ᠬᠥᠬᠡ ᠮᠥᠷᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠥᠬᠡ ᠮᠥᠷᠡᠨ ᠨᠢ ᠠᠽᠢᠶ᠎ᠠᠳ᠋ᠠ ᠬᠠᠮᠤᠭ ᠤᠨ ᠤᠷᠲᠤ᠂ ᠳᠡᠯᠡᠬᠡᠢ ᠳᠦ ᠭᠤᠷᠪᠠ ᠳᠤ ᠣᠷᠣᠳᠠᠭ ᠪᠥᠭᠡᠳ 6418 ᠺᠢᠯᠣᠮᠧᠲ᠋ᠷ ᠤᠷᠲᠤ᠃ ᠴᠢᠩᠬᠠᠢ ᠪᠤᠶᠤ ᠬᠥᠬᠡᠨᠠᠭᠤᠷ ᠮᠤᠵᠢ ᠳᠠᠬᠢ ᠲᠦᠪᠡᠳ ᠦᠨ ᠲᠡᠭᠰᠢ ᠥᠨᠳᠥᠷᠯᠢᠭ ᠦᠨ ᠮᠥᠰᠦᠨ ᠭᠣᠣᠯ ᠠᠴᠠ ᠡᠬᠢ ᠠᠪᠤᠨ ᠪᠠᠷᠠᠭᠤᠨ ᠡᠮᠦᠨ᠎ᠡ ᠡᠴᠡ ᠵᠡᠭᠦᠨ ᠡᠮᠦᠨ᠎ᠡ ᠵᠦᠭ ᠬᠥᠨᠳᠡᠯᠡᠨ ᠤᠷᠤᠰᠤᠨ ᠲᠥᠪ ᠪᠣᠯᠤᠨ ᠵᠡᠭᠦᠨ ᠬᠢᠲᠠᠳ ᠍ ᠤᠨ ᠨᠤᠲᠤᠭ ᠢᠶᠠᠷ ᠤᠷᠤᠰᠴᠤ ᠱᠠᠩᠬᠠᠢ ᠬᠣᠲᠠ ᠍ ᠤᠨ ᠲᠤᠰᠢᠶ᠎ᠠ ᠵᠡᠭᠦᠨ ᠬᠢᠲᠠᠳ ᠤᠨ ᠲᠡᠩᠭᠢᠰ ᠲᠤ ᠴᠢᠳᠬᠤᠳᠠᠭ᠃ ᠮᠥᠨ ᠤᠰᠤᠨ ᠤ ᠴᠢᠳᠬᠤᠯ ᠤᠨ ᠬᠡᠮᠵᠢᠶ᠎ᠡ ᠪᠡᠷ ᠢᠶᠡᠨ ᠳᠡᠯᠡᠬᠡᠢ ᠶᠢᠨ ᠲᠣᠮᠣᠬᠠᠨ ᠮᠥᠷᠡᠨ ᠦ ᠲᠣᠭᠠᠨ ᠳᠤ ᠪᠠᠭᠲᠠᠳᠠᠭ᠃ ᠰᠢᠷ᠎ᠠ ᠮᠥᠷᠡᠨᠲᠡᠢ ᠣᠶᠢᠷ᠎ᠠ ᠪᠥᠭᠡᠳ ᠬᠢᠲᠠᠳ ᠤᠨ ᠲᠡᠦᠬᠡ᠂ ᠡᠳ᠋ ᠍ ᠦᠨ ᠵᠠᠰᠠᠭ᠂ ᠰᠤᠶᠤᠯ ᠤᠨ ᠬᠤᠪᠢ ᠳᠤ ᠬᠠᠮᠤᠭ ᠤᠨ ᠲᠣᠮᠣ ᠨᠥᠯᠥᠭᠡᠲᠡᠢ ᠪᠠᠶᠢᠳᠠᠭ᠃ ᠬᠥᠭᠵᠢᠨ ᠴᠡᠴᠡᠭᠯᠡᠵᠦ ᠪᠤᠢ ᠬᠥᠬᠡ ᠮᠥᠷᠡᠨ ᠦ ᠪᠪᠴᠢᠷ ᠤᠨ ᠪᠥᠰᠡ ᠨᠤᠲᠤᠭ ᠨᠢ ᠳᠤᠮᠳᠠᠳᠤ ᠤᠯᠤᠰ ᠤᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ 20% ᠍ ᠢ ᠪᠦᠷᠢᠳᠦᠭᠦᠳᠡᠭ᠃ ᠬᠥᠬᠡ ᠮᠥᠷᠡᠨ ᠨᠢ ᠬᠣᠶᠢᠳᠤ ᠪᠣᠯᠤᠨ ᠡᠮᠦᠨᠡᠲᠦ ᠬᠢᠲᠠᠳ ᠢ ᠰᠤᠶᠤᠯ ᠪᠣᠯᠤᠨ ᠭᠠᠵᠠᠷ ᠨᠤᠲᠤᠭ ᠤᠨ ᠬᠤᠪᠢ ᠳᠤ ᠵᠠᠭᠠᠭᠯᠠᠳᠠᠭ᠃ ᠮᠢᠩᠭ᠎ᠠ ᠮᠢᠩᠭᠠᠨ ᠵᠢᠯ ᠦᠨ ᠲᠤᠷᠰᠢ ᠬᠦᠮᠦᠰ ᠬᠥᠬᠡ ᠮᠥᠷᠡᠨ ᠦ ᠤᠰᠤ ᠶᠢ ᠪᠣᠬᠢᠷ ᠤᠰᠤ ᠵᠠᠶᠢᠯᠠᠭᠤᠯᠬᠤ ᠰᠢᠰᠲ᠋ᠧᠮ᠂ ᠤᠰᠤᠵᠢᠭᠤᠯᠤᠯᠲᠠ᠂ ᠠᠵᠤ ᠦᠢᠯᠡᠳᠪᠦᠷᠢᠯᠡᠯ ᠳᠦ᠂ ᠲᠡᠭᠡᠭᠡᠪᠦᠷᠢᠯᠡᠯᠲᠡ᠂ ᠬᠢᠯᠢ ᠵᠠᠭᠠᠭᠯᠠᠬᠤ ᠪᠣᠯᠤᠨ ᠳᠠᠶᠢᠨ ᠤ ᠵᠣᠷᠢᠭᠤᠯᠤᠯᠲᠠ ᠪᠠᠷ ᠠᠰᠢᠭᠯᠠᠵᠤ ᠪᠠᠶᠢᠨ᠎ᠠ᠃ ᠮᠥᠨ ᠬᠥᠬᠡ ᠮᠥᠷᠡᠨ ᠦ ᠤᠰᠤᠨ ᠴᠠᠬᠢᠯᠭᠠᠨ ᠰᠲ᠋ᠠᠨᠼ ᠨᠢ ᠳᠡᠯᠡᠬᠡᠢ ᠳᠦ ᠬᠠᠮᠤᠭ ᠤᠨ ᠲᠣᠮᠣ ᠳᠤ ᠲᠣᠭᠠᠴᠠᠭᠳᠠᠳᠠᠭ᠃ ᠰᠡᠭᠦᠯ ᠦᠨ ᠵᠢᠯ ᠤᠨᠳ ᠲᠤ ᠮᠥᠷᠡᠨ ᠦ ᠤᠰᠤ ᠠᠵᠤ ᠦᠢᠯᠡᠳᠪᠦᠷᠢᠯᠡᠯ ᠦᠨ ᠪᠣᠬᠢᠷᠳᠠᠯ᠂ ᠬᠥᠳᠡᠭᠡ ᠠᠵᠤ ᠠᠬᠤᠢ ᠶᠢᠨ ᠬᠠᠶᠠᠭᠳᠠᠯ ᠭᠡᠬᠦ ᠮᠡᠲᠦ ᠬᠦᠮᠦᠨ ᠦ ᠦᠢᠯᠡ ᠠᠵᠢᠯᠯᠠᠭᠠᠨ ᠠᠴᠠ ᠪᠣᠯᠤᠭᠠᠳ ᠶᠡᠬᠡ ᠪᠣᠬᠢᠷᠳᠠᠵᠤ ᠪᠠᠶᠢᠭ᠎ᠠ᠃ ᠮᠥᠷᠡᠨ ᠦ ᠵᠠᠷᠢᠮ ᠬᠡᠰᠡᠭ ᠢ ᠪᠠᠶᠢᠭᠠᠯᠢ ᠶᠢᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠵᠢᠭ᠌ᠰᠠᠭᠠᠯᠳᠠᠨ ᠳᠤ ᠪᠠᠭᠲᠠᠭᠠᠨ ᠬᠠᠮᠠᠭᠠᠯᠠᠵᠤ ᠪᠠᠶᠢᠭ᠎ᠠ᠃

ᠪᠢᠴᠢᠭᠡᠰᠦ