ᠬᠥᠬᠡᠨᠠᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠥᠬᠡᠨᠠᠭᠤᠷ ᠮᠤᠵᠢ
ᠬᠥᠬᠡ ᠨᠠᠭᠤᠷ
ᠤᠯᠤᠰ ᠣᠷᠣᠨ Flag of the People's Republic of China.svg ᠬᠢᠲᠠᠳ (ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ)
ᠮᠤᠵᠢ᠂ ᠣᠷᠣᠨ ᠬᠥᠬᠡᠨᠠᠭᠤᠷ ᠮᠤᠵᠢ
ᠠᠶᠢᠮᠠᠭ᠂ ᠲᠣᠭᠣᠷᠢᠭ ᠨᠡᠷ᠎ᠡ ᠪᠦᠬᠦᠢ 8 ᠨᠤᠲᠤᠭ
ᠬᠣᠰᠢᠭᠤ᠂ ᠰᠢᠶᠠᠨ  ᠨᠡᠷ᠎ᠡ ᠪᠦᠬᠦᠢ 43 ᠨᠤᠲᠤᠭ
ᠭᠠᠵᠠᠷ ᠨᠤᠲᠤᠭ 721,000 км² (4/33)
ᠬᠦᠮᠦᠨ ᠠᠮᠠ (ᠲᠣᠭᠠᠯᠠᠯ) 2010 ᠤᠨ ᠳᠤ 5,626,722 ᠬᠦᠮᠦᠨ (30/33)
ᠨᠢᠭᠲᠠᠴᠠ ᠰᠡᠶᠢᠷᠡᠭ 20.2 ᠬᠦᠮᠦᠨ/км²
ᠠᠷᠠᠳ ᠲᠦᠮᠡᠨ 54% - ᠬᠢᠲᠠᠳ᠂ 21% - ᠲᠥᠪᠡᠳ
16% - ᠬᠣᠲᠣᠩ᠂ 4% - ᠮᠣᠩᠭᠣᠷ
ᠨᠤᠲᠤᠭ ᠤᠨ ᠣᠯᠠᠨ ᠬᠥᠬᠡᠨᠠᠭᠤᠷ ᠤᠨ ᠬᠢᠨ
ᠴᠠᠭ ᠤᠨ ᠪᠥᠰᠡ ᠬᠢᠲᠠᠳ ᠤᠨ ᠴᠠᠭ (GMT+8)
ᠴᠠᠬᠢᠮ ᠭᠠᠵᠠᠷ qh.gov.cn (ᠬᠢᠲᠠᠳ ᠢᠶᠠᠷ)

ᠬᠥᠬᠡᠨᠠᠭᠤᠷ (ᠬᠢᠲᠠᠳ ᠢᠶᠠᠷ 青海 - ᠴᠢᠩᠬᠠᠢ᠂ ᠬᠤᠳᠤᠮ ᠮᠣᠩᠭᠣᠯ ᠢᠶᠠᠷ ᠬᠥᠬᠡᠨᠠᠭᠤᠷ᠂ ᠠᠩᠭᠯᠢ ᠪᠠᠷ Qinghai) — ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠍ ᠤᠨ ᠮᠤᠵᠢ. 721,000 км² (4/33) ᠭᠠᠵᠠᠷ ᠨᠤᠲᠤᠭ ᠲᠤ ᠨᠢ 2010  ᠳᠤ 5,626,722 ᠬᠦᠮᠦᠨ (30/33) ᠠᠮᠢᠳᠤᠷᠠᠵᠤ ᠪᠠᠶᠢᠭᠰᠠᠨ᠃[1] ᠬᠦᠮᠦᠨ ᠠᠮᠠ ᠶᠢᠨ 54% ᠍ ᠶᠢ ᠬᠢᠲᠠᠳ ᠦᠨᠳᠦᠰᠦᠲᠡᠨ᠂ 21% ᠍ ᠢ ᠲᠥᠪᠡᠳ ᠦᠨᠳᠦᠰᠦᠲᠡᠨ᠂ 16% ᠍ ᠶᠢ ᠬᠣᠲᠣᠩ ᠦᠨᠳᠦᠰᠦᠲᠡᠨ᠂ 4% - ᠮᠣᠩᠭᠣᠷ ᠶᠠᠰᠤᠲᠠᠨ᠂ ᠦᠯᠡᠳᠡᠭᠰᠡᠨ 5% ᠍ ᠢ ᠪᠤᠰᠤ ᠠᠷᠠᠳ ᠲᠦᠮᠡᠨ ᠪᠦᠷᠢᠳᠦᠭᠦᠯᠵᠦ ᠪᠠᠶᠢᠳᠠᠭ᠃ ᠮᠤᠵᠢ ᠶᠢᠨ ᠬᠦᠮᠦᠨ ᠠᠮᠠ ᠶᠢᠨ 1.8% ᠍ ᠶᠢ ᠡᠵᠡᠯᠡᠨ 2005 ᠤᠨ ᠤ ᠪᠠᠶᠢᠳᠠᠯ ᠢᠶᠠᠷ 86 ᠮᠢᠩᠭ᠎ᠠ ᠣᠷᠴᠢᠮ ᠮᠣᠩᠭᠣᠯ ᠦᠨᠳᠦᠰᠦᠲᠡᠨ ᠠᠮᠢᠳᠤᠷᠠᠵᠤ ᠪᠠᠶᠢᠭ᠎ᠠ᠃ ᠲᠡᠳᠡᠨ ᠡᠴᠡ ᠬᠢᠨᠡᠨ ᠦ ᠭᠡᠬᠦ ᠭᠤᠴᠢᠭᠠᠳ ᠮᠢᠩᠭ᠎ᠠ ᠨᠢ ᠮᠣᠩᠭᠣᠯ ᠬᠡᠯᠡ ᠪᠡᠨ ᠭᠡᠭᠡᠭᠰᠡᠨ᠂ ᠬᠥᠬᠡ ᠨᠠᠭᠤᠷ ᠍ ᠤᠨ ᠪᠠᠷᠠᠭᠤᠨ ᠲᠠᠯ᠎ᠠ᠂ ᠴᠠᠶᠢᠳᠠᠮ ᠳᠤ ᠪᠠᠶᠢᠭ᠎ᠠ (ᠳᠡᠭᠡᠳᠦ ᠮᠣᠩᠭᠣᠯᠴᠤᠳ ᠴᠤ ᠭᠡᠵᠦ ᠪᠠᠰᠠ ᠬᠡᠯᠡᠳᠡᠭ) ᠦᠯᠡᠳᠡᠭᠰᠡᠨ ᠬᠡᠰᠡᠭ ᠨᠢ ᠮᠣᠩᠭᠣᠯ ᠬᠡᠯᠡ ᠪᠡᠨ ᠭᠡᠭᠡᠭᠡ ᠦᠭᠡᠢ᠂ ᠭᠣᠣᠯᠴᠠᠭᠤ ᠮᠠᠯ ᠮᠠᠯᠯᠠᠳᠠᠭ᠃ ᠲᠥᠪ ᠨᠢ ᠰᠢᠨᠢᠩ ᠬᠣᠲᠠ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠬᠡᠨᠠᠭᠤᠷ ᠮᠤᠵᠢ ᠳᠣᠲᠣᠷ᠎ᠠ ᠪᠠᠨ 8 ᠨᠤᠲᠤᠭ ᠪᠣᠯᠵᠤ ᠬᠤᠪᠢᠶᠠᠭᠳᠠᠨ᠎ᠠ᠃

#  ᠨᠤᠲᠤᠭ ᠤᠨ
ᠨᠡᠷ᠎ᠡ
 ᠨᠤᠲᠤᠭ ᠤᠨ
ᠲᠥᠪ
ᠬᠢᠲᠠᠳ
ᠨᠡᠷ᠎ᠡ
ᠬᠦᠮᠦᠨ ᠠᠮᠠ
(2010)
ᠠᠶᠢᠮᠠᠭ ᠤᠨ ᠡᠩ ᠲᠡᠢ ᠬᠣᠲᠠ
1 ᠰᠢᠨᠢᠩ ᠬᠣᠲᠠ ᠴᠡᠩᠵᠤᠩ ᠳᠡᠭᠦᠷᠭᠡ 西宁市 2,208,708
2 ᠬᠠᠶᠢᠳᠤᠨ ᠬᠣᠲᠠ ᠯᠡᠳᠦ ᠳᠡᠭᠦᠷᠭᠡ 海东市 1,396,846
ᠥᠪᠡᠷᠲᠡᠭᠡᠨ ᠵᠠᠰᠠᠬᠤ ᠲᠣᠭᠣᠷᠢᠭ (ᠵᠤᠤ)
3 ᠬᠠᠶᠢᠰᠢ ᠲᠣᠭᠣᠷᠢᠭ
(ᠮᠣᠩᠭᠣᠯᠲᠥᠪᠡᠳ ᠦᠨ ᠥᠪᠡᠷᠲᠡᠭᠡᠨ ᠵᠠᠰᠠᠬᠤ)
ᠳᠡᠯᠡᠬᠡᠢ ᠬᠣᠲᠠ 海西蒙古
族藏族自治州
489,338
4 ᠬᠠᠪᠡᠢ ᠲᠣᠭᠣᠷᠢᠭ (ᠲᠥᠪᠡᠳ ᠦᠨ ᠥᠪᠡᠷᠲᠡᠭᠡᠨ ᠵᠠᠰᠠᠬᠤ) ᠬᠠᠶ᠋ᠨᠢ ᠰᠢᠶᠠᠨ 海北藏族自治州 273,304
5 ᠬᠠᠶᠢᠨᠠᠨ ᠲᠣᠭᠣᠷᠢᠭ (ᠲᠥᠪᠡᠳ ᠦᠨ ᠥᠪᠡᠷᠲᠡᠭᠡᠨ ᠵᠠᠰᠠᠬᠤ) ᠭᠤᠩᠬᠡ ᠰᠢᠶᠠᠨ 海南藏族自治州 441,689
6 ᠬᠤᠸᠠᠨᠠᠨᠢ ᠲᠣᠭᠣᠷᠢᠭ (ᠲᠥᠪᠡᠳ ᠦᠨ ᠥᠪᠡᠷᠲᠡᠭᠡᠨ ᠵᠠᠰᠠᠬᠤ) ᠲᠤᠩᠷᠦᠨᠢ ᠰᠢᠶᠠᠨ 黄南藏族自治州 256,716
7 ᠢᠦᠢᠰᠦ ᠲᠣᠭᠣᠷᠢᠭ (ᠲᠥᠪᠡᠳ ᠦᠨ ᠥᠪᠡᠷᠲᠡᠭᠡᠨ ᠵᠠᠰᠠᠬᠤ) ᠢᠦᠢᠰᠦ ᠰᠢᠶᠠᠨ 玉树藏族自治州 378,439
8 ᠭᠥᠯᠥᠭᠡ ᠲᠣᠭᠣᠷᠢᠭ (ᠲᠥᠪᠡᠳ ᠦᠨ ᠥᠪᠡᠷᠲᠡᠭᠡᠨ ᠵᠠᠰᠠᠬᠤ) ᠮᠠᠴᠢᠨ ᠰᠢᠶᠠᠨ 果洛藏族自治州 181,682

ᠲᠡᠤᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠬᠡᠨᠠᠭᠤᠷ ᠲᠥᠪᠠᠳ ᠤᠨ ᠥᠡᠳᠦᠷᠯᠢᠭ ᠪᠤᠯ ᠡᠷᠳᠡᠨ ᠤ ᠴᠢᠶᠠᠩ᠂ ᠡᠾᠥ᠋ᠩᠨᠤ᠂ ᠰᠢᠶᠠᠨᠪᠸᠢ᠂ ᠲᠤᠬᠤᠨ᠂ ᠲᠥᠪᠠᠳ᠂ ᠮᠤᠩᠭᠤᠯ ᠵᠡᠷᠬᠡ ᠤᠯᠨᠨ ᠤᠭᠰᠠᠭ᠎ᠠ ᠥᠡᠳᠤᠰᠤᠳᠠᠨ ᠤ ᠮᠠᠠᠳᠤᠵᠤ ᠪᠠᠭᠤᠷᠠᠭᠰᠠᠨ ᠲᠡᠤᠬᠡ ᠲᠠᠢ ᠭᠠᠵᠠᠷ ᠤᠷᠤᠨ ᠤ ᠨᠢᠬᠡ ᠨᠢ ᠪᠤᠯᠬᠤ ᠲᠤᠯᠨ ᠡᠯᠪᠡᠭ ᠪᠠᠶᠠᠯᠢᠭ ᠡᠷᠳᠡᠨ ᠤ ᠰᠤᠶᠤᠯ ᠤᠨ ᠥᠪ ᠥᠯᠡᠳᠡᠭᠳᠡᠯ ᠲᠠᠢ ᠶᠤᠮ᠃ ᠲᠡᠤᠬᠡᠨ ᠮᠠᠲ᠋ᠧᠷᠢᠶᠠᠯ ᠢ ᠥᠡᠳᠤᠰᠤᠯᠠᠪᠠᠯ᠂ ᠠᠯᠢ ᠡᠷᠳᠡ ᠤᠨ ᠲᠤᠭᠠᠯᠠᠯ ᠠᠴᠠ ᠡᠮᠤᠨᠡᠬᠢ ᠬᠤᠶᠠᠳᠤᠭᠠᠷ ᠵᠠᠭᠤᠨ ᠠᠴᠠ ᠡᠬᠢᠯᠠᠨ ᠡᠾᠥ᠋ᠩᠨᠤᠴᠤᠳ ᠬᠥᠴᠤᠷᠬᠡᠭᠵᠢᠨ ᠮᠠᠠᠳᠤᠵᠤ ᠤᠳᠤ ᠶᠢᠨ ᠴᠡᠬᠡᠯ ᠠᠭᠤᠯᠨ ︵ᠴᠢᠯᠢᠶᠠᠨ ᠠᠭᠤᠯᠨ︶ ᠶᠢᠨ ᠤᠷᠴᠢᠮ ᠢᠶᠠᠷ ᠨᠤᠳᠤᠭᠯᠠᠵᠤ ᠪᠠᠶᠢᠭᠰᠠᠨ ᠪᠥᠬᠡᠳ ᠪᠠᠷᠠᠭᠤᠨ ᠬᠠᠨ ᠤᠯᠤᠰ ᠲᠠᠢ ᠡᠰᠡᠷᠬᠦᠴᠠᠯᠳᠤᠨ ᠲᠠᠮᠠᠴᠠᠯᠳᠤᠵᠤ ᠪᠠᠶᠢᠭᠰᠠᠨ ᠲᠤᠬᠠᠢ ᠬᠢᠳᠠᠳ ᠤᠨ ᠲᠡᠤᠬᠡ ᠰᠤᠳᠤᠷ ᠲᠤ ᠲᠤᠳᠤᠷᠬᠠᠢ ᠲᠡᠮᠳᠡᠭᠯᠡᠵᠤ ᠪᠠᠶᠢᠳᠠᠭ᠃ ᠲᠤᠬᠠᠶᠢᠯᠠᠪᠠᠯ᠂ ᠲᠠᠷᠨ ᠦᠶ᠎ᠠ ᠶᠢᠨ ᠭᠠᠵᠠᠷ ᠤᠨ ᠨᠠᠷ᠎ᠠ ᠠᠴᠠ ᠲᠤᠷᠠᠳᠪᠠᠯ᠂ ᠴᠡᠬᠡᠯ ᠠᠭᠤᠯᠨ ︵祁连山︶ ᠬᠡᠬᠦ ᠮᠠᠳᠤ ᠭᠠᠵᠠᠷ ᠤᠨ ᠨᠠᠷᠠᠰ ᠢ ᠲᠤᠷᠠᠳᠴᠤ ᠪᠤᠯᠤᠨ᠎ᠠ᠃ ᠬᠢᠳᠠᠳ ᠢᠶᠠᠷ牚犁 ᠬᠡᠵᠤ ᠪᠢᠴᠢᠵᠤ ᠪᠤᠢ᠃ ︽牚犁︾ ᠬᠡᠳᠡᠭ ᠨᠢ ︽ᠲᠡᠭᠷᠢ ︾ ᠬᠡᠰᠡᠨ ᠤᠳᠬ᠎ᠠ ᠲᠠᠢ ᠡᠾᠥ᠋ᠩᠨᠤ ᠥᠬᠡ ᠬᠡᠵᠤ ᠲᠠᠶᠢᠯᠪᠤᠷᠢᠯᠠᠵᠠᠢ᠃ ᠨᠠᠶᠢᠳᠠ ᠶᠢᠨ ᠤᠨ ᠲᠤᠭᠠᠯᠠᠯ ᠤᠨ 397 ᠤᠨ ᠠᠴᠠ 414 ᠤᠨ  ᠤ ᠬᠤᠭᠤᠷᠳᠳᠤ ᠰᠢᠶᠠᠨᠪᠸᠢ ᠶᠢᠨ ᠢᠵᠠᠭᠤᠷᠳᠡᠨ ᠬᠥᠬᠡᠨᠠᠭᠤᠷ ᠤᠨ ᠬᠢᠯᠢ ᠲᠤᠳᠤᠷ᠎ᠠ ᠡᠮᠤᠨᠡᠳᠤ ᠯᠢᠶᠠᠩ ᠤᠨ ᠲᠥᠷᠤ ᠶᠢ ᠪᠠᠶᠢᠭᠤᠯᠵᠤ ᠥᠩᠬᠡᠷᠡᠵᠠᠢ᠃ ᠡᠬᠦᠨ ᠠᠴᠠ ᠭᠠᠳᠠᠨ᠎ᠠ ︽ᠬᠥᠬᠡᠨᠠᠭᠤᠷ ᠤᠨ ᠮᠤᠩᠭᠤᠯᠴᠤᠳ ᠤᠨ ᠲᠤᠪᠴᠢ ᠲᠡᠤᠬᠡ︾ ᠬᠡᠬᠦ ᠨᠤᠮ ᠳᠤ ︽ ᠰᠢᠶᠠᠨᠪᠸᠢ ᠬᠥᠮᠤᠨ ᠪᠤᠯᠤᠨ ᠰᠠᠬᠦᠯᠴᠢ ᠶᠢᠨ ᠮᠤᠩᠭᠤᠯ ᠬᠥᠮᠤᠨ ᠨᠢ ᠴᠥᠮ ᠳ᠋ᠥᠩᠬᠤ ᠥᠡᠳᠤᠰᠤᠳᠠᠨ ᠤ ᠰᠢᠰᠲ᠋ᠧᠮ ᠳᠤ ᠬᠠᠷᠢᠶᠠᠯᠠᠭᠳᠠᠳᠠᠭ ᠪᠤᠯᠬᠤᠷ ᠲᠡᠳᠡᠨ ᠤ ᠥᠬᠡ ᠬᠡᠯᠨ ᠨᠢ ᠨᠢᠬᠡᠯᠨ ᠲᠥᠷᠤᠯ  ᠬᠡᠯᠡᠳᠡᠨ ᠳᠤ ᠪᠠᠭᠳᠠᠵᠤ᠂ ᠲᠤᠰ ᠤᠷᠤᠨ ᠳᠤ ᠮᠠᠰᠢ ᠠᠷᠪᠢᠨ ᠮᠤᠩᠭᠤᠯ ᠢᠶᠠᠷ ᠨᠠᠷᠡᠯᠡᠭᠰᠠᠨ ᠭᠠᠵᠠᠷ ᠤᠨ ᠨᠠᠷ᠎ᠠ ᠶᠢ ᠥᠯᠡᠳᠡᠬᠡᠭᠰᠠᠨ ᠪᠠᠶᠢᠨ᠎ᠠ᠃ ᠲᠤᠬᠠᠶᠢᠯᠠᠪᠠᠯ᠂ ᠪᠠᠶᠠᠨ ᠠᠭᠤᠯᠨ᠂ ᠥᠷᠬᠡᠨ᠎ᠡ ᠬᠡᠬᠦ ᠮᠠᠳᠤ᠃︾ ﹇1﹈ ᠬᠡᠵᠤ ᠲᠡᠮᠳᠡᠭᠯᠡᠵᠤ ᠪᠠᠶᠢᠨ᠎ᠠ ᠃ ᠰᠢᠶᠠᠨᠪᠸᠢ ᠥᠡᠳᠤᠰᠤᠳᠠᠨ ᠤ ᠪᠠᠶᠢᠭᠤᠯᠤᠭᠰᠠᠨ ᠤᠮᠠᠷᠡᠳᠤ ᠸᠧᠢ ᠤᠯᠤᠰ ᠨᠢ ᠨᠠᠶᠢᠳᠠ ᠶᠢᠨ ᠤᠨ ᠲᠤᠭᠠᠯᠠᠯ ᠤᠨ 386 ᠤᠨ ᠠᠴᠠ534 ᠤᠨ ᠤ ᠬᠤᠭᠤᠷᠤᠡᠳᠤ ᠤᠷᠤᠰᠢᠵᠤ ᠪᠠᠶᠢᠪᠠ᠃ ᠲᠠᠷᠨ ᠦᠶ᠎ᠠ ᠳᠤ ︽ ᠬᠥᠬᠡ ᠨᠠᠭᠤᠷ︾ ᠬᠡᠳᠡᠭ ᠨᠠᠷ᠎ᠠ ᠠᠩᠬ᠎ᠠ ᠪᠤᠢ ᠪᠤᠯᠵᠠᠢ ᠬᠡᠵᠤ ︽ᠸᠧᠢ ᠤᠯᠤᠰ ᠤᠨ ᠪᠢᠴᠢᠭ︾᠂ ︽ᠰᠥᠢ ᠤᠯᠤᠰ ᠤᠨ ᠪᠢᠴᠢᠭ︾᠂ ︽ᠲᠠᠩ ᠤᠯᠤᠰ ᠤᠨ ᠪᠢᠴᠢᠭ︾ ᠲᠠᠬᠢ ︽ᠲᠤᠬᠤᠨ ᠤ ᠱᠠᠰᠳᠢᠷ ︵吐谷浑传︾ ᠲᠤ ᠲᠤᠳᠤᠷᠬᠠᠢ ᠲᠡᠮᠳᠡᠭᠯᠡᠵᠤ ᠪᠤᠢ᠃  ᠨᠠᠶᠢᠳᠠ ᠶᠢᠨ ᠤᠨ ᠲᠤᠭᠠᠯᠠᠯ ᠤᠨ410 ᠤᠨ ᠤ ᠤᠷᠴᠢᠮ ᠢᠶᠠᠷ ᠲᠤᠬᠤᠨ ︵ᠪᠠᠰᠠ ᠲᠤᠭᠤᠨ ᠬᠡᠵᠤ ᠴᠤ ᠪᠢᠴᠢᠳᠡᠭ︶ ᠠᠶᠢᠮᠠᠭ ᠤᠨ ᠠᠬᠠᠯᠠᠭᠴᠢ ᠠᠼᠡᠢ ᠬᠥᠬᠡᠨᠠᠭᠤᠷ ᠭᠠᠨᠰᠤ ᠶᠢᠨ ᠥᠷᠬᠡᠨ ᠠᠭᠤᠳᠠᠮ ᠨᠤᠳᠤᠭ ᠢ ᠡᠵᠡᠯᠡᠵᠤ ᠲᠤᠬᠤᠨ ᠤᠯᠤᠰ ᠢ ᠪᠠᠶᠢᠭᠤᠯᠵᠠᠢ᠃ ᠲᠤᠬᠤᠨ ᠬᠥᠮᠤᠨ ᠪᠤᠯ ᠤᠤᠯ ᠤᠨ ᠯᠢᠶᠤᠤᠳᠥ᠋ᠩ ᠤᠨ ᠰᠢᠶᠠᠨᠪᠸᠢ ᠥᠡᠳᠤᠰᠤᠳᠠᠨ ᠤ ᠮᠤ᠋ ᠷᠥᠩ ᠤᠪᠤᠭᠳᠠᠨ ᠤ ᠨᠢᠬᠡ ᠰᠠᠯᠪᠤᠷᠢ ᠨᠢ ᠪᠠᠶᠢᠵᠠᠢ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠳᠡᠭᠡᠳᠦ ᠨᠤᠲᠤᠭ

  1. ᠳᠤᠮᠳᠠᠳᠤ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳ᠋ᠦᠩ

ᠪᠢᠴᠢᠭᠡᠰᠦ