ᠬᠥᠭᠰᠢᠨ ᠹᠷᠢᠼ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠫᠷᠦ᠋ᠰ ᠤᠨ ᠬᠠᠭᠠᠨ II ᠹᠷᠢᠳᠢᠷᠢᠬᠤ ᠪᠤᠶᠤ 《ᠬᠥᠭᠰᠢᠨ ᠹᠷᠢᠼ》

ᠫᠷᠦ᠋ᠰ ᠤᠨ ᠬᠠᠭᠠᠨ ᠹᠷᠢᠳᠢᠷᠢᠬᠤ II (ᠭᠧᠷᠮᠠᠨ ᠢᠶᠠᠷ Friedrich II.) ᠨᠢ ᠬᠣᠬᠧᠨ᠋ᠽᠣᠯᠧᠷᠠᠨ ᠤ ᠤᠯᠤᠰ ᠠᠴᠠ ᠭᠠᠷᠤᠯ ᠲᠠᠢ᠃ ᠬᠣᠬᠧᠨ᠋ᠽᠣᠯᠧᠷᠠᠨ ᠭᠡᠳᠡᠭ ᠨᠢ ᠠᠷᠢᠭᠤᠨ ᠷᠤᠮᠠᠨᠢᠶ ᠠ ᠡᠵᠡᠨᠲᠦ ᠤᠯᠤᠰ ᠍ ᠍ ᠍ ᠤᠨ ᠪᠦᠷᠢᠯᠳᠦᠬᠦᠨ ᠬᠡᠰᠡᠭ ᠦᠳ ᠪᠣᠯᠬᠤ ᠭᠧᠷᠮᠠᠨᠫᠷᠦᠰᠷᠤᠮᠠᠨᠢᠶ ᠠᠢ ᠤᠭᠰᠠᠭ᠎ᠠ ᠭᠠᠷᠪᠠᠯᠢ ᠰᠠᠶᠢᠲᠤ ᠡᠵᠡᠨ ᠬᠠᠭᠠᠳ᠂ ᠸᠠᠩᠭ᠎ᠠ ᠨᠤᠭᠤᠳ ᠤᠨ ᠭᠡᠷ ᠪᠦᠯᠢ ᠶᠢ ᠬᠡᠯᠡᠳᠡᠭ᠃ ᠷᠣ᠋ ᠍ ᠍ ᠍ ᠶᠢ ᠶᠢᠨ ᠡᠵᠡᠨᠲᠦ ᠤᠯᠤᠰ ᠤᠨ ᠪᠦᠷᠢᠯᠳᠦᠬᠦᠨ ᠳᠦ ᠪᠠᠶᠢᠭᠰᠠᠨ ᠬᠠᠭᠠᠳ᠂ ᠸᠠᠩᠭ᠎ᠠ ᠨᠤᠭᠤᠳ ᠪᠥᠭᠥᠳᠡᠭᠡᠷ ᠢᠶᠡᠨ ᠰᠠᠳᠤᠨ ᠲᠥᠷᠥᠯ ᠦᠨ ᠰᠠᠯᠤᠰᠢ ᠦᠭᠡᠢ ᠬᠣᠯᠪᠣᠭᠠᠲᠠᠨᠤᠭ ᠤᠳ ᠪᠣᠯᠵᠤ ᠣᠶᠢᠷᠠᠳᠤᠭᠰᠠᠨ 1000 ᠭᠠᠷᠤᠢ ᠵᠢᠯ ᠦᠨ ᠲᠤᠷᠰᠢ ᠣᠷᠣᠰᠢᠨ ᠲᠣᠭᠲᠠᠨᠢᠭᠰᠠᠨ ᠶᠤᠮ᠃

ᠬᠣᠬᠧᠨ᠋ᠽᠣᠯᠧᠷᠠᠨ ᠤ ᠳ᠋ᠢᠨᠠᠰᠲ᠋ᠢ ᠳᠤ ᠪᠠᠭᠲᠠᠳᠠᠭ ᠪᠷᠠᠨᠳᠧᠨᠪᠦᠷᠦᠭᠡᠶᠢᠨ ᠲᠠᠶᠢᠵᠢ ᠹᠷᠢᠳᠢᠷᠢᠬᠤ IV ᠍ ᠍ ᠍ ᠤᠨ ᠤᠳᠤᠮ ᠵᠠᠯᠭᠠᠨ ᠠᠷᠢᠭᠤᠨ ᠷᠤᠮᠠᠨᠢᠶ ᠠ ᠡᠵᠡᠨᠲᠦ ᠤᠯᠤᠰ ᠤᠨ 《Xᠠᠨᠬᠦᠦ ᠶᠢ ᠰᠣᠩᠭᠣᠭᠴᠢ》/prince elector/ ᠪᠠᠶᠢᠬᠤ ᠨᠢ ᠹᠷᠢᠳᠢᠷᠢᠬᠤ II ᠍ ᠍ ᠍ ᠦᠨ ᠡᠭᠦᠷᠭᠡ ᠪᠠᠶᠢᠴᠠᠢ᠃ Xᠠᠨᠬᠦᠦ ᠶᠢ ᠰᠣᠩᠭᠣᠭᠴᠢ ᠨᠢ АРЭУ ᠍ ᠍ ᠍ ᠤᠨ ᠬᠠᠭᠠᠨ ᠤ ᠳᠠᠷᠠᠭ᠎ᠠ ᠤᠷᠤᠬᠤ ᠨᠥᠯᠥᠭᠡ ᠪᠦᠬᠦᠢ ᠬᠦᠮᠦᠰ ᠪᠠᠶᠢᠪᠠ᠃

1740 ᠣᠨ ᠳᠤ ᠲᠡᠭᠦᠨ ᠢ ᠬᠠᠭᠠᠨ ᠰᠢᠷᠡᠭᠡᠨ ᠳᠦ ᠰᠠᠭᠤᠬᠤ ᠳᠤ ᠫᠷᠦᠰ ᠨᠢ ᠠᠷᠢᠭᠤᠨ ᠷᠤᠮᠠᠨᠢᠶ ᠠ ᠡᠵᠡᠨᠲᠦ ᠤᠯᠤᠰ ᠤᠨ ᠪᠠᠷᠠᠭᠤᠨ ᠬᠡᠰᠡᠭ ᠲᠦ ᠤᠷᠤᠰᠢᠬᠤ ᠮᠠᠷᠺᠷᠠᠸᠧᠨᠰᠪᠦᠦᠭᠺᠯᠧᠪ ᠦᠨ ᠭᠦᠩᠯᠢᠭ᠂ ᠵᠡᠭᠦᠨ ᠬᠡᠰᠡᠭ ᠲᠦ ᠤᠷᠤᠰᠢᠬᠤ ᠪᠷᠠᠨᠳᠧᠨᠪᠦᠷᠦᠭᠫᠣᠮᠧᠷᠠᠨᠢ ᠮᠤᠵᠢᠭᠤᠳᠠ ᠶᠢ ᠪᠠᠭᠲᠠᠭᠠᠳᠠᠭ ᠪᠠ АРЭУ ᠍ ᠍ ᠍ ᠳᠦ ᠣᠷᠣᠳᠠᠭ ᠦᠭᠡᠢ ᠫᠣᠯᠢᠰᠢ-ᠯᠢᠲᠡᠪ ᠦᠨ ᠬᠣᠯᠪᠣᠭ᠎ᠠ ᠶᠢ ᠠᠭᠤᠯᠠᠳᠠᠭ ᠪᠠᠶᠢᠪᠠ᠃ ᠡᠨᠡᠬᠦ ᠤᠯᠤᠰ ᠤᠨ ᠬᠠᠭᠠᠨ ᠹᠷᠢᠳᠢᠷᠢᠬᠤ ᠶᠢᠨ ᠬᠤᠪᠢ ᠳᠤ ᠠᠯᠳᠠᠷᠲᠤ ᠬᠦᠷᠭᠡᠭᠰᠡᠨ ᠵᠦᠢᠯ ᠨᠢ ᠤᠷᠢᠳᠤ ᠡᠮᠦᠨ᠎ᠡ ᠪᠣᠯᠵᠤ ᠪᠠᠶᠢᠭ᠎ᠠ ᠦᠭᠡᠢ ᠠᠶᠤᠮᠰᠢᠭᠲᠤ ᠳᠣᠯᠣᠭᠠᠨ ᠵᠢᠯ ᠦᠨ ᠳᠠᠶᠢᠨ ᠪᠠᠶᠢᠪᠠ᠃ Tᠡᠷ᠎ᠡ ᠪᠡᠷ ᠠᠷᠢᠭᠤᠨ ᠷᠤᠮᠠᠨᠢᠶ ᠠ ᠡᠵᠡᠨᠲᠦ ᠤᠯᠤᠰ ᠢ Xᠵᠢᠷᠭᠤᠳᠤᠭᠠᠷ ᠵᠠᠭᠤᠨ ᠠᠴᠠ ᠡᠬᠢᠯᠡᠨ ᠲᠣᠯᠣᠭᠠᠶᠢᠯᠠᠵᠤ ᠪᠠᠶᠢᠭᠰᠠᠨ ᠠᠦᠢᠰᠲᠷᠶ᠎ᠠ ᠍ ᠍ ᠍ ᠶᠢᠨ ᠬᠠᠫᠰᠪᠦᠦᠭ ᠦᠨ ᠡᠵᠡᠨᠲᠦ ᠤᠯᠤᠰᠲᠠᠢ ᠰᠡᠯᠧᠽᠢ ᠶᠢᠨ II ᠳᠠᠶᠢᠨ ᠍ ᠍ ᠍ ᠢ ᠥᠳᠥᠭᠡᠵᠦ᠂ ᠤᠭ ᠮᠤᠵᠢ ᠶᠢ ᠪᠤᠯᠢᠶᠠᠨ ᠠᠪᠤᠭᠰᠠᠨ ᠪᠥᠭᠡᠳ ᠭᠣᠣᠯ ᠲᠤᠯᠤᠭᠠᠨ ᠢ ᠬᠣᠬᠧᠨ᠋ᠹᠷᠢᠳᠪᠧᠺᠭ ᠲᠤ ᠬᠢᠵᠦ ᠢᠯᠠᠭᠰᠠᠨ᠃ ᠤᠭ ᠲᠤᠯᠤᠭᠠᠨ ᠨᠢ 1745 ᠣᠨ ᠳᠤ ᠣᠳᠣ ᠶᠢᠨ ᠫᠣᠯᠢᠰᠢ ᠶᠢᠨ ᠨᠤᠲᠤᠭ ᠳᠡᠪᠢᠰᠬᠡᠷ ᠲᠦ ᠪᠣᠯᠤᠭᠰᠠᠨ ᠪᠥᠭᠡᠳ ᠠᠦᠢᠰᠲᠷᠶ᠎ᠠ ᠨᠢ ᠫᠷᠦ᠋ᠰ ᠲᠤ ᠪᠤᠯᠢᠶᠠᠯᠭᠠᠭᠰᠠᠨ ᠰᠡᠯᠧᠽᠢ ᠶᠢ ᠪᠤᠴᠠᠭᠠᠨ ᠠᠪᠬᠤ ᠵᠣᠷᠢᠯᠭ᠎ᠠ ᠲᠠᠢ ᠪᠠᠷ ᠶᠠᠪᠤᠭᠳᠠᠭᠰᠠᠨ᠃

ᠠᠦᠢᠰᠲᠷᠶ᠎ᠠ-ᠰᠠᠺᠰᠣᠨ᠂ ᠫᠷᠦ᠋ᠰ ᠤᠨ ᠴᠡᠷᠢᠭ ᠦᠨ ᠲᠣᠭ᠎ᠠ ᠢᠵᠢᠯ ᠪᠠᠶᠢᠭᠰᠠᠨ ᠪᠣᠯᠪᠠᠴᠤ ᠹᠷᠢᠳᠢᠷᠢᠬᠡ ᠶᠢᠨ ᠴᠡᠷᠢᠭ ᠢᠯᠡᠭᠦᠦ ᠣᠯᠠᠨ ᠦᠬᠡᠷ ᠪᠤᠤ ᠲᠠᠢ ᠪᠠᠶᠢᠪᠠ᠃ ᠠᠦᠢᠰᠲᠷᠶ᠎ᠠ 122, ᠫᠷᠦᠰ 192 ᠦᠬᠡᠷ ᠪᠤᠤ ᠲᠠᠢ ᠪᠠᠶᠢᠭᠰᠠᠨ ᠨᠢ ᠲᠤᠯᠤᠭᠠᠨ ᠳᠤ ᠭᠣᠣᠯᠯᠠᠨ ᠨᠥᠯᠦᠭᠡᠯᠡᠵᠡᠢ᠃ ᠲᠦᠷᠦᠭᠦᠯᠡᠨ ᠪᠠᠶᠢᠷᠢ ᠪᠠᠨ ᠡᠵᠡᠯᠡᠭᠰᠡᠨ ᠠᠦᠢᠰᠲᠷᠢᠴᠤᠳ ᠵᠢᠵᠢᠭ ᠴᠡᠷᠢᠭ ᠦᠨ ᠪᠦᠯᠦᠭ ᠢᠶᠡᠷ ᠲᠤᠷᠰᠢᠬᠤ ᠳᠠᠭᠠᠷᠢᠯᠲᠠ ᠬᠢᠭᠰᠡᠨ ᠪᠣᠯᠪᠠᠴᠤ ᠲᠡᠳᠡᠨ ᠦ ᠳᠠᠭᠠᠷᠢᠯᠲᠠ ᠶᠢ ᠫᠷᠥᠰᠰ ᠤᠳ ᠨᠢᠴᠤᠭᠠᠵᠤ᠂ ᠰᠢᠭᠤᠳ ᠬᠤᠸᠠᠷᠠᠨ ᠷᠤ ᠨᠢ ᠳᠣᠪᠲᠣᠯᠤᠨ ᠡᠵᠡᠯᠡᠵᠦ ᠠᠪᠤᠭᠰᠠᠨ ᠪᠠᠶᠢᠨ᠎ᠠ᠃ ᠳᠠᠶᠢᠨ ᠤ ᠲᠠᠯᠠᠪᠤᠷ ᠬᠡᠲᠦ ᠶᠡᠬᠡ ᠲᠣᠭᠣᠰᠣ ᠲᠠᠢ ᠪᠠᠶᠢᠭᠰᠠᠨ ᠲᠤᠯᠠ ᠠᠦᠢᠰᠲᠷᠢᠴᠤᠳ ᠥᠪᠡᠷᠰᠡᠳ ᠦᠨ ᠴᠡᠷᠢᠭ ᠢᠶᠡᠨ᠂ ᠫᠷᠥᠰᠰ ᠦᠨ ᠬᠢ ᠡᠴᠡ ᠢᠯᠭᠠᠬᠤ ᠳᠤ ᠬᠦᠨᠳᠦᠷᠡᠯᠲᠡᠢ ᠪᠠᠶᠢᠭᠰᠠᠨ ᠨᠢ ᠰᠠᠨᠳᠤᠷᠤᠯᠳᠤ ᠣᠷᠣᠭᠤᠯᠵᠤ᠂ 3 ᠴᠠᠭ ᠤᠨ ᠳᠣᠲᠣᠷ᠎ᠠ ᠪᠤᠲᠠ ᠨᠢᠷᠭᠡᠭᠳᠡᠭᠰᠡᠨ ᠪᠠᠶᠢᠨ᠎ᠠ᠃ ᠦᠢᠮᠡᠵᠦ ᠰᠠᠨᠳᠤᠷᠤᠭᠰᠠᠨ ᠴᠡᠷᠢᠭ ᠦᠳ ᠷᠦᠦ ᠹᠷᠢᠳᠢᠷᠢᠬᠤ ᠥᠪᠡᠷ ᠦᠨ ᠮᠣᠷᠢᠨ ᠠᠩᠭᠢ ᠨᠤᠭᠤᠳ ᠢ ᠣᠷᠣᠭᠤᠯᠤᠭᠰᠠᠨ ᠢᠶᠠᠷ ᠢᠯᠠᠯᠲᠠ ᠪᠦᠷᠢᠨ ᠢᠷᠡᠵᠡᠢ᠃ ᠰᠡᠯᠧᠽᠢ ᠶᠢᠨ ᠲᠥᠯᠥᠭᠡ 5 ᠵᠢᠯ ᠳᠠᠶᠢᠲᠤᠨᠰ ᠤ ᠡᠴᠦᠰ ᠲᠦ ᠫᠷᠦ᠋ᠰ ᠲᠤ ᠦᠯᠡᠳᠡᠭᠡᠬᠦ ᠶᠢ ᠠᠦᠢᠰᠲᠷᠶ᠎ᠠ ᠶᠢᠨ ᠲᠠᠯ᠎ᠠ ᠵᠥᠪᠰᠢᠶᠡᠷᠡᠭᠰᠡᠨ ᠪᠠᠶᠢᠨ᠎ᠠ᠃

ᠡᠭᠦᠨ ᠦ ᠳᠠᠷᠠᠭ᠎ᠠ ᠠᠦᠢᠰᠲᠷᠶ᠎ᠠ ᠤᠯᠤᠰ ᠥᠪᠡᠷ ᠦᠨ ᠬᠣᠯᠪᠣᠭᠠᠲᠠᠨ ᠹᠷᠠᠨᠼᠢ ᠶᠢᠨ ᠪᠤᠷᠪᠶᠣᠨ ᠨᠤᠭᠤᠳ ᠲᠠᠢ ᠨᠢᠭᠤᠴᠠ ᠪᠠᠷ ᠬᠤᠤᠪᠢᠯᠳᠤᠨ 1756 ᠣᠨ ᠳᠤ ᠰᠠᠺᠰᠣᠨ ᠢ ᠫᠷᠥᠰᠰ ᠡᠴᠡ ᠰᠠᠯᠭᠠᠬᠤ ᠪᠠᠷ ᠳᠠᠶᠢᠲᠤᠵᠤ ᠡᠬᠢᠯᠡᠭᠰᠡᠨ ᠢᠶᠡᠷ 《7 ᠵᠢᠯᠢᠩᠢ ᠳᠠᠶᠢᠨ》 ᠳᠡᠭᠳᠡᠭᠰᠡᠨ ᠪᠠᠶᠢᠨ᠎ᠠ᠃ ᠠᠪᠰᠠᠷᠲᠷᠢᠰᠠᠺᠰᠣᠨᠹᠷᠠᠨᠼᠢᠣᠷᠣᠰᠰᠸᠸᠳᠡᠨᠰᠠᠷᠳᠢᠨᠢᠰᠢᠼᠢᠯᠢᠨᠠᠫᠣᠯᠣ ᠶᠢᠨ ᠬᠠᠭᠠᠨᠲᠤ ᠤᠯᠤᠰ ᠦᠳ ᠪᠣᠯᠤᠨ ᠢᠰᠫᠠᠨᠢ ᠨᠢ ᠡᠪᠰᠡᠯ ᠪᠠᠶᠢᠭᠤᠯᠤᠭᠰᠠᠨ ᠪᠣᠯ ᠫᠷᠦ᠋ᠰ ᠤᠨ ᠲᠠᠯ᠎ᠠ ᠳᠤ ᠬᠠᠨᠣᠸᠧᠷᠶᠡᠬᠡ ᠪᠷᠢᠲ᠋ᠠᠨ(ᠠᠩᠭᠯᠢ) ᠵᠣᠭᠰᠣᠵᠤ ᠪᠠᠶᠢᠯ᠎ᠠ᠃

ᠳᠠᠶᠢᠨ ᠤ ᠡᠬᠢᠨ ᠳᠦ ᠠᠦᠢᠰᠲᠷᠶ᠎ᠠ ᠶᠢᠨ ᠠᠷᠮᠢ ᠫᠷᠥᠰᠰ ᠲᠡᠢ ᠫᠣᠯᠢᠰᠢᠡᠶᠢᠨ ᠯᠣᠪᠣᠰᠢᠼ ᠬᠡᠮᠡᠬᠦ ᠭᠠᠵᠠᠷ ᠲᠤᠯᠤᠯᠳᠤᠭᠰᠠᠨ ᠪᠥᠭᠡᠳ ᠠᠦᠢᠰᠲᠷᠶ᠎ᠠ ᠶᠢᠨ ᠠᠷᠮᠢᠢᠯᠡᠭᠦᠦ ᠴᠡᠷᠢᠭ ᠲᠡᠢ ᠪᠠᠶᠢᠭᠰᠠᠨ ᠴᠤ᠂ ᠪᠠᠶᠢᠷᠢᠯᠠᠯ ᠪᠤᠷᠤᠭᠤ ᠰᠣᠩᠭᠣᠨ ᠶᠡᠬᠡ ᠪᠤᠤᠨ ᠤ ᠠᠩᠭᠢ ᠨᠤᠭᠤᠳ ᠢᠶᠠᠨ ᠤᠰᠠᠳᠬᠠᠭᠤᠯᠤᠭᠰᠠᠨ ᠢᠶᠠᠷ ᠢᠯᠠᠭᠳᠠᠵᠠᠢ᠃ ᠡᠨᠡ ᠦᠶ᠎ᠡ ᠳᠦ ᠭᠠᠵᠠᠷ ᠤᠨ ᠳᠤᠮᠳᠠᠳᠤ ᠲᠡᠩᠭᠢᠰ ᠲᠦ ᠠᠩᠭᠯᠢ ᠶᠢᠨ ᠷᠯᠣᠲ ᠢᠰᠫᠠᠨᠢ ᠹᠷᠠᠨᠼᠢ ᠶᠢᠨ ᠨᠢᠭᠡᠳᠦᠭᠰᠡᠨ ᠹᠯᠣᠲᠠᠳ ᠮᠠᠯᠷᠺᠠ ᠶᠢᠨ ᠣᠶᠢᠷᠠᠯᠴᠠᠭ᠎ᠠ ᠢᠯᠠᠭᠳᠠᠪᠠ᠃ 1757 ᠣᠨ ᠤ ᠬᠡᠪᠡᠷ ᠹᠷᠢᠳᠢᠷᠢᠬᠤ ᠰᠠᠨᠠᠭᠠᠴᠢᠯᠭ᠎ᠠ ᠶᠢ ᠭᠠᠷ ᠲᠤ ᠪᠠᠨ ᠠᠪᠬᠤ ᠪᠠᠷ ᠠᠦᠢᠰᠲᠷᠶ᠎ᠠ ᠶᠢᠨ ᠬᠠᠷᠢᠶᠠᠨ ᠳᠤ ᠪᠠᠶᠢᠭᠰᠠᠨ ᠫᠠᠷᠭ᠎ᠠ ᠷᠤ ᠳᠣᠪᠲᠣᠯᠤᠯ᠎ᠠ᠃ ᠫᠷᠠᠭ ᠢ ᠪᠤᠰᠯᠡᠭᠰᠡᠨ ᠲᠤᠯᠤᠯᠳᠤᠭᠠᠨ ᠳᠤ 67000 ᠣᠷᠴᠢᠮ ᠴᠡᠷᠢᠭ ᠲᠡᠢ ᠪᠠᠶᠢᠭᠰᠠᠨ ᠫᠷᠦᠰ 14000 ᠴᠡᠷᠢᠭ ᠢᠶᠡᠨ ᠠᠯᠠᠳᠠᠨ ᠢᠯᠠᠯᠲᠠ ᠪᠠᠶᠢᠭᠤᠯᠤᠭᠰᠠᠨ ᠪᠠᠶᠢᠨ᠎ᠠ᠃ ᠡᠶᠢᠮᠦ ᠬᠡᠮᠵᠢᠶᠡᠨ ᠦ ᠬᠣᠬᠢᠷᠠᠯ ᠨᠢ ᠪᠢᠵᠢᠬᠠᠨ ᠫᠷᠦ᠋ᠰ ᠲᠤ ᠬᠦᠨᠳᠦ ᠴᠣᠬᠢᠯᠲᠠ ᠪᠣᠯᠤᠭᠰᠠᠨ ᠠᠵᠢ᠃

ᠹᠷᠢᠳᠢᠷᠢᠬᠤ ᠡᠭᠦᠨ ᠢ ᠦᠯᠦ ᠲᠣᠭᠤᠨ ᠠᠪᠰᠠᠷᠠᠴᠤᠳ ᠢ ᠬᠡᠲᠦ ᠬᠥᠩᠭᠡᠨ ᠢᠶᠡᠷ ᠲᠥᠰᠥᠭᠡᠯᠡᠨ 32000 ᠴᠡᠷᠢᠭ ᠠᠪᠴᠤ ᠫᠠᠷ ᠶᠢᠨ ᠲᠤᠯᠤᠭᠠᠨ ᠳᠤ ᠢᠯᠠᠭᠳᠠᠨ ᠵᠢᠭᠤᠲᠠᠭᠰᠠᠨ ᠠᠦᠢᠰᠲᠷᠢᠴᠤᠳ ᠢ ᠮᠥᠷᠳᠡᠨ ᠬᠡᠵᠡᠢ᠃ ᠥᠨᠥ ᠶᠢᠨ ᠴᠧᠬᠡ ᠶᠢᠨ ᠺᠣᠯᠢᠨ ᠬᠡᠮᠡᠬᠦ ᠭᠠᠵᠠᠷ ᠲᠤ ᠠᠦᠢᠰᠲᠷᠢᠴᠤᠳ ᠢ ᠭᠦᠢᠴᠡᠨ ᠰᠢᠭᠤᠳ ᠳᠠᠭᠠᠷᠢᠭᠰᠠᠨ ᠨᠢ ᠪᠡᠯᠡᠳᠬᠡᠯ ᠲᠡᠢ ᠪᠠᠶᠢᠭᠰᠠᠨ ᠠᠦᠢᠰᠲᠷᠶ᠎ᠠ ᠶᠢᠨ ᠴᠡᠷᠢᠭ ᠲᠡᠢ ᠲᠤᠯᠤᠨ ᠨᠢᠭᠡᠳᠦᠭᠰᠡᠨ ᠹᠷᠠᠨᠲ ᠭᠦᠢ ᠪᠣᠯᠵᠤ᠂ ᠰᠠᠯᠤᠩᠭᠢᠳᠠ ᠪᠠᠶᠢᠯᠳᠤᠬᠤ ᠳᠤ ᠬᠦᠷᠭᠡᠵᠡᠢ᠃ ᠡᠭᠦᠨ ᠢ ᠨᠢ ᠠᠦᠢᠰᠲᠷᠢᠴᠤᠳ ᠠᠰᠢᠭᠯᠠᠨ ᠺᠦᠷᠦᠠᠴᠢᠶ ᠠ ᠮᠣᠷᠢᠨ ᠠᠩᠭᠢ ᠨᠤᠭᠤᠳ ᠢ ᠣᠷᠣᠭᠤᠯᠤᠨ ᠨᠢᠭᠡ ᠨᠢᠭᠡ ᠪᠡᠷ ᠨᠢ ᠤᠰᠠᠳᠬᠠᠵᠤ ᠡᠬᠢᠯᠡᠭᠰᠡᠨ ᠪᠠᠶᠢᠨ᠎ᠠ᠃ ᠪᠦᠷᠢᠨ ᠪᠤᠲᠠ ᠴᠣᠬᠢᠭᠳᠠᠵᠤ ᠮᠠᠭᠠᠳ ᠦᠭᠡᠢ ᠪᠣᠯᠤᠮᠠᠭᠴᠠ ᠹᠷᠢᠳᠢᠷᠢᠬᠤ ᠴᠡᠷᠢᠭ ᠢᠶᠡᠨ ᠲᠠᠲᠠᠵᠠᠢ᠃ ᠤᠬᠤᠷᠢᠵᠤ ᠪᠠᠶᠢᠭ᠎ᠠ ᠫᠷᠦ᠋ᠰ ᠤᠨ ᠠᠷᠮᠢ ᠳᠤ ᠠᠦᠢᠰᠲᠷᠶ᠎ᠠ ᠶᠢᠨ ᠶᠡᠬᠡ ᠪᠤᠤᠨ ᠨᠤᠭᠤᠳ ᠨᠡᠯᠢᠶᠡᠳ ᠭᠦᠢ ᠬᠣᠬᠢᠷᠠᠯ ᠤᠴᠠᠷᠠᠭᠤᠯᠤᠭᠰᠠᠨ ᠪᠠᠶᠢᠨ᠎ᠠ᠃ ᠡᠨᠡ ᠲᠤᠯᠤᠭᠠᠨ ᠳᠤ 14000 ᠴᠡᠷᠢᠭ ᠢᠶᠡᠨ ᠠᠯᠠᠳᠠᠵᠠᠢ᠃ ᠡᠨᠡ ᠲᠡᠭᠦᠨ ᠦ ᠠᠩᠬᠠᠨ ᠤ ᠢᠯᠠᠭᠳᠠᠯ ᠪᠠᠶᠢᠯ᠎ᠠ᠃

ᠵᠤᠨ ᠨᠢ ᠳᠣᠷᠣᠨᠠᠲᠤ ᠫᠷᠦ᠋ᠰ ᠲᠤ 70000 ᠴᠡᠷᠢᠭ ᠲᠡᠢ ᠣᠷᠣᠰ ᠤᠨ ᠠᠷᠮᠢ ᠬᠠᠯᠠᠳᠠᠨ ᠳᠣᠪᠲᠣᠯᠵᠤ᠂ ᠲᠡᠨᠳᠡ ᠪᠠᠶᠢᠷᠢᠯᠠᠵᠤ ᠪᠠᠶᠢᠭᠰᠠᠨ 25000 ᠬᠦᠮᠦᠨ ᠲᠡᠢ ᠠᠩᠭᠢ ᠶᠢ ᠤᠰᠠᠳᠬᠠᠨ ᠹᠷᠢᠳᠢᠷᠢᠬᠡ ᠳᠦ ᠪᠣᠳᠠᠲᠤ ᠪᠠᠷ ᠵᠠᠨᠤᠯᠬᠢᠯᠡᠪᠡ᠃ ᠮᠠᠰᠢ ᠬᠦᠨᠳᠦ ᠪᠠᠶᠢᠳᠠᠯ ᠳᠤ ᠣᠷᠣᠭᠰᠠᠨ ᠹᠷᠢᠳᠢᠷᠢᠬᠤ ᠪᠦᠬᠦ ᠨᠡᠶᠢᠲᠡ ᠶᠢᠨ ᠴᠡᠷᠢᠭ ᠳᠠᠶᠢᠴᠢᠯᠠᠭ᠎ᠠ ᠵᠠᠷᠯᠠᠨ᠂ 1757 ᠣᠨ ᠤ 11 ᠰᠠᠷ᠎ᠠ ᠳᠤ ᠷᠣᠰᠪᠠᠬᠤ ᠲᠤ 2 ᠳᠠᠬᠢᠨ ᠣᠯᠠᠨ ᠴᠡᠷᠢᠭ ᠲᠡᠢ ᠹᠷᠠᠨᠼᠢ ᠶᠢ ᠶᠡᠬᠡ ᠪᠤᠤᠨ ᠤ ᠪᠠᠨ ᠠᠩᠬᠢ ᠶᠢᠨ ᠬᠦᠴᠦ ᠪᠡᠷ ᠢᠯᠠᠵᠤ᠂ ᠮᠥᠨ 12 ᠰᠠᠷ᠎ᠠ ᠳᠤ 2 ᠳᠠᠬᠢᠨ ᠶᠡᠬᠡ ᠬᠦᠴᠢᠲᠡᠢ ᠠᠦᠢᠰᠲᠷᠶ᠎ᠠ ᠶᠢ ᠫᠣᠯᠢᠰᠢ ᠶᠢᠨ ᠨᠤᠲᠤᠭ ᠲᠤ ᠢᠯᠠᠭᠰᠠᠨ ᠢᠶᠠᠷ ᠪᠠᠭ᠎ᠠ ᠵᠡᠷᠭᠡ ᠠᠮᠤᠰᠬᠢᠴᠠᠢ᠃

1758 ᠣᠨ ᠳᠤ 2 ᠤᠳᠠᠭ᠎ᠠ ᠠᠪᠴᠢᠲᠡᠷ ᠢ ᠢᠯᠠᠭᠰᠠᠨ ᠪᠣᠯᠪᠠᠴᠤ ᠪᠦᠷᠢᠨ ᠪᠠᠭᠤᠯᠭᠠᠵᠤ ᠠᠪᠴᠤ ᠴᠢᠳᠠᠬᠤ ᠦᠭᠡᠢ ᠪᠠᠶᠢᠯ᠎ᠠ᠃ ᠮᠥᠨ ᠵᠣᠷᠨᠳᠣᠷᠹ ᠲᠤ ᠦᠷ᠎ᠡ ᠠᠰᠢᠭ ᠦᠭᠡᠢ ᠢᠯᠠᠯᠲᠠ ᠦᠭᠡᠢ ᠲᠤᠯᠤᠭᠠᠨ ᠢ ᠣᠷᠣᠰ ᠤᠳ ᠲᠠᠢ ᠬᠢᠵᠦ ᠠᠰᠤᠷᠤ ᠶᠡᠬᠡ ᠬᠣᠬᠢᠷᠠᠯ ᠠᠮᠰᠠᠭᠰᠠᠨ ᠪᠠᠶᠢᠨ᠎ᠠ᠃ ᠪᠠᠶᠢᠳᠠᠯ ᠮᠠᠭᠤᠳᠠᠭᠰᠠᠭᠠᠷ 100 ᠰᠠᠷ᠎ᠠ ᠳᠤ ᠠᠦᠢᠰᠲᠷᠢᠴᠤᠳ ᠲᠤ ᠢᠯᠠᠭᠳᠠᠨ᠂ ᠣᠷᠣᠰ ᠤᠨ ᠵᠠᠩᠵᠤᠨ ᠰᠠᠯᠲ ᠤᠺᠣᠸ ᠲᠤ ᠴᠣᠬᠢᠭᠤᠯᠪᠠ᠃ ᠬᠣᠯᠪᠣᠭᠠᠲᠠᠨ ᠬᠠᠨᠣᠸᠧᠷ ᠹᠷᠠᠨᠼᠢ ᠳᠤ ᠢᠯᠠᠭᠳᠠᠪᠠ᠃ 1760 ᠣᠨ ᠢ ᠥᠩᠭᠡᠷᠡᠲᠡᠯ᠎ᠡ ᠫᠷᠦᠰ ᠵᠠᠷᠢᠮ ᠲᠤᠯᠤᠭᠠᠨ ᠨᠤᠭᠤᠳ ᠲᠤ ᠢᠯᠠᠭᠳᠠᠭᠰᠠᠭᠠᠷ ᠪᠠᠶᠢᠯ᠎ᠠ᠃ ᠤᠴᠢᠷ ᠨᠢ ᠠᠦᠢᠰᠲᠷᠶ᠎ᠠ ᠶᠢᠨ ᠡᠪᠰᠡᠯ ᠴᠡᠷᠢᠭ ᠦᠨ ᠲᠣᠭ᠎ᠠ ᠪᠠᠷ ᠢᠯᠡᠳᠲᠡ ᠳᠠᠪᠠᠭᠤ ᠪᠠᠶᠢᠪᠠ᠃ ᠮᠥᠨ ᠫᠷᠥᠰᠰ ᠤᠳ 4 ᠹᠷᠣᠨᠲ ᠳᠡᠭᠡᠷ᠎ᠡ ᠵᠡᠷᠭᠡ ᠪᠠᠶᠢᠯᠳᠤᠵᠤ ᠪᠠᠶᠢᠯ᠎ᠠ᠃

Xᠦᠨ ᠳᠦ ᠪᠠᠶᠢᠳᠠᠯ ᠳᠤ ᠪᠠᠶᠢᠭᠰᠠᠨ ᠹᠷᠢᠳᠢᠷᠢᠬᠤ ᠯᠢᠭᠨᠢᠼᠡᠶᠢᠨ ᠳᠡᠷᠭᠡᠳᠡ ᠠᠦᠢᠰᠲᠷᠶ᠎ᠠ ᠶᠢᠨ ᠴᠡᠷᠢᠭ ᠢ ᠪᠤᠲᠠ ᠴᠣᠬᠢᠭᠰᠠᠨ ᠪᠣᠯᠪᠠᠴᠤ ᠣᠷᠣᠰ ᠤᠨ ᠠᠷᠮᠢ ᠨᠡᠶᠢᠰᠯᠡᠯ ᠪᠧᠷᠯᠢᠨᠡᠶᠢᠭ ᠡᠵᠡᠯᠡᠵᠦ ᠠᠪᠤᠭᠰᠠᠨ ᠪᠠᠶᠢᠨ᠎ᠠ᠃ ᠡᠭᠦᠨ ᠦ ᠳᠠᠷᠠᠭ᠎ᠠ ᠹᠷᠢᠳᠢᠷᠢᠬᠤ ᠨᠢᠴᠤᠯ ᠦᠭᠡᠢ ᠪᠡᠷ ᠲᠣᠷᠺᠦ᠋᠎ᠠ ᠶᠢᠨ ᠳᠡᠷᠭᠡᠳᠡ ᠠᠦᠢᠰᠲᠷᠶ᠎ᠠ ᠶᠢᠨ ᠴᠡᠷᠢᠭ ᠢ ᠢᠯᠠᠪᠠ᠃

1761 ᠣᠨ ᠤ ᠡᠬᠢ ᠪᠡᠷ ᠸᠢᠯᠯᠢᠩᠬᠠᠦ᠋ᠽᠧᠩ ᠦᠨ ᠲᠤᠯᠤᠭᠠᠨ ᠳᠤ ᠹᠷᠠᠨᠼᠢ ᠶᠢᠨ 92000 ᠴᠡᠷᠢᠭ ᠶᠡᠬᠡ ᠪᠷᠢᠲ᠋ᠠᠨᠢ᠂ ᠫᠷᠦ᠋ᠰ ᠤᠨ ᠴᠡᠷᠢᠭ ᠲᠦ ᠪᠤᠲᠠ ᠴᠣᠬᠢᠭᠳᠠᠭᠰᠠᠨ ᠨᠢ ᠳᠠᠶᠢᠨ ᠳᠤ ᠡᠷᠭᠢᠯᠲᠡ ᠠᠪᠴᠢᠷᠠᠬᠤ ᠡᠬᠢᠯᠡᠯ ᠪᠣᠯᠪᠠ᠃ 1762 ᠣᠨ ᠳᠤ ᠣᠷᠣᠰ ᠤᠨ ᠬᠠᠲᠤᠨ ᠬᠠᠭᠠᠨ ᠢᠯᠢᠽᠡᠪᠡᠢᠰ ᠨᠠᠰᠤ ᠡᠴᠦᠰᠯᠡᠵᠦ᠂ ᠲᠡᠭᠦᠨ ᠢ ᠫᠷᠦᠰ ᠱᠺᠣᠯ ᠲᠠᠢ ᠫᠧᠲ᠋ᠧᠷ III ᠵᠠᠯᠭᠠᠮᠵᠢᠯᠠᠭᠰᠠᠨ ᠨᠢ ᠹᠷᠢᠳᠢᠷᠢᠬᠡ ᠳᠦ ᠠᠵᠠ ᠲᠠᠢ ᠬᠡᠷᠡᠭ ᠪᠣᠯᠤᠭᠰᠠᠨ ᠪᠥᠭᠡᠳ ᠫᠧᠲ᠋ᠧᠷ III ᠬᠠᠭᠠᠨ ᠪᠧᠷᠯᠢᠨ ᠡᠴᠡ ᠴᠡᠷᠢᠭ ᠢᠶᠡᠨ ᠲᠠᠲᠠᠨ 1762 ᠣᠨ ᠳᠤ ᠰᠠᠨᠺᠲ ᠳ᠋ᠧᠲ᠋ᠧᠷᠪᠦᠦᠭ ᠦᠨ ᠭᠡᠷ᠎ᠡ ᠶᠢ ᠪᠠᠶᠢᠭᠤᠯᠤᠭᠰᠠᠨ ᠪᠠᠶᠢᠨ᠎ᠠ᠃ ᠮᠥᠨ ᠣᠨ ᠳᠤ ᠰᠸᠸᠳᠡᠨ ᠲᠡᠢ ᠨᠠᠶᠢᠷᠠᠮᠳᠠᠵᠤ ᠴᠢᠳᠠᠪᠠ᠃

ᠬᠠᠷᠢᠨ ᠠᠦᠢᠰᠲᠷᠶ᠎ᠠ ᠶᠢ ᠹᠷᠠᠶᠪᠧᠷᠭᠢ ᠶᠢᠨ ᠳᠡᠷᠭᠡᠳᠡ ᠢᠯᠠᠭᠰᠠᠨ ᠢᠶᠠᠷ ᠰᠡᠯᠧᠽᠢ ᠶᠢ ᠥᠪᠡᠷᠲᠡᠭᠡᠨ ᠦᠯᠡᠳᠡᠭᠡᠵᠦ ᠴᠢᠳᠠᠭᠰᠠᠨ ᠪᠠᠶᠢᠨ᠎ᠠ᠃

ᠡᠨᠡ 7 ᠵᠢᠯ ᠦᠨ ᠳᠠᠶᠢᠨ ᠨᠢ ᠶᠣᠯᠧᠽ ᠮᠤᠵᠢ ᠶᠢᠨ ᠲᠥᠯᠦᠭᠡᠬᠢ ᠲᠤᠯᠤᠭᠠᠨ ᠢᠶᠠᠷ ᠡᠬᠢᠯᠡᠵᠦ ᠪᠦᠬᠦᠯᠢ ᠧᠦᠢᠷᠣᠫᠠ ᠶᠢ ᠬᠠᠮᠤᠷᠤᠨ᠂ ᠹᠢᠯᠢᠫᠫᠠᠨ᠂ ᠠᠮᠧᠷᠢᠺᠠ᠂ ᠡᠨᠡᠳᠬᠡᠭ ᠲᠦ ᠥᠷᠨᠢᠭᠰᠡᠨ ᠪᠠᠶᠢᠨ᠎ᠠ᠃ ᠳᠠᠶᠢᠨ ᠤ ᠵᠢᠯ ᠤᠨᠳ ᠲᠤ 900 ᠮᠢᠩᠭ᠎ᠠ ᠠᠴᠠ 1,4 ᠰᠠᠶ᠎ᠠ ᠴᠡᠷᠢᠭ ᠠᠮᠤ ᠦᠷᠡᠭᠳᠡᠭᠰᠡᠨ ᠪᠠᠶᠢᠨ᠎ᠠ᠃ ᠳᠠᠶᠢᠨ ᠳᠤ ᠢᠯᠠᠭᠳᠠᠭᠰᠠᠨ ᠹᠷᠠᠨᠼᠢ ᠰᠢᠨ᠎ᠡ ᠹᠷᠠᠨᠼᠢ ᠶᠢ ᠢᠰᠫᠠᠨᠢ᠂ ᠠᠩᠭᠯᠢ ᠳᠤ ᠥᠭᠭᠦᠭᠰᠡᠨ ᠪᠣᠯ ᠫᠷᠦᠰ ᠠᠦᠢᠰᠲᠷᠶ᠎ᠠ ᠠᠴᠠ ᠰᠡᠯᠧᠽᠢ ᠶᠢ ᠪᠤᠯᠢᠶᠠᠨ ᠠᠪᠴᠤ᠂ ᠥᠪᠡᠷ ᠦᠨ ᠡᠵᠡᠮᠰᠢᠯ ᠭᠡᠳᠡᠭ ᠢ ᠵᠥᠪᠰᠢᠶᠡᠷᠡᠭᠦᠯᠵᠦ ᠴᠢᠳᠠᠵᠠᠢ᠃

ᠫᠷᠦ᠋ᠰ ᠤᠨ ᠶᠠᠪᠠᠭᠠᠨ ᠴᠡᠷᠢᠭ ᠦᠳ ᠦᠨ ᠳᠠᠭᠠᠷᠢᠯᠲᠠ

1778 ᠣᠨ ᠳᠤ ᠹᠷᠢᠳᠢᠷᠢᠬᠤ ᠪᠠᠪᠠᠷ ᠢ ᠥᠪᠡᠷ ᠦᠨ ᠡᠵᠡᠮᠰᠢᠯ ᠳᠦ ᠪᠡᠨ ᠠᠪᠬᠤ ᠪᠠᠷ ᠳᠠᠶᠢᠨ ᠡᠳᠦᠭᠦᠯᠦᠭᠰᠡᠨ ᠪᠠᠶᠢᠨ᠎ᠠ᠃ ᠲᠡᠦᠬᠡᠨ ᠳᠦ ᠡᠨᠡ ᠳᠠᠶᠢᠨ ᠢ Tᠡᠮᠦᠰᠦᠨ ᠦ ᠳᠠᠶᠢᠨ ᠭᠡᠵᠦ ᠨᠡᠷᠡᠯᠡᠳᠡᠭ᠃

ᠹᠷᠢᠳᠢᠷᠢᠬᠡ ᠶᠢᠨ ᠭᠠᠪᠢᠶ᠎ᠠ ᠨᠢ ᠥᠨᠥ ᠶᠢᠨ ᠭᠧᠷᠮᠠᠨ ᠤ ᠰᠠᠭᠤᠷᠢ ᠶᠢ ᠲᠠᠯᠪᠢᠬᠤ ᠳᠤ ᠦᠨᠡᠲᠡᠢ ᠬᠤᠪᠢ ᠨᠡᠮᠡᠷᠢ ᠣᠷᠣᠭᠤᠯᠵᠤ ᠨᠢᠭᠡᠳᠬᠡᠭᠰᠡᠨ᠃ ᠳᠠᠶᠢᠨ ᠤ ᠵᠢᠯ ᠤᠨᠳ ᠲᠤ ᠴᠤ ᠲᠡᠷᠡ ᠡᠩᠬᠡ ᠴᠠᠭ ᠲᠤ ᠴᠤ ᠲᠡᠷᠡ ᠣᠷᠴᠢᠨ ᠦᠶᠡᠵᠢᠭᠦᠯᠦᠯᠲᠡ ᠶᠢ ᠣᠭᠲᠣ ᠲᠠᠰᠤᠯᠠᠬᠤ ᠦᠭᠡᠢ ᠶᠠᠪᠤᠭᠤᠯᠵᠤ ᠪᠠᠶᠢᠭᠰᠠᠨ ᠰᠢᠨᠡᠴᠢᠯᠡᠯ ᠢ ᠳᠡᠮᠵᠢᠭᠴᠢ᠂ ᠲᠤᠤᠱᠲᠠᠢ ᠬᠠᠲᠠᠭᠤ ᠴᠢᠭᠢ ᠱᠤᠭᠤᠮ ᠲᠠᠢ ᠬᠦᠮᠦᠨ ᠪᠠᠶᠢᠴᠠᠢ᠃ Tᠡᠷ᠎ᠡ ᠪᠡᠷ ᠭᠧᠷᠮᠠᠨ ᠦᠨᠳᠦᠰᠦᠲᠡᠨᠦ ᠪᠠᠬᠠᠷᠬᠠᠯ ᠪᠥᠭᠡᠳ ᠨᠠᠼᠢᠰᠲ ᠦᠳ ᠪᠣᠯᠤᠨ ᠠᠷᠠᠳᠴᠢᠯᠠᠭᠰᠠᠨ ᠦᠵᠡᠯᠲᠡᠨ ᠨᠦᠭᠦᠳ ᠦᠨ ᠠᠯᠢ ᠠᠯᠢᠨ ᠤ ᠬᠢ ᠨᠢ ᠪᠡᠯᠭᠡ ᠲᠡᠮᠳᠡᠭ ᠪᠣᠯᠤᠭᠰᠠᠨ ᠬᠦᠮᠦᠨ ᠶᠤᠮ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Friedrich II
Commons
Викимедиа дуу дүрсний сан: The Collection of Friedrich II von Preußen

ᠪᠢᠴᠢᠭᠡᠰᠦ