ᠬᠤᠷ᠎ᠠ ᠲᠤᠨᠤᠳᠠᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠶᠢᠭᠠᠯᠢ ᠶᠢᠨ ᠤᠰᠤᠨ ᠤ ᠡᠷᠭᠢᠯᠲᠡ

ᠬᠤᠷ᠎ᠠ ᠪᠤᠶᠤ ᠬᠤᠷ᠎ᠠ ᠲᠤᠨᠤᠳᠠᠰᠤ - ᠳᠡᠯᠡᠬᠡᠢ ᠳᠡᠭᠡᠷᠡᠬᠢ ᠤᠰᠤᠨ ᠤ ᠡᠷᠭᠢᠯᠲᠡ ᠶᠢᠨ ᠰᠢᠰᠲ᠋ᠧᠮ ᠦᠨ ᠲᠩᠷᠢ ᠡᠴᠡ ᠤᠰᠤ ᠪᠠᠭᠤᠵᠤ ᠢᠷᠡᠬᠦ ᠦᠵᠡᠭᠳᠡᠯ ᠢ ᠨᠡᠷᠡᠯᠡᠭᠰᠡᠨ ᠴᠠᠭ ᠠᠭᠠᠷ ᠰᠤᠳᠤᠯᠤᠯ ᠤᠨ ᠬᠡᠯᠡᠯᠭᠡ ᠪᠤᠯᠤᠨ᠎ᠡ᠃ ᠪᠣᠷᠣᠭ᠎ᠠᠴᠠᠰᠤ ᠵᠡᠷᠭᠡ ᠶᠢ ᠵᠢᠭᠠᠬᠤ ᠪᠥᠭᠡᠳ ᠮᠥᠨᠳᠥᠷ ᠮᠡᠲᠦ ᠶᠢᠨ ᠬᠠᠲᠠᠭᠤ ᠲᠥᠯᠥᠪ ᠲᠦ ᠣᠷᠣᠭᠰᠠᠨ ᠤᠰᠤ ᠶᠢ ᠴᠤ ᠮᠥᠨ ᠠᠭᠤᠯᠠᠨ᠎ᠠ᠃ ᠬᠤᠷ᠎ᠠ ᠲᠤᠨᠤᠳᠠᠰᠤᠨ ᠤ ᠦᠵᠡᠭᠳᠡᠯ  ᠦᠨ ᠦᠷ᠎ᠡ ᠳ᠋ᠦᠩ ᠳᠦ ᠤᠨᠠᠭᠰᠠᠨ ᠤᠰᠤᠨ ᠤ ᠬᠡᠮᠵᠢᠶ᠎ᠡ ᠶᠢ ᠬᠤᠷ᠎ᠠ ᠲᠤᠨᠳᠠᠰᠤᠨ ᠤ ᠬᠡᠮᠵᠢᠶ᠎ᠡ ᠬᠡᠮᠡᠨ ᠢᠯᠡᠷᠬᠡᠶᠢᠯᠡᠨ᠎ᠡ᠃

ᠬᠤᠷ᠎ᠠ ᠲᠤᠨᠤᠳᠠᠰᠤᠨ ᠤ ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠷᠣᠭ᠎ᠠᠰᠢᠪᠡᠷᠡᠭᠡ ᠪᠣᠷᠣᠭ᠎ᠠᠮᠥᠨᠳᠥᠷᠴᠠᠰᠤ ᠭᠡᠬᠦ ᠮᠡᠲᠦ᠃ ᠮᠠᠨᠠᠨᠪᠤᠳᠠᠩᠰᠢᠭᠦᠳᠡᠷᠢᠬᠢᠷᠠᠭᠤ ᠵᠡᠷᠭᠡ ᠨᠢ ᠬᠤᠷ᠎ᠠ ᠲᠤᠨᠳᠠᠰᠤ ᠳᠤ ᠲᠣᠭᠠᠴᠠᠭᠳᠠᠳᠠᠭ ᠦᠭᠡᠢ᠃

ᠬᠤᠷ᠎ᠠ ᠲᠤᠨᠤᠳᠠᠰᠤᠨ ᠤ ᠤᠷᠤᠬᠤ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠪᠣᠯᠤᠨ ᠨᠠᠭᠤᠷ᠂ ᠴᠥᠭᠦᠷᠦᠮ᠂ ᠡᠬᠡ ᠭᠠᠵᠠᠷ ᠠᠴᠠ ᠠᠭᠤᠷᠰᠢᠭᠰᠠᠨ ᠤᠰᠤ ᠠᠭᠠᠷ ᠲᠤ ᠳᠡᠭᠡᠭᠰᠢ ᠬᠥᠭᠡᠷᠦᠨ᠂ ᠲᠣᠯᠠᠭᠠᠨ ᠤ ᠬᠡᠮᠵᠢᠶ᠎ᠡ ᠨᠢ ᠲᠣᠳᠣᠷᠬᠠᠢ ᠬᠡᠮᠵᠢᠶᠡᠨ ᠳᠦ ᠬᠦᠷᠲᠡᠯ᠎ᠡ ᠪᠠᠭᠤᠷᠠᠬᠤ ᠳᠤ ᠡᠭᠦᠯᠡ ᠪᠣᠯᠤᠨ᠎ᠠ᠃ ᠡᠭᠦᠯᠡᠨ ᠡᠴᠡ ᠪᠣᠷᠣᠭ᠎ᠠ᠂ ᠴᠠᠰᠤ ᠵᠡᠷᠭᠡ ᠬᠡᠯᠪᠡᠷᠢ ᠳᠦ ᠣᠷᠣᠭᠰᠠᠨ ᠤᠰᠤ ᠳᠣᠭᠣᠭᠰᠢᠯᠠᠵᠤ᠂ ᠳᠡᠯᠡᠬᠡᠢ ᠶᠢᠨ ᠭᠠᠳᠠᠷᠭᠤ ᠤᠷᠤᠭᠤ ᠪᠤᠴᠠᠵᠤ ᠪᠠᠭᠤᠨ᠎ᠡ᠃

ᠡᠭᠦᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠯᠡ

ᠡᠭᠦᠯᠡ (ᠣᠯᠠᠨ ᠲᠣᠭ᠎ᠠ ᠡᠭᠦᠯᠡᠰ) ᠨᠢ ᠠᠭᠠᠷ ᠮᠠᠨᠳᠠᠯ ᠳᠤ ᠬᠥᠪᠪᠥᠬᠦ᠂ ᠤᠰᠤ ᠪᠣᠯᠤᠨ ᠮᠥᠰᠦᠨ ᠳᠤᠰᠤᠯ ᠤᠳ ᠤᠨ ᠨᠢᠳᠦᠨ ᠳᠦ ᠦᠵᠡᠭᠳᠡᠬᠦ ᠪᠥᠭᠡᠭᠡᠨᠡᠷᠡᠯ ᠶᠤᠮ᠃ ᠵᠥᠪᠬᠡᠨ ᠳᠡᠯᠡᠬᠡᠢ ᠶᠢᠨ ᠪᠦᠮᠪᠦᠷᠴᠡᠭ ᠪᠢᠰᠢ᠂ ᠰᠠᠨᠰᠠᠷ ᠣᠭᠲᠠᠷᠭᠤᠢ ᠳ᠋ᠡᠬᠢ ᠣᠳᠣ ᠡᠷᠬᠡᠰ ᠦᠨ ᠭᠠᠳᠠᠷᠭᠤ ᠳᠤ ᠬᠥᠪᠪᠥᠬᠦ ᠤᠰᠤ᠂ ᠮᠥᠰᠦᠨ ᠳᠤᠰᠤᠯ ᠤᠳ ᠢ ᠴᠤ ᠪᠠᠰᠠ ᠡᠭᠦᠯᠡ ᠭᠡᠨ᠎ᠡ᠃ ᠡᠭᠦᠯᠡ ᠶᠢ ᠰᠤᠳᠤᠯᠳᠠᠭ ᠴᠠᠭ ᠠᠭᠤᠷ ᠤᠨ ᠰᠢᠨᠵᠢᠯᠡᠬᠦ ᠤᠬᠠᠭᠠᠨ ᠤ ᠲᠤᠰᠬᠠᠢ ᠰᠠᠯᠪᠤᠷᠢ ᠤᠳ ᠪᠤᠢ᠃ ᠳᠡᠯᠡᠬᠡᠢ ᠳᠡᠭᠡᠷᠡᠬᠢ ᠳᠠᠯᠠᠢ ᠲᠡᠩᠭᠢᠰ᠂ ᠭᠣᠣᠯ ᠮᠥᠷᠡᠨ ᠦ ᠤᠰᠤ ᠠᠭᠤᠷᠰᠢᠨ ᠳᠡᠭᠳᠡᠬᠦ ᠪᠠ ᠬᠦᠢᠲᠡᠨ ᠤᠷᠴᠢᠨ ᠳᠤ ᠣᠴᠢᠭᠠᠳ ᠨᠢᠭᠡᠳᠦᠨ ᠤᠰᠤᠨ ᠳᠤᠰᠤᠯ ᠤᠳ ᠪᠠ ᠮᠥᠰᠦᠨ ᠲᠠᠯᠠᠰᠲᠤ ᠨᠤᠭᠤᠳ ᠡᠭᠦᠰᠬᠡᠨ᠎ᠡ᠃ ᠡᠳᠡᠭᠡᠷ 0.01 ᠮᠢᠯᠢᠮᠧᠲ᠋ᠷ ᠭᠣᠣᠯᠴᠢ ᠲᠠᠢ ᠳᠤᠰᠤᠯ ᠲᠠᠯᠠᠰᠲᠤ ᠨᠤᠭᠤᠳ ᠬᠡᠳᠦᠨ ᠳ᠋ᠦᠩᠰᠢᠭᠤᠷ ᠢᠶᠠᠷ ᠢᠶᠠᠨ ᠨᠡᠶᠢᠯᠡᠵᠦ ᠪᠠᠶᠢᠵᠤ ᠨᠢᠳᠦᠨ ᠳᠦ ᠬᠠᠷᠠᠭᠳᠠᠬᠤ ᠡᠭᠦᠯᠡ ᠪᠤᠢ ᠪᠣᠯᠭᠠᠳᠠᠭ ᠠᠵᠢ᠃ ᠡᠭᠦᠯᠡᠨ ᠦ ᠠᠩᠬᠢᠯᠠᠯ ᠡᠭᠦᠯᠡ ᠨᠢ ᠠᠭᠠᠷ ᠤᠨ ᠤᠷᠤᠰᠬᠠᠯ ᠤᠨ ᠬᠤᠷᠳᠤ ᠪᠣᠯᠤᠨ ᠵᠦᠭ ᠴᠢᠭ᠂ ᠤᠰᠤᠨ ᠤ ᠳᠤᠰᠤᠯ ᠤᠨ ᠬᠡᠮᠵᠢᠶ᠎ᠡ᠂ ᠬᠡᠷᠬᠢᠨ ᠪᠥᠭᠡᠭᠡᠨᠡᠷᠡᠵᠦ ᠴᠤᠭᠯᠠᠭᠰᠠᠨ ᠭᠡᠬᠦ ᠮᠡᠲᠦ ᠡᠴᠡ ᠰᠢᠯᠲᠠᠭᠠᠯᠠᠵᠤ ᠣᠯᠠᠨ ᠶᠠᠩᠵᠤ ᠶᠢᠨ ᠲᠥᠷᠥᠯ ᠪᠠᠶᠢᠨ᠎ᠠ᠃ ᠡᠭᠦᠯᠡ ᠶᠢ ᠬᠡᠳᠦᠢ ᠥᠨᠳᠥᠷ ᠲᠦ ᠪᠠᠶᠢᠭ᠎ᠠ ᠠᠴᠠ ᠰᠢᠯᠲᠠᠭᠠᠯᠠᠵᠤ ᠠᠩᠭᠢᠯᠠᠬᠤ ᠪᠠ ᠳᠡᠭᠡᠳᠦ ᠵᠠᠬ ᠠ ᠪᠢᠰᠢ ᠳᠤᠤᠷᠠᠳᠤ ᠰᠠᠭᠤᠷᠢ ᠪᠠᠷ ᠥᠨᠳᠥᠷ ᠢ ᠲᠣᠳᠣᠷᠬᠠᠶᠢᠯᠠᠨ᠎ᠠ᠃ ᠳᠠᠷᠠᠭᠠᠬᠢ ᠶᠡᠷᠦᠩᠬᠡᠢ 3 ᠲᠥᠷᠥᠯ ᠪᠠᠶᠢᠨ᠎ᠠ:

  • ᠪᠥᠭᠡᠮ ᠡᠭᠦᠯᠡᠰ- cumulus (ᠳᠤᠤᠷ ᠠ)
  • ᠳᠠᠪᠬᠤᠷᠯᠠᠭᠰᠠᠨ ᠡᠭᠦᠯᠡᠰ-stratus (ᠳᠤᠮᠳᠠᠴᠢ)
  • ᠰᠡᠮᠡᠵᠡᠨ ᠡᠭᠦᠯᠡᠰ-cirrus (ᠥᠨᠳᠥᠷ)

ᠪᠤᠷᠤᠭ᠎ ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠠᠳᠠᠷ ᠪᠣᠷᠣᠭ᠎ᠠ᠂ ᠠᠦ᠋ᠰᠲ᠋ᠷᠯᠢᠶ᠎ᠠ

ᠪᠣᠷᠣᠭ᠎ᠠ ᠨᠢ ᠬᠤᠷ᠎ᠠ ᠲᠤᠨᠤᠳᠠᠰᠤᠨ ᠤ ᠨᠢᠭᠡ ᠲᠥᠷᠥᠯ ᠪᠥᠭᠡᠳ ᠠᠭᠠᠷ ᠮᠠᠨᠳᠠᠯ ᠳ᠋ᠠᠬᠢ ᠤᠰᠤᠨ ᠤ ᠠᠭᠤᠷ ᠬᠦᠷᠦᠭᠡᠭᠳᠡᠨ ᠤᠰᠤᠨ ᠳᠤᠰᠤᠯ ᠪᠤᠯᠤᠨ ᠭᠠᠵᠠᠷ ᠤᠨ ᠭᠠᠳᠠᠷᠭᠤ ᠲᠤ ᠪᠠᠭᠤᠬᠤ ᠦᠵᠡᠭᠳᠡᠯ  ᠶᠤᠮ᠃ ᠪᠣᠷᠣᠭᠠᠨ ᠤ ᠪᠦᠬᠦ ᠳᠤᠰᠤᠯ ᠤᠳ ᠭᠠᠵᠠᠷ ᠤᠨ ᠭᠠᠳᠠᠷᠭᠤ ᠳᠤ ᠬᠦᠷᠳᠡᠭ ᠦᠭᠡᠢ ᠪᠥᠭᠡᠳ ᠵᠠᠷᠢᠮ ᠨᠢ ᠤᠨᠠᠬᠤ ᠶᠠᠪᠤᠴᠠ ᠳᠤ ᠪᠠᠨ ᠠᠭᠤᠷᠰᠢᠨ ᠤᠰᠤᠨ ᠤ ᠠᠭᠤᠷ ᠪᠣᠯᠤᠨ ᠬᠤᠪᠢᠷᠠᠬᠤ ᠪᠠ ᠬᠠᠯᠠᠭᠤᠨ᠂ ᠬᠠᠭᠤᠷᠠᠢ ᠴᠥᠯ ᠳᠦ ᠪᠣᠷᠣᠭᠠᠨ ᠤ ᠪᠦᠬᠦ ᠳᠤᠰᠤᠯ ᠤᠳ ᠭᠠᠵᠠᠷ ᠲᠤ ᠬᠦᠷᠴᠦ ᠠᠮᠵᠢᠯ ᠦᠭᠡᠢ ᠠᠭᠤᠷᠰᠢᠬᠤ ᠨᠢ ᠴᠤ ᠪᠤᠢ᠃

ᠰᠢᠨᠵᠢ ᠴᠢᠨᠠᠷ

ᠪᠣᠷᠣᠭ᠎ᠠ
ᠪᠣᠷᠣᠭᠠᠨ ᠤ ᠳᠤᠰᠤᠯ ᠤᠳ᠂ ᠡᠨᠡᠳᠬᠡᠭᠺᠠᠯᠦᠺᠠᠲ᠋ᠠ ᠬᠣᠲᠠ

ᠪᠣᠷᠣᠭᠠᠨ ᠤ ᠵᠢᠵᠢᠭ ᠳᠤᠰᠤᠯ ᠤᠳ ᠨᠢ ᠪᠥᠮᠪᠥᠭᠡᠯᠢᠭ ᠬᠡᠯᠪᠡᠷᠢ ᠲᠡᠢ ᠪᠠᠶᠢᠬᠤ ᠪᠠ ᠳᠤᠰᠤᠯ ᠤᠨ ᠬᠡᠮᠵᠢᠶ᠎ᠡ ᠲᠣᠮᠣᠷᠠᠬᠤ ᠳᠤ ᠤᠭ ᠳᠤᠰᠤᠯ ᠤᠨ (ᠪᠥᠮᠪᠥᠭᠡᠯᠢᠭ ᠦᠨ) ᠳᠣᠣᠷᠠᠳᠤ ᠲᠠᠯ᠎ᠠ ᠨᠢ ᠬᠠᠪᠲᠠᠭᠠᠢ᠂ ᠳᠡᠭᠡᠳᠦ ᠲᠠᠯ᠎ᠠ ᠨᠢ ᠪᠥᠮᠪᠥᠭᠡᠷ ᠬᠡᠯᠪᠡᠷᠢ ᠲᠡᠢ᠂ ᠪᠦᠷ ᠲᠣᠮᠣ ᠬᠡᠮᠵᠢᠶᠡᠨ ᠦ ᠳᠤᠰᠤᠯ ᠤᠳ ᠰᠢᠬᠦᠷ ᠬᠡᠯᠪᠡᠷᠢᠲᠡᠢ ᠪᠣᠯᠤᠨ᠎ᠠ[1]᠃ ᠪᠣᠷᠣᠭᠠᠨ ᠤ ᠳᠤᠰᠤᠯ ᠤᠨ ᠬᠡᠯᠪᠡᠷᠢ ᠶᠢ ᠹᠢᠯᠢᠫᠫ ᠯᠧᠨᠤᠷᠠᠳ 1898 ᠣᠨ ᠳᠤ ᠰᠤᠳᠤᠯᠵᠤ᠂ 2 ᠮᠢᠯᠢᠮᠸᠲ᠋ᠷ ᠍ ᠡᠴᠡ ᠪᠠᠭ᠎ᠠ ᠬᠡᠮᠵᠢᠶ᠎ᠡ ᠲᠡᠢ ᠳᠤᠰᠤᠯ ᠤᠳ ᠪᠥᠮᠪᠥᠯᠢᠭ᠂ 5 ᠮᠢᠯᠢᠮᠸᠲ᠋ᠷ ᠳ᠋ᠢᠶᠠᠮᠧᠲ᠋ᠷ ᠣᠷᠴᠢᠮ ᠨᠢ ᠬᠥᠭᠡᠰᠦᠨ ᠪᠣᠣᠪᠣ ᠬᠡᠯᠪᠡᠷᠢ ᠲᠡᠢ᠂ 5 ᠮᠢᠯᠢᠮᠸᠲ᠋ᠷ ᠍ ᠡᠴᠡ ᠳᠡᠭᠡᠭᠰᠢ ᠬᠡᠮᠵᠢᠶ᠎ᠡ ᠲᠡᠢ ᠨᠢ ᠲᠣᠭᠲᠠᠪᠤᠷᠢ ᠦᠭᠡᠢ ᠪᠣᠯᠳᠠᠭ ᠢ ᠲᠣᠭᠲᠠᠭᠠᠭᠰᠠᠨ ᠪᠠᠶᠢᠨ᠎ᠠ᠃ ᠪᠣᠷᠣᠭᠠᠨ ᠤ ᠳᠤᠰᠤᠯ ᠤᠳ ᠳᠤᠮᠳᠠᠴᠢ ᠪᠠᠷ 1 - 2 ᠮᠢᠯᠢᠮᠧᠲ᠋ᠷ ᠬᠡᠮᠵᠢᠶ᠎ᠡ ᠲᠡᠢ ᠪᠠᠶᠢᠨ᠎ᠠ᠃ ᠳᠡᠯᠡᠬᠡᠢ ᠳᠡᠭᠡᠷ᠎ᠡ ᠬᠠᠮᠤᠭ ᠤᠨ ᠲᠣᠮᠣ ᠪᠣᠷᠣᠭᠠᠨ ᠤ ᠳᠤᠰᠤᠯ 2004 ᠣᠨ ᠳᠤ ᠪᠷᠠᠽᠢᠯ ᠪᠠ ᠮᠠᠷᠱᠠᠯ ᠤᠨ ᠠᠷᠠᠯ ᠳᠡᠭᠡᠷ᠎ᠡ ᠣᠷᠣᠭᠰᠠᠨ ᠪᠣᠷᠣᠭᠠᠨ ᠤ ᠦᠶ᠎ᠡ ᠳᠦ ᠲᠡᠮᠳᠡᠭᠯᠡᠭᠳᠡᠭᠰᠡᠨ ᠪᠠ ᠳᠤᠰᠤᠯ ᠤᠨ ᠬᠡᠮᠵᠢᠶ᠎ᠡ 10 ᠮᠢᠯᠢᠮᠧᠲ᠋ᠷ ᠡᠴᠡ ᠳᠠᠪᠠᠭᠰᠠᠨ ᠪᠠᠶᠢᠨ᠎ᠠ᠃ ᠪᠣᠷᠣᠭᠠᠨ ᠤ ᠳᠤᠰᠤᠯ ᠤᠳ ᠤᠨ ᠤᠨᠠᠬᠤ ᠬᠤᠷᠳᠤ ᠨᠢ ᠳᠤᠰᠤᠯ ᠤᠨ ᠬᠡᠮᠵᠢᠶᠡᠨ ᠡᠴᠡ ᠬᠠᠮᠢᠶᠠᠷᠬᠤ ᠪᠠ ᠳᠠᠯᠠᠢ ᠶᠢᠨ ᠲᠦᠪᠰᠢᠨ ᠲᠡᠢ ᠲᠡᠩᠴᠡᠭᠦᠦ ᠥᠨᠳᠦᠷ ᠲᠦ᠂ ᠰᠠᠯᠬᠢᠦᠭᠡᠢ ᠲᠣᠬᠢᠶᠠᠯᠳᠤᠯ ᠳᠤ 0.5 ᠮᠢᠯᠢᠮᠧᠲ᠋ᠷ ᠳ᠋ᠢᠶᠠᠮᠧᠲ᠋ᠷ ᠲᠡᠢ ᠳᠤᠰᠤᠯ 2 ᠮᠸᠲ᠋ᠷ/ᠰᠧᠺᠦᠨᠲ ᠬᠤᠷᠳᠤ ᠲᠠᠢ ᠪᠠᠷ᠂ ᠬᠠᠷᠢᠨ 5 ᠮᠢᠯᠢᠮᠸᠲ᠋ᠷ ᠬᠡᠮᠵᠢᠶ᠎ᠡ ᠲᠡᠢ ᠳᠤᠰᠤᠯ 9 ᠮᠸᠲ᠋ᠷ/ᠰᠧᠺᠦᠨᠲ ᠬᠤᠷᠳᠤ ᠲᠠᠢ ᠪᠠᠷ ᠤᠨᠠᠨ᠎ᠠ[2]᠃ ᠶᠡᠬᠡᠩᠬᠢ ᠲᠣᠬᠢᠶᠠᠯᠳᠤᠯ ᠳᠤ ᠪᠣᠷᠣᠭᠠᠨ ᠤ ᠤᠰᠤᠨ ᠤ pH ᠨᠢ 6 ᠣᠷᠴᠢᠮ ᠪᠠᠶᠢᠨ᠎ᠠ᠃ ᠡᠨᠡ ᠨᠢ ᠠᠭᠠᠷ ᠳ᠋ᠠᠬᠢ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ pH ᠍ ᠦᠨ ᠬᠡᠮᠵᠢᠶ᠎ᠡ ᠶᠢ ᠪᠠᠭᠤᠷᠠᠭᠤᠯᠤᠨ᠎ᠠ᠃ pH ᠍ ᠦᠨ ᠬᠡᠮᠵᠢᠶ᠎ᠡ 5.6 ᠍ ᠠᠴᠠ ᠪᠠᠭ᠎ᠠ ᠲᠣᠬᠢᠶᠠᠯᠳᠤᠯ ᠳᠤ ᠬᠦᠴᠢᠯᠯᠢᠭ ᠪᠣᠷᠣᠭ᠎ᠠ ᠭᠡᠵᠦ ᠨᠡᠷᠡᠯᠡᠨ᠎ᠡ᠃

ᠬᠦᠴᠢᠯᠯᠢᠭ ᠪᠤᠷᠤᠭᠠᠨ

ᠬᠦᠴᠢᠯᠯᠢᠭ ᠪᠣᠷᠣᠭ᠎ᠠ

ᠬᠦᠴᠢᠯᠯᠢᠭ ᠪᠣᠷᠣᠭ᠎ᠠ (ᠬᠦᠴᠢᠯ ᠦᠨ ᠪᠣᠷᠣᠭ᠎ᠠ)ᠪᠤᠶᠤ ᠬᠦᠴᠢᠯᠯᠢᠭ ᠲᠤᠨᠤᠳᠠᠰᠤ[3] ᠭᠡᠳᠡᠭ ᠲᠦ pH ᠍ ᠤᠨ ᠬᠡᠮᠵᠢᠶ᠎ᠡ ᠮᠠᠰᠢ ᠪᠠᠭ᠎ᠠ ᠲᠠᠢ[4] ᠪᠣᠷᠣᠭ᠎ᠠᠴᠠᠰᠤᠰᠢᠭᠦᠳᠡᠷᠢᠠᠭᠠᠷ ᠮᠠᠨᠳᠠᠯ ᠳᠤ ᠠᠭᠤᠯᠤᠭᠳᠠᠬᠤ ᠬᠠᠭᠤᠷᠠᠢ ᠲᠣᠭᠣᠰᠣᠨᠴᠢᠷ ᠢ ᠪᠠᠭᠲᠠᠭᠠᠨ ᠣᠶᠢᠯᠠᠭᠠᠨ᠎ᠠ᠃ ᠥᠭᠡᠷ᠎ᠡ ᠪᠡᠷ ᠬᠡᠯᠡᠪᠡᠯ ᠬᠦᠬᠦᠷᠠᠽᠣᠲ ᠤᠨ ᠳᠠᠪᠬᠤᠷ ᠢᠰᠦᠯ ᠠᠭᠠᠷ ᠮᠠᠨᠳᠠᠯ ᠳᠤ ᠳᠡᠭᠳᠡᠨ᠂ ᠤᠰᠤᠨ ᠤ ᠠᠭᠤᠷ ᠲᠤ ᠠᠭᠤᠰᠴᠤ᠂ ᠤᠯᠠᠮ ᠢᠶᠠᠷ ᠲᠤᠨᠤᠳᠠᠰᠤᠵᠢᠨ᠂ᠬᠤᠷ᠎ᠠ ᠲᠤᠨᠤᠳᠠᠰᠤ ᠪᠣᠯᠤᠨ ᠭᠠᠵᠠᠷ ᠤᠨ ᠬᠥᠷᠦᠰᠦᠨ ᠳᠦ ᠪᠠᠭᠤᠬᠤ ᠦᠵᠡᠭᠳᠠᠯ ᠢ ᠬᠡᠯᠡᠨ᠎ᠡ᠃ ᠡᠨᠡ ᠨᠢ ᠬᠥᠷᠦᠰᠦ᠂ ᠤᠷᠤᠰᠬᠠᠯ ᠪᠣᠯᠤᠨ ᠲᠣᠭᠲᠠᠮᠠᠯ ᠤᠰᠤᠨ ᠤ pH ᠍ ᠤᠨ ᠬᠡᠮᠵᠢᠶ᠎ᠡ ᠶᠢ ᠪᠠᠭᠤᠷᠠᠭᠤᠯᠬᠤ[5] ᠪᠠ ᠲᠤᠨᠤᠮᠠᠯ ᠴᠢᠯᠠᠭᠤᠯᠢᠭᠪᠠᠷᠢᠯᠭ᠎ᠠ ᠶᠢᠨ ᠮᠠᠲ᠋ᠧᠷᠢᠶᠠᠯ ᠤᠨ ᠥᠭᠢᠷᠡᠰᠢᠯ ᠢ ᠨᠡᠮᠡᠭᠳᠡᠭᠦᠯᠦᠨ᠂ ᠣᠢ ᠮᠣᠳᠣᠤᠰᠤᠨ ᠳ᠋ᠠᠬᠢ ᠠᠮᠢᠲᠠᠨᠤᠷᠭᠤᠮᠠᠯ ᠳᠤ ᠶᠡᠬᠡ ᠬᠡᠮᠵᠢᠶᠡᠨ ᠦ ᠰᠥᠷᠭᠦ ᠨᠥᠯᠥᠭᠡ ᠦᠵᠡᠭᠦᠯᠦᠨ᠎ᠡ᠃

ᠴᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠷᠢᠯ ᠤᠨ ᠥᠭᠡᠷᠡᠴᠢᠯᠡᠯᠲᠡ ᠪᠡᠷ ᠴᠠᠰᠤᠨ ᠪᠦᠷᠬᠦᠭᠦᠯ ᠥᠭᠡᠷᠡᠴᠢᠯᠡᠭᠳᠡᠬᠦ ᠨᠢ

ᠠᠭᠠᠷ ᠤᠨ ᠳᠤᠯᠠᠭᠠᠨ 0°C ᠍ ᠡᠴᠡ ᠳᠣᠭᠣᠭᠰᠢᠯᠠᠭᠰᠠᠨ ᠦᠶ᠎ᠡ ᠳᠦ ᠠᠭᠠᠷ ᠮᠠᠨᠳᠠᠯ ᠳᠤ ᠳᠡᠭᠳᠡᠵᠦ ᠪᠠᠶᠢᠭᠰᠠᠨ ᠤᠰᠤᠨ ᠤ ᠠᠭᠤᠷ ᠵᠢᠵᠢᠭ ᠮᠥᠰᠦᠨ ᠲᠠᠯᠠᠰᠲᠤ ᠪᠣᠯᠤᠨ ᠭᠠᠵᠠᠷ ᠲᠤ ᠬᠤᠴᠠᠨ ᠪᠠᠭᠤᠳᠠᠭ ᠬᠤᠷ᠎ᠠᠪᠤᠯᠤᠨ᠎ ᠠ᠃ ᠴᠠᠰᠤᠨ ᠰᠢᠷᠬᠡᠭ ᠨᠢ ᠭᠠᠳᠠᠨ᠎ᠠ ᠶᠢᠨ ᠥᠨᠳᠥᠷ ᠳᠠᠷᠤᠯᠲᠠ ᠍ ᠤᠨ ᠨᠥᠯᠦᠭᠡ ᠦᠭᠡᠢ ᠤᠴᠢᠷ ᠡᠴᠡ ᠵᠥᠭᠡᠯᠡᠨ ᠪᠠᠶᠢᠨ᠎ᠠ᠃

ᠴᠠᠰᠤᠨ ᠰᠢᠷᠬᠡᠭ ᠴᠠᠰᠤᠨ ᠰᠢᠷᠬᠡᠭ ᠨᠢ ᠠᠭᠠᠷ ᠮᠠᠨᠳᠠᠯ ᠳᠤ ᠡᠭᠦᠯᠡ ᠡᠴᠡ ᠡᠭᠦᠰᠦᠭᠰᠡᠨ ᠮᠥᠰᠦᠨ ᠦ ᠲᠠᠯᠠᠰᠲᠤ  ᠤᠳ ᠪᠣᠯᠤᠨ᠎ᠠ᠃ ᠲᠣᠮᠣ ᠬᠡᠮᠵᠢᠶ᠎ᠡ ᠲᠡᠢ᠂ ᠰᠠᠶᠢᠨ ᠲᠠᠯᠠᠰᠵᠢᠭᠰᠠᠨ ᠴᠠᠰᠤᠨ ᠰᠢᠷᠬᠡᠭ ᠦᠳ ᠨᠢ ᠬᠠᠪᠲᠠᠭᠠᠢ᠂ ᠣᠶᠢᠷᠠᠯᠴᠠᠭ᠎ᠠ ᠪᠠᠷ ᠲᠡᠭᠰᠢ ᠬᠡᠮᠲᠦ 6 ᠲᠠᠯ᠎ᠠ ᠲᠠᠢ ᠪᠠᠶᠢᠨ᠎ᠠ᠃ ᠬᠣᠪᠣᠷᠬᠠᠨ ᠲᠣᠬᠢᠶᠠᠯᠳᠤᠯ ᠳᠤ᠂ -2 °C ᠬᠦᠢᠲᠡᠨ ᠳᠤ 3 ᠲᠠᠯᠠᠳᠤ ᠴᠠᠰᠤᠨ ᠰᠢᠷᠬᠡᠭ ᠦᠳ ᠡᠭᠦᠰᠴᠦ ᠪᠣᠯᠤᠨ᠎ᠠ᠃ [6]᠃ ᠭᠡᠬᠦ ᠳᠦ ᠪᠡᠨ ᠴᠠᠰᠤᠨ ᠰᠢᠷᠬᠡᠭ ᠦᠨ ᠬᠡᠯᠪᠡᠷᠢ ᠳᠦ᠂ ᠤᠭ ᠲᠠᠯᠠᠰᠲᠤ ᠶᠢ ᠡᠭᠦᠰᠬᠦ ᠦᠶ᠎ᠡ ᠶᠢᠨ ᠲᠣᠯᠠᠭᠠᠨ ᠤ ᠬᠡᠮᠵᠢᠶ᠎ᠡ᠂ ᠴᠢᠭᠢᠭᠰᠢᠯᠲᠡ ᠴᠢᠬᠤᠯᠠ ᠨᠥᠯᠥᠭᠡ ᠲᠡᠢ ᠲᠤᠯᠠ ᠶᠡᠬᠡᠩᠬᠢ ᠲᠣᠬᠢᠶᠠᠯᠳᠤᠯ ᠳᠤ ᠴᠠᠰᠤᠨ ᠰᠢᠷᠬᠡᠭ ᠦᠳ ᠨᠢ ᠵᠥᠪ ᠪᠤᠰᠤ ᠬᠡᠯᠪᠡᠷᠢ ᠲᠡᠢ ᠪᠠᠶᠢᠳᠠᠭ᠃ ᠮᠥᠨ ᠪᠠᠭᠠᠨᠠᠯᠢᠭ᠂ ᠱᠦᠪᠦᠭᠯᠢᠭ᠂ ᠬᠠᠪᠲᠠᠭᠠᠢ ᠬᠡᠯᠪᠡᠷᠢ ᠲᠡᠢ ᠰᠢᠷᠬᠡᠭ ᠦᠳ ᠪᠠᠶᠢᠨ᠎ᠠ᠃

6 ᠲᠠᠯ᠎ᠠ ᠳᠤ ᠰᠢᠷᠬᠡᠭ ᠦᠳ 0 °C ᠍ ᠡᠴᠡ -3 °C ᠍ ᠳᠦ᠂ ᠱᠦᠪᠦᠭᠯᠢᠭ ᠪᠣᠯᠤᠨ ᠪᠠᠭᠠᠨᠠᠯᠢᠭ ᠬᠡᠯᠪᠡᠷᠢ ᠲᠡᠢ ᠰᠢᠷᠬᠡᠭ ᠦᠳ -5 °C ᠍ ᠠᠴᠠ -10 °C ᠍ ᠳᠦ᠂ ᠢᠯᠡᠭᠦᠦ ᠬᠦᠢᠲᠡᠨ ᠲᠣᠯᠠᠭᠠᠨ ᠤ ᠬᠡᠮᠵᠢᠶ᠎ᠡ ᠲᠦ (-10 °C ᠍ ᠠᠴᠠ -22 °C) ᠳᠠᠬᠢᠨ 6 ᠲᠠᠯᠠᠳᠤ ᠰᠢᠷᠬᠡᠭ ᠦᠳ ᠡᠭᠦᠰᠦᠨ᠎ᠡ᠃

ᠴᠠᠰᠤᠨ ᠰᠢᠷᠬᠡᠭ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://www.ems.psu.edu/~fraser/Bad/BadRain.html
  2. http://www.wonderquest.com/falling-raindrops.htm
  3. (USGS)
  4. Brimblecombe, P (1996). Air Composition and Chemistry. Cambridge University Press. ISBN
  5. http://www.epa.gov/region1/eco/acidrain/intro.html
  6. http://www.its.caltech.edu/~atomic/snowcrystals/class/class.htm

ᠪᠢᠴᠢᠭᠡᠰᠦ