ᠬᠥᠪᠴᠢᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠢᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠭᠠᠰᠤ
ᠵᠢᠭᠠᠰᠤ ᠤᠳ ᠨᠢ ᠵᠠᠯᠮᠠᠭᠠᠢ ᠪᠠᠷ ᠠᠮᠢᠰᠬᠤᠯᠯᠠᠳᠠᠭ᠂ ᠤᠰᠤᠨ ᠤᠷᠴᠢᠨ ᠳᠤ ᠠᠮᠢᠳᠤᠷᠠᠳᠠᠭ ᠬᠦᠢᠲᠡᠨ ᠴᠢᠰᠤᠲᠤ ᠠᠮᠢᠲᠠᠳ ᠶᠤᠮ᠃ ᠶᠠᠰᠤᠲᠤ ᠵᠢᠭᠠᠰᠤ ᠤᠳ ᠨᠢ ᠮᠥᠭᠡᠷᠰᠦᠨ ᠠᠷᠤᠭ ᠶᠠᠰᠤᠲᠤ ᠵᠢᠭᠠᠰᠤᠨ ᠤᠳ ᠲᠠᠢ ᠬᠠᠷᠢᠴᠠᠭᠤᠯᠬᠤ ᠳᠤ ᠳᠡᠶᠢᠯᠦᠩᠬᠢ ᠣᠯᠠᠨ ᠢ ᠡᠵᠡᠯᠡᠳᠡᠭ᠃ ᠶᠠᠰᠤᠲᠤ ᠵᠢᠭᠠᠰᠤ ᠤᠳ ᠨᠢ ᠳᠠᠯᠠᠢ ᠶᠢᠨ ᠭᠦᠨ ᠡᠴᠡ ᠡᠬᠢᠯᠡᠭᠡᠳ ᠭᠣᠣᠯ ᠮᠥᠷᠡᠨ᠂ ᠨᠠᠭᠤᠷ ᠴᠥᠭᠦᠷᠦᠮ ᠦᠨ ᠤᠷᠴᠢᠨ ᠳᠤ ᠴᠤ ᠠᠮᠢᠳᠤᠷᠠᠳᠠᠭ᠃ ᠵᠠᠷᠢᠮ ᠵᠦᠢᠯ ᠦᠳ ᠨᠢ ᠴᠡᠩᠭᠡᠭ ᠪᠣᠯᠤᠨ ᠳᠠᠯᠠᠢ ᠶᠢᠨ ᠱᠤᠷᠪᠤᠭ ᠤᠰᠤᠨ ᠤ ᠤᠷᠴᠢᠨ ᠤ ᠬᠣᠭᠣᠷᠣᠨᠳᠣ ᠰᠢᠯᠵᠢᠵᠦ ᠪᠠᠶᠢᠳᠠᠭ᠃ ᠡᠳᠡᠭᠡᠷ ᠵᠢᠭᠠᠰᠤ ᠤᠳ ᠤᠨ ᠠᠷᠤᠭ ᠶᠠᠰᠤ ᠨᠢ ᠺᠠᠯᠼᠢ ᠶᠢᠨ ᠹᠷᠹᠣᠷ ᠬᠦᠴᠢᠯ ᠦᠨ ᠳᠠᠪᠤᠰᠤ ᠪᠠᠷ ᠪᠡᠬᠢᠵᠢᠭᠰᠡᠨ ᠪᠠᠶᠢᠳᠠᠭ ᠢᠶᠠᠷ ᠢᠶᠠᠨ ᠲᠡᠩᠭᠢᠰ ᠦᠨ ᠠᠮᠢᠲᠠᠳ ᠪᠣᠯᠬᠤ ᠠᠪᠤᠷᠭᠤ ᠵᠢᠭᠠᠰᠤ ᠤᠳ (ᠠᠺᠦᠶᠢᠯᠠ᠂ ᠰᠺᠠᠲ) ᠵᠡᠷᠭᠡ ᠮᠥᠭᠡᠷᠰᠦᠲᠦ ᠵᠢᠭᠠᠰᠤᠨ ᠨᠤᠭᠤᠳ ᠤᠨ ᠠᠷᠤᠭ ᠶᠠᠰᠤᠨ ᠠᠴᠠ ᠢᠯᠭᠠᠭ᠎ᠠ ᠲᠠᠢ ᠪᠠᠶᠢᠳᠠᠭ᠃

ᠵᠢᠭᠠᠰᠤᠨ ᠤ ᠠᠨᠠᠲ᠋ᠣᠮᠢ ᠡᠷᠬᠡᠲᠡᠨ ᠨᠦᠭᠦᠳ ᠦᠨ ᠲᠣᠭᠲᠠᠯᠴᠠᠭ᠎ᠠ: ᠰᠢᠷ᠎ᠠ ᠥᠩᠭᠡ – ᠮᠡᠳᠡᠷᠡᠯ ᠦᠨ ᠲᠣᠭᠲᠠᠯᠴᠠᠭ᠎ᠠ᠂ ᠨᠣᠭᠣᠭᠠᠨ – ᠬᠣᠭᠣᠯᠠ ᠪᠣᠯᠪᠠᠰᠤᠷᠠᠭᠤᠯᠬᠤ ᠲᠣᠭᠲᠠᠯᠴᠠᠭ᠎ᠠ᠂ ᠴᠡᠩᠬᠡᠷ – ᠠᠮᠢᠰᠬᠤᠯ ᠤᠨ ᠲᠣᠭᠲᠠᠯᠴᠠᠭ᠎ᠠ᠂ ᠬᠥᠬᠡ ᠶᠠᠭᠠᠨ – ᠢᠯᠭᠠᠷᠠᠭᠤᠯᠬᠤ ᠲᠣᠭᠲᠠᠯᠴᠠᠭ᠎ᠠ᠂ ᠤᠯᠠᠭᠠᠨ ᠰᠢᠷ᠎ᠠ – ᠪᠡᠯᠭᠡ ᠶᠢᠨ ᠲᠣᠭᠲᠠᠯᠴᠠᠭ᠎ᠠ᠂ ᠶᠠᠭᠠᠨ – ᠪᠤᠯᠴᠢᠩ ᠤᠨ ᠲᠣᠭᠲᠠᠯᠴᠠᠭ᠎ᠠ᠃ ᠵᠢᠭᠠᠰᠤᠨ ᠤ ᠪᠡᠶ᠎ᠡ ᠶᠢᠨ ᠬᠡᠯᠪᠡᠷᠢ ᠨᠢ ᠲᠡᠭᠦᠨ ᠦ ᠣᠨᠴᠠᠭᠠᠢ ᠵᠤᠷᠰᠢᠯ ᠳᠤ ᠳᠠᠰᠤᠨ ᠵᠣᠬᠢᠴᠠᠭᠰᠠᠨ ᠪᠠᠶᠢᠳᠠᠭ᠃ ᠵᠢᠱᠢᠶ᠎ᠡ ᠨᠢ᠂ ᠤᠰᠤᠨ ᠢᠷᠤᠭᠠᠷ ᠤᠨ ᠠᠮᠢᠲᠠᠨ ᠪᠣᠯᠬᠤ ᠬᠠᠫᠢᠨᠢ ᠵᠢᠭᠠᠰᠤ ᠨᠢ ᠬᠠᠪᠲᠠᠭᠠᠢ ᠬᠡᠯᠪᠡᠷᠢ ᠲᠡᠢ᠃ ᠳᠠᠶᠢᠴᠢᠨ ᠠᠩᠴᠢᠨ ᠪᠣᠯᠬᠤ ᠴᠤᠷᠬᠠᠢ ᠵᠢᠭᠠᠰᠤ ᠨᠢ ᠱᠤᠩᠭᠤᠳᠠᠭ ᠮᠢᠨ᠎ᠠ ᠰᠢᠭ ᠬᠡᠯᠪᠡᠷᠢ ᠲᠡᠢ᠃ ᠵᠢᠭᠠᠰᠤᠨ ᠤ ᠰᠡᠯᠢᠭᠦᠷ ᠦᠳ ᠨᠢ ᠴᠢᠭᠯᠡᠯ ᠶᠢᠡᠨ ᠵᠠᠯᠠᠬᠤ ᠪᠣᠯᠤᠨ ᠤᠷᠤᠭᠰᠢ ᠬᠥᠳᠡᠯᠬᠦ ᠳᠦ ᠲᠤᠰᠠᠯᠠᠨ᠎ᠠ᠃ ᠴᠡᠭᠡᠵᠢᠨ ᠦ ᠪᠣᠯᠤᠨ ᠬᠡᠪᠡᠯᠢ ᠶᠢᠨ ᠬᠣᠣᠰ ᠰᠡᠯᠢᠭᠦᠷ ᠨᠢ ᠵᠠᠶᠢᠴᠢᠯᠠᠨ ᠶᠠᠪᠤᠬᠤ ᠳᠤ ᠲᠤᠰᠠᠯᠠᠳᠠᠭ ᠪᠣᠯ ᠬᠠᠷᠢᠨ ᠨᠢᠷᠤᠭᠤᠨ ᠤ᠂ ᠰᠦᠪᠡᠭᠡᠨ ᠦ ᠰᠡᠯᠢᠭᠦᠷ ᠪᠣᠯᠤᠨ ᠰᠡᠭᠦᠯ ᠤᠨ ᠰᠡᠯᠢᠭᠦᠷ ᠤᠳ ᠨᠢ ᠵᠢᠭᠠᠰᠤᠨ ᠤ ᠪᠡᠶ᠎ᠡ ᠶᠢ ᠲᠡᠩᠴᠡᠪᠦᠷᠢᠲᠡᠢ ᠪᠠᠶᠢᠯᠭᠠᠬᠤ ᠳᠤ ᠨᠥᠯᠦᠭᠡᠯᠡᠳᠡᠭ᠃ ᠬᠣᠣᠰ ᠦᠭᠡᠢ ᠰᠡᠯᠢᠯᠲᠡ ᠨᠢ ᠰᠡᠭᠦᠯ ᠦ ᠰᠡᠯᠢᠭᠦᠷ ᠦᠳ ᠦᠨ ᠴᠢᠭᠯᠡᠯᠲᠡ ᠲᠦᠯᠬᠢᠯᠲᠡ ᠨᠦᠭᠦᠳ ᠪᠣᠯᠤᠨ ᠡᠭᠦᠨ ᠲᠡᠢ ᠨᠢᠭᠡᠨ ᠵᠡᠷᠭᠡ ᠪᠡᠶ᠎ᠡ ᠪᠡᠨ ᠬᠣᠲᠣᠶᠢᠯᠭᠠᠭᠰᠠᠨ ᠤ ᠦᠷ᠎ᠡ ᠳᠦᠩ ᠪᠤᠯᠤᠨ᠎ᠠ᠃ ᠵᠢᠭᠠᠰᠤ ᠥᠪᠡᠷ ᠦᠨ ᠢᠶᠡᠨ ᠬᠥᠪᠪᠦᠭᠴᠢ ᠰᠢᠨᠵᠢ ᠴᠢᠨᠠᠷ ᠢ ᠠᠭᠠᠷ ᠢᠶᠠᠷ ᠳᠦᠭᠦᠷᠭᠡᠭᠰᠡᠨ ᠬᠥᠪᠪᠦᠭᠴᠢ ᠴᠤᠤᠬ᠎ᠠ ᠶᠢᠨ ᠲᠤᠰᠠᠯᠠᠯᠴᠠᠭ᠎ᠠ ᠲᠠᠢ ᠪᠠᠷ ᠵᠣᠬᠢᠴᠠᠭᠤᠯᠳᠠᠭ᠃ ᠪᠡᠶ᠎ᠡ ᠳᠡᠭᠡᠷᠡᠬᠢ ᠬᠠᠵᠠᠭᠤ ᠶᠢᠨ ᠱᠤᠭᠤᠮ ᠨᠢ ᠤᠰᠤᠨ ᠤ ᠤᠷᠤᠰᠬᠠᠯ᠂ ᠲᠡᠩᠭᠢᠰ ᠦᠨ ᠢᠷᠤᠭᠠᠷ ᠪᠣᠯᠤᠨ ᠶᠠᠩᠵᠤ ᠪᠦᠷᠢ ᠶᠢᠨ ᠪᠤᠳᠠᠰ ᠤᠳ ᠤᠨ ᠣᠶᠢᠷᠠᠳᠴᠤ ᠪᠠᠶᠢᠭ᠎ᠠ ᠶᠢ ᠮᠡᠳᠡᠷᠡᠳᠡᠭ ᠡᠷᠬᠡᠲᠡᠨ ᠶᠤᠮ᠃ ᠵᠢᠭᠠᠰᠤ ᠨᠢ ᠬᠠᠮᠠᠭᠠᠯᠠᠯᠲᠠ ᠶᠢᠨ ᠬᠠᠶᠢᠷᠰᠤ ᠪᠠᠷ ᠪᠦᠷᠬᠦᠭᠳᠡᠭᠰᠡᠨ ᠨᠢᠮᠭᠡᠨ ᠠᠷᠠᠰᠤ ᠲᠠᠢ ᠪᠠᠶᠢᠳᠠᠭ᠃ ᠶᠠᠰᠤᠲᠤ ᠵᠢᠭᠠᠰᠤ ᠤᠳ ᠵᠢᠵᠢᠭ᠍ᠭᠡᠨ ᠪᠡᠶ᠎ᠡ ᠪᠡᠶ᠎ᠡ ᠪᠡᠨ ᠳᠠᠷᠤᠵᠤ ᠪᠦᠷᠬᠡᠭᠰᠡᠨ ᠶᠠᠰᠤᠨ ᠢᠯᠲᠠᠰᠤ ᠨᠤᠭᠤᠳ ᠪᠦᠬᠦᠢ ᠠᠷᠠᠰᠤ ᠲᠠᠢ᠃

ᠬᠣᠭᠣᠯᠠ ᠲᠡᠵᠢᠭᠡᠯ ᠪᠠ ᠨᠥᠬᠥᠨ ᠦᠷᠡᠵᠢᠬᠦᠢ ᠵᠢᠭᠠᠰᠤ ᠨᠢ ᠤᠷᠭᠤᠮᠠᠯ᠂ ᠫᠯᠠᠨᠺᠲ᠋ᠣᠨ (ᠤᠰᠤᠨ ᠳᠣᠲᠣᠷᠠᠬᠢ ᠡᠭᠡᠯ ᠵᠢᠵᠢᠭ ᠠᠮᠢᠲᠠᠨ ᠤᠷᠭᠤᠮᠠᠯ ᠤᠨ ᠣᠷᠭᠠᠨᠢᠰᠮ ᠤᠳ) ᠪᠣᠯᠤᠨ ᠪᠤᠰᠤᠳ ᠵᠢᠭᠠᠰᠤ ᠪᠠᠷ ᠬᠣᠭᠣᠯᠠᠯᠠᠳᠠᠭ᠃ ᠠᠮᠠᠨ ᠤ ᠪᠠᠶᠢᠷᠢᠯᠠᠯ ᠨᠢ ᠶᠡᠬᠡᠪᠴᠢᠯᠡᠨ ᠲᠡᠳᠡᠭᠡᠷ ᠦᠨ ᠬᠣᠭᠣᠯᠠ ᠤᠮᠳᠠ᠎ ᠶᠢᠨ ᠵᠤᠷᠰᠢᠯ ᠤᠨ ᠦᠵᠡᠭᠦᠯᠦᠯᠲᠡ ᠪᠣᠯᠳᠠᠭ᠃ ᠶᠡᠬᠡᠩᠬᠢ ᠵᠢᠭᠠᠰᠤ ᠨᠤᠭᠤᠳ ᠭᠠᠳᠠᠭᠠᠳᠤ ᠦᠷ᠎ᠡ ᠲᠣᠭᠲᠠᠯᠲᠠ ᠲᠠᠢ᠃ ᠡᠮᠡᠭᠴᠢᠨ ᠵᠢᠭᠠᠰᠤ ᠥᠨᠳᠡᠭᠡᠨ ᠡᠰ ᠢᠶᠡᠨ ᠭᠠᠷᠭᠠᠳᠠᠭ᠂ ᠬᠠᠷᠢᠨ ᠡᠷᠡᠭᠴᠢᠨ ᠨᠢ ᠮᠥᠨ ᠲᠡᠷᠡ ᠦᠶ᠎ᠡ ᠪᠡᠷ ᠤᠰᠤᠨ ᠳᠤ ᠥᠪᠡᠷ ᠦᠨ ᠦᠷ᠎ᠡ ᠶᠢᠨ ᠰᠢᠩᠭᠡᠨ ᠢᠶᠡᠨ ᠭᠠᠷᠭᠠᠨ᠎ᠠ᠃ ᠥᠨᠳᠡᠭᠡᠨ ᠦ ᠲᠣᠭ᠎ᠠ ᠨᠢ ᠵᠢᠭᠠᠰᠤᠨ ᠤ ᠲᠦᠷᠦᠯ ᠵᠦᠢᠯ ᠡᠴᠡ ᠰᠢᠯᠲᠠᠭᠠᠯᠠᠨ᠎ᠠ᠃ ᠴᠥᠭᠡᠨ ᠲᠣᠭᠠᠨ ᠤ ᠵᠦᠢᠯ ᠪᠣᠯᠬᠤ ᠭᠦᠫᠢ(ᠦᠷ᠎ᠡ ᠰᠢᠳᠦᠲᠡᠨ ᠦ ᠪᠠᠭ ᠤᠨ ᠵᠢᠵᠢᠭ᠍ᠭᠡᠨ ᠵᠢᠭᠠᠰᠤ) ᠪᠣᠯᠤᠨ ᠵᠠᠷᠢᠮ ᠠᠪᠤᠷᠭᠤ ᠵᠢᠭᠠᠰᠤ ᠨᠤᠭᠤᠳ ᠠᠮᠢᠳᠤ ᠵᠤᠯᠵᠠᠭ᠎ᠠ ᠲᠥᠷᠦᠭᠦᠯᠳᠡᠭ᠃ ᠥᠨᠳᠡᠭᠡ ᠨᠢ ᠡᠮᠡᠭᠴᠢᠨ ᠦ ᠪᠡᠨ ᠳᠣᠲᠣᠷ᠎ᠠ ᠦᠷ᠎ᠡ ᠲᠣᠭᠲᠠᠳᠠᠭ᠃ ᠬᠠᠮᠲᠤᠷᠠᠭᠰᠠᠨ ᠡᠷᠬᠡᠲᠡᠨ ᠦ ᠪᠡᠨ ᠲᠤᠰᠠᠯᠠᠮᠵᠢ ᠲᠠᠢ ᠪᠠᠷ ᠡᠷᠡᠭᠴᠢᠨ ᠨᠢ ᠡᠮᠡᠭᠴᠢᠨ ᠤ ᠪᠠᠶ᠎ᠡ ᠳᠤ ᠣᠷᠣᠭᠤᠯᠳᠠᠭ᠃ ᠲᠥᠷᠦᠭᠰᠡᠨ ᠦ ᠪᠡᠨ ᠳᠠᠷᠠᠭ᠎ᠠ ᠵᠢᠷᠭᠠᠬᠠᠢ ᠨᠤᠭᠤᠳ ᠨᠢ ᠪᠠᠷᠤᠭ ᠯᠠ ᠰᠢᠭᠤᠳ ᠪᠡᠶ᠎ᠡ ᠳᠠᠩ ᠰᠡᠯᠢᠵᠦ ᠴᠢᠳᠠᠳᠠᠭ᠃

ᠬᠤᠶᠠᠷ ᠨᠤᠲᠤᠭᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠤᠭᠠᠢ ᠪᠡᠶᠡᠲᠡᠨ
ᠮᠡᠯᠡᠭᠡᠢ

ᠮᠣᠳᠣᠨ ᠳᠤ ᠠᠪᠠᠷᠢᠭᠴᠢ ᠮᠡᠯᠡᠬᠡᠢ ᠶᠢᠨ ᠲᠣᠳᠣ ᠥᠩᠭᠡ 《ᠪᠣᠯᠭᠣᠮᠵᠢᠯᠠ᠂ ᠪᠢ ᠬᠣᠣᠷ ᠲᠠᠢ!》 ᠭᠡᠰᠡᠨ ᠳᠣᠬᠢᠶ᠎ᠠ ᠥᠭᠳᠡᠭ᠃ ᠰᠠᠯᠤᠮᠠᠨᠳᠠᠷ᠂ ᠲᠷᠢᠲ᠋ᠣᠨ ᠵᠡᠷᠭᠡ ᠶᠢ ᠪᠠᠭᠲᠠᠭᠠᠭᠰᠠᠨ ᠰᠡᠭᠦᠯᠲᠡᠨ ᠦ ᠪᠠᠭ ᠨᠢ ᠤᠮᠠᠷᠠᠲᠤ ᠬᠠᠭᠠᠰ ᠪᠥᠮᠪᠥᠷᠴᠡᠭ ᠪᠣᠯᠤᠨ ᠠᠮᠧᠷᠢᠺᠠ ᠶᠢᠨ ᠬᠠᠯᠠᠭᠤᠨ ᠪᠥᠰᠡ ᠳᠦ ᠠᠮᠢᠳᠤᠷᠠᠳᠠᠭ 400 ᠰᠢᠬᠠᠮ ᠵᠦᠢᠯ ᠡᠴᠡ ᠪᠥᠷᠢᠳᠦᠨ᠎ᠡ᠃ ᠲᠡᠳᠡᠭᠡᠷ ᠨᠢ ᠰᠤᠨᠠᠮᠠᠯ ᠪᠡᠶ᠎ᠡ᠂ ᠬᠣᠶᠠᠷ ᠬᠣᠣᠰ ᠮᠥᠴᠡ ᠪᠣᠯᠤᠨ ᠤᠷᠲᠤ ᠰᠡᠭᠦᠯ ᠲᠡᠢ᠃ ᠡᠳᠡᠭᠡᠷ ᠠᠮᠢᠲᠠᠳ ᠤᠨ ᠣᠨᠴᠠᠯᠢᠭ ᠰᠢᠨᠵᠢ ᠨᠢ ᠲᠣᠮᠣ ᠨᠢᠳᠦ ᠶᠤᠮ᠃ ᠰᠡᠭᠦᠯ ᠦᠭᠡᠢᠲᠡᠨ ᠦ ᠪᠠᠭ ᠲᠤ 4000 ᠵᠦᠢᠯ (ᠮᠡᠯᠡᠬᠡᠢ᠂ ᠪᠠᠬ᠎ᠠ) ᠪᠠᠭᠲᠠᠬᠤ ᠪᠠ ᠲᠤᠶᠢᠯ ᠤᠨ ᠷᠠᠶᠣᠨ ᠨᠤᠭᠤᠳ ᠠᠴᠠ ᠪᠤᠰᠤᠳ ᠭᠠᠵᠠᠷ ᠲᠤ ᠬᠠᠮᠢᠭ᠎ᠠ ᠰᠠᠢ ᠦᠭᠡᠢ ᠠᠮᠢᠳᠤᠷᠠᠳᠠᠭ᠃ ᠲᠡᠳᠡᠨ ᠦ ᠤᠷᠲᠤ᠂ ᠬᠦᠴᠦᠷᠬᠡᠭ ᠬᠣᠶᠢᠳᠤ ᠮᠥᠴᠡ ᠨᠢ ᠦᠰᠦᠷᠬᠦ᠂ ᠬᠠᠷᠠᠶᠢᠬᠤ ᠳᠤ ᠠᠰᠢᠭᠯᠠᠭᠳᠠᠨ᠎ᠠ᠃ ᠮᠣᠳᠣᠨ ᠤ ᠮᠡᠯᠡᠬᠡᠢ ᠨᠢ ᠰᠠᠷᠪᠠᠭᠤᠨ ᠳᠣᠣᠷ᠎ᠠ ᠪᠠᠨ ᠴᠠᠪᠠᠤᠯᠢᠭ ᠵᠥᠭᠡᠯᠡᠪᠴᠢ ᠲᠡᠢ ᠪᠠᠶᠢᠳᠠᠭ ᠨᠢ ᠲᠡᠳᠡᠨ ᠢ ᠭᠠᠶᠢᠬᠠᠯᠲᠠᠢ ᠥᠨᠳᠥᠷ ᠲᠦ ᠠᠪᠠᠷᠢᠭᠴᠢ  ᠪᠣᠯᠭᠠᠵᠠᠢ᠃ ᠭᠠᠯᠲᠤ ᠰᠠᠯᠤᠮᠠᠨᠳᠠᠷ ᠤᠨ ᠠᠷᠠᠰᠤᠨ ᠤ ᠪᠤᠯᠴᠢᠷᠬᠠᠢ ᠨᠤᠭᠤᠳ ᠢᠯᠭᠠᠷᠠᠭᠰᠠᠨ ᠨᠢ ᠲᠡᠳᠡᠨ ᠢ ᠮᠢᠬᠠᠴᠢᠨ ᠠᠮᠢᠲᠠᠳ ᠠᠴᠠ ᠬᠠᠮᠠᠭᠠᠯᠠᠳᠠᠭ ᠥᠪᠡᠷ ᠦᠨ ᠬᠦᠴᠦᠲᠡᠢ ᠰᠡᠯᠢᠭᠦᠷ ᠦᠳ ᠦᠨ ᠢᠶᠡᠨ ᠲᠤᠰᠠᠯᠠᠮᠵᠢ ᠲᠠᠢ ᠪᠠᠷ ᠬᠠᠭᠤᠷᠠᠢ ᠭᠠᠵᠠᠷ ᠲᠤ ᠮᠥᠯᠬᠥᠵᠦ ᠭᠠᠷᠤᠭᠰᠠᠨ ᠶᠠᠰᠤᠲᠤ ᠵᠢᠭᠠᠰᠤ ᠤᠳ ᠤᠨ ᠤᠳᠤᠮ ᠪᠣᠯᠬᠤ ᠬᠣᠶᠠᠷ ᠨᠤᠲᠤᠭᠲᠠᠨ ᠨᠢ ᠤᠰᠤᠨ ᠤ ᠪᠣᠯᠤᠨ ᠬᠠᠭᠤᠷᠠᠢ ᠭᠠᠵᠠᠷ ᠤᠨ ᠰᠡᠭᠡᠷ ᠨᠢᠷᠤᠭᠤᠲᠠᠨ ᠤ ᠣᠨᠴᠠᠯᠢᠭ ᠢ ᠬᠠᠷᠠᠭᠤᠯᠳᠠᠭ᠃ ᠬᠠᠮᠤᠭ ᠤᠨ ᠭᠠᠶᠢᠬᠠᠯᠲᠠᠢ ᠨᠢ ᠵᠠᠯᠮᠠᠭᠠᠢ ᠪᠦᠬᠦᠢ ᠰᠡᠯᠢᠭᠴᠢ ᠠᠮᠢᠲᠠᠨ ᠠᠴᠠ ᠲᠣᠮᠣ ᠲᠣᠯᠣᠭᠠᠶᠢᠲᠤ ᠰᠢᠨᠠᠭᠠᠨ ᠬᠣᠷᠣᠬᠠᠢ ᠪᠤᠶᠤ ᠠᠪᠠᠭᠠᠯᠳᠠᠢ ᠠᠴᠠ ᠠᠭᠤᠰᠭᠢ ᠪᠠᠷ ᠠᠮᠢᠰᠬᠤᠯᠠᠳᠠᠭ ᠨᠠᠰᠤ ᠪᠡᠶ᠎ᠡ ᠭᠦᠢᠴᠡᠭᠰᠡᠨ ᠮᠡᠯᠡᠬᠡᠢ᠂ ᠰᠠᠯᠤᠮᠠᠨᠳᠠᠷ ᠪᠣᠯᠤᠨ ᠬᠤᠪᠢᠷᠠᠭᠰᠠᠨ ᠶᠠᠪᠤᠳᠠᠯ ᠶᠤᠮ᠃ ᠬᠣᠶᠠᠷ ᠨᠤᠲᠤᠭᠲᠠᠨ ᠨᠢ ᠬᠦᠢᠲᠡᠨ ᠴᠢᠰᠤᠲᠤ ᠠᠮᠢᠲᠠᠳ ᠪᠢᠯᠡ᠃ ᠤᠴᠢᠷ ᠨᠢ ᠲᠡᠳᠡ ᠥᠪᠡᠷ ᠦᠨ ᠲᠣᠯᠠᠭᠠᠨ ᠤ ᠬᠡᠮᠵᠢᠶ᠎ᠡ ᠢᠶᠠᠨ ᠵᠣᠬᠢᠴᠠᠭᠤᠯᠵᠤ ᠴᠢᠳᠠᠳᠠᠭ ᠦᠭᠡᠢ᠂ ᠣᠷᠴᠢᠨ ᠤ ᠲᠣᠯᠠᠭᠠᠨ ᠤ ᠬᠡᠮᠵᠢᠶ᠎ᠡ ᠢ ᠬᠦᠯᠢᠶᠡᠨ ᠠᠪᠳᠠᠭ᠃ ᠣᠯᠠᠩᠬᠢ ᠵᠦᠢᠯ ᠦᠳ ᠨᠢ ᠡᠪᠦᠯ ᠢ ᠭᠠᠵᠠᠷ ᠤᠨ ᠭᠦᠨ  ᠳᠦ ᠪᠤᠶᠤ ᠡᠰᠡᠪᠡᠯ ᠪᠥᠭᠡᠮ ᠨᠠᠪᠴᠢᠰ ᠳᠣᠲᠣᠷ᠎ᠠ ᠥᠩᠭᠡᠷᠡᠭᠦᠯᠳᠡᠭ᠃ ᠲᠡᠳᠡᠨ ᠦ ᠤᠴᠢᠷ ᠦᠭᠡᠢ ᠨᠢᠮᠭᠡᠨ ᠠᠷᠠᠰᠤ ᠨᠢ ᠠᠭᠤᠰᠬᠢᠨ ᠳᠤ ᠨᠡᠮᠡᠯᠲᠡ ᠪᠣᠯᠭᠠᠨ ᠠᠮᠢᠰᠬᠤᠯ ᠤᠨ ᠡᠭᠦᠷᠭᠡ ᠭᠦᠢᠴᠡᠳᠭᠡᠳᠡᠭ᠃ ᠠᠷᠠᠰᠤᠨ ᠳᠡᠭᠡᠷ᠎ᠡ ᠨᠢ ᠮᠢᠬᠠᠴᠢᠨ ᠠᠮᠢᠲᠠᠳ ᠢ ᠦᠷᠭᠦᠭᠡᠬᠦ ᠳᠦ ᠵᠣᠷᠢᠭᠤᠯᠤᠭᠳᠠᠭᠰᠠᠨ ᠬᠣᠣᠷ ᠲᠠᠢ᠂ ᠲᠠᠭ᠎ᠠ ᠦᠭᠡᠢ ᠦᠨᠦᠷ ᠲᠡᠢ ᠪᠣᠳᠠᠰ ᠢ ᠢᠯᠭᠠᠷᠠᠭᠤᠯᠳᠠᠭ ᠪᠤᠯᠴᠢᠷᠬᠠᠢ ᠨᠤᠭᠤᠳ ᠪᠠᠰᠠ ᠪᠤᠢ᠃ ᠮᠤᠭᠠᠢ ᠪᠠᠶᠠᠲᠡᠨ (Caecilians) ᠨᠢ 1.5 ᠮᠸᠲ᠋᠋ᠷ ᠡᠴᠡ ᠤᠷᠲᠤ ᠪᠠᠶ᠎ᠡ ᠲᠠᠢ ᠲᠣᠮᠣ ᠵᠦᠢᠯ ᠪᠤᠯᠤᠨ᠎ᠠ᠃

ᠲᠡᠳᠡᠨ ᠦ ᠠᠷᠠᠰᠤ ᠭᠥᠯᠢᠭᠡᠷ᠂ ᠶᠡᠬᠡᠪᠴᠢᠯᠡᠨ ᠬᠠᠷ᠎ᠠ ᠭᠦᠯᠢᠭᠡᠷ ᠪᠣᠯᠪᠠᠴᠤ ᠵᠠᠷᠢᠮ ᠵᠦᠢᠯ ᠦᠨ ᠥᠩᠭᠡᠲᠦ ᠠᠷᠠᠰᠤ ᠪᠠᠶᠢᠳᠠᠭ᠃ ᠠᠷᠠᠰᠤᠨ ᠳᠣᠲᠣᠷ᠎᠎ᠡ ᠨᠢ ᠺᠠᠯᠢᠼᠲᠤ ᠬᠡᠮᠵᠢᠶᠡᠰᠦ ᠶᠤᠮ᠃ ᠤᠴᠢᠷ ᠨᠢ ᠡᠳᠡᠭᠡᠷ ᠬᠡᠮᠵᠢᠶᠡᠰᠦᠨ ᠦ ᠮᠤᠭᠠᠢ ᠪᠡᠶᠡᠲᠡᠨ ᠨᠢ ᠨᠢᠭᠡ ᠤᠳᠠᠭ᠎ᠠ ᠴᠢᠯᠠᠭᠤᠵᠢᠭᠰᠠᠨ Stegocephalia ᠲᠠᠢ ᠬᠣᠯᠪᠣᠭ᠎ᠠ ᠲᠠᠢ ᠪᠠᠶᠢᠬᠤ ᠭᠡᠵᠦ ᠪᠣᠳᠣᠵᠤ ᠪᠠᠶᠢᠭᠰᠠᠨ ᠪᠣᠯᠪᠠᠴᠤ ᠣᠳᠣ ᠲᠡᠳᠡ ᠬᠣᠶᠠᠷ ᠳ᠋ᠡᠬᠢ ᠬᠥᠭᠵᠢᠯ ᠭᠡᠵᠦ ᠦᠵᠡᠵᠦ ᠪᠠᠶᠢᠭ᠎ᠠ ᠪᠥᠭᠡᠳ ᠬᠣᠶᠠᠷ ᠪᠦᠯᠦᠭ ᠬᠠᠮᠤᠭ ᠤᠨ ᠶᠡᠬᠡ ᠮᠠᠭᠠᠳᠯᠠᠯ ᠲᠠᠢ ᠬᠣᠯᠪᠣᠭ᠎ᠠ ᠦᠭᠡᠢ ᠪᠠᠶᠢᠨ᠎ᠠ ᠭᠡᠳᠡᠭ ᠨᠢ᠂ ᠠᠷᠠᠰᠤ ᠨᠢ ᠮᠠᠰᠢ ᠣᠯᠠᠨ ᠴᠠᠭᠠᠷᠢᠭ ᠬᠡᠯᠪᠡᠷᠢᠲᠡᠢ ᠠᠲᠤᠷᠢᠶ᠎ᠠ ᠪᠠᠶᠢᠨ᠎ᠠ ᠬᠡᠰᠡᠭᠴᠢᠯᠡᠨ ᠲᠡᠳᠡᠨ ᠳᠦ ᠬᠤᠪᠢᠶᠠᠭᠳᠠᠵᠤ ᠲᠥᠷᠦᠬᠥ᠂ ᠪᠠᠶ᠎ᠡ ᠶᠢᠨ ᠴᠠᠭᠠᠷᠢᠭ ᠲᠠᠢ᠃ ᠵᠠᠷᠢᠮ ᠨᠢ ᠪᠤᠰᠤᠳ ᠠᠮᠢᠳᠤ ᠬᠣᠶᠠᠷ ᠨᠤᠲᠤᠭᠲᠠᠨ ᠠᠳᠠᠯᠢ᠂ ᠮᠢᠬᠠᠴᠢᠨ ᠠᠮᠢᠲᠠᠳ ᠲᠦ ᠰᠠᠭᠠᠳ ᠪᠣᠯᠬᠤ ᠬᠣᠣᠷᠠᠲᠠᠢ ᠪᠣᠳᠠᠰ ᠱᠦᠭᠦᠷᠡᠭᠦᠯᠬᠦ ᠪᠤᠯᠴᠢᠷᠬᠠᠢ ᠶᠢ ᠠᠭᠤᠯᠵᠤ ᠪᠠᠶᠢᠳᠠᠭ᠃ ᠠᠷᠠᠰᠤᠨ ᠱᠦᠭᠦᠷᠡᠯ ᠨᠢ ᠴᠢᠰᠤ ᠵᠠᠳᠠᠯᠤᠭᠴᠢ ᠰᠢᠨᠵᠢ ᠢᠯᠡᠷᠡᠵᠦ ᠪᠠᠶᠢᠨ᠎ᠠ᠃

ᠮᠦᠯᠬᠦᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠲᠠᠷ

ᠮᠥᠯᠬᠥᠭᠴᠢ ᠳᠦ ᠨᠢ ᠠᠮᠢᠲᠠᠳ ᠤᠨ ᠡᠷᠲᠡᠨ ᠦ ᠪᠦᠯᠦᠭ ᠢ ᠪᠦᠷᠢᠳᠦᠭᠦᠯᠳᠡᠭ ᠪᠠ ᠲᠡᠳᠡᠨ ᠡᠴᠡ ᠪᠦᠬᠦᠢᠯᠠ ᠬᠦᠬᠦᠲᠡᠨ ᠨᠦᠭᠦᠳ ᠪᠣᠯᠤᠨ ᠰᠢᠪᠠᠭᠤᠳ ᠬᠥᠭᠵᠢᠵᠡᠢ᠃ ᠫᠧᠷᠮᠢ ᠶᠢᠨ ᠭᠠᠯᠪᠠ ᠶᠢᠨ ᠦᠶ᠎ᠡ᠂ 3 ᠳᠦᠩᠰᠢᠭᠤᠷ ᠵᠢᠯ ᠦᠨ ᠡᠮᠦᠨ᠎ᠡ ᠬᠤᠪᠢᠰᠤᠯ ᠤᠨ ᠭᠤᠷᠪᠠᠨ ᠴᠢᠭᠯᠡᠯ ᠳᠦ ᠬᠤᠪᠢᠶᠠᠭᠳᠠᠨ ᠰᠠᠯᠠᠵᠠᠢ: ᠨᠢᠭᠡᠳᠦᠭᠡᠷ ᠲᠦ᠂ ᠬᠠᠭᠤᠷᠠᠢ ᠭᠠᠵᠠᠷ ᠤᠨ ᠪᠣᠯᠤᠨ ᠲᠡᠩᠭᠢᠰ ᠦᠨ ᠶᠠᠰᠤᠲᠤ ᠮᠡᠯᠡᠬᠡᠢ ᠨᠦᠭᠦᠳ᠂ ᠬᠣᠶᠠᠳᠤᠭᠠᠷ ᠲᠤ᠂ ᠦᠯᠦᠭ ᠭᠦᠷᠪᠡᠯ ᠦᠳ᠂ ᠭᠦᠷᠪᠡᠯ ᠦᠳ᠂ ᠮᠠᠲᠠᠷ ᠪᠣᠯᠤᠨ ᠰᠢᠪᠠᠭᠤᠳ᠂ ᠭᠤᠷᠪᠠᠳᠤᠭᠠᠷ ᠲᠤ᠂ ᠬᠦᠬᠦᠲᠡᠨ ᠨᠦᠭᠦᠳ ᠪᠤᠯᠤᠨ᠎ᠠ᠃ ᠮᠥᠯᠬᠥᠭᠴᠢᠳ ᠤᠷᠢᠳᠤ ᠨᠢ ᠦᠵᠡᠭᠡ ᠦᠭᠡᠢ ᠣᠯᠠᠨ ᠲᠣᠭᠠᠨ ᠤ ᠳᠠᠰᠤᠨ ᠵᠣᠬᠢᠴᠠᠯ ᠢ ᠳᠠᠮᠵᠢᠭᠰᠠᠨ ᠤ ᠪᠠᠨ ᠠᠴᠢ ᠪᠠᠷ ᠬᠠᠭᠤᠷᠠᠢ ᠭᠠᠵᠠᠷ ᠲᠤ ᠡᠰᠡᠨ ᠮᠡᠨᠳᠦ ᠭᠠᠷᠴᠤ ᠢᠷᠡᠵᠡᠢ᠃ ᠲᠡᠳᠡᠨ ᠦ ᠠᠷᠠᠰᠤᠨ ᠳᠡᠭᠡᠷᠡᠬᠢ ᠬᠠᠶᠢᠷᠰᠤᠨ ᠨᠤᠭᠤᠳ ᠲᠡᠳᠡᠨ ᠢ ᠬᠠᠲᠠᠯᠲᠠ ᠠᠴᠠ ᠬᠠᠮᠠᠭᠠᠯᠠᠵᠤ᠂ ᠠᠭᠤᠰᠬᠢ ᠶᠢ ᠨᠢ ᠬᠦᠴᠦᠲᠡᠢ᠂ ᠦᠷ᠎ᠡ ᠠᠰᠢᠭ ᠲᠠᠢ ᠪᠣᠯᠭᠠᠵᠠᠢ᠃ ᠲᠡᠳᠡᠨ ᠦ ᠥᠨᠳᠡᠭᠡ ᠨᠢ ᠤᠰᠤᠭᠦᠶᠢᠵᠢᠯᠲᠠ ᠪᠣᠯᠤᠨ ᠭᠡᠮᠲᠦᠯ ᠡᠴᠡ ᠬᠠᠮᠠᠭᠠᠯᠠᠭᠰᠠᠨ ᠪᠠᠲᠤ ᠪᠥᠬᠡ ᠬᠠᠲᠠᠭᠤ ᠬᠠᠯᠢᠰᠤ ᠪᠠᠷ ᠪᠦᠷᠬᠦᠭᠳᠡᠭᠰᠡᠨ ᠪᠠᠶᠢᠳᠠᠭ᠃ ᠬᠣᠶᠠᠷ ᠨᠤᠲᠤᠭᠲᠠᠨ ᠨᠢ ᠪᠣᠳᠠᠰ ᠤᠨ ᠰᠣᠯᠢᠯᠴᠠᠭᠠᠨ ᠤ ᠵᠠᠮ ᠢᠶᠠᠷ ᠪᠡᠶ᠎ᠡ ᠶᠢᠨ ᠢᠶᠡᠨ ᠲᠣᠯᠠᠭᠠᠨ ᠤ ᠬᠡᠮᠵᠢᠶ᠎ᠡ ᠢ ᠲᠣᠬᠢᠷᠠᠭᠤᠯᠵᠤ ᠴᠢᠳᠠᠳᠠᠭ ᠦᠭᠡᠢ᠃ ᠡᠶᠢᠮᠦ ᠡᠴᠡ ᠲᠡᠳᠡ ᠬᠠᠯᠠᠭᠤᠨ ᠴᠠᠭ ᠠᠭᠠᠷ ᠤᠨ ᠨᠥᠬᠥᠴᠡᠯ ᠳᠦ ᠰᠡᠭᠦᠳᠡᠷ ᠬᠠᠶᠢᠳᠠᠭᠴᠢ ᠭᠡᠰᠡᠨ ᠡᠷᠦᠰᠳᠡᠯ ᠢ ᠦᠯᠦ ᠬᠠᠶᠢᠬᠤᠷᠤᠨ ᠨᠠᠷᠠᠨ ᠰᠢᠷᠠᠯᠭ᠎ᠠ ᠶᠢ ᠬᠦᠯᠢᠶᠡᠨ ᠠᠪᠴᠤ ᠤᠳᠠᠭᠠᠨ ᠬᠤᠭᠤᠴᠠᠭ᠎ᠠ ᠶᠢ ᠥᠩᠭᠡᠷᠡᠭᠦᠯᠳᠡᠭ᠃ ᠬᠦᠬᠦᠲᠡᠨ ᠠᠮᠢᠲᠠᠳ ᠲᠠᠢ ᠬᠠᠷᠢᠴᠠᠭᠤᠯᠬᠤ ᠳᠤ ᠲᠡᠳᠡᠨ ᠳᠦ ᠪᠠᠭ᠎ᠠ ᠬᠡᠮᠵᠢᠶᠡᠨ ᠦ ᠬᠣᠭᠣᠯᠠ ᠱᠠᠭᠠᠷᠳᠠᠭᠳᠠᠳᠠᠭ ᠲᠤᠯᠠ ᠭᠣᠪᠢ᠂ ᠴᠥᠯ ᠮᠡᠲᠦ ᠶᠢᠨ ᠬᠣᠭᠣᠯᠠ ᠲᠡᠵᠢᠭᠡᠯ ᠪᠠᠭᠠᠲᠠᠢ ᠨᠤᠲᠤᠭ ᠤᠳ ᠲᠤ ᠲᠠᠶᠢᠪᠤᠩ ᠠᠮᠢᠳᠤᠷᠠᠵᠤ ᠴᠢᠳᠠᠳᠠᠭ᠃ 1.ᠠᠩᠬᠠᠳᠠᠭᠴᠢ-Prosauria 2.ᠬᠠᠶᠢᠷᠰᠤᠲᠠᠨ-Squamata 3.ᠶᠠᠰᠤᠲᠤ ᠮᠡᠯᠡᠬᠡᠢ-Chelonia 4.ᠮᠠᠲ᠋ᠠᠷ-Crocoditia

ᠰᠢᠪᠠᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠭᠤᠷᠤᠤ

ᠰᠢᠪᠠᠭᠤᠳ ᠤᠨ ᠡᠪᠦᠭᠡ ᠳᠡᠭᠡᠳᠦᠰ ᠨᠢ ᠮᠥᠯᠬᠥᠭᠴᠢ  ᠪᠠᠶᠢᠭᠰᠠᠨ ᠪᠠ ᠡᠨᠡ ᠨᠢ 1.5 ᠳᠦᠩᠰᠢᠭᠤᠷ ᠵᠢᠯ ᠦᠨ ᠨᠠᠰᠤᠲᠠᠢ ᠮᠠᠯᠲᠠᠮᠠᠯ ᠠᠷᠬᠧᠣᠫᠲ᠋ᠧᠷᠢᠺᠰ ᠰᠢᠪᠠᠭᠤ ᠣᠯᠠᠳᠠᠭᠰᠠᠨ᠎ᠠ ᠪᠠᠷ ᠪᠠᠲᠤᠲᠠᠢ ᠨᠣᠲᠠᠯᠠᠭᠳᠠᠵᠠᠢ᠃ ᠡᠨᠡᠬᠦ ᠵᠢᠭᠦᠷᠲᠡᠨ ᠤ ᠡᠪᠦᠭᠡ ᠳᠡᠭᠡᠳᠦᠰ ᠨᠢ ᠮᠥᠯᠬᠥᠭᠴᠢᠳ ᠦᠨ ᠰᠢᠨᠵᠢ ᠲᠥᠷᠬᠥ ᠶᠢ ᠬᠠᠳᠠᠭᠠᠯᠠᠭᠰᠠᠨ᠂ ᠲᠤᠬᠠᠶᠢᠯᠠᠪᠠᠯ ᠳᠠᠯᠠᠪᠴᠢ ᠨᠤᠭᠤᠳ ᠤᠨ ᠢᠶᠠᠨ ᠲᠡᠭᠦᠰᠬᠡᠯ ᠳᠦ ᠰᠠᠷᠪᠠᠭᠤ ᠲᠠᠢ᠂ ᠤᠷᠲᠤ ᠰᠡᠭᠦᠯ ᠲᠡᠢ ᠪᠠᠶᠢᠪᠠ᠃ ᠲᠡᠭᠡᠬᠦ ᠳᠦ ᠪᠡᠨ ᠵᠥᠪᠬᠡᠨ ᠡᠨᠡ ᠪᠦᠯᠦᠭ ᠦᠨ ᠰᠡᠭᠡᠷ ᠨᠢᠷᠤᠭᠤᠲᠠᠨ ᠨᠤᠭᠤᠳ ᠲᠤ ᠪᠠᠶᠢᠳᠠᠭ ᠰᠢᠪᠠᠭᠤᠳ ᠤᠨ ᠣᠨᠴᠠᠯᠢᠭ ᠤᠳ ᠴᠤ ᠪᠠᠰᠠ ᠠᠵᠢᠭᠯᠠᠭᠳᠠᠵᠤ ᠪᠠᠶᠢᠨ᠎ᠠ᠃ ᠰᠢᠪᠠᠭᠤᠳ ᠤᠨ ᠭᠣᠣᠯ ᠣᠨᠴᠠᠯᠢᠭ ᠤᠳ ᠨᠢ᠂ ᠨᠢᠰᠬᠦ ᠴᠢᠳᠠᠪᠤᠷᠢ ᠠᠴᠠ ᠭᠠᠳᠠᠨ᠎ᠠ ᠰᠢᠪᠠᠭᠤᠳ ᠨᠢ ᠢᠯᠠᠩᠭᠤᠶ᠎ᠠ ᠮᠢᠬᠠᠴᠢᠨ ᠰᠢᠪᠠᠭᠤᠳ ᠤᠨ ᠬᠤᠪᠢ ᠳᠤ ᠬᠠᠷᠠᠭᠠᠨ ᠤ ᠬᠥᠭᠵᠢᠯ ᠭᠣᠶᠢᠳᠠ ᠰᠠᠶᠢᠨ᠂ ᠶᠡᠬᠡᠬᠡᠨ ᠥᠨᠳᠥᠷ ᠡᠴᠡ ᠣᠯᠵᠠ ᠪᠠᠨ ᠬᠠᠷᠠᠵᠤ ᠴᠢᠳᠠᠳᠠᠭ ᠪᠠᠶᠢᠨ᠎ᠠ᠃ ᠬᠣᠭᠣᠯᠠ ᠤᠮᠳᠠᠨ ᠤ ᠵᠤᠷᠰᠢᠯ ᠠᠴᠠ ᠬᠠᠮᠢᠶᠠᠷᠤᠨ ᠬᠣᠰᠢᠭᠤ ᠨᠢ ᠣᠯᠠᠨ ᠬᠡᠯᠪᠡᠷᠢ ᠶᠢ ᠲᠤᠰᠬᠠᠳᠠᠭ: ᠬᠤᠷᠴᠠ ᠢᠷᠮᠡᠭ ᠲᠡᠢ ᠬᠣᠰᠢᠭᠤ ᠨᠢ ᠮᠢᠬᠠᠴᠢᠨ ᠰᠢᠪᠠᠭᠤᠳ ᠲᠤ᠂ ᠬᠦᠴᠦ ᠨᠡᠮᠡᠭᠳᠡᠭᠦᠯᠦᠭᠰᠡᠨ ᠪᠣᠯ ᠲᠣᠩᠰᠢᠭᠤᠯ ᠳᠤ᠂ ᠭᠤᠤᠷᠰᠤ ᠬᠡᠯᠪᠡᠷᠢ ᠲᠡᠢ ᠪᠣᠯ ᠵᠢᠷᠭᠢᠳᠡᠭ ᠰᠢᠪᠠᠭᠤᠳ ᠲᠤ ᠭᠡᠬᠦ ᠮᠡᠲᠦ᠃ ᠥᠳᠥ ᠰᠥᠳᠥ ᠨᠢ ᠴᠤ ᠭᠡᠰᠡᠨ ᠲᠡᠳᠡᠨ ᠦ ᠠᠮᠢᠳᠤᠷᠠᠯ ᠤᠨ ᠬᠡᠪ ᠮᠠᠶ᠋ᠢᠭᠲᠤ ᠵᠣᠬᠢᠴᠠᠭᠰᠠᠨ ᠪᠠᠶᠢᠳᠠᠭ᠃ ᠬᠦᠢᠲᠡᠨ ᠴᠠᠭ ᠠᠭᠤᠷ ᠲᠤ ᠠᠮᠢᠳᠤᠷᠠᠳᠠᠭ ᠰᠢᠪᠠᠭᠤᠳ ᠵᠤᠵᠠᠭᠠᠨ ᠥᠳᠥ ᠰᠥᠳᠥ ᠪᠡᠷ ᠬᠠᠮᠠᠭᠠᠯᠠᠭᠳᠠᠭᠰᠠᠨ ᠪᠠᠶᠢᠳᠠᠭ᠂ ᠡᠷᠡᠭᠴᠢᠨ ᠰᠢᠪᠠᠭᠤᠳ ᠤᠨ ᠲᠣᠳᠣ ᠥᠳᠥ ᠰᠥᠳᠥ ᠨᠢ ᠡᠮᠡᠭᠴᠢᠨ ᠢᠶᠡᠨ ᠲᠠᠲᠠᠬᠤ ᠳᠤ᠂ ᠬᠠᠷᠢᠨ ᠪᠦᠳᠡᠭᠢ ᠥᠩᠭᠡ ᠨᠢ ᠵᠢᠰᠦ ᠪᠡᠨ ᠬᠤᠪᠢᠷᠠᠭᠠᠬᠤ ᠳᠤ ᠦᠢᠯᠡᠴᠢᠯᠡᠳᠡᠭ᠃ ᠰᠢᠪᠠᠭᠤ ᠨᠢ ᠵᠢᠷᠦᠬᠡ᠂ ᠠᠭᠤᠰᠭᠢ ᠪᠣᠯᠤᠨ ᠴᠢᠰᠤᠨ ᠤ ᠡᠷᠭᠢᠯᠲᠡ ᠶᠢᠨ ᠲᠣᠭᠲᠠᠯᠴᠠᠭ᠎ᠠ ᠲᠠᠢ ᠬᠦᠢᠲᠡᠨ ᠴᠢᠰᠤᠲᠤ ᠠᠮᠢᠲᠠᠨ ᠪᠤᠯᠤᠨ᠎ᠠ᠃ ᠡᠨᠡ ᠨᠢ ᠵᠠᠷᠢᠮ ᠵᠦᠢᠯ ᠦᠨ ᠰᠢᠪᠠᠭᠤᠳ ᠲᠤ ᠬᠦᠢᠲᠡᠨ ᠴᠠᠭ ᠠᠭᠤᠷ ᠲᠠᠢ ᠪᠣᠯᠤᠨ ᠡᠪᠦᠯ ᠦᠨ ᠦᠶ᠎ᠡ ᠪᠡᠷ ᠬᠣᠭᠣᠯᠠ ᠲᠡᠵᠢᠭᠡᠯ ᠢᠶᠡᠨ ᠢᠳᠡᠪᠬᠢᠲᠡᠢ ᠬᠠᠶᠢᠬᠤ ᠪᠣᠯᠤᠯᠴᠠᠭ᠎ᠠ ᠣᠯᠭᠤᠳᠠᠭ᠃ ᠨᠡᠶᠢᠯᠡᠭᠦᠯᠭᠡ ᠪᠠ ᠦᠷᠡᠵᠢᠯ ᠨᠢ᠂ ᠲᠠᠬᠢᠶᠠᠨ ᠤ ᠳᠡᠭᠳᠡᠭᠡᠬᠡᠢ ᠨᠦᠭᠦᠳ ᠥᠨᠳᠡᠭᠡᠨ ᠦ ᠬᠠᠯᠢᠰᠤ ᠪᠠᠨ 21 ᠡᠳᠦᠷ ᠦᠨ ᠳᠠᠷᠠᠭ᠎ᠠ ᠬᠠᠭᠠᠯᠤᠨ ᠭᠠᠷᠳᠠᠭ᠃ ᠶᠡᠬᠡᠩᠬᠢ ᠰᠢᠪᠠᠭᠤᠳ ᠨᠡᠶᠢᠯᠡᠭᠦᠯᠭᠡ ᠪᠣᠯᠤᠨ ᠡᠭᠦᠷ ᠵᠠᠰᠠᠬᠤ ᠳᠤ ᠪᠠᠨ ᠵᠣᠷᠢᠭᠤᠯᠤᠭᠰᠠᠨ ᠨᠤᠲᠤᠭ ᠳᠡᠪᠢᠰᠬᠡᠷ ᠲᠡᠢ ᠪᠠᠶᠢᠬᠤ ᠶᠢ ᠵᠣᠷᠢᠵᠤ ᠲᠡᠭᠦᠨ ᠢ ᠪᠡᠨ ᠬᠠᠮᠠᠭᠠᠯᠠᠳᠠᠭ᠃ ᠲᠡᠳᠡᠭᠡᠷ ᠨᠢ ᠳᠠᠭᠤᠯᠠᠵᠤ (ᠵᠢᠷᠭᠢᠳᠡᠭ ᠰᠢᠪᠠᠭᠤᠳ) ᠬᠠᠮᠲᠤᠷᠠᠭᠴᠢ ᠶᠢᠨ ᠢᠶᠠᠨ ᠠᠩᠬᠠᠷᠤᠯ ᠢ ᠲᠠᠲᠠᠳᠠᠭ᠂ ᠡᠰᠡᠪᠡᠯ ᠬᠠᠷᠠᠭᠳᠠᠬᠤᠶᠢᠴᠠ ᠳᠣᠬᠢᠶ᠎ᠠ᠂ ᠵᠢᠱᠢᠶ᠎ᠡ ᠨᠢ ᠲᠣᠳᠣ ᠥᠳᠥ ᠰᠥᠳᠥ ᠪᠡᠨ ᠠᠰᠢᠭᠯᠠᠳᠠᠭ᠃ ᠰᠢᠪᠠᠭᠤᠳ ᠤᠨ ᠬᠣᠣᠰ ᠤᠨ ᠬᠣᠯᠪᠣᠭ᠎ᠠ ᠦᠷᠭᠦᠯᠵᠢᠯᠡᠬᠦ ᠪᠠᠶᠢᠳᠠᠯ ᠢᠶᠠᠷ ᠢᠶᠠᠨ ᠶᠠᠩᠵᠤ ᠪᠦᠷ᠃ ᠵᠠᠷᠢᠮ ᠨᠢ ᠨᠤᠭᠤᠰᠤ ᠮᠡᠲᠦ ᠶᠢᠨ ᠰᠢᠪᠠᠭᠤ ᠰᠢᠭ ᠦᠨᠳᠡᠭᠡᠯᠡᠬᠦ ᠬᠦᠷᠲᠡᠯᠡᠬᠢ ᠳᠠᠯᠳᠠ ᠦᠶ᠎ᠡ ᠪᠡᠷ ᠬᠢᠵᠠᠭᠠᠷᠯᠠᠭᠳᠠᠳᠠᠭ ᠪᠣᠯ ᠮᠢᠬᠠᠴᠢᠨ ᠰᠢᠪᠠᠭᠤᠳ᠂ ᠤᠭᠤᠯᠢ᠂ ᠣᠴᠣᠩ ᠰᠢᠪᠠᠭᠤ ᠪᠦᠬᠦᠢ ᠯᠠ ᠠᠮᠢᠳᠤᠷᠠᠯ ᠢᠶᠠᠷ ᠢᠶᠠᠨ ᠬᠣᠯᠪᠣᠭᠳᠠᠳᠠᠭ᠃ ᠵᠠᠷᠢᠮ ᠵᠦᠢᠯ ᠦᠨ ᠰᠢᠪᠠᠭᠤᠳ ᠬᠢᠮᠡᠯ ᠡᠭᠦᠷ ᠪᠠᠷᠢᠳᠠᠭ ᠪᠣᠯ ᠵᠠᠷᠢᠮ ᠨᠢ ᠨᠢᠭᠡ ᠡᠭᠦᠷ ᠢ ᠬᠡᠳᠦᠨ ᠵᠢᠯ ᠴᠤ ᠠᠰᠢᠭᠯᠠᠳᠠᠭ᠃ ᠣᠴᠣᠩ ᠰᠢᠪᠠᠭᠤᠳ ᠪᠣᠰᠤᠭ᠎ᠠ ᠪᠠᠷ ᠢᠶᠠᠨ ᠥᠨᠳᠡᠭᠡᠯᠡᠳᠡᠭ ᠪᠠ ᠡᠭᠦᠷ ᠵᠠᠰᠠᠳᠠᠭ ᠦᠭᠡᠢ᠃ ᠪᠦᠬᠦ ᠰᠢᠪᠠᠭᠤᠳ ᠶᠡᠬᠡᠪᠴᠢᠯᠡᠨ ᠴᠠᠭᠠᠨ ᠥᠩᠭᠡ ᠶᠢᠨ 1-20 ᠬᠦᠷᠲᠡᠯᠡᠬᠢ ᠲᠣᠭᠠᠨ ᠤ ᠥᠨᠳᠡᠭᠡ ᠭᠠᠷᠭᠠᠳᠠᠭ᠃ ᠡᠴᠢᠭᠡ ᠡᠬᠡ ᠰᠢᠪᠠᠭᠤᠳ ᠥᠨᠳᠡᠭᠡᠨ ᠦ ᠪᠡᠨ ᠳᠣᠲᠣᠭᠠᠳᠤ ᠪᠠᠶᠢᠩᠭᠤ ᠶᠢᠨ ᠲᠣᠯᠠᠭᠠᠨ ᠤ ᠬᠡᠮᠵᠢᠶ᠎ᠡ ᠢ ᠬᠠᠳᠠᠭᠠᠯᠠᠵᠤ ᠪᠠᠶᠢᠬᠤ ᠶᠢᠨ ᠲᠤᠯᠠᠳᠠ 11 ᠡᠳᠦᠷ ᠡᠴᠡ 27 ᠬᠣᠨᠣᠭ ᠬᠦᠷᠲᠡᠯ᠎ᠡ ᠥᠨᠳᠡᠭᠡᠨ ᠨᠦᠭᠦᠳ ᠢᠶᠡᠨ ᠳᠠᠷᠤᠳᠠᠭ᠃ ᠠᠩᠭᠠᠬᠠᠢ ᠨᠤᠭᠤᠳ ᠢᠶᠠᠨ ᠭᠠᠷᠤᠭᠤᠲᠠ ᠡᠴᠢᠭᠡ ᠡᠬᠡ ᠨᠢ ᠨᠢ ᠲᠡᠳᠡᠨ ᠢ ᠬᠣᠭᠣᠯᠠᠯᠠᠵᠤ᠂ ᠨᠢᠰᠬᠦ ᠳᠦ ᠰᠤᠷᠭᠠᠳᠠᠭ᠃ ᠬᠡᠷᠢᠶ᠎ᠡ ᠮᠡᠲᠦ ᠶᠢᠨ ᠰᠢᠪᠠᠭᠤ ᠨᠢ ᠰᠢᠮᠡᠭᠴᠢ ᠪᠠᠶᠢᠳᠠᠯ ᠢᠶᠠᠷ ᠠᠮᠢᠳᠤᠷᠠᠳᠠᠭ: ᠪᠤᠰᠤᠳ ᠤᠨ ᠡᠭᠦᠷ ᠦᠨ ᠳᠦ ᠥᠨᠳᠡᠭᠡᠯᠡᠳᠡᠭ ᠪᠠ ᠥᠭᠡᠷ᠎ᠡ ᠡᠴᠢᠭᠡ ᠡᠬᠡᠴᠦᠳ ᠲᠡᠳᠡᠨ ᠢ ᠠᠰᠠᠷᠠᠵᠤ ᠬᠠᠮᠠᠭᠠᠯᠠᠳᠠᠭ᠃

ᠬᠦᠬᠦᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠬᠦᠮᠦᠨ ᠬᠠᠷ ᠠ ᠭᠦᠷᠦᠭᠡᠰᠦ

ᠬᠥᠬᠥᠲᠡᠨ ᠨᠢ ᠰᠡᠭᠡᠷ ᠨᠢᠷᠤᠭᠤᠲᠠᠨ ᠠᠮᠢᠲᠠᠳ ᠤᠨ ᠬᠦᠷᠢᠶ᠎ᠡ ᠪᠥᠭᠡᠳ ᠡᠮᠡᠭᠴᠢᠨ ᠨᠢ ᠬᠥᠬᠦ᠂ ᠰᠦᠨ ᠪᠤᠯᠴᠢᠷᠬᠠᠢ ᠲᠠᠢ᠂ ᠮᠥᠨ ᠡᠷ᠎ᠡ᠂ ᠡᠮ᠎ᠡ ᠬᠣᠶᠠᠭᠤᠯᠠ ᠦᠰᠦ᠂ ᠬᠥᠯᠦᠰᠦᠨ ᠦ ᠪᠤᠯᠴᠢᠷᠬᠠᠢ᠂ ᠳᠤᠮᠳᠠ ᠴᠢᠬᠢᠨ ᠦ ᠶᠠᠰᠤ ᠵᠡᠷᠭᠡ ᠲᠡᠢ ᠪᠣᠯᠤᠨ᠎ᠠ᠃ ᠬᠥᠬᠥᠲᠡᠨ ᠨᠢ ᠶᠠᠮᠠᠷ ᠬᠡᠯᠪᠡᠷᠢ ᠪᠡᠷ ᠲᠥᠷᠥᠬᠦ ᠡᠴᠡ ᠰᠢᠯᠲᠠᠭᠠᠯᠠᠨ 3 ᠠᠩᠭᠢ ᠳᠤ ᠬᠤᠪᠢᠶᠠᠭᠳᠠᠨ᠎ᠠ᠃ ᠡᠳᠡᠭᠡᠷ ᠨᠢ: ᠥᠨᠳᠡᠭᠡᠯᠡᠭᠴᠢ᠂ ᠤᠭᠤᠲᠠᠲᠤ᠂ ᠡᠰ ᠦᠨ ᠪᠣᠯᠤᠨ᠎ᠠ᠃ ᠬᠥᠬᠥᠲᠡᠨ ᠠᠮᠢᠲᠠᠨ ᠨᠢ ᠬᠠᠯᠠᠭᠤᠨ ᠴᠢᠰᠤ ᠲᠠᠢ ᠪᠥᠭᠡᠳ ᠵᠢᠷᠦᠬᠡ ᠨᠢ 4 ᠲᠠᠰᠤᠯᠠᠭ᠎ᠠ ᠲᠠᠢ᠃ ᠡᠳᠦᠭᠡ 1200 ᠠᠶᠢᠮᠠᠭ ᠤᠨ᠂ 153 ᠣᠪᠤᠭ᠂ 29 ᠪᠠᠭ ᠤᠨ 5400 ᠵᠦᠢᠯ ᠤᠨ ᠬᠥᠬᠥᠲᠡᠨ ᠠᠮᠢᠲᠠᠳ ᠪᠠᠶᠢᠨ᠎ᠠ᠃ ᠶᠡᠬᠡᠩᠬᠢ ᠨᠢ ᠳᠠᠷᠠᠭᠠᠬᠢ 6 ᠪᠠᠭ ᠲᠤ ᠬᠠᠮᠤᠷᠤᠭᠳᠠᠨ᠎ᠠ᠃ ᠳᠡᠯᠡᠬᠡᠢ ᠳᠡᠭᠡᠷ᠎ᠡ ᠨᠡᠶᠢᠲᠡ 4000 ᠭᠠᠷᠤᠢ ᠲᠥᠷᠥᠯ ᠦᠨ ᠬᠥᠬᠥᠲᠡᠨ ᠠᠮᠢᠲᠠᠳ ᠠᠮᠢᠳᠤᠷᠠᠵᠤ ᠪᠠᠶᠢᠨ᠎ᠠ᠃ ᠡᠳᠡᠭᠡᠷ ᠡᠴᠡ ᠬᠠᠮᠤᠭ ᠤᠨ ᠵᠢᠵᠢᠭ ᠨᠢ ᠭᠠᠬᠠᠢ ᠶᠢᠨ ᠬᠠᠮᠠᠷᠲᠤ ᠰᠠᠷᠢᠰᠤᠨ ᠪᠠᠭᠪᠠᠬᠠᠢ ᠪᠠ ᠪᠡᠶ᠎ᠡ ᠶᠢᠨ ᠵᠢᠩ ᠨᠢ ᠶᠡᠷᠦ ᠳᠡᠭᠡᠨ ᠯᠠ 1.4 ᠭᠷᠠᠮ ᠪᠣᠯ ᠬᠠᠮᠤᠭ ᠤᠨ ᠲᠣᠮᠣ ᠨᠢ ᠬᠥᠬᠡ ᠬᠠᠯᠢᠮᠤ ᠪᠥᠭᠡᠳ ᠪᠡᠶ᠎ᠡ ᠶᠢᠨ ᠵᠢᠩ ᠨᠢ 150 ᠲᠠᠩᠺ᠂ ᠪᠡᠶ᠎ᠡ ᠶᠢᠨ ᠤᠷᠲᠤ ᠨᠢ 30 ᠮᠸᠲᠷ ᠶᠤᠮ᠃ ᠭᠡᠬᠦ ᠳᠦ ᠪᠡᠨ ᠬᠠᠭᠤᠷᠠᠢ ᠭᠠᠵᠠᠷ ᠤᠨ ᠬᠢ ᠴᠤ ᠪᠤᠢ᠂ ᠤᠰᠤᠨ ᠤ ᠬᠢ ᠴᠤ ᠪᠤᠢ ᠪᠦᠬᠦ ᠬᠥᠬᠥᠲᠡᠨ ᠠᠮᠢᠲᠠᠳ ᠠᠳᠠᠯᠢ ᠲᠥᠰᠲᠡᠢ ᠰᠢᠨᠵᠢ ᠴᠢᠨᠠᠷ ᠠᠭᠤᠯᠵᠤ ᠪᠠᠶᠢᠳᠠᠭ᠃ ᠬᠥᠬᠥᠲᠡᠨ ᠠᠮᠢᠲᠠᠳ: -ᠪᠦᠭᠦᠳᠡ ᠰᠡᠭᠡᠷ ᠨᠢᠷᠤᠭᠤᠲᠠᠨ ᠨᠤᠭᠤᠳ (ᠡᠨᠡ ᠨᠢ ᠶᠠᠭᠤ ᠭᠡᠰᠡᠨ ᠦᠭᠡ ᠪᠤᠢ ᠭᠡᠪᠡᠯ ᠪᠦᠬᠦ ᠬᠥᠬᠥᠲᠡᠨ ᠠᠮᠢᠲᠠᠳ ᠨᠢᠷᠤᠭᠤᠨ ᠤ ᠶᠠᠰᠤᠲᠠᠢ ᠪᠠᠶᠢᠳᠠᠭ᠃) -ᠪᠦᠭᠦᠳᠡ ᠪᠡᠶ᠎ᠡ ᠡᠴᠡ ᠪᠡᠨ ᠳᠤᠯᠠᠭᠠᠨ ᠢᠯᠭᠠᠷᠠᠭᠤᠯᠤᠨ᠎ᠠ᠃ ᠡᠨᠡ ᠨᠢ ᠪᠦᠭᠦᠳᠡ 《ᠬᠠᠯᠠᠭᠤᠨ ᠴᠢᠰᠤ ᠲᠠᠢ》 ᠪᠥᠭᠡᠳ ᠴᠢᠰᠤᠨ ᠤ ᠡᠷᠭᠢᠯᠲᠡ ᠶᠢᠨ ᠲᠣᠭᠲᠠᠯᠴᠠᠭ᠎ᠠ ᠲᠠᠢ ᠪᠠᠶᠢᠳᠠᠭ ᠭᠡᠰᠡᠨ ᠦᠭᠡ ᠶᠤᠮ᠃ ᠡᠶᠢᠮᠦ ᠡᠴᠡ ᠬᠥᠬᠥᠲᠡᠨ ᠠᠮᠢᠲᠠᠳ ᠳᠡᠯᠡᠬᠡᠢ ᠶᠢᠨ ᠪᠠᠷᠤᠭ ᠶᠠᠮᠠᠷ ᠴᠤ ᠠᠭᠤᠷ ᠠᠮᠢᠰᠬᠤᠯ ᠲᠠᠢ ᠭᠠᠵᠠᠷ ᠠᠮᠢᠳᠤᠷᠠᠬᠤ ᠴᠢᠳᠠᠪᠤᠷᠢ ᠲᠠᠢ ᠪᠠᠶᠢᠳᠠᠭ ᠪᠠᠶᠢᠨ᠎ᠠ᠃ -ᠪᠦᠭᠦᠳᠡ ᠪᠡᠶᠡᠨ ᠦ ᠦᠰᠦ ᠲᠡᠢ ᠪᠠᠶᠢᠳᠠᠭ᠃ -ᠪᠦᠭᠦᠳᠡ ᠦᠷ᠎ᠡ ᠲᠥᠯ ᠢᠶᠡᠨ ᠰᠦ᠋ ᠍ ᠪᠡᠷ ᠢᠶᠡᠨ ᠬᠣᠭᠣᠯᠠᠯᠠᠳᠠᠭ᠃ ᠲᠡᠳᠡ ᠦᠷ᠎ᠡ ᠲᠥᠯ ᠲᠡᠢ ᠪᠡᠨ ᠢᠯᠡᠭᠦᠦ ᠶᠡᠬᠡ ᠴᠠᠭ ᠢ ᠥᠩᠭᠡᠷᠡᠭᠦᠯᠳᠡᠭ ᠪᠥᠭᠡᠳ ᠡᠨᠡ ᠨᠢ ᠦᠷ᠎ᠡ ᠲᠥᠯ ᠳᠦ ᠪᠡᠨ ᠠᠮᠢᠳᠤᠷᠠᠬᠤ ᠳᠤ ᠬᠠᠮᠤᠭ ᠤᠨ ᠴᠢᠬᠤᠯᠠ ᠴᠢᠳᠠᠪᠤᠷᠢ ᠨᠤᠭᠤᠳ ᠢ ᠵᠢᠭᠠᠵᠤ᠂ ᠰᠤᠷᠭᠠᠨ ᠦᠯᠡᠳᠡᠭᠡᠬᠦ ᠳᠦ ᠲᠤᠰᠠᠯᠠᠳᠠᠭ ᠪᠠᠶᠢᠨ᠎ᠠ᠃

ᠪᠢᠴᠢᠭᠡᠰᠦ