ᠬᠤᠵᠢᠷᠲᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa uvurkhangay aymag.png ᠥᠪᠦᠷᠬᠠᠩᠭᠠᠢ ᠠᠶᠢᠮᠠᠭ ᠤᠨ
ᠬᠤᠵᠢᠷᠲᠤ ᠰᠤᠮᠤ
ᠤᠯᠠᠪᠢᠷ ᠰᠢᠷ᠎ᠠ ᠨᠢ ᠠᠷᠪᠠᠶᠢᠬᠦ ᠪᠡᠷ᠂ ᠶᠠᠭᠠᠨ ᠨᠢ ᠬᠤᠵᠢᠷᠲᠤ
1,718 ᠺᠦᠸᠠᠳ᠋ ᠺᠢᠯᠣᠮᠧᠲ᠋ᠷ (18/19) ᠭᠠᠵᠠᠷ ᠨᠤᠲᠤᠭ ᠲᠤ
2011 ᠣᠨ ᠳᠤ 1,887 ᠡᠷᠦᠬᠡ ᠶᠢᠨ (5/19)
6,734 ᠬᠦᠮᠦᠨ (5/19) ᠣᠷᠣᠰᠢᠨ ᠰᠠᠭᠤᠵᠤ ᠪᠠᠶᠢᠪᠠ᠃[1]
ᠳᠣᠲᠣᠷ᠎ᠠ ᠪᠠᠨ ᠥᠪᠥᠷ ᠮᠣᠳᠣᠳ᠂ ᠠᠭᠤᠵᠢᠮ᠂ ᠪᠡᠷᠬᠡ᠂ ᠰᠢᠪᠡᠭᠡᠲᠦ᠂ ᠰᠢᠩᠬᠤᠯᠠᠢ ᠭᠡᠬᠦ ᠲᠠᠪᠤᠨ ᠪᠠᠭ ᠲᠠᠢ.
2011 ᠣᠨ ᠤ ᠲᠥᠰᠥᠪ ᠲᠦ 183 ᠰᠠᠶ᠋ᠢ ₮ (4/19) ᠣᠷᠣᠭᠤᠯᠵᠤ᠂
ᠮᠥᠨ ᠣᠨᠳᠣᠣ 1,525 ᠰᠠᠶ᠋ᠢ ₮ (4/19) ᠵᠠᠷᠤᠵᠠᠢ᠃[1]
2011 ᠣᠨ ᠤ 120,366 ᠲᠣᠯᠣᠭᠠᠢ ᠮᠠᠯ (9/19) ᠨᠢ
ᠨᠢᠭᠡ ᠬᠦᠨᠳᠦ ᠨᠣᠭᠳᠠᠪᠠᠯ 17.9 (_/19) ᠪᠣᠯᠤᠨ᠎ᠠ᠃[1]
ᠡᠭᠦᠰᠬᠡᠨ ᠪᠠᠶᠢᠭᠤᠯᠤᠭᠳᠠᠭᠰᠠᠨ 1934 ᠣᠨ
ᠡᠷᠭᠢᠨ ᠲᠣᠭᠣᠷᠢᠨ ᠳᠤ ᠪᠠᠨ ᠥᠪᠦᠷᠬᠠᠩᠭᠠᠢ ᠠᠶᠢᠮᠠᠭ ᠤᠨ ᠬᠠᠷᠠᠬᠣᠷᠢᠨᠶᠢᠰᠦᠨ ᠵᠦᠢᠯᠥᠯᠵᠡᠶᠢᠲᠦᠵᠡᠭᠦᠨ ᠪᠠᠶᠠᠨ-ᠤᠯᠠᠭᠠᠨᠪᠠᠲᠤ-ᠥᠯᠵᠡᠢ᠂ ᠠᠷᠤᠬᠠᠩᠭᠠᠢ ᠠᠶᠢᠮᠠᠭ ᠤᠨ ᠬᠣᠲᠠᠨ ᠳᠤ ᠭᠡᠰᠡᠨ ᠵᠢᠷᠭᠤᠭᠠᠨ ᠰᠤᠮᠤ ᠪᠠᠷ ᠬᠦᠷᠢᠶᠡᠯᠡᠭᠳᠡᠳᠡᠭ᠃

ᠬᠤᠵᠢᠷᠲᠤ ᠨᠢ ᠥᠪᠦᠷᠬᠠᠩᠭᠠᠢ ᠠᠶᠢᠮᠠᠭ ᠤᠨ ᠰᠤᠮᠤ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠵᠢᠷᠲᠤ ᠰᠤᠮᠤ ᠨᠢ ᠠᠩᠬ᠎ᠠ ᠢᠯᠳᠦᠨ ᠪᠡᠶᠢᠯᠡ ᠶᠢᠨ ᠬᠣᠰᠢᠭᠤᠨ ᠤ ᠬᠡᠰᠡᠭ ᠪᠠᠶᠢᠴᠠᠢ᠃ 1725 ᠣᠨ ᠳᠤ ᠲᠦᠰᠢᠶᠡᠲᠦ ᠬᠠᠨ ᠠᠶᠢᠮᠠᠭ ᠠᠴᠠ 19 ᠬᠣᠰᠢᠭᠤ ᠲᠠᠰᠤᠯᠤᠨ ᠰᠠᠶᠢᠨ ᠨᠣᠶᠠᠨ ᠬᠠᠨ ᠠᠶᠢᠮᠠᠭ ᠢ ᠪᠠᠶᠢᠭᠤᠯᠬᠤ ᠳᠤ ᠰᠠᠶᠢᠨ ᠨᠣᠶᠠᠨ ᠬᠠᠨ ᠠᠶᠢᠮᠠᠭ ᠤᠨ ᠬᠠᠷᠢᠶᠠᠨ ᠳᠤ ᠣᠷᠣᠵᠤ ᠬᠤᠵᠢᠷᠲᠤ ᠠᠭᠢ ᠰᠤᠮᠤ ᠡᠭᠦᠰᠴᠡᠢ᠃

1931 ᠣᠨ ᠳᠤ ᠬᠠᠯᠠᠭᠤᠨ-ᠤᠰᠤ ᠰᠤᠮᠤ ᠨᠡᠷ᠎ᠡ ᠲᠡᠢ ᠪᠡᠷ ᠠᠷᠤᠬᠠᠩᠭᠠᠢ ᠠᠶᠢᠮᠠᠭ ᠤᠨ ᠬᠠᠷᠢᠶᠠᠨ ᠳᠤ ᠪᠠᠶᠢᠭᠤᠯᠤᠭᠳᠠᠭᠠᠳ 1934 ᠣᠨ ᠤ 5 ᠰᠠᠷ᠎ᠠ ᠳᠤ ᠥᠪᠦᠷᠬᠠᠩᠭᠠᠢ ᠠᠶᠢᠮᠠᠭ ᠲᠤ ᠰᠢᠯᠵᠢᠨ 5 ᠪᠠᠭ᠂ 575 ᠡᠷᠦᠬᠡ᠂ 2281 ᠬᠦᠮᠦᠨ ᠠᠮᠠ᠂ 53725 ᠲᠣᠯᠣᠭᠠᠢ ᠮᠠᠯ ᠲᠠᠢ ᠬᠤᠵᠢᠷᠲᠤ ᠰᠤᠮᠤ ᠨᠡᠷ᠎ᠡ ᠲᠡᠢ ᠪᠠᠶᠢᠭᠤᠯᠤᠭᠳᠠᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠵᠢᠷᠲᠤ ᠰᠤᠮᠤ ᠨᠢ ᠪᠠᠲᠤ-ᠥᠯᠵᠡᠢᠬᠠᠷᠠᠬᠣᠷᠢᠨᠶᠢᠰᠦᠨ ᠵᠦᠢᠯᠥᠯᠵᠡᠶᠢᠲᠦᠵᠡᠭᠦᠨ ᠪᠠᠶᠠᠨ-ᠤᠯᠠᠭᠠᠨ᠂ ᠠᠷᠤᠬᠠᠩᠭᠠᠢ ᠠᠶᠢᠮᠠᠭ ᠤᠨ ᠬᠣᠲᠠᠨ ᠳᠤ ᠰᠤᠮᠤᠲᠠᠢ ᠬᠢᠯᠢᠯᠡᠬᠦ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 1700-2360 ᠮ ᠡᠷᠭᠦᠭᠳᠡᠭᠰᠡᠨ ᠣᠶᠢᠲᠤ ᠬᠡᠭᠡᠷ᠎ᠡ ᠶᠢᠨ ᠪᠥᠰᠡ ᠳᠦ ᠪᠠᠭᠠᠳᠬᠤ 171.78 ᠮᠢᠩᠭᠠᠨ ᠭᠠ ᠲᠠᠯᠠᠪᠠᠢ ᠲᠠᠢ᠃ ᠡᠭᠦᠨ ᠦ ᠳᠣᠲᠣᠷ᠎ᠠ ᠠᠴᠠ 15030 ᠭᠠ ᠣᠢ ᠮᠣᠳᠣ᠂ 1175 ᠭᠠ ᠬᠠᠳᠤᠯᠠᠩ᠂ ᠲᠠᠷᠢᠶᠠᠯᠠᠩ ᠤᠨ ᠲᠠᠯᠠᠪᠠᠢ ᠲᠠᠢ ᠶᠤᠮ᠃ ᠰᠤᠮᠤ ᠶᠢᠨ ᠲᠥᠪ ᠨᠢ ᠤᠯᠠᠭᠠᠨᠪᠠᠭᠠᠲᠤᠷ ᠬᠣᠲᠠ ᠠᠴᠠ 390 ᠺᠢᠯᠣᠮᠧᠲ᠋ᠷ᠂ ᠠᠶᠢᠮᠠᠭ ᠤᠨ ᠲᠥᠪ ᠠᠷᠪᠠᠶᠢᠬᠦ ᠪᠡᠷᠬᠣᠲᠠ ᠠᠴᠠ 90 ᠺᠢᠯᠣᠮᠧᠲ᠋ᠷ ᠵᠠᠶᠢᠲᠠᠢ ᠣᠷᠣᠰᠢᠳᠠᠭ᠃

ᠰᠢᠩᠬᠤᠯᠠᠢ᠂ ᠭᠤᠸ᠎ᠠ᠂ ᠰᠢᠪᠡᠭᠡᠲᠦ᠂ ᠥᠨᠳᠥᠷ-ᠰᠠᠩ ᠳᠤ ᠵᠡᠷᠭᠡ ᠠᠭᠤᠯᠠ ᠨᠢᠷᠤᠭᠤ᠂ ᠣᠷᠬᠣᠨᠬᠤᠵᠢᠷᠲᠤ᠂ ᠲᠡᠭᠡᠯᠢ ᠵᠡᠷᠭᠡ ᠭᠣᠣᠯ ᠤᠳ᠂ ᠣᠯᠠᠨ ᠪᠦᠷᠢ ᠳᠦ᠂ ᠬᠠᠷ᠎ᠠ ᠪᠦᠷᠢ ᠳᠦ᠂ ᠪᠥᠭᠡᠷᠡᠭ ᠵᠡᠷᠭᠡ ᠨᠠᠭᠤᠷ ᠲᠠᠢ᠃

ᠬᠤᠵᠢᠷᠲᠤ ᠰᠤᠮᠤ ᠶᠢᠨ ᠲᠥᠪ ᠲᠦ 39-60 ᠬᠡᠮ ᠦᠨ ᠬᠠᠯᠠᠭᠤᠨ ᠷᠠᠰᠢᠶᠠᠨ ᠲᠠᠢ᠃ ᠡᠭᠦᠨ ᠳᠦ ᠲᠦᠰᠢᠭᠯᠡᠵᠦ ᠬᠤᠵᠢᠷᠲᠤ ᠶᠢᠨ ᠷᠠᠰᠢᠶᠠᠨ ᠰᠤᠪᠢᠯᠠᠯ 1939 ᠣᠨ ᠠᠴᠠ ᠡᠬᠢᠯᠡᠨ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ ᠡᠨᠡᠬᠦ ᠷᠠᠰᠢᠶᠠᠨ ᠰᠤᠪᠢᠯᠠᠯ ᠨᠢ ᠮᠣᠩᠭᠣᠯ ᠤᠯᠤᠰ ᠤᠨ ᠬᠡᠮᠵᠢᠶᠡᠨ ᠳᠦ ᠦᠢᠯᠡ ᠠᠵᠢᠯᠯᠠᠭ᠎ᠠ ᠶᠠᠪᠤᠭᠤᠯᠳᠠᠭ ᠲᠣᠮᠣᠬᠠᠨ ᠡᠷᠡᠭᠦᠯ ᠮᠡᠨᠳᠦ ᠶᠢᠨ ᠪᠠᠶᠢᠭᠤᠯᠤᠯᠭ᠎ᠠ ᠶᠤᠮ᠃ ᠰᠣᠴᠢᠶᠠᠯᠢᠮ ᠤᠨ ᠦᠶ᠎ᠡ ᠳᠦ ᠬᠤᠵᠢᠷᠲᠤ ᠰᠤᠮᠤ ᠨᠢ ᠮᠣᠩᠭᠣᠯ ᠤᠯᠤᠰ ᠤᠨ ᠠᠶᠠᠯᠠᠯ ᠵᠢᠭᠤᠯᠴᠢᠯᠠᠯ᠂ ᠷᠠᠰᠢᠶᠠᠨ ᠡᠮᠴᠢᠯᠡᠭᠡᠨ ᠦ ᠭᠣᠣᠯ ᠲᠥᠪ ᠪᠣᠯᠵᠤ ᠪᠠᠶᠢᠪᠠ᠃ ᠣᠷᠬᠣᠨ ᠤ ᠬᠥᠨᠳᠡᠢ ᠶᠢᠨ ᠰᠤᠶᠤᠯ ᠤᠨ ᠳᠤᠷᠠᠰᠬᠠᠯᠲᠤ ᠭᠠᠵᠠᠷ ᠲᠤ ᠪᠠᠭᠲᠠᠳᠠᠭ ᠣᠯᠠᠨ ᠲᠣᠭᠠᠨ ᠤ ᠪᠠᠶᠢᠭᠠᠯᠢ ᠶᠢᠨ ᠦᠵᠡᠰᠬᠦᠯᠡᠩᠲᠦ ᠭᠠᠵᠠᠷ ᠤᠳ ᠣᠷᠣᠰᠢᠳᠠᠭ᠃ ᠣᠷᠬᠣᠨ ᠤ ᠬᠥᠨᠳᠡᠢ ᠶᠢᠨ ᠳᠤᠷᠠᠰᠬᠠᠯᠲᠤ ᠭᠠᠵᠠᠷ ᠤᠳ ᠢ ᠬᠣᠯᠪᠣᠭᠰᠠᠨ ᠤᠯᠤᠰ ᠤᠨ ᠴᠢᠨᠠᠷᠲᠠᠢ ᠵᠠᠮ ᠪᠠᠷᠢᠭᠳᠠᠬᠤ ᠪᠠᠷ ᠲᠥᠯᠥᠪᠯᠡᠭᠳᠡᠭᠰᠡᠨ᠃

ᠮᠥᠨ ᠠᠯᠲᠠᠨᠡᠭᠦᠷᠡᠰᠦᠸᠣᠯᠹᠷᠠᠮᠭᠢᠨᠲᠠ ᠪᠣᠯᠣᠳᠪᠣᠷᠵᠢᠨ ᠴᠢᠯᠠᠭᠤ᠂ ᠪᠠᠷᠢᠯᠭ᠎ᠠ ᠶᠢᠨ ᠮᠠᠲ᠋ᠧᠷᠢᠶᠠᠯ ᠤᠨ ᠭᠣᠣᠯ ᠲᠦᠭᠦᠬᠡᠢ ᠡᠳ᠋ ᠪᠣᠯᠬᠤ ᠡᠯᠡᠰᠦ ᠬᠠᠶᠢᠷᠭᠤ᠂ ᠲᠣᠭᠣᠰᠬᠠᠨ ᠤ ᠰᠢᠪᠠᠷ᠂ ᠱᠣᠬᠣᠢ ᠶᠢᠨ ᠴᠢᠯᠠᠭᠤ ᠵᠡᠷᠭᠡ ᠪᠠᠶᠢᠭᠠᠯᠢ ᠶᠢᠨ ᠪᠠᠶᠠᠯᠢᠭ ᠲᠠᠢ᠃

ᠣᠢ ᠳᠤ ᠪᠠᠨ ᠬᠤᠰᠤᠬᠤᠰᠢᠰᠢᠨᠡᠰᠦᠲᠣᠣᠷᠠᠢᠤᠯᠢᠶᠠᠰᠤ᠂ ᠪᠤᠷᠭᠠᠰᠤ᠂ ᠮᠣᠨᠣᠰᠣ᠂ ᠲᠣᠷᠯᠣᠭ ᠵᠡᠷᠭᠡ ᠮᠣᠳᠣᠲᠠᠢ ᠪᠥᠭᠡᠳ ᠰᠠᠮᠤᠷᠮᠣᠶᠢᠯᠬᠠᠳᠠᠨᠡᠷᠡᠰᠦᠦᠬᠡᠷ ᠦᠨ ᠨᠢᠳᠦᠲᠣᠰᠢᠯᠣᠢᠭᠦᠵᠡᠭᠡᠯᠵᠡᠭᠡᠨ᠎ᠡ ᠵᠡᠷᠭᠡ ᠵᠢᠮᠢᠰ ᠤᠷᠭᠤᠨ᠎ᠠ᠃ ᠠᠯᠲᠠᠨ ᠭᠠᠩᠨᠠᠭᠤᠷᠴᠡᠭᠡᠨ᠎ᠡᠲᠠᠷᠪᠠᠭᠠᠨ ᠰᠢᠭᠢᠷ᠎ᠠ᠂ ᠥᠩᠭᠡ ᠪᠦᠷᠢ ᠶᠢᠨ ᠳᠡᠭᠲᠦ᠂ ᠨᠣᠬᠠᠢ ᠶᠢᠨ ᠬᠣᠰᠢᠭᠤᠴᠠᠷᠪᠠᠨᠲᠠᠪᠤᠨ ᠰᠠᠯᠠᠭ᠎ᠠᠴᠠᠭᠠᠨ ᠠᠭᠤᠯᠠ ᠴᠡᠴᠡᠭᠰᠥᠳᠥᠴᠠᠭᠠᠨ ᠲᠥᠮᠥᠰᠥᠠᠨᠢᠰᠤ ᠵᠡᠷᠭᠡ ᠡᠮ ᠦᠨ ᠤᠷᠭᠤᠮᠠᠯ ᠲᠠᠢ᠃

ᠳᠤᠮᠳᠠᠴᠢ ᠪᠠᠷ ᠡᠪᠦᠯ ᠳᠦ ᠪᠡᠨ 25 ᠮᠢᠯᠯᠢᠮᠧᠲ᠋ᠷ᠂ ᠵᠤᠨ ᠳᠤ ᠪᠠᠨ 272 ᠮᠢᠯᠯᠢᠮᠧᠲ᠋ᠷ ᠬᠤᠷ᠎ᠠ ᠲᠤᠨᠳᠠᠰᠤ ᠤᠨᠠᠳᠠᠭ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠵᠢᠷᠲᠤ ᠰᠤᠮᠤᠨ ᠳᠤ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠤᠨ 2 ᠪᠠᠶᠢᠭᠤᠯᠤᠯᠭ᠎ᠠ᠂ 1 ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠢᠯᠡ ᠠᠵᠢᠯᠯᠠᠭ᠎ᠠ ᠶᠠᠪᠤᠭᠤᠯᠳᠠᠭ᠃ ᠬᠤᠵᠢᠷᠲᠤ ᠰᠤᠮᠤ ᠶᠢᠨ ᠳᠤᠮᠳᠠ ᠰᠤᠷᠭᠠᠭᠤᠯᠢ 1924 ᠣᠨ ᠳᠤ ᠪᠠᠶᠢᠭᠤᠯᠤᠭᠳᠠᠭᠰᠠᠨ ᠮᠣᠩᠭᠣᠯ ᠤᠯᠤᠰ ᠤᠨ ᠠᠩᠬᠠᠨ ᠤ ᠳᠤᠮᠳᠠ ᠰᠤᠷᠭᠠᠭᠤᠯᠢ ᠨᠤᠭᠤᠳ ᠤᠨ ᠨᠢᠭᠡ ᠶᠠᠭᠤᠮ᠎ᠠ᠃


ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠵᠢᠷᠲᠤ ᠰᠤᠮᠤ ᠠᠴᠠ ᠲᠦᠷᠦᠭᠰᠡᠨ ᠠᠯᠳᠠᠷᠲᠠᠨ ᠨᠤᠭᠤᠳ:

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠡᠮᠬᠢᠳᠬᠡᠯ - 2011. ᠠᠷᠪᠠᠶᠢᠬᠦ ᠪᠡᠷ ᠬᠣᠲᠠ 2012-01-12.

ᠪᠢᠴᠢᠭᠡᠰᠦ