ᠬᠥᠯᠦᠨ ᠪᠤᠶᠢᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
"ᠬᠥᠯᠦᠨ ᠪᠤᠶᠢᠷ" ᠨᠢ ᠡᠨᠡ ᠬᠠᠭᠤᠳᠠᠰᠤᠨ ᠳᠤ ᠰᠢᠭᠤᠳ ᠬᠣᠯᠪᠣᠭᠳᠠᠵᠠᠢ᠃ ᠥᠭᠡᠷ᠎ᠡ ᠤᠳᠬ᠎ᠠ ᠶᠢ ᠦᠵᠡᠬᠦ ᠶᠢ ᠬᠦᠰᠡᠪᠡᠯ᠂ ᠬᠥᠯᠦᠨ ᠪᠤᠶᠢᠷ (ᠰᠤᠮᠤ) ᠍ ᠢ ᠦᠵᠡᠨ᠎ᠡ ᠦᠦ᠃
ᠬᠥᠯᠦᠨ ᠪᠤᠶᠢᠷ ᠬᠣᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠶᠢᠮᠠᠭ ᠤᠨ ᠡᠩ ᠲᠡᠢ ᠬᠣᠲᠠ
ᠬᠢᠲᠠᠳ ᠪᠣᠯᠤᠨ ᠥᠪᠥᠷ ᠮᠣᠩᠭᠣᠯ ᠳᠠᠬᠢ ᠬᠥᠯᠦᠨ ᠪᠤᠶᠢᠷ (ᠤᠯᠠᠭᠠᠨ)
ᠤᠯᠤᠰ ᠣᠷᠣᠨ Flag of the People's Republic of China.svg ᠬᠢᠲᠠᠳ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠬᠥᠯᠦᠨ ᠪᠤᠶᠢᠷ ᠬᠣᠲᠠ
ᠬᠣᠰᠢᠭᠤ = (13) 1 ᠳᠦᠭᠦᠷᠦᠭ᠂ ᠬᠣᠰᠢᠭᠤᠨ ᠤ ᠡᠩ ᠲᠡᠢ 5 ᠱᠢᠨᠢ᠂
4 ᠬᠣᠰᠢᠭᠤ᠂ ᠥᠪᠡᠷᠲᠡᠭᠡᠨ ᠵᠠᠰᠠᠬᠤ 3 ᠬᠣᠰᠢᠭᠤ
ᠭᠠᠵᠠᠷ ᠨᠤᠲᠤᠭ 263,953 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 2,549,278 ᠬᠦᠮᠦᠨ
ᠨᠢᠭᠲᠠᠴᠠ ᠰᠡᠶᠢᠷᠡᠭ 9.7 ᠬᠦᠮᠦᠨ/км²
ᠠᠷᠠᠳ ᠲᠦᠮᠡᠨ 81.8% - ᠬᠢᠲᠠᠳ᠂ 8.6% - ᠮᠣᠩᠭᠣᠯ
ᠨᠤᠲᠤᠭ ᠤᠨ ᠣᠯᠠᠨ ᠬᠥᠯᠦᠨ ᠪᠤᠶᠢᠷ ᠤᠨ ᠬᠢᠨ
ᠴᠠᠭ ᠤᠨ ᠪᠥᠰᠡ ᠪᠡᠭᠡᠵᠢᠩ ᠦᠨ ᠴᠠᠭ (ГЦ+8)
ᠤᠲᠠᠰᠤᠨ ᠳ᠋ᠣᠭᠠᠷ +86 470
ᠰᠢᠤᠳᠠᠨ ᠳᠤᠭᠠᠷ 021000
ᠮᠠᠰᠢᠨ ᠤ ᠳ᠋ᠣᠭᠠᠷ 蒙E

ᠬᠥᠯᠦᠨ ᠪᠤᠶᠢᠷ (ᠮᠣᠩᠭᠣᠯ᠃ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠦᠨᠳᠦᠰᠦᠨ 12 ᠬᠤᠪᠢ ᠤᠨ ᠨᠢᠭᠡ ᠪᠣᠯᠬᠤ ᠲᠣᠭᠣᠷᠢᠭ ᠤᠨ ᠡᠩ ᠲᠡᠢ ᠬᠣᠲᠠ (ᠬᠣᠶᠠᠳᠤᠭᠠᠷ ᠲᠦᠪᠰᠢᠨ ᠦ ᠨᠢᠭᠡᠴᠡ). ᠵᠠᠬᠢᠷᠭᠠᠨ ᠤ ᠭᠠᠵᠠᠷ ᠨᠢ ᠬᠠᠶᠢᠯᠠᠷ ᠳᠡᠭᠦᠷᠭᠡ ᠳᠦ ᠪᠠᠶᠢᠷᠢᠯᠠᠳᠠᠭ᠃

2001 ᠣᠨ ᠳᠤ ᠲᠣᠭᠣᠷᠢᠭ ᠤᠨ ᠡᠩ ᠲᠡᠢ ᠬᠣᠲᠠ (ᠬᠢᠲᠠᠳ ᠢᠶᠠᠷ 地级市 dìjíshì) ᠪᠣᠯᠤᠨ ᠥᠭᠡᠷᠡᠴᠢᠯᠡᠨ ᠪᠠᠶᠢᠭᠤᠯᠤᠭᠳᠠᠬᠤ ᠠᠴᠠ ᠡᠮᠦᠨ᠎ᠡ ᠠᠶᠢᠮᠠᠭ (ᠬᠢᠲᠠᠳ ᠢᠶᠠᠷ méng) ᠭᠡᠭᠳᠡᠵᠦ ᠪᠠᠶᠢᠪᠠ᠃ 263,953 ᠺᠦᠸᠠᠳ᠋ ᠺᠢᠯᠣᠮᠧᠲ᠋ᠷ ᠲᠠᠯᠠᠪᠠᠢ ᠳᠤ ᠨᠤᠲᠤᠭ ᠲᠠᠢ᠃ ᠳᠣᠲᠣᠷ᠎ᠠ ᠪᠠᠨ ᠬᠣᠲᠠ ᠬᠥᠳᠡᠭᠡ ᠶᠢ ᠪᠠᠭᠲᠠᠭᠠᠳᠠᠭ ᠴᠤ ᠬᠠᠤᠯᠢ ᠶᠣᠰᠣᠨ ᠤ ᠳᠠᠭᠠᠤ ᠬᠣᠲᠠ ᠤᠴᠢᠷ ᠠᠴᠠ ᠳᠡᠯᠡᠬᠡᠢ ᠶᠢᠨ ᠬᠠᠮᠤᠭ ᠤᠨ ᠲᠣᠮᠣ ᠭᠠᠵᠠᠷ ᠨᠤᠲᠤᠭ ᠲᠠᠢ ᠬᠣᠲᠠ ᠭᠡᠳᠡᠭ᠃ 2000 ᠣᠨ ᠤ ᠲᠣᠭᠠᠯᠠᠯᠭ᠎ᠠ ᠪᠠᠷ 2,687,228 ᠣᠷᠣᠰᠢᠨ ᠰᠠᠭᠤᠭᠴᠢ ᠲᠠᠢ ᠪᠠᠶᠢᠪᠠ᠃ ᠡᠭᠦᠨ ᠦ 81.85% ᠨᠢ ᠬᠢᠲᠠᠳ ᠦᠨᠳᠦᠰᠦᠲᠡᠨ᠂ 8.60% ᠪᠣᠯᠬᠤ 231,276 ᠨᠢ ᠮᠣᠩᠭᠣᠯ ᠦᠨᠳᠦᠰᠦᠲᠡᠨ᠂ 9.55% ᠨᠢ ᠪᠤᠰᠤᠳ ᠤᠭᠰᠠᠭᠠᠲᠠᠨ ᠪᠠᠶᠢᠵᠠᠢ᠃

ᠬᠥᠯᠥᠨ ᠨᠠᠭᠤᠷ (ᠥᠭᠡᠷ᠎ᠡ ᠪᠡᠷ ᠳᠠᠯᠠᠢ ᠨᠠᠭᠤᠷ ᠭᠡᠳᠡᠭ) ᠪᠣᠯᠤᠨ ᠪᠤᠶᠢᠷ ᠨᠠᠭᠤᠷ (ᠶᠡᠬᠡᠩᠬᠢ ᠬᠡᠰᠡᠭ ᠨᠢ ᠮᠣᠩᠭᠣᠯ ᠤᠯᠤᠰ ᠲᠤ ᠬᠠᠷᠢᠶᠠᠯᠠᠭᠳᠠᠨ᠎ᠠ) ᠬᠣᠶᠠᠷ ᠤᠨ ᠨᠡᠷ᠎ᠡ ᠪᠡᠷ ᠨᠡᠷᠡᠯᠡᠭᠳᠡᠭᠰᠡᠨ ᠤᠴᠢᠷᠲᠠᠢ᠃ ᠪᠠᠷᠠᠭᠤᠨ ᠵᠠᠬ᠎ᠠ ᠪᠠᠷ ᠮᠣᠩᠭᠣᠯ ᠤᠯᠤᠰ᠂ ᠬᠣᠶᠢᠳᠤ ᠵᠠᠬ᠎ᠠ ᠪᠠᠷ ᠣᠷᠣᠰ ᠤᠨ ᠬᠣᠯᠪᠣᠭᠠᠨ ᠤ ᠤᠯᠤᠰᠲᠠᠢ ᠬᠢᠯᠢ ᠵᠠᠯᠭᠠᠬᠤ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠢ ᠲᠥᠯᠦᠭᠡᠯᠡᠨ᠎ᠡ᠃ ᠵᠡᠭᠦᠨ ᠲᠠᠯ᠎ᠠ ᠪᠠᠷ ᠢᠶᠠᠨ ᠤᠯᠤᠰ ᠤᠨ ᠳᠣᠲᠣᠷ᠎ᠠ ᠬᠠᠷᠠᠮᠦ᠋ᠷᠡᠨ ᠮᠤᠵᠢ᠂ ᠤᠷᠢᠳᠤ ᠲᠠᠯ᠎ᠠ ᠪᠠᠷ ᠢᠶᠠᠨ ᠥᠪᠡᠷᠲᠡᠭᠡᠨ ᠵᠠᠰᠠᠬᠤ ᠣᠷᠣᠨ ᠤ ᠬᠢᠩᠭᠠᠨ ᠠᠶᠢᠮᠠᠭᠲᠠᠢ ᠬᠠᠶᠠᠭ᠎ᠠ ᠵᠠᠯᠭᠠᠳᠠᠭ᠃

ᠤᠭᠰᠠᠭᠠᠲᠠᠨ ᠤ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠯᠦᠨ ᠪᠤᠶᠢᠷ ᠤᠨ ᠤᠭᠰᠠᠭᠠᠲᠠᠨ ᠤ ᠪᠦᠲᠦᠴᠡ (2000 ᠣᠨ ᠤ ᠲᠣᠭᠠᠯᠠᠯᠭ᠎ᠠ)
ᠠᠷᠠᠳ ᠲᠦᠮᠡᠨ ᠲᠣᠭ᠎ᠠ ᠡᠵᠡᠯᠡᠬᠦ ᠬᠤᠪᠢ (%)
ᠬᠢᠲᠠᠳ ᠦᠨᠳᠦᠰᠦᠲᠡᠨ 2,199,645 81.85 %
ᠮᠣᠩᠭᠣᠯ ᠦᠨᠳᠦᠰᠦᠲᠡᠨ 231,276 8.60 %
ᠮᠠᠨᠵᠤ ᠦᠨᠳᠦᠰᠦᠲᠡᠨ 111,053 4.13 %
ᠳᠠᠭᠤᠷ ᠶᠠᠰᠤᠲᠠᠨ 70,287 2.62 %
ᠬᠣᠲᠣᠩ ᠬᠢᠲᠠᠳ 30,950 1.15 %
ᠬᠠᠮᠨᠢᠭᠠᠨ ᠶᠠᠰᠤᠲᠠᠨ 25,418 0.95 %
ᠰᠣᠯᠣᠩᠭᠣᠰ ᠦᠨᠳᠦᠰᠦᠲᠡᠨ 8,355 0.31 %
ᠣᠷᠣᠰ ᠦᠨᠳᠦᠰᠦᠲᠡᠨ 4,741 0.18 %
ᠣᠷᠴᠢᠨ ᠣᠮᠤᠭ 3,144 0.12 %
ᠪᠤᠰᠤᠳ 2,359 0.09 %

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠪᠠᠶᠢᠳᠠᠯ ᠢᠶᠠᠷ ᠬᠥᠯᠦᠨ ᠪᠤᠶᠢᠷ ᠵᠠᠰᠠᠭ ᠵᠠᠬᠢᠷᠭ᠎ᠠ ᠨᠤᠲᠤᠭ ᠳᠡᠪᠢᠰᠬᠡᠷ ᠦᠨ ᠬᠤᠪᠢ ᠳᠤ ᠳᠣᠲᠣᠷ᠎ᠠ ᠪᠠᠨ ᠳᠥᠷᠪᠡᠨ ᠶᠠᠩᠵᠤ ᠵᠡᠷᠭᠡᠮᠵᠢ ᠪᠦᠬᠦᠢ ᠭᠤᠷᠪᠠᠳᠤᠭᠠᠷ ᠲᠦᠪᠰᠢᠨ ᠦ 13 ᠨᠢᠭᠡᠴᠡ ᠳᠦ ᠬᠤᠪᠢᠶᠠᠭᠳᠠᠳᠠᠭ᠃ ᠡᠳᠡᠭᠡᠷ ᠢ ᠲᠣᠭᠣᠴᠢᠪᠠᠯ 1 ᠳᠦᠭᠦᠷᠦᠭ᠂ ᠰᠢᠶᠠᠨ ᠤ ᠡᠩ ᠲᠡᠢ 5 ᠬᠣᠲᠠ᠂ 4 ᠬᠣᠰᠢᠭᠤ᠂ ᠥᠪᠡᠷᠲᠡᠭᠡᠨ ᠵᠠᠰᠠᠬᠤ 3 ᠬᠣᠰᠢᠭᠤ᠂ ᠪᠦᠭᠦᠳᠡ 13 ᠨᠢᠭᠡᠴᠡ ᠪᠣᠯᠤᠨ᠎ᠠ᠃

ᠭᠠᠵᠠᠷ ᠤᠨ ᠵᠢᠷᠤᠭ
Hulunbuir mcp.png
# ᠮᠣᠩᠭᠣᠯ
ᠨᠡᠷ᠎ᠡ᠂ ᠵᠡᠷᠭᠡᠮᠵᠢ
ᠬᠢᠲᠠᠳ ᠨᠡᠷ᠎ᠡ᠂ ᠵᠡᠷᠭᠡᠮᠵᠢ
ᠪᠠ ᠫᠢᠨᠢᠨᠢ ᠭᠠᠯᠢᠭ
ᠬᠦᠮᠦᠨ ᠠᠮᠠ
(2004)
ᠭᠠᠵᠠᠷ ᠨᠤᠲᠤᠭ
(км²)
ᠨᠢᠭᠲᠠᠰᠢᠯ
(/км²)
ᠵᠠᠰᠠᠭ
ᠵᠠᠬᠢᠷᠭᠠᠨ ᠤ ᠲᠥᠪ
1 ᠬᠠᠶᠢᠯᠠᠷ ᠳᠡᠭᠦᠷᠭᠡ 海拉尔区       Hǎilā'ěr Qū 26 ᠲᠦᠮᠡ 1,440 181
2 ᠮᠠᠨᠵᠤᠤᠷ ᠬᠣᠲᠠ (ᠰᠢᠶᠠᠨ ᠤ ᠡᠩ ᠲᠡᠢ) 满洲里市       Mǎnzhōulǐ Shì 16 ᠲᠦᠮᠡ 696 230
3 ᠵᠠᠯᠠᠩ-ᠠᠶᠢᠯ ᠬᠣᠲᠠ (ᠰᠢᠶᠠᠨ ᠤ ᠡᠩ ᠲᠡᠢ) 扎兰屯市       Zhālántún Shì 44 ᠲᠦᠮᠡ 16,800 26
4 ᠶᠠᠭᠰᠢ ᠬᠣᠲᠠ (ᠰᠢᠶᠠᠨ ᠤ ᠡᠩ ᠲᠡᠢ) 牙克石市       Yákèshí Shì 40 ᠲᠦᠮᠡ 27,590 14
5 ᠭᠡᠭᠡᠨᠭᠣᠯ ᠬᠣᠲᠠ (ᠰᠢᠶᠠᠨ ᠤ ᠡᠩ ᠲᠡᠢ) 根河市          Gēnhé Shì 17 ᠲᠦᠮᠡ 19,659 9
6 ᠡᠷᠭᠦᠨ᠎ᠡ ᠬᠣᠲᠠ (ᠰᠢᠶᠠᠨ ᠤ ᠡᠩ ᠲᠡᠢ) 额尔古纳市    É'ěrgǔnà Shì 9 ᠲᠦᠮᠡ 28,000 3
7 ᠠᠷᠤ ᠶᠢᠨ ᠬᠣᠰᠢᠭᠤ 阿荣旗            Āróng Qí 32 ᠲᠦᠮᠡ 12,063 27 ᠨᠠᠵᠢ ᠪᠠᠯᠭᠠᠰᠤ
8 ᠰᠢᠨ᠎ᠡ ᠪᠠᠷᠭᠤ ᠪᠠᠷᠠᠭᠤᠨ ᠬᠣᠰᠢᠭᠤ 新巴尔虎右旗       Xīnbā'ěrhǔ Yòu Qí  3 ᠲᠦᠮᠡ 25,102 1 ᠠᠯᠲᠠᠨ-ᠡᠮᠡᠭᠡᠯ ᠪᠠᠯᠭᠠᠰᠤ
9 ᠰᠢᠨ᠎ᠡ ᠪᠠᠷᠭᠤ ᠵᠡᠭᠦᠨ ᠬᠣᠰᠢᠭᠤ 新巴尔虎左旗       Xīnbā'ěrhǔ Zuǒ Qí  4 ᠲᠦᠮᠡ 22,000 2 ᠠᠮᠤᠭᠤᠯᠠᠩ ᠪᠠᠯᠭᠠᠰᠤᠨ
10 ᠬᠠᠭᠤᠴᠢᠨ ᠪᠠᠷᠭᠤ ᠬᠣᠰᠢᠭᠤ 陈巴尔虎旗            Chénbā'ěrhǔ Qí  6 ᠲᠦᠮᠡ 21,192 3 ᠪᠠᠶᠠᠨᠬᠦᠷ ᠢᠶᠡᠨ ᠪᠠᠯᠭᠠᠰᠤ
11 ᠣᠷᠴᠤᠨ ᠤ ᠥᠪᠡᠷᠲᠡᠭᠡᠨ ᠵᠠᠰᠠᠬᠤ ᠬᠣᠰᠢᠭᠤ 鄂伦春自治旗       Èlúnchūn Zìzhìqí  28 ᠲᠦᠮᠡ 59,800 5 ᠠᠯᠢ ᠭᠣᠣᠯ ᠪᠠᠯᠭᠠᠰᠤ
12 ᠡᠪᠡᠩᠬᠡ ᠥᠪᠡᠷᠲᠡᠭᠡᠨ ᠵᠠᠰᠠᠬᠤ ᠬᠣᠰᠢᠭᠤ 鄂温克族自治旗    Èwēnkèzú Zìzhìqí  14 ᠲᠦᠮᠡ 19,111 7 ᠪᠠᠶᠠᠩᠲᠣᠬᠣᠢ ᠪᠠᠯᠭᠠᠰᠤ
13 ᠮᠣᠷᠢᠨᠳᠠᠪᠠᠭ᠎ᠠ ᠳᠠᠭᠤᠷ
ᠥᠪᠡᠷᠲᠡᠭᠡᠨ ᠵᠠᠰᠠᠬᠤ ᠬᠣᠰᠢᠭᠤ
莫力达瓦达斡尔族自治旗
       Mòlìdáwǎ Dáwò'ěrzú Zìzhìqí
32 ᠲᠦᠮᠡ 10,500 30 ᠨᠢᠷᠵᠢ ᠪᠠᠯᠭᠠᠰᠤ

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • Jinri Nei Menggu: Chifeng 今日内蒙古: 赤峰 (Inner Mongolia Today: Chifeng), 内蒙古人民出版社 Nei Menggu renmin chubanshe, 呼和浩特 ᠬᠦᠬᠡᠬᠤᠲᠠ 1997, ISBN 7-204-03544-5, ᠬ᠃9+129

ᠪᠢᠴᠢᠭᠡᠰᠦ