ᠦᠵᠡᠯ ᠰᠤᠷᠲᠠᠯ ᠤᠨ ᠲᠡᠮᠡᠴᠡᠯ ᠥᠷᠨᠢᠭᠦᠯᠬᠦ ᠵᠠᠮ ᠢᠶᠠᠷ ᠲᠤᠯᠤᠯᠳᠤᠨ᠂ ᠵᠥᠷᠢᠴᠡᠯᠳᠦᠨ ᠲᠡᠮᠡᠴᠡᠯᠳᠦᠭᠰᠡᠨ ᠡᠴᠡ ᠡᠶᠢᠨ ᠨᠡᠷᠡᠯᠡᠬᠦ ᠪᠣᠯᠵᠠᠢ᠃ ᠬᠡᠳᠦᠢ ᠪᠡᠷ ᠵᠥᠪᠯᠡᠯᠲᠦ ᠬᠣᠯᠪᠣᠭᠠᠲᠤ ᠤᠯᠤᠰ ᠪᠣᠯᠤᠨ ᠬᠣᠯᠪᠣᠭᠠᠲᠠᠨ ᠤ ᠤᠯᠤᠰ ᠣᠷᠣᠨ ᠨᠤᠭᠤᠳ ᠬᠣᠭᠣᠷᠣᠨᠳᠣ ᠪᠠᠨ ᠤᠯᠤᠰ ᠲᠥᠷᠥ ᠶᠢᠨ ᠬᠦᠷᠢᠶᠡᠨ ᠳᠦ ᠲᠣᠬᠢᠷᠠᠯᠴᠠᠨ ᠨᠠᠼᠢᠰᠲ ᠭᠧᠷᠮᠠᠨᠢ ᠡᠰᠡᠷᠬᠦ ᠳᠡᠯᠡᠬᠡᠢ ᠶᠢᠨ ᠬᠣᠶᠠᠳᠤᠭᠠᠷ ᠳᠠᠶᠢᠨ ᠳᠤ ᠬᠠᠮᠲᠤᠷᠠᠨ ᠲᠡᠮᠡᠴᠡᠭᠰᠡᠨ ᠴᠤ ᠲᠡᠳᠡᠨ ᠦ ᠬᠣᠭᠣᠷᠣᠨᠳᠣ ᠦᠵᠡᠯ ᠰᠤᠷᠲᠠᠯ ᠤᠨ ᠲᠣᠮᠣ ᠵᠥᠷᠢᠴᠡᠯ ᠪᠠᠶᠢᠭ᠎ᠠ ᠨᠢ ᠳᠠᠶᠢᠨ ᠳᠠᠭᠤᠰᠬᠤ ᠳᠥᠬᠥᠬᠦ ᠲᠤᠰᠤᠮ ᠤᠯᠠᠮ ᠪᠦᠷ ᠲᠣᠳᠣᠷᠬᠠᠢ ᠪᠣᠯᠵᠤ ᠪᠠᠶᠢᠪᠠ᠃ ᠡᠨᠡ ᠨᠢ ᠳᠠᠶᠢᠨ ᠳᠠᠭᠤᠰᠤᠭᠰᠠᠨ ᠤ ᠳᠠᠷᠠᠭ᠎ᠠ ᠤᠯᠠᠮ ᠪᠦᠷ ᠢᠯᠡ ᠭᠠᠷᠴᠤ ᠢᠷᠡᠭᠰᠡᠨ᠃

ᠬᠦᠢᠲᠡᠨ ᠳᠠᠶᠢᠨ ᠤ ᠦᠶ᠎ᠡ ᠳᠦ ᠣᠯᠠᠨ ᠤᠯᠤᠰ ᠤᠨ ᠨᠥᠬᠥᠴᠡᠯ ᠪᠠᠶᠢᠳᠠᠯ ᠵᠠᠷᠢᠮ ᠦᠶ᠎ᠡ ᠳᠦ ᠶᠡᠬᠡᠳᠡ ᠬᠤᠷᠴᠠᠳᠠᠨ ᠵᠠᠷᠢᠮ ᠦᠶ᠎ᠡ ᠳᠦ ᠲᠠᠶᠢᠪᠤᠰᠢᠷᠠᠨ ᠬᠠᠷᠢᠴᠠᠩᠭᠤᠢ ᠡᠩᠬᠡ ᠶᠢᠨ ᠪᠠᠶᠢᠳᠠᠯ ᠲᠠᠢ ᠪᠣᠯᠵᠤ ᠪᠠᠶᠢᠪᠠ᠃ ᠲᠤᠬᠠᠶᠢᠯᠠᠪᠠᠯ 1948-1949 ᠣᠨ ᠤ ᠪᠧᠷᠯᠢᠨ ᠦ ᠪᠦᠰᠡᠯᠡᠯᠲᠡ᠂ 1950-1953 ᠣᠨ ᠤ ᠰᠣᠯᠣᠩᠭᠣᠰ ᠤᠨ ᠳᠠᠶᠢᠨ᠂ 1961 ᠣᠨ ᠤ ᠪᠧᠷᠯᠢᠨ ᠦ ᠬᠢᠮᠤᠷᠠᠯ᠂ 1959-1975 ᠣᠨ ᠤ ᠸᠢᠶᠧᠲ᠋ᠨᠠᠮ ᠤᠨ ᠳᠠᠶᠢᠨ᠂ 1979-1989 ᠣᠨ ᠤ ᠠᠹᠬᠠᠨᠨᠢᠰᠲᠠᠨ ᠤ ᠳᠠᠶᠢᠨ᠂ 1962 ᠣᠨ ᠤ ᠺᠦᠪ ᠤᠨ ᠫᠤᠤᠵᠢᠩ ᠤᠨ ᠬᠢᠮᠤᠷᠠᠯ ᠵᠡᠷᠭᠡ ᠨᠢ ᠬᠦᠢᠲᠡᠨ ᠳᠠᠶᠢᠨ ᠤ ᠦᠶ᠎ᠡ ᠶᠢᠨ ᠬᠠᠯᠠᠭᠤᠨ ᠴᠡᠭ ᠦᠳ ᠪᠣᠯᠵᠤ ᠪᠠᠶᠢᠪᠠ᠃ ᠬᠦᠢᠲᠡᠨ ᠳᠠᠶᠢᠨ ᠤ ᠦᠶ᠎ᠡ ᠳᠦ ᠶᠡᠬᠡ ᠭᠦᠷᠦᠨ ᠨᠦᠭᠦᠳ ᠬᠣᠭᠣᠷᠣᠨᠳᠣ ᠪᠠᠨ ᠰᠢᠭᠤᠳ ᠨᠢᠭᠤᠷ ᠲᠤᠯᠤᠨ ᠪᠠᠶᠢᠯᠳᠤᠬᠤ ᠦᠭᠡᠢ ᠪᠠᠶᠢᠭᠰᠠᠨ ᠨᠢ ᠲᠡᠳᠡᠭᠡᠷ ᠦᠨ ᠴᠥᠮ᠎ᠡ ᠶᠢᠨ ᠵᠡᠪᠰᠡᠭ ᠦᠨ ᠬᠦᠴᠦᠨ ᠴᠢᠳᠠᠪᠬ᠎ᠠ᠂ ᠬᠡᠷᠪᠡ ᠴᠥᠮ᠎ᠡ ᠶᠢᠨ ᠳᠠᠶᠢᠨ ᠪᠣᠯᠪᠠᠯ ᠲᠡᠨᠳᠡ ᠡᠴᠡ ᠢᠯᠠᠭᠴᠢ ᠦᠯᠳᠡᠬᠦ ᠦᠭᠡᠢ ᠲᠤᠬᠠᠢ ᠴᠥᠮ᠎ᠡ ᠶᠢᠨ ᠳᠠᠶᠢᠨ ᠤ ᠣᠨᠣᠯ ᠵᠡᠷᠭᠡ ᠡᠴᠡ ᠪᠣᠯᠵᠤ ᠪᠠᠶᠢᠪᠠ᠃ 1980 ᠍ ᠊ᠭᠠᠳ ᠣᠨ ᠤ ᠰᠡᠭᠦᠯ ᠦᠶᠡᠰ ᠬᠦᠢᠲᠡᠨ ᠳᠠᠶᠢᠨ ᠤ ᠠᠭᠤᠷ ᠠᠮᠢᠰᠬᠤᠯ ᠬᠠᠷᠢᠴᠠᠩᠭᠤᠢ ᠵᠥᠭᠡᠯᠡᠷᠡᠭᠰᠡᠨ᠃ ᠮᠠᠬᠠᠶᠢᠯ ᠭᠣᠷᠪᠠᠴᠧᠸ ᠵᠥᠪᠯᠡᠯᠲᠦ ᠬᠣᠯᠪᠣᠭᠠᠲᠤ ᠤᠯᠤᠰ ᠳᠦ ᠥᠭᠡᠷᠡᠴᠢᠯᠡᠯᠲᠡ ᠰᠢᠨᠡᠴᠢᠯᠡᠯᠲᠡ᠂ ᠢᠯᠡ ᠲᠣᠳᠣ ᠪᠠᠶᠢᠳᠠᠯ ᠥᠷᠨᠢᠭᠦᠯᠵᠦ ᠡᠬᠢᠯᠡᠭᠰᠡᠨ ᠪᠠ ᠵᠥᠪᠯᠡᠯᠲᠦ ᠬᠣᠯᠪᠣᠭᠠᠲᠤ ᠤᠯᠤᠰ 1991 ᠣᠨ ᠳᠤ ᠵᠠᠳᠠᠷᠠᠭᠰᠠᠨ ᠢᠶᠠᠷ ᠬᠦᠢᠲᠡᠨ ᠳᠠᠶᠢᠨ ᠲᠡᠭᠦᠰᠬᠡᠯ ᠪᠣᠯᠤᠭᠰᠠᠨ᠃ ᠵᠥᠪᠯᠡᠯᠲᠦ ᠬᠣᠯᠪᠣᠭᠠᠲᠤ ᠤᠯᠤᠰ ᠣᠷᠣᠰᠢᠨ ᠲᠣᠭᠲᠠᠨᠢᠵᠤ ᠪᠠᠶᠢᠭᠰᠠᠨ ᠵᠢᠯ ᠤᠨᠳ ᠲᠤ ᠵᠥᠪᠯᠡᠯᠲᠦᠵᠢᠭᠦᠯᠬᠦ ᠦᠵᠡᠯ ᠰᠤᠷᠲᠠᠯ ᠪᠣᠯᠤᠨ ᠰᠣᠴᠢᠶᠠᠯᠢᠮ ᠍ ᠤᠨ ᠨᠥᠯᠥᠭᠡ᠂ ᠪᠠᠶᠢᠯᠳᠣᠬᠣ ᠪᠣᠳᠣᠯᠭ᠎ᠠ ᠶᠢᠨ ᠵᠣᠷᠢᠯᠭ᠎ᠠ ᠶᠢᠨ ᠡᠭᠦᠳᠡᠨ ᠡᠴᠡ ᠵᠥᠪᠯᠡᠯᠲᠦ ᠶᠢᠨ ᠵᠡᠪᠰᠡᠭᠲᠦ ᠬᠦᠴᠦᠨ ᠦ ᠴᠡᠷᠢᠭ ᠦᠨ ᠠᠩᠭᠢ ᠨᠤᠭᠤᠳ ᠮᠣᠩᠭᠣᠯ ᠳᠤ ᠤᠳᠠᠭ᠎ᠠ ᠳᠠᠷᠠᠭ᠎ᠠ ᠪᠠᠶᠢᠷᠢᠯᠠᠵᠤ ᠪᠠᠶᠢᠭᠰᠠᠨ ᠪᠠᠶᠢᠨ᠎ᠠ᠃

ᠪᠢᠴᠢᠭᠡᠰᠦ