ᠬᠥᠯ ᠪᠥᠮᠪᠥᠭᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠥᠯ ᠪᠥᠮᠪᠥᠭᠡ
Football iu 1996.jpg
ᠤᠯᠠᠭᠠᠨ ᠡᠮᠦᠰᠬᠡᠯ ᠲᠡᠢ ᠲᠣᠭᠯᠠᠭᠴᠢ ᠴᠠᠭᠠᠨ ᠡᠮᠦᠰᠬᠡᠯ ᠲᠡᠢ ᠪᠠᠭ ᠤᠨ ᠬᠠᠮᠠᠭᠠᠯᠠᠯᠲᠠ ᠶᠢ ᠳᠠᠪᠠᠵᠤ᠂ ᠬᠠᠭᠠᠯᠭ᠎ᠠ ᠷᠤ ᠴᠣᠬᠢᠯᠲᠠ ᠬᠢᠵᠦ ᠪᠠᠶᠢᠨ᠎ᠠ᠃
ᠳᠡᠭᠡᠳᠦ ᠲᠦᠪᠰᠢᠨ ᠦ ᠵᠠᠬᠢᠷᠬᠤ ᠪᠠᠶᠢᠭᠤᠯᠤᠯᠭ᠎ᠠ Federation Internationale de Football Association
ᠬᠣᠴᠢ(ᠨ ᠨᠤᠭᠤᠳ) Football, soccer, footy/footie, "the beautiful game", "the world game"
ᠠᠩᠬ᠎ᠠ ᠲᠣᠭᠯᠠᠭᠳᠠᠭᠰᠠᠨ 19 ᠍ ᠳᠦᠭᠡᠷ ᠵᠠᠭᠤᠨ ᠤ ᠳᠤᠮᠳᠠ ᠦᠶ᠎ᠡ᠂ ᠪᠷᠢᠲ᠋ᠠᠨ(ᠠᠩᠭᠯᠢ)
ᠣᠨᠴᠠᠯᠢᠭ ᠰᠢᠨᠵᠢ
ᠱᠦᠷᠭᠦᠯᠴᠡᠳᠡᠭ ᠰᠫᠣᠷᠲ ᠡᠰᠡᠬᠦ ᠲᠡᠶᠢᠮᠦ
ᠪᠠᠭ ᠤᠨ ᠭᠡᠰᠢᠭᠦᠨ ᠪᠠᠭ ᠪᠦᠷᠢ ᠳᠦ ᠪᠡᠨ 11 ᠲᠣᠭᠯᠠᠭᠴᠢ
ᠬᠣᠯᠢᠮᠠᠭ ᠬᠦᠢᠰᠦ ᠲᠡᠶᠢᠮᠦ᠂ ᠲᠤᠰ ᠲᠤ ᠪᠠᠨ ᠲᠡᠮᠡᠴᠡᠭᠡᠨ ᠲᠡᠢ
ᠠᠩᠬᠢᠯᠠᠯ ᠪᠠᠭ ᠤᠨ ᠰᠫᠣᠷᠲᠪᠥᠮᠪᠥᠭᠡ ᠲᠡᠢ ᠰᠫᠣᠷᠲ
ᠪᠠᠭᠠᠵᠢ ᠬᠡᠷᠡᠭᠰᠡᠯ ᠬᠥᠯᠪᠥᠮᠪᠥᠭᠡ ᠶᠢᠨ ᠪᠥᠮᠪᠥᠭᠡ
ᠶᠠᠪᠤᠭᠳᠠᠬᠤ ᠭᠠᠵᠠᠷ ᠬᠥᠯᠪᠥᠮᠪᠥᠭᠡ ᠶᠢᠨ ᠲᠠᠯᠠᠪᠠᠢ
ᠣᠯᠢᠮᠫᠢᠺ 1900

ᠬᠥᠯ ᠪᠥᠮᠪᠥᠭᠡ ᠨᠢ ᠲᠤᠰ ᠪᠦᠷᠢ ᠠᠷᠪᠠᠨ ᠨᠢᠭᠡᠨ ᠲᠣᠭᠯᠠᠭᠴᠢ ᠲᠠᠢ ᠬᠣᠶᠠᠷ ᠪᠠᠭ ᠤᠨ ᠬᠣᠭᠣᠷᠣᠨᠳᠣ ᠶᠠᠪᠤᠭᠳᠠᠳᠠᠭ᠂ ᠪᠥᠭᠡᠷᠡᠩᠬᠡᠢ ᠪᠥᠮᠪᠥᠭᠡ ᠬᠡᠷᠡᠭᠯᠡᠳᠡᠭ ᠳᠡᠯᠡᠬᠡᠢ ᠳᠦ ᠬᠠᠮᠤᠭ ᠤᠨ ᠥᠷᠭᠡᠨ ᠲᠠᠷᠬᠠᠭᠰᠠᠨ ᠪᠠᠭ ᠤᠨ ᠰᠫᠣᠷᠲ ᠶᠤᠮ᠃ ᠲᠤᠰ ᠰᠫᠣᠷᠲ ᠨᠢ ᠳᠡᠯᠡᠬᠡᠢ ᠶᠢᠨ ᠬᠠᠮᠤᠭ ᠤᠨ ᠲᠦᠭᠡᠮᠡᠯ ᠰᠫᠣᠷᠲ ᠶᠤᠮ᠃[1][2][3]

ᠡᠨᠡ ᠰᠫᠣᠷᠲ ᠨᠢ ᠲᠤᠰ ᠪᠦᠷᠢ 11 ᠬᠦᠮᠦᠨ ᠲᠡᠢ 2 ᠪᠠᠭ ᠲᠡᠭᠰᠢ ᠥᠨᠴᠥᠭᠲᠦ ᠬᠡᠯᠪᠡᠷᠢᠲᠡᠢ ᠲᠠᠯᠠᠪᠠᠢ ᠳᠤ ᠪᠥᠮᠪᠥᠭᠡ ᠠᠰᠢᠭᠯᠠᠨ ᠲᠣᠭᠯᠠᠳᠠᠭ᠃ ᠲᠣᠭᠯᠠᠭᠠᠮ ᠤᠨ ᠵᠣᠷᠢᠯᠭ᠎ᠠ ᠨᠢ ᠴᠤᠬᠤᠮ ᠡᠨᠡ ᠪᠥᠮᠪᠥᠭᠡ ᠶᠢ ᠡᠰᠡᠷᠭᠥ ᠪᠠᠭ ᠤᠨ ᠢᠶᠠᠨ ᠬᠠᠭᠠᠯᠭᠠᠨ ᠳᠤ ᠤᠷᠤᠭᠤᠯᠬᠤ ᠶᠤᠮ᠃ ᠬᠥᠯ ᠪᠥᠮᠪᠥᠭᠡ ᠲᠦ ᠵᠥᠪᠬᠡᠨ ᠬᠠᠭᠠᠯᠭᠠᠴᠢ ᠯᠠ ᠪᠥᠮᠪᠦᠭᠡᠨ ᠳᠦ ᠭᠠᠷ ᠢᠶᠠᠷ ᠢᠶᠠᠨ ᠬᠦᠷᠬᠦ ᠪᠣᠯᠤᠮᠵᠢ ᠲᠠᠢ ᠪᠠᠶᠢᠳᠠᠭ ᠪᠠ ᠪᠤᠰᠤᠳ ᠨᠢ ᠲᠣᠭᠯᠠᠭᠴᠢᠳ ᠨᠢ ᠬᠥᠯ ᠢᠶᠡᠷ ᠢᠶᠡᠨ ᠪᠥᠮᠪᠥᠭᠡ ᠶᠢ ᠢᠰᠬᠦᠯᠵᠦ ᠲᠣᠭᠯᠠᠨ᠎ᠠ᠃ ᠮᠥᠨ ᠠᠭᠠᠷ ᠳᠠᠬᠢ ᠪᠥᠮᠪᠥᠭᠡ  ᠶ᠋ᠢ ᠲᠣᠯᠣᠭᠠᠢ᠂ ᠴᠡᠭᠡᠵᠢ ᠪᠡᠨ ᠠᠰᠢᠭᠯᠠᠨ ᠲᠣᠭᠯᠠᠵᠤ ᠪᠣᠯᠳᠠᠭ᠃ ᠲᠣᠭᠯᠠᠯᠲᠠ ᠶᠢᠨ ᠲᠡᠭᠦᠰᠬᠡᠯ ᠳᠦ ᠬᠠᠮᠤᠭ ᠤᠨ ᠣᠯᠠᠨ ᠭᠣᠣᠣᠯ ᠣᠷᠣᠭᠤᠯᠤᠭᠰᠠᠨ ᠪᠠᠭ ᠨᠢ ᠢᠯᠠᠭᠰᠠᠨ ᠳᠤ ᠲᠣᠭᠠᠴᠠᠭᠳᠠᠨ᠎ᠠ᠃ ᠬᠡᠷᠪᠡ ᠲᠣᠭᠯᠠᠯᠲᠠ ᠶᠢᠨ ᠲᠡᠭᠦᠰᠬᠡᠯ ᠳᠦ 2 ᠪᠠᠭ ᠤᠨ ᠣᠷᠣᠭᠤᠯᠤᠭᠰᠠᠨ ᠪᠥᠮᠪᠥᠭᠡ ᠶᠢᠨ ᠲᠣᠭ᠎ᠠ ᠠᠳᠠᠯᠢᠬᠠᠨ ᠪᠣᠯ ᠲᠡᠩᠴᠡᠭᠰᠡᠨ ᠭᠡᠵᠦ ᠦᠵᠡᠨ᠎ᠡ᠃ ᠭᠡᠬᠦ ᠳᠦ ᠪᠡᠨ ᠲᠡᠮᠡᠴᠡᠭᠡᠨ ᠤ ᠲᠥᠷᠥᠯ ᠡᠴᠡ ᠬᠠᠮᠢᠶᠠᠷᠤᠨ ᠴᠠᠭ ᠰᠤᠩᠭᠠᠬᠤ᠂ 11 ᠮᠧᠲ᠋ᠷ ᠦᠨ ᠲᠣᠷᠭᠠᠭᠤᠯᠢ ᠶᠢᠨ ᠴᠣᠬᠢᠯᠲᠠ ᠪᠠᠷ ᠢᠯᠠᠭᠴᠢ ᠪᠠᠨ ᠲᠣᠳᠣᠷᠠᠭᠤᠯᠬᠤ ᠨᠢ ᠪᠤᠢ᠃

ᠣᠷᠴᠢᠨ ᠦᠶ᠎ᠡ ᠶᠢᠨ ᠬᠥᠯ ᠪᠥᠮᠪᠥᠭᠡ ᠶᠢᠨ ᠳᠦᠷᠢᠮ ᠢ ᠠᠩᠬ᠎ᠠ ᠠᠩᠭᠯᠢ ᠶᠢᠨ ᠬᠥᠯ ᠪᠥᠮᠪᠥᠭᠡ ᠶᠢᠨ ᠬᠣᠯᠪᠣᠭ᠎ᠠ (The Football Association) 1863 ᠣᠨ ᠳᠤ The Laws of the Game ᠪᠤᠶᠤ ᠲᠣᠭᠯᠠᠯᠲᠠ ᠶᠢᠨ ᠳᠦᠷᠢᠮ ᠦᠳ ᠨᠡᠷ᠎ᠡ ᠲᠡᠢ ᠪᠡᠷ ᠭᠠᠷᠭᠠᠭᠰᠠᠨ᠃ ᠡᠨᠡ ᠨᠢ ᠣᠳᠣ ᠶᠢᠨ ᠬᠥᠯ ᠪᠥᠮᠪᠥᠭᠡ ᠶᠢᠨ ᠦᠨᠳᠦᠰᠦᠨ ᠳᠦᠷᠢᠮ ᠪᠣᠯᠵᠤ ᠢᠷᠡᠭᠰᠡᠨ ᠪᠠᠶᠢᠨ᠎ᠠ᠃ ᠬᠥᠯ ᠪᠥᠮᠪᠥᠭᠡ ᠶᠢᠨ ᠬᠠᠮᠤᠭ ᠤᠨ ᠲᠣᠮᠣ ᠲᠡᠮᠡᠴᠡᠭᠡᠨ ᠨᠦᠭᠦᠳ ᠢ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭ᠎ᠠ ᠪᠤᠶᠤ FIFA (Fédération Internationale de Football Association) ᠶᠡᠷᠦᠩᠬᠡᠢ ᠳᠤ ᠨᠢ ᠵᠣᠬᠢᠶᠠᠨ ᠪᠠᠶᠢᠭᠤᠯᠳᠠᠭ᠃ ᠲᠡᠳᠡᠭᠡᠷ ᠦᠨ ᠬᠠᠮᠤᠭ ᠤᠨ ᠠᠯᠳᠠᠷᠲᠠᠢ ᠨᠢ 4 ᠵᠢᠯ ᠳᠤ ᠨᠢᠭᠡ ᠤᠳᠠᠭ᠎ᠠ ᠪᠣᠯᠳᠠᠭ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠶᠤᠮ᠃ ᠡᠨᠡ ᠨᠢ ᠵᠤᠨ ᠤ ᠣᠯᠢᠮᠫᠢᠺ ᠠᠴᠠ 2 ᠳᠠᠬᠢᠨ ᠶᠡᠬᠡ ᠦᠵᠡᠭᠴᠢ ᠲᠡᠢ ᠳᠡᠯᠡᠬᠡᠢ ᠶᠢᠨ ᠬᠠᠮᠤᠭ ᠤᠨ ᠲᠣᠮᠣ ᠱᠣᠤ ᠰᠫᠣᠷᠲ ᠶᠤᠮ᠃[4]

ᠬᠡᠪ ᠮᠠᠶ᠋ᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠠᠯᠭᠠᠨ ᠤ ᠣᠶᠢᠷᠠᠯᠴᠠᠭ᠎ᠠ ᠴᠣᠬᠢᠭᠰᠠᠨ ᠪᠥᠮᠪᠥᠭᠡ ᠶᠢ ᠬᠠᠭᠠᠯᠭᠠᠴᠢ ᠬᠠᠭᠠᠵᠤ ᠪᠤᠢ ᠪᠠᠶᠢᠳᠠᠯ

ᠬᠥᠯ ᠪᠥᠮᠪᠥᠭᠡ ᠶᠢᠨ ᠪᠠᠭ ᠤᠨ ᠬᠠᠭᠠᠯᠭᠠᠴᠢ ᠠᠴᠠ ᠪᠤᠰᠤᠳ ᠲᠣᠭᠯᠠᠭᠴᠢᠳ ᠪᠥᠮᠪᠦᠭᠡᠨ ᠳᠦ ᠪᠥᠮᠪᠥᠭᠡ ᠶᠢ ᠭᠠᠷ ᠢᠶᠠᠷ ᠢᠶᠠᠨ ᠰᠢᠳᠡᠵᠦ ᠭᠠᠷᠬᠤ ᠠᠴᠠ ᠪᠤᠰᠤᠳ ᠲᠣᠬᠢᠶᠠᠯᠳᠤᠯ ᠳᠤ ᠭᠠᠷ ᠢᠶᠠᠷ ᠢᠶᠠᠨ ᠬᠦᠷᠬᠦ ᠨᠢ ᠬᠣᠷᠢᠭ᠎ᠠ ᠲᠠᠢ ᠪᠠᠶᠢᠳᠠᠭ᠃ ᠲᠣᠭᠯᠠᠯᠲᠠ ᠶᠢᠨ ᠦᠶ᠎ᠡ ᠳᠦ ᠲᠣᠭᠯᠠᠭᠴᠢᠳ ᠬᠤᠷᠳᠤᠨ ᠭᠦᠶᠦᠬᠦ᠂ ᠪᠠᠭ ᠤᠨ ᠢᠶᠠᠨ ᠬᠦᠮᠦᠨ ᠳᠦ ᠪᠥᠮᠪᠥᠭᠡ ᠳᠠᠮᠵᠢᠭᠤᠯᠬᠤ᠂ ᠬᠠᠭᠠᠯᠭ᠎ᠠ ᠤᠷᠤᠭᠤ ᠴᠤᠬᠢᠬᠤ ᠵᠡᠷᠭᠡ ᠥᠪᠡᠷᠰᠡᠳ ᠦᠨ ᠤᠷ᠎ᠠ ᠴᠢᠳᠠᠪᠤᠷᠢ ᠪᠠᠨ ᠠᠰᠢᠭᠯᠠᠨ ᠡᠰᠡᠷᠭᠦ ᠪᠠᠭ ᠤᠨ ᠢᠶᠠᠨ ᠬᠠᠭᠠᠯᠭᠠᠴᠢ ᠶᠢᠨ ᠬᠠᠭᠠᠵᠤ ᠪᠤᠢ ᠬᠠᠭᠠᠯᠭᠠᠨ ᠳᠤ ᠭᠣᠣᠯ ᠣᠷᠣᠭᠤᠯᠬᠤ ᠶᠢ ᠬᠢᠴᠢᠶᠡᠨ ᠥᠷᠢᠰᠦᠯᠳᠦᠨ᠎ᠡ᠃ ᠡᠰᠡᠷᠭᠦ ᠪᠠᠭ ᠤᠨ ᠲᠣᠭᠯᠠᠭᠴᠢᠳ ᠨᠢ ᠡᠭᠦᠨ ᠢ ᠡᠰᠡᠷᠭᠦᠴᠡᠨ ᠪᠥᠮᠪᠥᠭᠡ ᠶᠢ ᠥᠪᠡᠷᠰᠡᠳ ᠦᠨ ᠪᠣᠯᠭᠠᠬᠤ ᠪᠠᠷ ᠬᠠᠮᠠᠭᠠᠯᠠᠨ ᠲᠣᠭᠯᠠᠨ᠎ᠠ᠃ ᠬᠥᠯ ᠪᠥᠮᠪᠥᠭᠡ ᠶᠢᠨ ᠲᠣᠭᠯᠠᠯᠲᠠ ᠶᠢ ᠪᠥᠮᠪᠥᠭᠡ ᠲᠠᠯᠠᠪᠠᠢ ᠠᠴᠠ ᠭᠠᠷᠬᠤ᠂ ᠰᠢᠭᠦᠭᠴᠢ ᠲᠣᠭᠯᠠᠯᠲᠠ ᠶᠢ ᠵᠣᠭᠰᠣᠬᠤ ᠭᠡᠰᠡᠨ 2 ᠲᠣᠬᠢᠶᠠᠯᠳᠤᠯ ᠳᠤ ᠯᠠ ᠵᠣᠭᠰᠣᠭᠠᠨ᠎ᠠ᠃

ᠮᠡᠷᠭᠡᠵᠢᠯ ᠦᠨ ᠬᠥᠯ ᠪᠥᠮᠪᠥᠭᠡ ᠶᠢᠨ ᠲᠣᠭᠯᠠᠯᠲᠠ ᠳᠤ ᠴᠥᠭᠡᠨ ᠲᠣᠭᠠᠨ ᠤ ᠭᠣᠣᠣᠯ ᠣᠷᠣᠳᠠᠭ᠃ ᠵᠢᠱᠢᠶᠡᠯᠡᠪᠡᠯ 2005-2006 ᠣᠨ ᠤ ᠠᠩᠭᠯᠢ ᠶᠢᠨ ᠬᠥᠯ ᠪᠥᠮᠪᠥᠭᠡ ᠶᠢᠨ ᠫᠷᠧᠮᠢᠶᠧᠷ ᠯᠢᠭ ᠲᠦ ᠨᠢᠭᠡ ᠲᠣᠭᠯᠠᠯᠲᠠ ᠳᠤ ᠳᠤᠮᠳᠠᠴᠢ ᠪᠠᠷ 2.48 ᠭᠣᠣᠯ ᠣᠷᠣᠵᠤ ᠪᠠᠶᠢᠵᠠᠢ᠃ ᠬᠥᠯ ᠪᠥᠮᠪᠥᠭᠡ ᠶᠢᠨ ᠳᠦᠷᠢᠮ ᠢᠶᠡᠷ ᠪᠣᠯ ᠬᠠᠭᠠᠯᠭᠠᠴᠢ ᠠᠴᠠ ᠪᠤᠰᠤᠳ ᠲᠣᠭᠯᠠᠭᠴᠢᠳ ᠤᠨ ᠲᠣᠭᠯᠠᠬᠤ ᠪᠠᠶᠢᠷᠢᠯᠠᠯ ᠢ ᠲᠣᠭᠲᠠᠭᠠᠭ᠎ᠠ ᠦᠭᠡᠢ ᠪᠠᠶᠢᠳᠠᠭ ᠪᠣᠯᠪᠠᠴᠤ ᠮᠡᠷᠭᠡᠵᠢᠯ ᠦᠨ ᠬᠥᠯ ᠪᠥᠮᠪᠥᠭᠡ ᠲᠦ ᠥᠪᠡᠷ ᠥᠪᠡᠷ ᠦᠨ ᠡᠭᠦᠷᠭᠡ ᠪᠦᠬᠦᠢ ᠪᠠᠶᠢᠷᠢᠯᠠᠯ ᠳᠤ ᠲᠣᠭᠯᠠᠳᠠᠭ ᠬᠥᠯ ᠪᠥᠮᠪᠦᠭᠡᠴᠢᠳ ᠪᠤᠢ ᠪᠣᠯᠤᠭᠰᠠᠨ ᠪᠠᠶᠢᠨ᠎ᠠ᠃ ᠡᠳᠡᠭᠡᠷ ᠢ ᠭᠣᠣᠯ ᠤᠷᠤᠭᠤᠯᠬᠤ ᠡᠭᠦᠷᠭᠡ ᠪᠦᠬᠦᠢ ᠳᠣᠪᠲᠣᠯᠤᠭᠴᠢ᠂ ᠲᠥᠪ ᠦᠨ ᠪᠠᠶᠢᠷᠢᠯᠠᠯ ᠳᠤ ᠲᠣᠭᠯᠠᠵᠤ᠂ ᠬᠠᠮᠠᠭᠠᠯᠠᠯᠲᠠ ᠳᠣᠪᠲᠣᠯᠭᠠᠨ ᠳᠤ ᠵᠡᠷᠭᠡ ᠣᠷᠣᠯᠴᠠᠳᠠᠭ ᠲᠥᠪ ᠦᠨ ᠲᠣᠭᠯᠠᠭᠴᠢ᠂ ᠥᠷᠢᠰᠦᠯᠳᠦᠭᠴᠢᠳ ᠦᠨ ᠢᠶᠡᠨ ᠭᠣᠣᠣᠯ ᠣᠷᠣᠭᠤᠯᠬᠤ ᠳᠤ ᠰᠠᠭᠠᠳ ᠬᠢᠵᠤ ᠲᠣᠭᠯᠠᠳᠠᠭ ᠬᠠᠮᠠᠭᠠᠯᠠᠭᠴᠢ ᠭᠡᠰᠡᠨ ᠦᠨᠳᠦᠰᠦᠨ 3 ᠲᠥᠷᠥᠯ ᠳᠦ ᠠᠩᠭᠢᠯᠠᠳᠠᠭ᠃ ᠡᠳᠡᠭᠡᠷ ᠠᠩᠬᠢᠯᠠᠯ ᠤᠳ ᠨᠢ ᠴᠠᠭᠠᠰᠢ ᠪᠠᠨ ᠨᠠᠷᠢᠪᠴᠢᠯᠠᠨ ᠵᠠᠳᠠᠷᠠᠵᠤ ᠪᠠᠶᠢᠷᠢᠯᠠᠯ ᠢᠶᠠᠷ ᠨᠢ ᠵᠢᠭᠦᠷ ᠦᠨ ᠬᠠᠮᠠᠭᠠᠯᠠᠭᠴᠢ᠂ ᠲᠥᠪ ᠦᠨ ᠬᠠᠮᠠᠭᠠᠯᠠᠭᠴᠢ᠂ ᠴᠡᠪᠡᠷᠯᠡᠭᠴᠢ᠂ ᠲᠥᠪ ᠦᠨ ᠲᠣᠭᠯᠠᠭᠴᠢ᠂ ᠵᠢᠭᠦᠷ ᠦᠨ ᠲᠣᠭᠯᠠᠭᠴᠢ᠂ ᠳᠣᠪᠲᠣᠯᠬᠤ ᠴᠢᠭᠯᠡᠯ ᠦᠨ ᠲᠥᠪ ᠦᠨ ᠲᠣᠭᠯᠠᠭᠴᠢ᠂ ᠬᠠᠮᠠᠭᠠᠯᠠᠬᠤ ᠴᠢᠭᠯᠡᠯ ᠦᠨ ᠲᠥᠪ ᠦᠨ ᠲᠣᠭᠯᠠᠭᠴᠢ ᠭᠡᠬᠦ ᠮᠡᠲᠦ ᠪᠡᠷ ᠠᠩᠭᠢᠯᠠᠭᠳᠠᠨ᠎ᠠ᠃ ᠡᠳᠡᠭᠡᠷ ᠲᠣᠭᠯᠠᠭᠴᠢᠳ ᠤᠨ ᠲᠣᠭᠠᠨ ᠤ ᠬᠠᠷᠢᠴᠠᠭᠠᠨ ᠠᠴᠠ ᠬᠠᠮᠢᠶᠠᠷᠤᠨ ᠶᠠᠩᠵᠤ ᠪᠦᠷᠢ ᠶᠢᠨ ᠺᠣᠮᠪᠢᠨᠠᠽᠠᠷ ᠲᠣᠭᠯᠠᠬᠤ ᠪᠣᠯᠤᠮᠵᠢ ᠲᠠᠢ ᠪᠣᠯᠤᠨ᠎ᠠ᠃ ᠵᠢᠱᠢᠶ᠎ᠡ ᠨᠢ ᠣᠯᠠᠨ ᠲᠣᠭᠠᠨ ᠤ ᠳᠣᠪᠲᠣᠯᠤᠭᠴᠢ ᠲᠠᠢ ᠪᠠᠭ ᠬᠤᠷᠳᠤᠨ ᠠᠢᠵᠢᠮ ᠲᠡᠢ ᠳᠣᠪᠲᠣᠯᠤᠭᠰᠠᠨ ᠲᠣᠭᠯᠠᠯᠲᠠ ᠦᠵᠡᠭᠦᠯᠳᠡᠭ (ᠭᠡᠬᠦ ᠳᠦ ᠪᠡᠨ ᠬᠠᠮᠠᠭᠠᠯᠠᠯᠲᠠ ᠨᠢ ᠰᠤᠯᠠᠷᠠᠵᠤ ᠡᠰᠡᠷᠬᠦ ᠪᠠᠭ ᠤᠨ ᠬᠢᠨ ᠳᠤ ᠪᠠᠨ ᠭᠣᠣᠣᠯ ᠠᠯᠳᠠᠬᠤ ᠮᠠᠭᠠᠳᠯᠠᠯ ᠮᠥᠨ ᠠᠳᠠᠯᠢ ᠶᠡᠬᠡᠰᠦᠨ᠎ᠡ) ᠪᠣᠯ ᠣᠯᠠᠨ ᠬᠠᠮᠠᠭᠠᠯᠠᠭᠴᠢ ᠲᠠᠢ ᠪᠠᠭ ᠤᠨ ᠲᠣᠭᠯᠠᠯᠲᠠ ᠶᠢᠨ ᠠᠢᠵᠢᠮ ᠤᠳᠠᠭᠠᠨ ᠡᠰᠡᠷᠬᠦ ᠪᠠᠭ ᠤᠨ ᠬᠢᠨ ᠳᠤ ᠪᠠᠨ ᠭᠣᠣᠣᠯ ᠬᠢᠬᠦ ᠳᠦ ᠬᠦᠨᠳᠦᠷᠡᠯᠲᠡᠢ ᠪᠠᠶᠢᠳᠠᠭ᠃ ᠡᠭᠦᠨ ᠢ ᠬᠥᠯ ᠪᠥᠮᠪᠥᠭᠡ ᠲᠦ ᠪᠠᠶᠢᠷᠢᠯᠠᠯ ᠭᠡᠵᠦ ᠨᠡᠷᠡᠯᠡᠳᠡᠭ᠃ ᠡᠨᠡ ᠪᠠᠶᠢᠷᠢᠯᠠᠯ ᠶᠢ ᠭᠠᠷᠭᠠᠬᠤ᠂ Tik-Taka  ᠶᠢ ᠵᠣᠬᠢᠶᠠᠬᠤ ᠨᠢ ᠪᠠᠭ ᠤᠨ ᠶᠡᠷᠦᠩᠬᠡᠢ ᠳᠠᠰᠬᠠᠯᠵᠢᠭᠤᠯᠤᠭᠴᠢ ᠪᠤᠶᠤ ᠬᠠᠮᠢᠶᠠᠷᠣᠭᠴᠢ ᠶᠢᠨ ᠡᠭᠦᠷᠭᠡ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡ ᠶᠢᠨ ᠪᠦᠬᠦ ᠯᠠ ᠦᠶ᠎ᠡ ᠶᠢᠨ ᠲᠤᠷᠰᠢ ᠬᠦᠮᠦᠨ ᠲᠥᠷᠥᠯᠬᠢᠲᠡᠨ ᠪᠥᠮᠪᠥᠭᠡ ᠶᠢ ᠢᠰᠬᠦᠯᠦᠨ ᠲᠣᠭᠯᠠᠭᠰᠠᠭᠠᠷ ᠢᠷᠡᠭᠰᠡᠨ᠃ Federation Internationale de Football Association ᠍ ᠪᠠᠷ ᠪᠣᠯ ᠰᠢᠨᠵᠢᠯᠡᠬᠦ ᠤᠬᠠᠭᠠᠨ ᠢᠶᠠᠷ ᠪᠠᠲᠤᠯᠠᠭᠳᠠᠭᠰᠠᠨ ᠬᠠᠮᠤᠭ ᠤᠨ ᠠᠩᠬᠠᠨ ᠤ ᠪᠥᠮᠪᠥᠭᠡ ᠢᠰᠭᠦᠯᠬᠦ ᠲᠣᠭᠯᠠᠭᠠᠮ ᠢᠶᠠᠷ ᠮᠠᠨ ᠤ ᠡᠷᠡᠨ ᠦ ᠡᠮᠦᠨ᠎ᠡ 2-3 ᠍ ᠳᠦᠭᠡᠷ ᠵᠠᠭᠤᠨ ᠳᠤ ᠬᠢᠲᠠᠳ ᠤᠳ ᠲᠣᠭᠯᠠᠵᠤ ᠪᠠᠶᠢᠴᠠᠢ᠃ ᠮᠥᠨ ᠷᠣᠮᠠᠨᠢᠶ᠎ᠠ ᠳᠦ ᠲᠣᠭᠯᠠᠵᠤ ᠪᠠᠶᠢᠭᠰᠠᠨ ᠬᠠᠷᠫᠠᠰᠲ᠋ᠦᠶᠢᠮ ᠬᠡᠮᠡᠬᠦ ᠲᠣᠭᠯᠠᠭᠠᠮ ᠨᠢ ᠥᠨᠥ ᠶᠢᠨ ᠬᠥᠯ ᠪᠥᠮᠪᠥᠭᠡ ᠶᠢᠨ ᠡᠪᠦᠭᠡ ᠳᠡᠭᠡᠳᠦᠰ ᠪᠠᠶᠢᠵᠤ ᠪᠣᠯᠬᠤ ᠲᠠᠯ᠎ᠠ ᠲᠠᠢ᠃

ᠣᠷᠴᠢᠨ ᠦᠶ᠎ᠡ ᠶᠢᠨ ᠬᠥᠯ ᠪᠥᠮᠪᠥᠭᠡ ᠶᠢᠨ ᠡᠬᠢᠯᠡᠯ 19 ᠍ ᠳᠦᠭᠡᠷ ᠵᠠᠭᠤᠨ ᠳᠤ ᠠᠩᠭᠯᠢ ᠍ ᠶᠢᠨ ᠰᠤᠷᠭᠠᠭᠤᠯᠢ ᠪᠦᠷᠢ ᠳᠦ ᠥᠪᠡᠷ ᠦᠨ ᠥᠪᠡᠷ ᠦᠨ ᠳᠦᠷᠢᠮ ᠢᠶᠡᠷ ᠲᠣᠭᠯᠠᠭᠳᠠᠵᠤ ᠪᠠᠶᠢᠭᠰᠠᠨ ᠪᠥᠮᠪᠥᠭᠡ ᠢᠰᠭᠦᠯᠬᠦ ᠲᠣᠭᠯᠠᠭᠠᠮ ᠢ ᠨᠢᠭᠡᠳᠦᠭᠰᠡᠨ ᠨᠢᠭᠡ ᠳᠦᠷᠢᠮ ᠳᠦ ᠣᠷᠣᠭᠤᠯᠤᠭᠰᠠᠨ ᠢᠶᠠᠷ ᠲᠠᠯᠪᠢᠭᠳᠠᠵᠠᠢ᠃ 1863 ᠣᠨ ᠤ 10 ᠰᠠᠷ᠎ᠠ ᠶᠢᠨ 26 ᠍ ᠳᠦ ᠯᠣᠨᠳᠣᠨ ᠤ ᠺᠸᠢᠨ ᠭᠤᠳᠤᠮᠵᠢᠨ ᠤ ᠹᠷᠢᠮᠡᠢᠰᠠᠨ ᠤ ᠤᠤᠭᠤᠰᠢ ᠶᠢᠨ ᠭᠠᠵᠠᠷ ᠲᠤ ᠠᠩᠬᠠᠨ ᠤ ᠬᠥᠯ ᠪᠥᠮᠪᠥᠭᠡ ᠶᠢᠨ ᠬᠣᠯᠪᠣᠭ᠎ᠠ (The Football Association) ᠍ ᠤ ᠠᠭᠤᠯᠵᠠᠯᠲᠠ ᠪᠣᠯᠵᠠᠢ᠃ 10-12 ᠰᠠᠷ᠎ᠠ ᠶᠢᠨ ᠬᠣᠭᠣᠷᠣᠨᠳᠣ ᠤᠭ ᠤᠤᠭᠤᠰᠢ ᠶᠢᠨ ᠭᠠᠵᠠᠷ 5 ᠠᠭᠤᠯᠵᠠᠯᠲᠠ ᠬᠤᠷᠠᠯ ᠪᠣᠯᠵᠤ ᠬᠠᠮᠤᠭ ᠤᠨ ᠠᠩᠬᠠᠨ ᠤ ᠬᠥᠯ ᠪᠥᠮᠪᠥᠭᠡ ᠶᠢᠨ ᠳᠦᠷᠢᠮ ᠢ ᠭᠠᠷᠭᠠᠭᠰᠠᠨ ᠪᠠᠶᠢᠨ᠎ᠠ᠃ ᠭᠡᠬᠦ ᠳᠦ ᠪᠡᠨ ᠰᠡᠭᠦᠯᠴᠢ ᠶᠢᠨ ᠠᠭᠤᠯᠵᠠᠯᠲᠠᠨ ᠳᠡᠭᠡᠷ᠎ᠡ ᠪᠯᠧᠺᠬᠧᠲ ᠪᠣᠯᠤᠨ ᠪᠤᠰᠤᠳ ᠵᠠᠷᠢᠮ ᠪᠠᠭ ᠤᠨ ᠲᠥᠯᠥᠭᠡᠯᠡᠭᠴᠢ ᠪᠥᠮᠪᠥᠭᠡ ᠶᠢ ᠭᠠᠷ ᠢᠶᠠᠷ ᠢᠶᠠᠨ ᠪᠠᠷᠢᠵᠤ ᠭᠦᠶᠦᠬᠦ᠂ ᠢᠩᠭᠢᠵᠦ ᠭᠦᠶᠦᠵᠦ ᠪᠠᠶᠢᠬᠤ ᠳᠤ ᠨᠢ ᠪᠥᠮᠪᠥᠭᠡ ᠶᠢ ᠬᠦᠴᠦ ᠪᠡᠷ ᠪᠤᠯᠢᠶᠠᠵᠤ ᠠᠪᠴᠤ ᠪᠣᠯᠬᠤ ᠭᠡᠰᠡᠨ ᠳᠦᠷᠢᠮ ᠢ ᠨᠢ ᠵᠥᠪᠰᠢᠶᠡᠷᠡᠭᠡ ᠦᠭᠡᠢ ᠶᠢᠨ ᠤᠯᠠᠮ ᠠᠴᠠ ᠡᠨᠡ ᠬᠣᠯᠪᠣᠭ᠎ᠠ ᠶᠢ ᠣᠷᠬᠢᠨ ᠭᠠᠷᠭᠠᠵᠠᠢ᠃ ᠲᠡᠳᠡ ᠰᠡᠭᠦᠯ ᠳᠦ ᠨᠢ 1871 ᠣᠨ ᠳᠤ ᠷᠧᠭᠪᠢᠭ ᠤᠨ ᠬᠥᠯ ᠪᠥᠮᠪᠥᠭᠡ ᠶᠢᠨ ᠬᠣᠯᠪᠣᠭ᠎ᠠ ᠶᠢ ᠡᠭᠦᠰᠬᠡᠭᠰᠡᠨ ᠪᠠᠶᠢᠨ᠎ᠠ᠃ ᠳᠡᠯᠡᠬᠡᠢ ᠶᠢᠨ ᠬᠠᠮᠤᠭ ᠤᠨ ᠡᠷᠲᠡᠨ ᠦ ᠬᠥᠯ ᠪᠥᠮᠪᠥᠭᠡ ᠶᠢᠨ ᠲᠡᠮᠡᠴᠡᠭᠡᠨ ᠪᠣᠯ FA Cup ᠪᠤᠶᠤ ᠠᠩᠭᠯᠢ ᠶᠢᠨ ᠬᠥᠯ ᠪᠥᠮᠪᠥᠭᠡ ᠶᠢᠨ ᠬᠣᠯᠪᠣᠭᠠᠨ ᠤ ᠴᠣᠮᠣ ᠶᠢᠨ ᠲᠡᠮᠡᠴᠡᠭᠡᠨ ᠶᠤᠮ᠃ ᠡᠨᠡ ᠲᠡᠮᠡᠴᠡᠭᠡᠨ ᠢ ᠠᠩᠬ᠎ᠠ ᠴᠢᠷᠠᠯᠽ ᠠᠯᠺᠣᠺ ᠰᠠᠨᠠᠭᠠᠴᠢᠯᠠᠵᠠᠢ᠃ ᠬᠠᠮᠤᠭ ᠤᠨ ᠠᠩᠬᠠᠨ ᠤ ᠣᠯᠠᠨ ᠤᠯᠤᠰ ᠤᠨ ᠬᠥᠯ ᠪᠥᠮᠪᠥᠭᠡ ᠶᠢᠨ ᠲᠣᠭᠯᠠᠯᠲᠠ 1872 ᠣᠨ ᠳᠤ ᠠᠩᠭᠯᠢ ᠰᠺᠣᠲᠯᠠᠠᠨᠳ᠋ ᠍ ᠤᠨ ᠪᠠᠭ ᠤᠳ ᠤᠨ ᠬᠣᠭᠣᠷᠣᠨᠳᠣ ᠪᠣᠯᠤᠭᠰᠠᠨ ᠪᠠᠶᠢᠨ᠎ᠠ᠃

ᠬᠠᠷᠢᠨ 1904 ᠣᠨ ᠳᠤ ᠫᠠᠷᠢᠰ  ᠤᠨ Federation Internationale de Football Association ᠪᠤᠶᠤ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭ᠎ᠠ ᠪᠠᠶᠢᠭᠤᠯᠤᠭᠳᠠᠭᠰᠠᠨ ᠪᠠᠶᠢᠨ᠎ᠠ᠃ ᠬᠥᠯ ᠪᠥᠮᠪᠥᠭᠡ ᠶᠢᠨ ᠬᠠᠮᠤᠷᠬᠤ ᠬᠦᠷᠢᠶ᠎ᠡ ᠥᠷᠭᠡᠵᠢᠭᠰᠡᠨ ᠦ ᠤᠯᠠᠮ ᠠᠴᠠ 1913 ᠣᠨ ᠳᠤ ᠣᠯᠠᠨ ᠤᠯᠤᠰ ᠤᠨ ᠬᠥᠯ ᠪᠥᠮᠪᠥᠭᠡ ᠶᠢᠨ ᠤᠳᠤᠷᠢᠳᠬᠤ ᠵᠥᠪᠯᠡᠯ ᠢ ᠪᠠᠶᠢᠭᠤᠯᠵᠠᠢ᠃ ᠠᠩᠬᠠᠨ ᠤ ᠵᠥᠪᠯᠡᠯᠳᠦ ᠡᠨᠡ ᠬᠣᠯᠪᠣᠭᠠᠨ ᠤ 4 ᠭᠡᠰᠢᠭᠦᠨ ᠤᠯᠤᠰ ᠪᠦᠷᠢ ᠡᠴᠡ ᠨᠢᠭᠡ᠂ ᠶᠡᠬᠡ ᠪᠷᠢᠲ᠋ᠠᠨ ᠤ 4 ᠤᠯᠤᠰ (ᠠᠩᠭᠯᠢ᠂ ᠰᠺᠣᠲᠯᠠᠠᠨᠳ᠋᠂ ᠸᠢᠯᠰ᠂ ᠠᠢᠷᠯᠠᠨᠳ᠋) ᠍ ᠠᠴᠠ ᠲᠤᠰ ᠪᠦᠷᠢ ᠨᠢᠭᠡ ᠭᠡᠰᠢᠭᠦᠨ ᠣᠷᠣᠵᠠᠢ᠃

ᠥᠨᠥᠳᠥᠷ ᠬᠥᠯ ᠪᠥᠮᠪᠥᠭᠡ ᠶᠢᠨ ᠬᠣᠯᠪᠣᠭ᠎ᠠ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠡᠴᠡ ᠣᠯᠠᠨ ᠭᠡᠰᠢᠭᠦᠨ ᠣᠷᠣᠨ ᠨᠤᠭᠤᠳ ᠲᠠᠢ ᠪᠣᠯᠵᠤ᠂ ᠳᠡᠯᠡᠬᠡᠢ ᠶᠢᠨ ᠬᠠᠮᠤᠭ ᠤᠨ ᠲᠣᠮᠣ ᠰᠫᠣᠷᠲ ᠤᠨ ᠬᠣᠯᠪᠣᠭ᠎ᠠ ᠭᠡᠵᠦ ᠲᠣᠭᠠᠴᠠᠭᠳᠠᠳᠠᠭ᠃ ᠰᠠᠶ᠋ᠢ ᠰᠠᠶ᠋ᠢ ᠴᠢᠯᠦᠭᠡᠲᠦ ᠴᠠᠭ ᠢᠶᠠᠷ ᠢᠶᠠᠨ᠂ ᠡᠰᠡᠪᠡᠯ ᠮᠡᠷᠭᠡᠵᠢᠯ ᠦᠨ ᠳᠠᠭᠠᠤ ᠬᠥᠯ ᠪᠥᠮᠪᠥᠭᠡ ᠲᠣᠭᠯᠠᠬᠤ ᠪᠠᠷ ᠲᠠᠮᠢᠷ ᠤᠨ ᠣᠷᠳᠣᠨ ᠤᠷᠤᠭᠤ ᠶᠠᠪᠤᠵᠤ ᠪᠠᠶᠢᠬᠤ ᠳᠤ ᠳ᠋ᠦᠩᠰᠢᠭᠤᠷ ᠬᠦᠮᠦᠨ ᠲᠡᠭᠦᠨ ᠢ ᠨᠢ ᠲᠧᠯᠧᠢᠰ ᠢᠶᠡᠷ ᠦᠵᠡᠳᠡᠭ ᠪᠣᠯᠵᠠᠢ᠃ Federation Internationale de Football Association ᠍ ᠠᠴᠠ ᠭᠠᠷᠭᠠᠭᠰᠠᠨ ᠲᠣᠭᠠᠴᠠᠭ᠎ᠠ ᠪᠠᠷ ᠪᠣᠯ 2001 ᠣᠨ ᠳᠤ ᠳᠡᠯᠡᠬᠡᠢ ᠶᠢᠨ 200 ᠭᠠᠷᠤᠢ ᠣᠷᠣᠨ ᠤ 2 ᠳ᠋ᠦᠩᠰᠢᠭᠤᠷ 4 ᠮᠢᠩᠭᠠᠨ ᠲᠦᠮᠡᠨ ᠪᠠᠶᠢᠩᠭᠤ ᠬᠥᠯ ᠪᠥᠮᠪᠥᠭᠡ ᠲᠣᠭᠯᠠᠳᠠᠭ ᠪᠠᠶᠢᠨ᠎ᠠ᠃ ᠬᠥᠯ ᠪᠥᠮᠪᠥᠭᠡ ᠶᠢᠨ ᠬᠢᠯᠪᠠᠷ ᠳᠦᠷᠢᠮ᠂ ᠶᠠᠩᠵᠤ ᠪᠦᠷᠢ ᠶᠢᠨ ᠨᠡᠮᠡᠯᠲᠡ ᠲᠥᠬᠥᠭᠡᠷᠦᠮᠵᠢ ᠱᠠᠭᠠᠷᠳᠠᠯᠭ᠎ᠠ ᠦᠭᠡᠢ ᠵᠡᠷᠭᠡ ᠨᠢ ᠬᠥᠯ ᠪᠥᠮᠪᠥᠭᠡ ᠶᠢ ᠢᠩᠭᠢᠵᠦ ᠥᠷᠭᠡᠨ ᠳᠡᠯᠭᠡᠷ ᠲᠠᠷᠬᠠᠬᠤ ᠳᠤ ᠨᠥᠯᠦᠭᠡᠯᠡᠭᠰᠡᠨ ᠨᠢ ᠳᠠᠮᠵᠢᠭ ᠦᠭᠡᠢ᠃

ᠳᠡᠯᠡᠬᠡᠢ ᠶᠢᠨ ᠥᠨᠴᠥᠭ ᠪᠣᠯᠣᠩ ᠪᠦᠷᠢ ᠳᠦ ᠬᠥᠯ ᠪᠥᠮᠪᠥᠭᠡ ᠨᠢ ᠡᠩ ᠦᠨ ᠨᠢᠭᠡᠨ ᠹᠧᠨ᠂ ᠶᠠᠮᠠᠷ ᠨᠢᠭᠡᠨ ᠣᠯᠠᠨ ᠨᠡᠶᠢᠲᠡ ᠶᠢᠨ ᠪᠠᠶᠢᠭᠤᠯᠤᠯᠭ᠎ᠠ᠂ ᠡᠰᠡᠪᠡᠯ ᠪᠦᠷ ᠪᠦᠬᠦᠯᠢ ᠪᠦᠲᠦᠨ ᠤᠯᠤᠰ ᠣᠷᠣᠨ ᠤ ᠤᠷᠮ᠎ᠠ ᠵᠣᠷᠢᠭ᠂ ᠤᠳᠬ᠎ᠠ ᠤᠴᠢᠷ ᠨᠢ ᠪᠣᠯᠵᠤ ᠴᠢᠳᠠᠭᠰᠠᠨ᠃ ESPN ᠡᠴᠡ ᠵᠠᠭᠠᠨ ᠤ ᠶᠠᠰᠤᠨ ᠡᠷᠭᠢ ᠲᠠᠢ ᠢᠷᠭᠡᠨ ᠦ ᠳᠠᠶᠢᠨ ᠭᠠᠷᠬᠤ ᠠᠴᠠ ᠬᠥᠯ ᠪᠥᠮᠪᠥᠭᠡ ᠶᠢᠨ ᠪᠠᠭ ᠨᠢ ᠰᠡᠷᠭᠡᠶᠢᠯᠡᠭᠰᠡᠨ ᠭᠡᠵᠦ ᠦᠵᠡᠳᠡᠭ ᠪᠠᠶᠢᠨ᠎ᠠ᠃ ᠲᠡᠷᠡ ᠪᠤᠤ ᠬᠡᠯᠡ 1969 ᠣᠨ ᠳᠤ ᠡᠯ-ᠰᠠᠯᠪᠠᠳᠣᠷ ᠪᠣᠯᠤᠨ ᠭᠣᠩᠳᠤᠷᠠ ᠶᠢᠨ ᠬᠣᠭᠣᠷᠣᠨᠳᠣ ᠬᠥᠯ ᠪᠥᠮᠪᠥᠭᠡ ᠡᠴᠡ ᠪᠣᠯᠵᠤ ᠳᠠᠶᠢᠨ ᠳᠡᠭᠳᠡᠵᠦ ᠪᠠᠶᠢᠭᠰᠠᠨ ᠲᠡᠦᠬᠡ ᠲᠡᠢ᠃ 1990 ᠣᠨ ᠤ 3 ᠰᠠᠷ᠎ᠠ ᠳᠤ ᠳ᠋ᠢᠨᠠᠮᠣ᠋ ᠵᠠᠭᠷᠧᠪ᠂ ᠷᠧᠳ ᠰᠲ᠋ᠠᠷ ᠪᠧᠯᠭᠠᠷᠢᠳᠤ ᠪᠠᠭ ᠤᠨ ᠲᠣᠭᠯᠠᠯᠲᠠ ᠨᠢ 1990 ᠍ ᠊ᠭᠡᠳ ᠣᠨ ᠤ ᠶᠣᠭᠣᠰᠯᠠᠪ ᠤᠨ ᠳᠠᠶᠢᠨ ᠤ ᠡᠬᠢᠯᠡᠯ ᠢ ᠲᠠᠯᠪᠢᠭᠰᠠᠨ ᠭᠡᠵᠦ ᠦᠵᠡᠳᠡᠭ᠃

ᠶᠣᠰᠣᠨ ᠤ ᠳᠦᠷᠢᠮ ᠢᠶᠡᠷ ᠪᠣᠯ ᠪᠠᠭ ᠬᠠᠮᠤᠭ ᠤᠨ ᠶᠡᠬᠡ ᠳᠤ ᠪᠡᠨ 11 ᠂ ᠪᠠᠭ᠎ᠠ ᠳᠤ ᠪᠠᠨ 7 ᠬᠦᠮᠦᠨ ᠲᠡᠢ ᠪᠠᠶᠢᠳᠠᠭ᠃ ᠲᠡᠳᠡᠨ ᠦ ᠨᠢᠭᠡ ᠨᠢ ᠵᠠᠪᠠᠯ ᠬᠠᠭᠠᠯᠭᠠᠴᠢ ᠪᠠᠶᠢᠬᠤ ᠶᠣᠰᠣᠲᠠᠢ᠃ ᠬᠠᠭᠠᠯᠭᠠᠴᠢ ᠨᠢ ᠪᠥᠮᠪᠦᠭᠡᠨ ᠳᠦ ᠵᠥᠪᠬᠡᠨ ᠥᠪᠡᠷ ᠦᠨ ᠪᠠᠭ ᠤᠨ ᠬᠠᠭᠠᠯᠭᠠᠨ ᠤ ᠡᠮᠦᠨ᠎ᠡ ᠪᠠᠶᠢᠬᠤ ᠲᠣᠷᠭᠠᠭᠤᠯᠢ ᠶᠢᠨ ᠪᠥᠰᠡ ᠳᠦ ᠯᠠ ᠭᠠᠷ ᠢᠶᠠᠷ ᠢᠶᠠᠨ ᠬᠦᠷᠬᠦ ᠡᠷᠬᠡ ᠲᠡᠢ ᠪᠠᠶᠢᠨ᠎ᠠ᠃ ᠳᠡᠭᠡᠷ᠎ᠡ ᠳᠤᠷᠠᠳᠤᠭᠰᠠᠨ ᠢᠶᠠᠷ ᠪᠤᠰᠤᠳ ᠲᠣᠭᠯᠠᠭᠴᠢᠳ ᠪᠥᠮᠪᠦᠭᠡᠨ ᠳᠦ ᠵᠥᠪᠬᠡᠨ ᠬᠥᠯ ᠢᠶᠡᠷ ᠢᠶᠡᠨ ᠬᠦᠷᠬᠦ ᠡᠷᠬᠡ ᠲᠡᠢ ᠪᠠ ᠬᠠᠮᠢᠭ᠎ᠠ ᠲᠣᠭᠯᠠᠬᠤ ᠨᠢ ᠬᠠᠮᠢᠶ᠎ᠠ ᠦᠭᠡᠢ ᠪᠠᠶᠢᠳᠠᠭ᠃

ᠲᠣᠭᠯᠠᠭᠴᠢᠳ ᠠᠳᠠᠯᠢ ᠥᠩᠭᠡ ᠲᠡᠢ ᠬᠣᠪᠴᠠᠰᠣ ᠡᠮᠦᠰᠦᠨ᠎ᠡ᠃ ᠬᠠᠷᠢᠨ ᠣᠶᠢᠮᠣᠰᠤ᠂ ᠭᠤᠲᠤᠯ᠂ ᠬᠥᠯ ᠦᠨ ᠬᠠᠮᠠᠭᠠᠯᠠᠯᠲᠠ ᠶᠢ ᠨᠢ ᠥᠭᠡᠷ᠎ᠡ ᠥᠭᠡᠷ᠎ᠡ ᠺᠣᠮᠫᠠᠨᠢ ᠬᠢᠭᠰᠡᠨ ᠪᠠᠶᠢᠵᠤ ᠪᠣᠯᠤᠨ᠎ᠠ᠃ ᠪᠤᠰᠤᠳ ᠲᠣᠭᠯᠠᠭᠴᠢᠳ ᠢᠶᠠᠨ ᠭᠡᠮᠲᠦᠯ ᠤᠴᠠᠷᠠᠭᠤᠯᠬᠤ ᠲᠣᠭᠯᠠᠯᠲᠠ ᠶᠢ ᠪᠣᠯᠤᠨ ᠬᠤᠪᠴᠠᠰᠤ ᠬᠡᠷᠡᠭᠯᠡᠯ ᠡᠮᠦᠰᠬᠦ ᠶᠢ ᠬᠠᠲᠠᠭᠤ ᠬᠣᠷᠢᠭᠯᠠᠳᠠᠭ᠃ ᠬᠠᠭᠠᠯᠭᠠᠴᠢ ᠶᠢᠨ ᠬᠤᠪᠢ ᠳᠤ ᠪᠠᠭ ᠤᠨ ᠪᠤᠰᠤᠳ ᠲᠣᠭᠯᠠᠭᠴᠢᠳ ᠠᠴᠠ ᠪᠠᠨ ᠢᠯᠡᠳᠲᠡ ᠢᠯᠭᠠᠷᠠᠬᠤᠶᠢᠴᠠ ᠬᠤᠪᠴᠠᠰᠤ ᠡᠮᠥᠰᠬᠦ ᠶᠣᠰᠣᠲᠠᠢ ᠪᠠᠶᠢᠳᠠᠭ᠃

ᠬᠠᠮᠤᠭ ᠤᠨ ᠥᠷᠢᠰᠦᠯᠳᠦᠭᠡᠨ ᠲᠡᠢ ᠲᠣᠭᠯᠠᠯᠲᠠ ᠪᠦᠬᠦᠢ ᠯᠢᠭ ᠦᠳ᠂ ᠣᠯᠠᠨ ᠤᠯᠤᠰ ᠤᠨ ᠲᠡᠮᠡᠴᠡᠭᠡᠨ ᠳᠦ ᠵᠥᠪᠰᠢᠶᠡᠷᠡᠭᠳᠡᠬᠦ ᠰᠡᠯᠭᠦᠭᠡᠨ ᠦ ᠲᠣᠭ᠎ᠠ ᠨᠢ 3 ᠪᠠᠶᠢᠳᠠᠭ᠃ ᠰᠡᠯᠭᠦᠭᠡ ᠬᠢᠬᠦ ᠦᠨᠳᠦᠰᠦᠨ ᠰᠢᠯᠲᠠᠭᠠᠨ ᠨᠢ ᠭᠡᠮᠲᠦᠬᠦ᠂ ᠶᠠᠳᠠᠷᠠᠬᠤ᠂ ᠦᠷ᠎ᠡ ᠠᠰᠢᠭ ᠦᠭᠡᠢ ᠪᠣᠯᠬᠤ᠂ ᠵᠠᠷᠢᠮ ᠳᠤ ᠪᠠᠨ ᠴᠠᠭ ᠭᠦᠢᠯᠭᠡᠬᠦ ᠵᠡᠷᠭᠡ ᠶᠠᠭᠤᠮ᠎ᠠ᠃ ᠪᠠᠷᠢᠮᠵᠢᠶ᠎ᠠ ᠣᠯᠠᠨ ᠤᠯᠤᠰ ᠤᠨ ᠨᠠᠰᠤᠨ ᠳᠤ ᠬᠦᠷᠦᠭᠴᠢᠳ ᠦᠨ ᠲᠣᠭᠯᠠᠯᠲᠠ ᠳᠤ ᠰᠡᠯᠭᠦᠭᠡ ᠪᠡᠷ ᠲᠣᠭᠯᠠᠯᠲᠠ ᠠᠴᠠ ᠭᠠᠷᠤᠭᠰᠠᠨ ᠲᠣᠭᠯᠠᠭᠴᠢ ᠲᠡᠷᠡ ᠲᠣᠭᠯᠠᠯᠲᠠ ᠳᠤ ᠪᠤᠴᠠᠵᠤ ᠤᠷᠤᠬᠤ ᠪᠣᠯᠤᠮᠵᠢ ᠦᠭᠡᠢ ᠪᠠᠶᠢᠳᠠᠭ᠃

ᠲᠣᠭᠯᠠᠯᠲᠠ ᠶᠢ ᠰᠢᠭᠦᠭᠴᠢ ᠵᠣᠬᠢᠶᠠᠨ ᠪᠠᠶᠢᠭᠤᠯᠵᠤ ᠶᠠᠪᠤᠭᠤᠯᠬᠤ ᠪᠠ ᠲᠡᠭᠦᠨ ᠦ ᠶᠠᠮᠠᠷ ᠴᠤ ᠰᠢᠢᠳᠪᠦᠷᠢ ᠡᠴᠦᠰ ᠦᠨ ᠬᠢ ᠪᠠᠶᠢᠨ᠎ᠠ᠃ ᠲᠡᠷᠡ ᠵᠥᠪᠬᠡᠨ ᠬᠥᠯ ᠪᠥᠮᠪᠥᠭᠡ ᠶᠢᠨ ᠬᠣᠯᠪᠣᠭᠠᠨ ᠤ ᠡᠮᠦᠨ᠎ᠡ ᠯᠠ ᠬᠠᠷᠢᠭᠤᠴᠠᠯᠭ᠎ᠠ ᠬᠦᠯᠢᠶᠡᠨ᠎ᠡ᠃ ᠶᠡᠬᠡᠩᠬᠢ ᠳᠦ ᠪᠡᠨ ᠶᠡᠷᠦᠩᠬᠡᠢ ᠰᠢᠭᠦᠭᠴᠢ ᠨᠢ ᠬᠣᠶᠠᠷ ᠲᠤᠰᠯᠠᠭᠴᠢ ᠲᠠᠢ ᠪᠠᠶᠢᠳᠠᠭ᠃ ᠵᠠᠷᠢᠮ ᠲᠣᠮᠣ ᠲᠡᠮᠡᠴᠡᠭᠡᠨ ᠨᠦᠭᠦᠳ ᠳᠡᠭᠡᠷ᠎ᠡ 4 ᠬᠦᠷᠲᠡᠯ᠎ᠡ ᠲᠣᠭᠠᠨ ᠤ ᠲᠤᠰᠠᠯᠠᠬᠤ ᠳᠠᠰᠬᠠᠯᠵᠢᠭᠤᠯᠤᠭᠴᠢ ᠲᠠᠢ ᠪᠠᠶᠢᠳᠠᠭ᠃ᠣᠯᠠᠨ ᠤᠯᠤᠰ ᠤᠨ ᠬᠥᠯ ᠪᠥᠮᠪᠥᠭᠡ ᠶᠢᠨ ᠳᠦᠷᠢᠮ ᠢᠶᠡᠷ ᠪᠣᠯ ᠲᠠᠯᠠᠪᠠᠢ ᠶᠢᠨ ᠥᠷᠭᠡᠨ ᠦ ᠬᠡᠮᠵᠢᠶ᠎ᠡ ᠨᠢ 64-75 ᠮᠧᠲ᠋ᠷ᠂ ᠤᠷᠲᠤ ᠨᠢ 110-120 ᠮᠧᠲ᠋ᠷ ᠪᠠᠶᠢᠳᠠᠭ᠃ ᠡᠨᠡ ᠲᠠᠯᠠᠪᠠᠢ ᠶᠢᠨ ᠬᠣᠶᠠᠷ ᠲᠠᠯ᠎ᠠ ᠳᠤ ᠲᠡᠭᠰᠢ ᠥᠨᠴᠥᠭᠲᠦ ᠬᠡᠯᠪᠡᠷᠢ ᠲᠡᠢ ᠬᠣᠶᠠᠷ ᠬᠠᠭᠠᠯᠭ᠎ᠠ ᠪᠠᠶᠢᠨ᠎ᠠ᠃ ᠬᠠᠭᠠᠯᠭᠠᠨ ᠤ ᠥᠷᠭᠡᠨ ᠨᠢ 7.3 ᠮᠧᠲ᠋ᠷ᠂ ᠥᠨᠳᠥᠷ ᠨᠢ 2.44 ᠮᠧᠲ᠋ᠷ ᠪᠠᠶᠢᠨ᠎ᠠ᠃ ᠬᠠᠭᠠᠯᠭ᠎ᠠ ᠶᠢ ᠲᠣᠣᠷᠯᠠᠭᠰᠠᠨ ᠪᠠᠶᠢᠬᠤ ᠶᠣᠰᠣᠲᠠᠢ ᠭᠡᠵᠦ ᠬᠥᠯ ᠪᠥᠮᠪᠥᠭᠡ ᠶᠢᠨ ᠳᠦᠷᠢᠮ ᠳᠦ ᠵᠢᠭᠠᠭ᠎ᠠ ᠦᠭᠡᠢ ᠪᠠᠶᠢᠳᠠᠭ᠃ ᠬᠠᠭᠠᠯᠭᠠᠨ ᠤ ᠡᠮᠦᠨ᠎ᠡ 16.5 ᠮᠧᠲ᠋ᠷ ᠬᠡᠮᠵᠢᠶ᠎ᠡ ᠲᠡᠢ ᠲᠣᠷᠭᠠᠭᠤᠯᠢ ᠶᠢᠨ ᠪᠥᠰᠡ ᠪᠠᠶᠢᠨ᠎ᠠ᠃ ᠲᠣᠭᠯᠠᠯᠲᠠ ᠨᠢ ᠲᠤᠰ ᠪᠦᠷᠢ ᠳᠦ ᠪᠡᠨ 45 ᠮᠢᠨᠦ᠋ᠲ ᠪᠦᠬᠦᠢ 2 ᠦᠶ᠎ᠡ ᠲᠣᠭᠯᠠᠭᠳᠠᠨ᠎ᠠ᠃ ᠲᠣᠭᠯᠠᠯᠲᠠ ᠶᠢᠨ ᠦᠶ᠎ᠡ ᠪᠡᠷ ᠲᠣᠭᠯᠠᠯᠲᠠ ᠶᠢᠨ ᠴᠠᠭ ᠵᠣᠭᠰᠣᠯᠲᠠ ᠦᠭᠡᠢ ᠦᠷᠭᠦᠯᠵᠢᠯᠡᠨ᠎ᠡ᠃ ᠰᠢᠭᠦᠭᠴᠢ ᠠᠯᠳᠠᠭᠳᠠᠭᠰᠠᠨ ᠴᠠᠭ ᠢ ᠨᠥᠬᠥᠵᠦ ᠴᠠᠭ ᠰᠤᠩᠭᠠᠬᠤ ᠡᠷᠬᠡ ᠲᠡᠢ ᠪᠠᠶᠢᠨ᠎ᠠ᠃ ᠮᠥᠨ ᠰᠢᠭᠦᠭᠴᠢ ᠲᠣᠭᠯᠠᠯᠲᠠ ᠳᠠᠭᠤᠰᠤᠭᠰᠠᠨ ᠢ ᠵᠠᠷᠯᠠᠵᠤ ᠱᠦᠭᠯᠦ ᠦᠯᠢᠶᠡᠭᠰᠡᠨ ᠢᠶᠡᠷ ᠲᠣᠭᠯᠠᠯᠲᠠ ᠳᠠᠭᠤᠰᠤᠨ᠎ᠠ᠃ ᠲᠣᠭᠯᠠᠯᠲᠠ ᠲᠡᠩᠴᠡᠭᠡ ᠪᠡᠷ ᠳᠠᠭᠤᠰᠤᠭᠰᠠᠨ ᠦᠶ᠎ᠡ ᠳᠦ ᠰᠢᠭᠰᠢᠭᠡ ᠲᠣᠭᠯᠠᠯᠲᠠ ᠪᠣᠯ ᠲᠤᠰ ᠪᠦᠷᠢ 15 ᠮᠢᠨᠦ᠋ᠲ ᠪᠦᠬᠦᠢ 2 ᠦᠶ᠎ᠡ ᠰᠤᠩᠭᠠᠵᠤ ᠲᠣᠭᠯᠠᠨ᠎ᠠ᠃ ᠢᠩᠭᠢᠵᠦ ᠲᠣᠭᠯᠠᠭᠠᠳ ᠴᠤ ᠲᠡᠩᠴᠡᠵᠦ ᠪᠠᠶᠢᠪᠠᠯ ᠲᠣᠷᠭᠠᠭᠤᠯᠢ ᠶᠢᠨ 5,5 ᠴᠣᠬᠢᠯᠲᠠ ᠶᠢ ᠬᠣᠶᠠᠷ ᠪᠠᠭ ᠡᠭᠡᠯᠵᠢᠯᠡᠨ ᠬᠢᠵᠦ ᠬᠡᠨ ᠣᠯᠠᠨ ᠪᠥᠮᠪᠥᠭᠡ ᠣᠷᠣᠭᠤᠯᠤᠭᠰᠠᠨ ᠨᠢ ᠬᠣᠨᠵᠢᠨ᠎ᠠ᠃ ᠲᠣᠭᠯᠠᠭᠴᠢ ᠬᠥᠯ ᠪᠥᠮᠪᠥᠭᠡ ᠶᠢᠨ ᠳᠦᠷᠢᠮ ᠢᠶᠡᠷ ᠬᠣᠷᠢᠭᠯᠠᠭᠳᠠᠭᠰᠠᠨ ᠪᠥᠮᠪᠦᠭᠡᠨ ᠳᠦ ᠭᠠᠷ ᠢᠶᠠᠷ ᠬᠦᠷᠬᠦ᠂ ᠥᠷᠢᠰᠦᠯᠳᠦᠭᠴᠢ ᠪᠡᠨ ᠲᠦᠯᠬᠢᠬᠦ᠂ ᠤᠨᠠᠭᠠᠬᠤ ᠭᠡᠬᠦ ᠮᠡᠲᠦ ᠦᠢᠯᠡᠳᠦᠯ ᠬᠢᠬᠦ ᠪᠦᠷᠢ ᠳᠦ ᠲᠣᠷᠭᠠᠭᠤᠯᠢ ᠲᠣᠭᠠᠴᠠᠨ᠎ᠠ᠃ ᠠᠯᠳᠠᠭ᠎ᠠ ᠬᠢᠭᠰᠡᠨ ᠪᠠᠶᠢᠷᠢᠯᠠᠯ ᠠᠴᠠ ᠨᠢ ᠬᠠᠮᠢᠶᠠᠷᠤᠨ ᠰᠢᠭᠤᠳ ᠴᠢᠯᠦᠭᠡᠲᠦ ᠴᠣᠬᠢᠯᠲᠠ᠂ ᠰᠢᠭᠤᠳ ᠪᠤᠰᠤ ᠴᠢᠯᠦᠭᠡ ᠳᠦ ᠴᠣᠬᠢᠯᠲᠠ᠂ ᠲᠣᠷᠭᠠᠭᠤᠯᠢ ᠶᠢᠨ ᠴᠣᠬᠢᠯᠲᠠ ᠵᠡᠷᠭᠡ ᠶᠢ ᠣᠨᠣᠭᠠᠨ᠎ᠠ᠃ ᠮᠥᠨ ᠰᠢᠭᠦᠭᠴᠢ ᠨᠢ ᠠᠯᠳᠠᠭ᠎ᠠ ᠬᠢᠭᠰᠡᠨ ᠲᠣᠭᠯᠠᠭᠴᠢ ᠳᠤ ᠰᠠᠨᠠᠭᠤᠯᠬᠤ ᠰᠢᠷ᠎ᠠ ᠺᠠᠷᠲ᠂ ᠲᠣᠭᠯᠠᠯᠲᠠ ᠠᠴᠠ ᠭᠠᠷᠭᠠᠬᠤ ᠤᠯᠠᠭᠠᠨ ᠺᠠᠷᠲ ᠥᠭᠬᠦ ᠡᠷᠬᠡ ᠲᠡᠢ ᠪᠠᠶᠢᠨ᠎ᠠ᠃ ᠬᠡᠷᠪᠡ ᠲᠣᠭᠯᠠᠭᠴᠢ ᠨᠢᠭᠡ ᠲᠣᠭᠯᠠᠯᠲᠠ ᠳᠤ ᠬᠣᠶᠠᠷᠳᠠᠬᠤ ᠰᠢᠷ᠎ᠠ ᠺᠠᠷᠲ ᠢᠶᠠᠨ ᠠᠪᠤᠪᠠᠯ ᠲᠡᠭᠦᠨ ᠢ ᠤᠯᠠᠭᠠᠨ ᠺᠠᠷᠲ ᠠᠪᠤᠭᠰᠠᠨ ᠭᠡᠵᠦ ᠲᠣᠭᠠᠴᠠᠨ᠎ᠠ᠃ ᠰᠢᠭᠦᠭᠴᠢ ᠨᠢ ᠮᠥᠨ ᠲᠣᠭᠯᠠᠯᠲᠠ ᠳᠤ ᠣᠷᠣᠯᠴᠠᠭ᠎ᠠ ᠦᠭᠡᠢ ᠪᠠᠶᠢᠭ᠎ᠠ ᠪᠣᠯᠪᠠᠴᠤ ᠪᠦᠳᠦᠭᠦᠯᠢᠭ ᠠᠯᠳᠠᠭ᠎ᠠ ᠭᠠᠷᠭᠠᠭᠰᠠᠨ ᠪᠠᠭ ᠤᠨ ᠪᠤᠰᠤᠳ ᠲᠣᠭᠯᠠᠭᠴᠢ᠂ ᠪᠠᠭ ᠤᠨ ᠳᠠᠰᠬᠠᠯᠵᠢᠭᠤᠯᠤᠭᠴᠢ ᠺᠠᠷᠲ ᠥᠭᠬᠦ ᠡᠷᠬᠡ ᠲᠡᠢ ᠪᠠᠶᠢᠳᠠᠭ᠃ ᠮᠥᠨ ᠰᠢᠭᠦᠭᠴᠢ ᠥᠪᠡᠷ ᠦᠨ ᠦᠵᠡᠮᠵᠢ ᠪᠡᠷ ᠨᠥᠭᠥᠭᠡ ᠪᠠᠭ ᠨᠢ ᠠᠯᠳᠠᠭ᠎ᠠ ᠬᠢᠭᠰᠡᠨ ᠴᠤ ᠭᠡᠰᠡᠨ ᠬᠡᠷᠪᠡ ᠪᠥᠮᠪᠥᠭᠡ ᠠᠰᠢᠭᠲᠠᠢ ᠪᠠᠶᠢᠷᠢᠯᠠᠯ ᠳᠤ ᠪᠠᠶᠢᠪᠠᠯ ᠲᠣᠭᠯᠠᠯᠲᠠ ᠶᠢ ᠦᠷᠭᠦᠯᠵᠢᠯᠡᠭᠦᠯᠬᠦ ᠪᠡᠷ ᠵᠢᠭᠠᠵᠤ ᠪᠣᠯᠤᠨ᠎ᠠ᠃ ᠬᠥᠯ ᠪᠥᠮᠪᠥᠭᠡ ᠶᠢᠨ ᠬᠠᠮᠤᠭ ᠤᠨ ᠨᠠᠷᠢᠨ ᠨᠡᠶᠢᠯᠡᠮᠡᠯ ᠳᠦᠷᠢᠮ ᠪᠣᠯ offside ᠪᠤᠶᠤ ᠣᠲᠣᠨ ᠲᠣᠭᠯᠠᠯᠲᠠ ᠶᠢᠨ ᠳᠦᠷᠢᠮ ᠶᠤᠮ᠃ ᠡᠨᠡ ᠳᠦᠷᠢᠮ ᠨᠢ ᠪᠠᠭ ᠤᠨ ᠳᠣᠪᠲᠣᠯᠤᠨ ᠲᠣᠭᠯᠠᠭᠴᠢ ᠶᠢᠨ ᠡᠰᠡᠷᠭᠥ ᠪᠠᠭ ᠤᠨ ᠢᠶᠠᠨ ᠬᠠᠭᠠᠯᠭᠠᠨ ᠤ ᠬᠠᠵᠠᠭᠤ ᠳᠤ ᠪᠥᠮᠪᠥᠭᠡ ᠬᠦᠯᠢᠶᠡᠭᠡᠳ ᠵᠣᠭᠰᠣᠬᠤ ᠠᠴᠠ ᠰᠡᠷᠭᠡᠶᠢᠯᠡᠳᠡᠭ᠃

ᠬᠡᠯᠡ ᠪᠠᠨ ᠰᠣᠷᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠣᠷ᠎ᠠ ᠬᠦᠯ ᠪᠦᠮᠪᠦᠭᠡᠨ ᠦ ᠦᠷᠬᠦᠯᠵᠢ ᠭᠡᠷᠡᠭᠯᠡᠳᠡᠭ ᠦᠭᠡᠰ ᠪᠠ ᠬᠠᠷᠠᠭᠠᠯᠵᠠᠭᠰᠠᠨ ᠬᠢᠳᠠᠳ ᠦᠭᠡᠰ ᠢ ᠵᠢᠭᠰᠠᠭᠠᠵᠣ ᠣᠢᠯᠠᠭᠠᠬᠣ ᠳᠤ ᠲᠣᠰᠠᠯᠠᠮᠵᠢ ᠪᠣᠯᠭᠠᠪᠠ᠃

  ᠲᠤᠪᠳᠤᠯᠤᠭᠴᠢ 前锋       
  ᠲᠠᠮᠵᠢᠭᠤᠯᠤᠭᠴᠢ 中场队员       
  ᠬᠠᠭᠠᠰ ᠬᠠᠮᠠᠭᠠᠯᠠᠭᠴᠢ 后卫       
  ᠬᠠᠮᠠᠭᠠᠯᠠᠭᠴᠢ ᠪᠤᠶᠤ ᠬᠠᠭᠠᠯᠭᠠᠴᠢ ( ᠪᠤᠶᠤ ᠪᠠᠷᠲᠠᠷ bartar ) 守门员        
  ᠭᠠᠷᠤᠭᠠᠨ  ᠤ ᠠᠷᠪᠠᠨ  ᠨᠢᠭᠡ 首发阵容十一名队员       
  ᠵᠠᠮᠢᠨ(zamin) 替补       
  ᠯᠢᠭ 联赛       
  ᠪᠤᠯᠤᠩ  ᠤᠨ ᠴᠤᠬᠢᠯᠳᠠ 角球          
  ᠴᠢᠯᠦᠭᠡᠳᠦ ᠴᠤᠬᠢᠯᠳᠠ 任意球       
  ᠲᠤᠷᠭᠠᠭᠤᠯᠢ  ᠶᠢᠨ ᠴᠤᠬᠢᠯᠳᠠ 点球        
  ᠠᠯᠳᠠᠭ᠎ᠠ ᠭᠠᠷᠭᠠᠬᠤ 犯规       
  ᠲᠠᠮᠵᠢᠭᠤᠯᠬᠤ 传球       
  ᠬᠠᠭᠤᠷᠠᠬᠤ 过人       
  ᠡᠯᠬᠦᠵᠥ ᠴᠤᠬᠢᠬᠤ 倒钩       
  ᠲᠤᠯᠤᠭᠠᠢ  ᠪᠡᠷ ᠤᠷᠤᠭᠤᠯᠬᠤ 头球       
  ᠫᠤᠤᠳᠠᠬᠤ 远射      
  ᠫᠢᠨᠠᠯᠳᠠ(pinalt) ᠴᠤᠬᠢᠬᠤ 常规时间打平后的点球决胜负       
  ᠤᠳᠤᠨ(oton) ᠲᠤᠭᠯᠠᠯᠳᠠ 越位       
  ᠪᠦᠮᠪᠦᠭᠡ ᠬᠠᠭᠠᠬᠤ 扑球       
  ᠪᠦᠮᠪᠦᠭᠡ ᠭᠠᠷᠭᠠᠬᠤ 开球       
  ᠪᠠᠭᠠᠨ᠎ᠠ ᠤᠷᠤᠭᠤ ᠴᠤᠬᠢᠬᠤ 打门柱        
  ᠲᠤᠳᠤᠭᠤ ᠤᠷᠤᠭᠤ ᠢᠰᠬᠦᠯᠬᠦ 打横梁       
  ᠪᠦᠮᠪᠦᠭᠡ ᠤᠷᠤᠭᠤᠯᠬᠤ ᠵᠢ ᠭᠤᠤᠤᠯ ᠭᠡᠨ᠎ᠡ ᠃ ( ᠠᠩᠭᠯᠢ  ᠶᠢᠨ goal ᠭᠡᠳᠡᠭ ᠦᠭᠡ  ᠡᠴᠡ ᠢᠷᠡᠯᠳᠡᠢ)       
      
  ᠠᠷᠪᠠᠨ ᠵᠢᠷᠭᠤᠭ᠎ᠠ 禁区 ( ᠦᠷᠭᠡᠨ  ᠨᠢ16 ᠮᠸᠲᠷ ᠪᠠᠢ᠋ᠳᠠᠭ  ᠡᠴᠡ ᠢᠷᠡᠯᠳᠡᠢ)      
  ᠵᠡᠬᠦᠨ ᠪᠠᠷᠠᠭᠤᠨ ᠲᠠᠯ᠎ᠠ 左右半场       
      
  ᠡᠬᠢᠨ  ᠤ ᠬᠠᠭᠠᠰ 上半场       
  ᠵᠠᠪᠰᠠᠷᠯᠠᠭ᠎ᠠ 中场休息       
  ᠬᠤᠶᠠᠳᠠᠬᠢ ᠬᠠᠭᠠᠰ 下半场       
   ᠨᠡᠮᠡᠯᠳᠡ ᠴᠠᠭ 补时       
      
  ᠲᠤᠭᠤᠷᠢᠭ 小组       
  ᠲᠤᠭᠤᠷᠢᠭ  ᠡᠴᠡ ᠭᠠᠷᠬᠤ 小组出线       
  ᠲᠤᠭᠤᠷᠢᠭ  ᠡᠴᠡ  ᠨᠢᠭᠡ  ᠪᠡᠷ ᠭᠠᠷᠬᠤ 以小组第一出线       
  ᠲᠤᠭᠤᠷᠢᠭ  ᠡᠴᠡ ᠬᠤᠶᠠᠷ  ᠢᠶᠠᠷ ᠭᠠᠷᠬᠤ以小组第二出线       
  ᠬᠠᠭᠠᠰ ᠰᠢᠭᠰᠢᠭᠡ(ᠪᠤᠶᠤ ᠬᠠᠭᠠᠰ ᠫᠢᠨᠠᠯᠳᠠ)半决赛       
  ᠰᠢᠭᠰᠢᠭᠡ(ᠪᠤᠶᠤ ᠫᠢᠨᠠᠯᠳᠠ)决赛       
      
  ᠲᠠᠰᠬᠠᠯᠵᠢᠭᠤᠯᠤᠭᠴᠢ 教练      
  ᠲᠤᠰᠠᠯᠠᠬᠤ ᠲᠠᠰᠬᠠᠯᠵᠢᠭᠤᠯᠤᠭᠴᠢ 助理教练       
  ᠰᠢᠬᠦᠭᠴᠢ 裁判      
  ᠶᠡᠷᠦᠩᠭᠡᠢ ᠰᠢᠬᠦᠭᠴᠢ 主裁判       
  ᠬᠠᠵᠠᠭᠤ  ᠶᠢᠨ ᠰᠢᠬᠦᠭᠴᠢ 边线裁判    
  ᠰᠢᠷ᠎ᠠ ᠬᠠᠭᠤᠳᠠᠰᠥ  ᠪᠤᠶᠤ ᠰᠢᠷ᠎ᠠ ᠺᠠᠷᠲ 黄牌    
  ᠤᠯᠠᠭᠠᠨ ᠬᠠᠭᠤᠳᠠᠰᠥ  ᠪᠤᠶᠤ ᠤᠯᠠᠭᠠᠨ ᠺᠠᠷᠲ 红牌          
       
  ᠲᠦᠷᠪᠡ ᠬᠤᠶᠠᠷ  ᠢᠶᠠᠷ ᠬᠤᠵᠢᠰᠠᠨ 四比二赢 
  (ᠲᠦᠷᠪᠡ ᠬᠠᠷᠢᠴᠠᠬᠤ ᠬᠤᠶᠠᠷ ᠭᠡᠵᠥ  ᠶᠠᠷᠢᠳᠠᠭ ᠦᠭᠡᠢ ᠂ ᠰᠢᠭᠤᠳ ᠲᠦᠷᠪᠡ ᠬᠤᠶᠠᠷ ᠭᠡᠪᠡᠯ ᠪᠤᠯᠴᠢᠬᠠᠨ᠎ᠠ)      
  ᠬᠤᠶᠠᠷ ᠲᠦᠷᠪᠡ  ᠪᠡᠷ ᠬᠤᠵᠢᠭᠳᠠᠭᠰᠠᠨ 二比四输

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Guttman, Allen [1993]. “The Diffusion of Sports and the Problem of Cultural Imperialism”, Eric Dunning, Joseph A. Maguire, Robert E. Pearton: The Sports Process: A Comparative and Developmental Approach. Champaign: Human Kinetics. ISBN 0880116242. Retrieved on 2008-01-26. “the game is complex enough not to be invented independently by many preliterate cultures and yet simple enough to become the world's most popular team sport” 
  2. Dunning, Eric [1999]. “The development of soccer as a world game”, Sport Matters: Sociological Studies of Sport, Violence and Civilisation. London: Routledge. ISBN 0415064139. Retrieved on 2008-01-26. “During the twentieth century, soccer emerged as the world's most popular team sport” 
  3. Frederick O. Mueller, Robert C. Cantu, Steven P. Van Camp [1996]. “Team Sports”, Catastrophic Injuries in High School and College Sports. Champaign: Human Kinetics. ISBN 0873226747. Retrieved on 2008-01-26. “Soccer is the most popular sport in the world and is an industry worth over US$400 billion world wide. 80% of this is generated in Europe, though its popularity is growing in the United States. It has been estimated that there were 22 million soccer players in the world in the early 1980s, and that number is increasing. In the United States soccer is now a major sport at both the high school and college levels” 
  4. 2002 FIFA World Cup TV Coverage. FIFA official website (2006-12-05). the original on 2006-12-30 ᠍ ᠰ ᠠᠷᠬᠢᠸᠯᠠᠭᠳᠠᠭᠰᠠᠨ᠃ 2008-01-06 ᠍ ᠳᠦ ᠬᠠᠨᠳᠤᠭᠰᠠᠨ᠃ (webarchive)

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ