ᠬᠥᠬᠡᠬᠣᠲᠠ ᠶᠢᠨ ᠮᠣᠩᠭᠣᠯ ᠦᠨᠳᠦᠰᠦᠲᠡᠨ ᠤ ᠰᠤᠷᠭᠠᠭᠤᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠤᠢᠢᠮᠥ ᠪᠠᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠬᠡᠬᠣᠲᠠ ᠶᠢᠨ ᠮᠣᠩᠭᠣᠯ ᠦᠨᠳᠦᠰᠦᠲᠡᠨ ᠤ ᠰᠤᠷᠭᠠᠭᠤᠯᠢ ᠨᠢ ᠭᠠᠭᠴᠠ ᠮᠣᠩᠭᠣᠯ ᠢᠶᠠᠷ ᠬᠢᠴᠢᠶᠡᠯᠯᠡᠵᠦ ᠪᠠᠶᠢᠭ᠎ᠠ ᠂ ᠭᠠᠳᠠᠭᠠᠳᠤ ᠲᠠᠶ ᠴᠢᠯᠥᠭᠡᠲᠡᠶ ᠶᠠᠪᠤᠯᠴᠠᠬᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠣᠯᠤᠨ ᠬᠥᠬᠡᠬᠣᠲᠠ ᠬᠣᠶᠠᠷ ᠱᠠᠲᠤᠨ ᠤ ᠭᠣᠣᠯᠳᠠᠯᠭ᠎ᠠ ᠲᠠᠢ ᠦᠨᠳᠦᠰᠦᠲᠡᠨ ᠦ ᠰᠤᠷᠭᠠᠭᠤᠯᠢ ᠮᠥᠨ ᠃ 《 ᠪᠦᠬᠦ ᠤᠯᠤᠰ ᠤᠨ ᠤᠯᠠᠮᠵᠢᠯᠠᠯᠲᠤ ᠪᠡᠶ᠎ᠡ ᠲᠠᠮᠢᠷ ᠤᠨ ᠰᠤᠷᠭᠠᠭᠤᠯᠢ 》 ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ 《 ᠪᠠᠷᠢᠮᠵᠢᠶᠠᠵᠢᠭᠰᠠᠨ ᠦᠨᠳᠦᠰᠦᠲᠡᠨ ᠦ ᠰᠤᠷᠭᠠᠭᠤᠯᠢ 》 ᠂ 《 ᠦᠨᠳᠦᠰᠦᠲᠡᠨ ᠦ ᠪᠦᠯᠬᠦᠮᠳᠡᠯ ᠲᠠᠪᠰᠢᠯᠳᠠ ᠶᠢᠨ ᠲᠡᠷᠢᠭᠦᠨ ᠦ ᠨᠢᠭᠡᠴᠡ 》 ᠂ ᠬᠥᠬᠡᠬᠣᠲᠠ ᠳᠡᠬᠢ 《 ᠠᠯᠪᠠᠨ ᠵᠢᠷᠤᠮ ᠤᠨ ᠰᠤᠷᠭᠠᠨ ᠬᠥᠮᠦᠵᠢᠯ ᠦᠨ ᠵᠢᠱᠢᠶ᠎ᠡ ᠦᠵᠡᠭᠦᠯᠬᠦ ᠰᠤᠷᠭᠠᠭᠤᠯᠢ 》 ᠪᠠ ᠰᠢᠨ᠎ᠡ ᠬᠣᠲᠠ ᠲᠣᠭᠣᠷᠢᠭ ᠤᠨ 《 ᠪᠣᠯᠪᠠᠰᠤᠨ ᠨᠢᠭᠡᠴᠡ 》 ᠪᠤᠯᠤᠨ ᠠ ᠃ ᠪᠠᠭ᠎ᠠ ᠰᠤᠷᠭᠠᠭᠤᠯᠢ ᠳᠠᠭᠠᠨ ᠵᠢᠷᠭᠤᠭᠠᠨ ᠵᠢᠯ  ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠠᠭᠠᠨ ᠭᠤᠷᠪᠠᠨ ᠵᠢᠯ ᠂ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠳᠠᠭᠠᠨ ᠭᠤᠷᠪᠠᠨ ᠵᠢᠯ  ᠶᠢᠨ ᠰᠤᠷᠤᠯᠭ᠎ᠠ ᠶᠢᠨ ᠬᠤᠭᠤᠴᠠᠭ᠎ᠠ ᠶᠢ ᠬᠡᠷᠡᠭᠵᠢᠭᠦᠯᠵᠦ ᠪᠠᠢᠨ ᠠ ᠃

ᠪᠠᠭᠰᠢ ᠰᠤᠷᠤᠭᠴᠢ  ᠶᠢᠨ ᠪᠠᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠷᠭᠠᠭᠤᠯᠢ ᠳᠤ ᠪᠠᠶᠢᠭ᠎ᠠ ᠰᠤᠷᠤᠭᠴᠢ 1800 ᠭᠠᠷᠤᠶ ᠨᠡᠷ᠎ᠡ ᠂ 40 ᠵᠢᠭᠠᠬᠤ ᠠᠩᠭᠢ ᠲᠠᠢ ᠂ ᠰᠤᠷᠭᠠᠭᠤᠯᠢ ᠳ᠊ᠤ ᠰᠠᠭᠤᠭ᠎ᠠ ᠰᠤᠷᠦᠬᠴᠢ 1200 ᠭᠠᠷᠤᠶ ᠨᠡᠷᠡᠰ ᠂ ᠪᠠᠭᠰᠢ ᠠᠵᠢᠯᠲᠠᠳ 235 ᠬᠥᠮᠦᠨ ᠂ ᠲᠤᠰᠬᠠᠶ ᠪᠠᠭᠰᠢ 194 ᠬᠥᠮᠦᠨ ᠂ ᠡᠭᠦᠨ ᠦ ᠳᠣᠲᠣᠷ᠎ᠠ ᠣᠨᠴᠠ ᠳᠡᠰ ᠤᠨ ᠪᠠᠭᠰᠢ 3 ᠬᠥᠮᠦᠨ ᠪᠠᠶᠢᠵᠤ ᠂ ᠠᠶᠢᠮᠠᠭ ᠬᠤᠳᠠ ᠶᠢᠨ ᠱᠠᠲᠤᠨ ᠠᠴᠠ ᠳᠡᠭᠡᠭᠰᠢᠬᠢ ᠵᠢᠭᠠᠨ ᠰᠤᠷᠭᠠᠬᠤ ᠴᠢᠳᠠᠪᠤᠷᠢᠲᠠᠨ 14 ᠬᠥᠮᠦᠨ ᠂ ᠳᠤᠮᠳᠠᠳᠤ ᠰᠤᠷᠭᠠᠭᠤᠯᠢ ᠶᠢᠨ ᠳᠡᠭᠡᠳᠦ ᠵᠡᠷᠭᠡ ᠶᠢᠨ ᠪᠠᠭᠰᠢ ᠂ 49 ᠬᠥᠮᠦᠨ ᠂ ᠳᠤᠮᠳᠠ ᠵᠡᠷᠭᠡ ᠶᠢᠨ ᠪᠠᠭᠰᠢ 90 ᠬᠥᠮᠦᠨ ᠃

ᠭᠤᠷᠪᠠᠨ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ᠎ᠠ ᠰᠤᠷᠭᠠᠭᠤᠯᠢ ᠶᠢᠨ ᠬᠣᠶᠠᠳᠤᠭᠠᠷ ᠣᠨ ᠳᠤ ᠬᠢᠲᠠᠳ ᠬᠡᠯᠡ ᠪᠢᠴᠢᠭ ᠦᠨ ᠬᠢᠴᠢᠶᠡᠯ ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠤ ᠰᠤᠷᠤᠭᠴᠢ ᠠᠩᠭ᠌ᠯᠢ ᠬᠡᠯᠡᠨ ᠦ ᠬᠢᠴᠢᠶᠡᠯ ᠭᠠᠷᠭᠠᠵᠤ ᠂ ᠬᠡᠰᠡᠭ ᠰᠤᠷᠤᠭᠴᠢᠳ ᠪᠠᠰᠠ ᠶᠠᠫᠣᠨ ᠬᠡᠯᠡ ᠰᠣᠩᠭᠣᠨ ᠰᠤᠷᠬᠤ ᠂ 《 ᠭᠤᠷᠪᠠᠨ ᠬᠡᠯᠡᠨ ᠦ ᠵᠢᠭᠠᠨ ᠰᠤᠷᠭᠠᠬᠤ 》 ᠲᠤᠷᠰᠢᠯᠲᠠ ᠶᠢᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠳᠠᠯᠢ ᠲᠦᠷᠦᠯ ᠦᠨ ᠰᠤᠷᠭᠠᠭᠤᠯᠢ ᠲᠡᠷᠢᠭᠦᠨ ᠦ ᠡᠩᠨᠡᠭᠡᠨ ᠳᠦ ᠶᠠᠪᠤᠵᠤ ᠪᠠᠢᠨ ᠠ᠃

ᠲᠤᠨᠤᠭ ᠲᠤᠬᠥᠭᠥᠷᠡᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠷᠭᠠᠭᠤᠯᠢ ᠶᠢᠨ ᠲᠠᠯᠠᠪᠠᠶ ᠨᠢ 48428 ᠺᠦᠸᠠᠲ ᠮᠸᠲ᠋ᠡᠷ ᠪᠠᠢᠵᠥ ᠂ ᠪᠠᠷᠢᠯᠭ᠎ᠠ ᠶᠢᠨ ᠲᠠᠯᠠᠪᠠᠶ ᠨᠢ 2 ᠲᠦᠮᠡᠨ ᠲᠡᠭᠰᠢ ᠳᠥᠷᠪᠡᠯᠵᠢᠨ ᠮᠸᠲ᠋ᠡᠷ ᠂ ᠬᠦᠨᠳᠦ ᠬᠥᠩᠭᠡᠨ ᠲᠠᠮᠢᠷ ᠤᠨ ᠤᠷᠤᠯᠳᠤᠭᠠᠨ ᠤ ᠲᠠᠯᠠᠪᠤᠷ ᠴᠠᠭᠠᠷᠢᠭ ᠰᠦᠵᠢᠶᠤᠤ ( ᠰᠢᠨᠲ᠋ᠧᠲ ) ᠭᠦᠶᠦᠯᠲᠡ ᠶᠢᠨ ᠵᠠᠮ 350 ᠮᠧᠲ᠋ᠷ ᠂ ᠵᠢᠭᠠᠨ ᠰᠤᠷᠭᠠᠯᠲᠠ ᠶᠢᠨ ᠲᠤᠨᠤᠭ ᠲᠥᠬᠥᠭᠡᠷᠦᠮᠵᠢ ᠶᠢᠨ ᠪᠦᠷᠢᠨ ᠭᠦᠢᠴᠡᠳ ᠪᠠᠢᠳᠠᠭ ᠃ ᠤᠳᠤ ᠠᠪᠠᠭ᠎ᠠ ᠭᠤᠸᠠᠢ ᠨᠠᠮ ᠤᠨ ᠶᠡᠷᠦᠩᠬᠡᠶ ᠡᠭᠦᠷ ᠦᠨ ᠱᠦᠵᠢ ᠂ ᠰᠤᠷᠭᠠᠭᠤᠯᠢ ᠶᠢᠨ ᠵᠠᠬᠢᠷᠤᠯ ᠪᠡᠷ ᠪᠠᠢᠨ ᠠ ᠃

ᠲᠡᠤᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠷᠭᠠᠭᠤᠯᠢ 1948 ᠣᠨ ᠳᠤ ᠡᠬᠢᠯᠡᠨ ᠪᠠᠶᠢᠭᠤᠯᠤᠭᠰᠠᠨ ᠪᠥᠭᠡᠳ ᠵᠠᠩ ᠵᠢᠶᠠ ‍ᠺᠸᠦ ᠬᠣᠲᠠ ᠂ ᠰᠤᠷᠭᠠᠭᠤᠯᠢ ᠶᠢᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠺᠠᠳ᠋ᠷ ᠤᠨ ᠬᠡᠦᠬᠡᠳ ᠳᠡᠭᠦᠦ ᠨᠡᠷ ᠪᠦᠷᠢᠨ ᠪᠠᠭ᠎ᠠ ᠰᠤᠷᠭᠠᠭᠤᠯᠢ ᠃ 1952 ᠣᠨ ᠳᠤ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠬᠥᠬᠡᠬᠣᠲᠠ ᠳᠠᠭᠠᠨ ᠨᠡᠭᠦᠨ ᠢᠷᠡᠵᠤ ᠂ 1953 ᠣᠨ ᠳᠤ ᠤᠳᠦ ᠶᠢᠨ ᠬᠠᠶ᠋ᠢᠭ  ᠳᠤ ᠨᠡᠭᠦᠨ ᠲᠤᠭᠲᠠᠵᠠᠢ ᠃ 1976 ᠣᠨ ᠳᠤ ᠂ ᠪᠠᠭ᠎ᠠ ᠰᠤᠷᠭᠠᠭᠤᠯᠢ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠪᠠ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠲᠠᠶ ᠪᠦᠷᠢᠮᠦᠰᠦᠨ ᠰᠤᠷᠭᠠᠭᠤᠯᠢ ᠪᠣᠯᠭᠠᠨ ᠥᠷᠭᠡᠳᠬᠡᠨ ᠪᠠᠶᠢᠭᠤᠯᠵᠥ ᠂ ᠰᠤᠷᠭᠠᠭᠤᠯᠢ ᠶᠢᠨ ᠨᠡᠷ ᠡ ᠪᠡᠨ ᠬᠥᠬᠡᠬᠣᠲᠠ  ᠶᠢᠨ ᠮᠣᠩᠭᠣᠯ ᠰᠤᠷᠭᠠᠭᠤᠯᠢ ᠬᠡᠮᠡᠵᠠᠢ ᠃

ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠭᠡᠳᠦ ᠰᠤᠷᠭᠠᠭᠤᠯᠢ ᠳᠤ ᠰᠢᠯᠭᠠᠭᠤᠯᠬᠤ ᠰᠤᠷᠭᠠᠭᠤᠯᠢ ᠳᠡᠪᠰᠢᠬᠦ ᠬᠠᠷᠢᠴᠠᠯ ᠨᠢ ᠵᠢᠯ ᠳᠠᠷᠠᠭᠠᠯᠠᠨ ᠨᠡᠮᠡᠭᠳᠡᠵᠦ ᠂ ᠣᠶᠢᠷ᠎ᠠ ᠶᠢᠨ ᠵᠢᠯ ᠳᠦ ᠥᠨᠳᠥᠷ ᠳᠤᠮᠳᠠᠳᠤ ᠶᠢᠨ ᠭᠤᠷᠪᠠᠳᠤᠭᠠᠷ ᠣᠨ ᠲᠡᠭᠦᠰᠬᠦ ᠠᠩᠭᠢ ᠶᠢᠨ ᠳᠡᠭᠡᠳᠦ ᠰᠤᠷᠭᠠᠭᠤᠯᠢ ᠳᠤ ᠡᠯᠰᠡᠬᠦ ᠰᠢᠯᠭᠠᠯᠲᠠ  ᠶᠢᠨ ᠵᠢᠩᠬᠢᠨᠢ ᠠᠩᠭᠢ  ᠶᠢᠨ ᠰᠤᠷᠭᠠᠭᠤᠯᠢ ᠳᠡᠪᠰᠢᠬᠦ ᠨᠤᠷᠮ᠎ᠠ ᠶᠢ 50 % ᠡᠴᠡ ᠳᠡᠭᠡᠭᠰᠢ ᠪᠠᠶᠢᠭᠰᠠᠭᠠᠷ ᠢᠷᠡᠪᠡ ᠂ ᠣᠷᠣᠨ  ᠤ ᠭᠠᠳᠠᠨᠠᠬᠢ ᠭᠣᠣᠯᠳᠠᠯᠭ᠎ᠠ  ᠲᠠᠶ ᠶᠡᠬᠡ ᠰᠤᠷᠭᠠᠭᠤᠯᠢ ᠳᠤ ᠪᠠᠶᠢᠭ᠎ᠠ ᠬᠥᠮᠦᠨ ᠦ ᠲᠣᠭ᠎ᠠ ᠵᠢᠯ ᠳᠠᠷᠠᠭᠠᠯᠠᠨ ᠨᠡᠮᠡᠭᠳᠡᠭᠦᠯᠵᠥ ᠪᠠᠢᠨ ᠠ᠃

ᠪᠢᠴᠢᠭᠡᠰᠦ