ᠬᠥᠳᠡᠷᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠥᠳᠡᠷᠢ ᠰᠤᠮᠤ
ᠬᠦᠳᠡᠷᠢ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠰᠡᠯᠡᠩᠭᠡ ᠠᠶᠢᠮᠠᠭ
ᠳ᠋ᠣᠣ ᠳᠤ ᠨᠤᠲᠤᠭ
(2 ᠪᠠᠭ)
1. ᠲᠠᠷᠪᠠᠭᠠᠲᠠᠢ
2. ᠪᠠᠶᠠᠨᠴᠠᠭᠠᠨ
ᠭᠠᠵᠠᠷ ᠨᠤᠲᠤᠭ 2838.65 ᠺᠦᠸᠠᠳ᠋ ᠺᠢᠯᠣᠮᠧᠲ᠋ᠷ
ᠬᠦᠮᠦᠨ ᠠᠮᠠ (2011) 2,229 ᠬᠦᠮᠦᠨ
ᠰᠢᠤᠳᠠᠨ ᠳᠤᠭᠠᠷ 43020
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠠᠯᠲᠠᠨᠪᠤᠯᠠᠭ
ᠢᠷᠦᠭᠡ᠂ ↗ ᠬᠢᠶᠠᠭᠲᠤ

ᠬᠥᠳᠡᠷ (ᠬᠦᠳᠡᠷᠢ) ᠨᠢ ᠰᠡᠯᠡᠩᠭᠡ ᠠᠶᠢᠮᠠᠭ ᠤᠨ ᠰᠤᠮᠤ ᠶᠤᠮ᠃

ᠰᠡᠯᠡᠩᠭᠡ ᠠᠶᠢᠮᠠᠭ ᠤᠨ ᠬᠥᠳᠡᠷᠢ ᠰᠤᠮᠤ ᠨᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠰᠠᠶᠢᠳ ᠨᠠᠷ ᠤᠨ ᠵᠥᠪᠯᠡᠯ ᠦᠨ 1971 ᠣᠨ ᠤ 6 ᠍ ᠍ ᠳᠦᠭᠡᠷ ᠰᠠᠷ᠎ᠠ ᠶᠢᠨ 25 ᠍ ᠍ ᠤ ᠡᠳᠦᠷ ᠦᠨ 202 ᠍ ᠍ ᠳᠦᠭᠡᠷ ᠲᠣᠭᠲᠠᠭᠠᠯ ᠢᠶᠠᠷ ᠬᠥᠳᠡᠷ ᠦᠨ ᠲᠡᠵᠢᠭᠡᠯ ᠦᠨ ᠠᠵᠤ ᠠᠬᠤᠢ ᠪᠣᠯᠤᠨ ᠪᠠᠶᠢᠭᠤᠯᠤᠭᠳᠠᠰᠤᠨ ᠢᠶᠠᠷ ᠦᠨᠳᠦᠰᠦ ᠰᠠᠭᠤᠷᠢ ᠨᠢ ᠲᠠᠯᠪᠢᠭᠳᠠᠭᠰᠠᠨ ᠪᠠ ᠤᠯᠠᠮ ᠢᠶᠠᠷ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1972 ᠣᠨ ᠤ 4 ᠍ ᠍ ᠳᠦᠭᠡᠷ ᠰᠠᠷ᠎ᠠ ᠶᠢᠨ 12 ᠍ ᠍ ᠤ ᠡᠳᠦᠷ ᠦᠨ 85 ᠍ ᠍ ᠳᠦᠭᠡᠷ ᠲᠣᠭᠲᠠᠭᠠᠯ ᠢᠶᠠᠷ ᠰᠤᠮᠤ ᠪᠣᠯᠤᠨ ᠵᠣᠬᠢᠶᠠᠨ ᠪᠠᠶᠢᠭᠤᠯᠤᠭᠳᠠᠨ᠃ᠨᠡᠶᠢᠰᠯᠡᠯ ᠤᠯᠠᠭᠠᠨᠪᠠᠭᠠᠲᠤᠷ ᠬᠣᠲᠠ ᠠᠴᠠ 400 ᠺᠢᠯᠣᠮᠧᠲ᠋ᠷ᠂ ᠠᠶᠢᠮᠠᠭ ᠤᠨ ᠲᠥᠪ ᠰᠦᠬᠡᠪᠠᠭᠠᠲᠤᠷ ᠰᠤᠮᠤ ᠠᠴᠠ 160 ᠺᠢᠯᠣᠮᠧᠲ᠋ᠷ ᠵᠠᠢ ᠳᠤ ᠠᠯᠤᠰᠯᠠᠭᠳᠠᠭᠰᠠᠨ ᠪᠠ ᠤᠷᠳᠤ ᠪᠠᠷᠠᠭᠤᠨ ᠲᠠᠯ᠎ᠠ ᠪᠠᠷ ᠢᠶᠠᠨ ᠢᠷᠦᠭᠡ ᠰᠤᠮᠤ ᠲᠠᠢ᠂ ᠪᠠᠷᠠᠭᠤᠨ ᠬᠣᠶᠢᠳᠤ ᠲᠠᠯ᠎ᠠ ᠪᠠᠷ ᠢᠶᠠᠨ ᠠᠯᠲᠠᠨᠪᠤᠯᠠᠭ ᠰᠤᠮᠤ ᠲᠠᠢ᠂ ᠬᠣᠶᠢᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ ᠲᠠᠢ ᠵᠡᠭᠦᠨ ᠲᠠᠯ᠎ᠠ ᠪᠠᠷ ᠢᠶᠠᠨ ᠬᠡᠨᠲᠡᠢ ᠠᠶᠢᠮᠠᠭ ᠲᠠᠢ ᠬᠢᠯᠢ ᠵᠠᠯᠭᠠᠨ ᠣᠷᠣᠰᠢᠳᠠᠭ᠃ᠬᠥᠳᠡᠷᠢ ᠰᠤᠮᠤ ᠨᠢ 283.6 ᠮᠢᠩᠭ᠎ᠠ ᠭᠠ ᠨᠤᠲᠤᠭ ᠳᠡᠪᠢᠰᠬᠡᠷ ᠲᠡᠢ᠃ᠡᠭᠦᠨ ᠦ 105 ᠮᠢᠩᠭᠠᠭᠠᠨ ᠭᠠ ᠨᠢ ХАА ᠍ ᠍ ᠦᠨ ᠡᠳ᠋ᠯᠡᠪᠦᠷᠢ᠂ ᠬᠦᠮᠦᠨ ᠠᠮᠠ ᠨᠢ 3000 ᠣᠷᠴᠢᠮ᠂ ᠪᠦᠬᠦ ᠨᠤᠲᠤᠭ ᠤᠨ 61,8 ᠬᠤᠪᠢ ᠶᠢ ᠣᠢ ᠮᠣᠳᠣ ᠡᠵᠡᠯᠡᠳᠡᠭ᠃ᠬᠠᠭᠤᠴᠢᠨ ᠢᠶᠠᠷ ᠡᠷᠳᠡᠨᠢ ᠸᠠᠩ ᠤᠨ ᠬᠣᠰᠢᠭᠤᠨ ᠤ ᠬᠥᠳᠡᠷᠢ᠂ ᠴᠢᠭᠲᠠᠢ᠂ ᠪᠤᠯᠠᠭ ᠲᠠᠢ᠂ ᠤᠶᠠᠯᠭ᠎ᠠ᠂ ᠭᠠᠯᠲᠤ ᠲᠠᠢ ᠵᠡᠷᠭᠡ ᠬᠠᠷᠠᠭᠤᠯ ᠤᠳ ᠤᠨ ᠨᠤᠲᠤᠭ ᠢ ᠬᠠᠮᠤᠷᠤᠭᠰᠠᠨ᠃ᠬᠥᠳᠡᠷ ᠦᠨ ᠥᠨᠳᠥᠷ 1974 ᠮ᠂ ᠲᠠᠷᠪᠠᠭᠲᠠᠢ ᠶᠢᠨ ᠥᠨᠳᠥᠷ 1286 ᠮ᠂ ᠳᠠᠯᠠᠢ ᠶᠢᠨ ᠲᠥᠪᠰᠢᠨ ᠡᠴᠡ 800 ᠮ ᠡᠷᠭᠦᠭᠳᠡᠭᠰᠡᠨ᠃ᠡᠪᠦᠯ ᠳᠦ ᠪᠡᠨ 25-32 ᠬᠡᠮ ᠬᠦᠢᠲᠡᠨ᠂ ᠵᠤᠨ 22-30 ᠬᠡᠮ ᠳᠤᠯᠠᠭᠠᠨ᠂ ᠳᠠᠯᠠᠢ ᠶᠢᠨ ᠲᠥᠪᠰᠢᠨ ᠡᠴᠡ ᠳᠡᠭᠡᠭᠰᠢ 1100 ᠮ ᠠᠴᠠ ᠥᠨᠳᠥᠷ ᠲᠦ ᠡᠷᠭᠦᠭᠳᠡᠭᠰᠡᠨ ᠬᠥᠳᠡᠷᠢ᠂ ᠰᠢᠷᠭᠤᠯᠵᠢ᠂ ᠥᠨᠳᠥᠷ ᠴᠠᠭᠠᠨ᠂ ᠰᠡᠯᠡᠮ᠎ᠡ ᠬᠠᠶᠢᠷᠬᠠᠨ᠂ ᠠᠯᠠᠭ ᠳᠠᠪᠠᠭᠠᠨ ᠤ ᠨᠢᠷᠤᠭᠤ᠂ ᠴᠠᠭᠠᠨ ᠭᠦᠨ ᠵᠡᠷᠭᠡ ᠣᠯᠠᠨ ᠠᠭᠤᠯᠠ ᠨᠤᠷ ᠤᠳ ᠲᠠᠢ᠂ ᠳᠥᠯᠥᠭᠡᠨ ᠪᠡᠷᠬᠡ ᠵᠡᠷᠭᠡ ᠠᠤᠯᠠᠯᠠᠰ ᠲᠠᠢ ᠲᠥᠪ ᠬᠣᠶᠢᠳᠤ ᠬᠡᠰᠡᠭ ᠢ ᠴᠥᠬᠥ᠂ ᠬᠥᠳᠡᠷ᠂ ᠭᠠᠯᠲᠤ ᠲᠠᠢ᠂ ᠤᠶᠠᠯᠭ᠎ᠠ ᠭᠣᠣᠯ ᠤᠨ ᠬᠥᠨᠳᠡᠢ ᠡᠵᠡᠯᠡᠳᠡᠭ᠃ᠠᠨᠠᠭᠠᠬᠤ ᠡᠮᠴᠢᠯᠡᠭᠡᠨ ᠳᠦ ᠬᠡᠷᠡᠭᠯᠡᠭᠳᠡᠬᠦ ᠠᠷᠤ᠂ ᠥᠪᠥᠷ ᠨᠣᠮᠲᠤ ᠶᠢᠨ ᠷᠠᠰᠢᠶᠠᠨ᠂ ᠲᠡᠮᠦᠷ ᠲᠡᠢ ᠶᠢᠨ 《ᠰᠣᠷᠢᠨᠵᠢᠨ ᠬᠠᠳᠠ》 ᠵᠡᠷᠭᠡ ᠦᠵᠡᠰᠬᠦᠯᠡᠩᠲᠦ ᠰᠠᠶᠢᠬᠠᠨ ᠪᠠᠶᠢᠭᠠᠯᠢ ᠶᠢᠨ ᠲᠣᠭᠲᠠᠴᠠ ᠲᠠᠢ ᠠᠴᠠ ᠭᠠᠳᠠᠨ᠎ᠠ ᠲᠥᠷᠥᠯ ᠪᠦᠷᠢ ᠶᠢᠨ ᠡᠮ ᠦᠨ ᠤᠷᠭᠤᠮᠠᠯ ᠢᠶᠠᠷ ᠪᠠᠶᠠᠯᠢᠭ᠃ᠬᠦᠮᠦᠨ ᠠᠷᠠᠳ ᠤᠨ ᠬᠦᠨᠡᠰᠦ ᠲᠡᠵᠢᠭᠡᠯ ᠦᠨ ᠪᠣᠯᠤᠨ ᠡᠮ ᠦᠨ ᠬᠡᠷᠡᠭᠴᠡᠭᠡᠨ ᠳᠦ ᠠᠰᠢᠭᠯᠠᠵᠤ ᠢᠷᠡᠭᠰᠡᠨ ᠤᠯᠠᠭᠠᠯᠠᠵᠠᠭᠠᠨ᠎ᠠ᠂ ᠮᠣᠶᠢᠯ᠂ ᠰᠠᠮᠤᠷ᠂ ᠨᠡᠷᠡᠰᠦ᠂ ᠦᠷᠢᠯ᠂ ᠦᠬᠡᠷ ᠦᠨ ᠨᠢᠳᠦ᠂ ᠠᠨᠢᠰ᠂ ᠬᠠᠯᠢᠶᠠᠷ᠂ ᠭᠣᠭᠣᠳ ᠵᠡᠷᠭᠡ ᠠᠮᠲᠠ ᠴᠢᠨᠠᠷ ᠰᠠᠶᠢᠲᠠᠢ ᠵᠢᠮᠢᠰ ᠵᠢᠮᠢᠰ ᠬᠡᠨ ᠦ ᠶᠡᠬᠡ ᠨᠥᠭᠡᠴᠡ ᠲᠡᠢ᠂ ᠬᠠᠩᠭᠠᠢ ᠶᠢᠨ ᠪᠣᠯᠤᠨ ᠲᠠᠶᠢᠭ᠎ᠠ ᠶᠢᠨ ᠪᠦᠰᠡᠯᠡᠭᠦᠷ ᠦᠨ ᠰᠢᠯᠮᠦᠦᠰᠦᠲᠦ ᠪᠣᠯᠤᠨ ᠨᠠᠪᠴᠢᠲᠤ ᠣᠢ ᠳᠤ ᠠᠷᠪᠠ ᠭᠠᠷᠤᠢ ᠲᠥᠷᠥᠯ ᠦᠨ ᠮᠣᠳᠣ ᠬᠣᠯᠢᠯᠳᠤᠨ ᠤᠷᠭᠤᠭᠰᠠᠨ ᠦᠵᠡᠰᠬᠦᠯᠡᠩ ᠨᠤᠷ ᠤᠳ ᠲᠤ ᠬᠠᠨᠳᠠᠭᠠᠢ ᠪᠠᠭᠠᠪᠠᠭᠠᠢ ᠰᠢᠯᠦᠭᠦᠰᠦ ᠪᠣᠷᠣ ᠭᠥᠷ ᠡᠴᠡ ᠵᠡᠷᠯᠢᠭ ᠭᠠᠬᠠᠢ ᠪᠤᠭᠤ ᠬᠥᠳᠡᠷ ᠦᠨᠡᠭᠡ ᠴᠢᠨᠣ᠎ᠠ ᠬᠢᠷᠰᠠ ᠪᠤᠯᠠᠭ᠎ᠠ ᠣᠨᠳᠠᠲ᠋ᠣᠷ ᠲᠠᠷᠪᠠᠭ᠎ᠠ ᠵᠤᠷᠠᠮ᠎ᠠ ᠦᠮᠦᠬᠡᠢ ᠬᠦᠷᠡᠩ ᠦᠶᠡᠩ ᠰᠣᠯᠣᠩᠭ᠎ᠠ ᠬᠦᠷᠮ᠎ᠡ ᠳᠣᠷᠣᠭᠣ ᠨᠣᠬᠠᠢ ᠵᠢᠭᠡᠬᠡ ᠵᠡᠷᠭᠡ ᠠᠨ ᠠᠮᠢᠲᠠᠳ ᠠᠩᠨᠠᠭᠤᠷ ᠤᠨ ᠪᠣᠯᠤᠨ ᠨᠡᠭᠦᠳᠡᠯ ᠦᠨ ᠬᠤᠨ ᠲᠣᠭᠣᠷᠤᠤ ᠵᠡᠷᠯᠢᠭ ᠨᠤᠭᠤᠰᠤ ᠭᠠᠯᠠᠭᠤ ᠨᠣᠭᠲᠣᠷᠣ ᠬᠤᠷ᠎ᠠ ᠰᠣᠶᠢᠷ ᠢᠲᠠᠭᠤ ᠠᠩᠭᠢᠷ ᠵᠡᠷᠭᠡ ᠣᠯᠠᠨ ᠲᠥᠷᠥᠯ ᠦᠨ ᠵᠢᠭᠦᠷᠲᠡᠨ ᠰᠢᠪᠠᠭᠤᠳ ᠡᠯᠪᠡᠭ ᠲᠡᠢ᠃

ᠰᠠᠮᠤᠷᠭᠦᠵᠡᠭᠡᠯᠵᠡᠭᠡᠨ᠎ᠡᠤᠯᠠᠯᠵᠢᠭᠠᠨ᠎ᠠᠦᠬᠡᠷ ᠦᠨ ᠨᠢᠳᠦᠨᠡᠷᠡᠰᠬᠠᠳᠠᠠᠨᠢᠰᠤᠳᠣᠯᠣᠭᠣᠨ᠎ᠠᠪᠥᠭᠡᠷᠡᠯᠵᠡᠭᠡᠨ᠎ᠡᠦᠷᠢᠯᠮᠣᠶᠢᠯ ᠭᠡᠬᠦ ᠮᠡᠲᠦ ᠣᠯᠠᠨ ᠲᠥᠷᠥᠯ ᠦᠨ ᠵᠢᠮᠢᠰ ᠵᠢᠮᠢᠰᠬᠡᠨ᠎ᠡ ᠤᠷᠭᠤᠳᠠᠭ᠃ ᠮᠥᠨ ᠣᠯᠠᠨ ᠲᠥᠷᠥᠯ ᠦᠨ ᠵᠡᠷᠯᠢᠭ ᠠᠨ ᠠᠮᠢᠲᠠᠳ ᠲᠠᠢ᠃

ᠰᠡᠭᠦᠯ ᠦᠨ ᠦᠶ᠎ᠡ ᠳᠦ 《ᠳᠠᠷᠬᠠᠨ ᠤ ᠲᠡᠮᠦᠷᠯᠢᠭ ᠦᠨ ᠦᠢᠯᠡᠳᠪᠦᠷᠢ》 ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠦᠨ ᠲᠡᠮᠦᠷ ᠲᠡᠢ᠂ ᠡᠷᠦᠳᠡᠰᠦ ᠬᠣᠯᠠᠳᠠᠨ ᠢ ХХК ᠍ ᠍ ᠦᠨ ᠲᠡᠮᠦᠷ ᠲᠡᠢ ᠶᠢᠨ ᠭᠣᠣᠯ ᠭᠡᠰᠡᠨ ᠲᠡᠮᠦᠷ ᠦᠨ ᠬᠥᠳᠡᠷ ᠦᠨ ᠢᠯᠡ ᠠᠭᠤᠷᠬᠠᠢ ᠨᠤᠭᠤᠳ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ᠃

ᠪᠢᠴᠢᠭᠡᠰᠦ