ᠮᠣᠩᠭᠣᠯ ᠪᠢᠴᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠤᠳᠤᠮ ᠮᠣᠩᠭᠣᠯ ᠢᠶᠠᠷ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
«ᠮᠣᠩᠭᠣᠯ ᠪᠢᠴᠢᠭ»
ᠭᠦᠶᠦᠭ ᠬᠠᠭᠠᠨ ᠤ ᠲᠠᠮᠠᠭᠠᠨ ᠤ ᠳᠠᠷᠤᠳᠠᠰᠤ

ᠠᠪᠢᠶ᠎ᠠ ᠲᠡᠮᠳᠡᠭᠯᠡᠬᠦ ᠲᠡᠮᠳᠡᠭᠲᠦ ᠨᠦᠭᠦᠳ ᠢ ᠨᠢ ᠮᠣᠩᠭᠣᠯ ᠦᠰᠦᠭ᠂ ᠲᠡᠷᠡᠬᠦ ᠦᠰᠦᠭ ᠢᠶᠡᠷ ᠪᠢᠴᠢᠭᠰᠡᠨ ᠵᠦᠢᠯᠡᠰ ᠢ ᠮᠣᠩᠭᠣᠯ ᠪᠢᠴᠢᠭ ᠭᠡᠵᠦ ᠨᠡᠷᠡᠯᠡᠬᠦ ᠨᠢᠭᠡᠨ ᠵᠦᠢᠯ ᠦᠰᠦᠭ ᠪᠢᠴᠢᠭ ᠡᠳᠦᠭᠡ ᠪᠠᠶᠢᠨ᠎ᠠ᠃ ᠡᠨᠡ ᠦᠰᠦᠭ ᠪᠢᠴᠢᠭ ᠢ 6-7 ᠍ ᠳᠦᠭᠡᠷ ᠵᠠᠭᠤᠨ ᠠᠴᠠ ᠡᠬᠢᠯᠡᠭᠡᠳ ᠥᠨᠥ ᠦᠶ᠎ᠡ ᠳᠦ ᠴᠤ ᠭᠡᠰᠡᠨ ᠮᠣᠩᠭᠣᠯ ᠦᠨᠳᠦᠰᠦᠲᠡᠨ ( ᠮᠣᠩᠭᠣᠯ ᠤᠭᠰᠠᠭᠠᠲᠠᠨ ) ᠬᠡᠯᠡ ᠠᠶᠠᠯᠭᠤ ᠶᠢ ᠪᠠᠨ ᠲᠡᠮᠳᠡᠭᠯᠡᠬᠦ ᠳᠦ ᠬᠡᠷᠡᠭᠯᠡᠭᠰᠡᠭᠡᠷ ᠢᠷᠡᠯ᠎ᠡ᠃

ᠡᠳᠦᠭᠡ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠦ ᠮᠣᠩᠭᠣᠯ ᠬᠡᠯᠡ ᠵᠢ ᠲᠡᠮᠳᠡᠭᠯᠡᠬᠦ ᠳᠦ ᠠᠯᠪᠠᠨ ᠶᠣᠰᠣᠭᠠᠷ ᠬᠡᠷᠡᠭᠯᠡᠳᠡᠭ ᠪᠣᠯ ᠮᠣᠩᠭᠣᠯ ᠤᠯᠤᠰ ᠲᠦ ᠮᠣᠩᠭᠣᠯ ᠬᠡᠯᠡ ᠶᠢ ᠲᠡᠮᠳᠡᠭᠯᠡᠬᠦ ᠬᠣᠶᠠᠳᠠᠭᠴᠢ ᠪᠢᠴᠢᠭ ᠪᠣᠯᠭᠠᠨ ᠬᠡᠷᠡᠭᠯᠡᠵᠦ᠂ ᠲᠥᠷᠥ ᠶᠢᠨ ᠠᠯᠪᠠᠨ ᠬᠡᠷᠡᠭ ᠲᠦ ᠵᠠᠷᠢᠮ ᠪᠠᠶᠢᠳᠠᠯ ᠢᠶᠠᠷ ᠬᠡᠷᠡᠭᠯᠡᠵᠦ ᠪᠠᠶᠢᠨ᠎ᠠ᠃ ᠨᠡᠶᠢᠲᠡ 26 ᠦᠰᠦᠭ ᠲᠡᠢ ᠪᠥᠭᠡᠳ ᠡᠭᠦᠨ ᠡᠴᠡ ᠭᠠᠳᠠᠭᠠᠳᠤ ᠦᠭᠡ ᠶᠢ ᠲᠡᠮᠳᠡᠭᠯᠡᠬᠦ 9 ᠦᠰᠦᠭ ᠲᠡᠢ᠃

ᠠᠩᠬᠠᠨ ᠤ ᠠᠪᠢᠶᠠᠨ ᠤ ᠪᠢᠴᠢᠭ ᠥᠷᠥᠨ᠎ᠡ ᠵᠦᠭ ᠳᠡᠯᠭᠡᠷᠡᠨ ᠭᠷᠧᠺ᠂ ᠯᠠᠲ᠋ᠢᠨ ᠴᠠᠭᠠᠨ ᠲᠣᠯᠣᠭᠠᠢ ᠶᠢᠨ ᠦᠨᠳᠦᠰᠦ ᠪᠣᠯᠵᠠᠢ᠃ ᠳᠣᠷᠣᠨ᠎ᠠ ᠵᠦᠭ ᠳᠡᠯᠭᠡᠷᠡᠭᠰᠡᠨ ᠨᠢ ᠠᠷᠠᠮᠧᠢ᠂ ᠰᠢᠷᠢ᠂ ᠰᠣᠭᠳᠠ ᠪᠠᠷ ᠳᠠᠮᠵᠢᠨ ᠤᠶᠢᠭᠤᠷ᠂ ᠮᠣᠩᠭᠣᠯ ᠪᠢᠴᠢᠭ ᠦᠨ ᠴᠠᠭᠠᠨ ᠲᠣᠯᠣᠭᠠᠢ ᠶᠢᠨ ᠦᠨᠳᠦᠰᠦ ᠪᠣᠯᠵᠠᠢ᠃ ᠮᠣᠩᠭᠣᠯᠴᠤᠳ ᠤᠨ ᠡᠷᠲᠡᠨ ᠦ ᠡᠪᠦᠭᠡ ᠪᠣᠯᠬᠤ ᠾᠢᠦᠩᠨᠦ᠂ ᠰᠢᠶᠠᠨᠪᠢ᠂ ᠮᠠᠨ᠂ ᠲᠣᠪᠠ᠂ ᠷᠡᠦᠷᠠᠨ ᠨᠠᠷ ᠲᠤᠰ ᠲᠤ ᠪᠠᠨ ᠪᠢᠴᠢᠭ ᠲᠠᠢ ᠪᠠᠶᠢᠭᠰᠠᠨ ᠢ ᠰᠤᠳᠤᠯᠤᠭᠠᠴᠢᠳ ᠨᠣᠲᠠᠯᠠᠵᠤ ᠪᠠᠶᠢᠨ᠎ᠠ᠃ ᠮᠥᠨ ᠬᠢᠳᠠᠨ ᠨᠠᠷ ᠲᠠᠪᠤᠳᠤᠭᠠᠷ ᠵᠠᠭᠤᠨ ᠳᠤ ᠶᠡᠬᠡ᠂ ᠪᠠᠭ᠎ᠠ ᠬᠣᠶᠠᠷ ᠪᠢᠴᠢᠭ ᠲᠡᠢ ᠪᠠᠶᠢᠭᠰᠠᠨ ᠭᠡᠳᠡᠭ᠃ ᠡᠨᠡ ᠲᠤᠬᠠᠢ ᠦᠯᠦ ᠥᠭᠥᠯᠡᠨ᠂ ᠣᠨ ᠴᠠᠭ ᠤᠨ ᠰᠢᠯᠭᠠᠷᠠᠯ ᠢ ᠳᠠᠪᠠᠨ ᠲᠤᠭᠤᠯᠵᠤ᠂ ᠮᠣᠩᠭᠣᠯ ᠲᠤᠭᠤᠷᠭᠠᠲᠠᠨ ᠤ ᠣᠶᠤᠨ ᠤ ᠰᠤᠶᠤᠯ ᠤᠨ ᠠᠷᠪᠢᠨ ᠥᠪ ᠢ ᠪᠦᠲᠦᠭᠡᠵᠦ ᠢᠷᠡᠭᠰᠡᠨ ᠮᠣᠩᠭᠣᠯ ᠪᠢᠴᠢᠭ ᠦᠨ ᠡᠭᠦᠰᠦᠯ ᠦᠨ ᠲᠤᠬᠠᠢ ᠦᠭᠦᠯᠡᠶ᠎ᠡ᠃ᠮᠣᠩᠭᠣᠯ ᠪᠢᠴᠢᠭ ᠦᠨ ᠡᠭᠦᠰᠦᠯ ᠭᠠᠷᠤᠯ ᠲᠠᠢ ᠬᠣᠯᠪᠣᠭ᠎ᠠ ᠪᠦᠬᠦᠢ ᠬᠣᠶᠠᠷ ᠵᠦᠢᠯ ᠦᠨ ᠳᠣᠮᠣᠭ ᠡᠳᠦᠭᠡ ᠪᠢᠳᠡᠨ ᠳᠦ ᠮᠡᠳᠡᠭᠳᠡᠵᠦ ᠪᠠᠶᠢᠨ᠎ᠠ᠃ ᠨᠢᠭᠡ ᠨᠢ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠷᠠᠪᠵᠠᠮᠪᠠ ᠳᠠᠨᠵᠠᠨᠳᠠᠭᠪᠠ ᠶᠢᠨ ᠵᠣᠬᠢᠶᠠᠭᠰᠠᠨ ︽ᠵᠢᠷᠦᠬᠡᠨ ᠲᠣᠯᠢᠲᠤ ᠶᠢᠨ ᠲᠠᠶᠢᠯᠪᠤᠷᠢ ᠣᠭᠲᠠᠷᠭᠤᠢ ᠶᠢᠨ ᠮᠠᠨᠢ︾ ᠬᠡᠮᠡᠬᠦ ᠬᠡᠯᠡ ᠵᠦᠢ ᠶᠢᠨ ᠪᠢᠴᠢᠭ ᠲᠦ ︽ᠲᠡᠷᠡ ᠴᠠᠭ ᠲᠤ ᠵᠠᠶ᠎ᠠ ᠪᠠᠨᠳᠢᠳᠠ (ᠵᠠᠶ᠎ᠠ ᠪᠠᠨᠳᠢᠳᠠ ᠭᠦᠩᠭᠠᠵᠠᠯᠼᠠᠨ) ᠮᠣᠩᠭᠣᠯ ᠤᠯᠤᠰ ᠲᠤ ᠠᠯᠢ ᠦᠰᠦᠭ ᠢᠶᠡᠷ ᠲᠤᠰᠠᠯᠠᠬᠤ ᠪᠣᠯᠬᠤ ᠬᠡᠮᠡᠨ ᠰᠥᠨᠢ ᠲᠦᠭᠳᠠᠮ ᠪᠠᠷᠢᠵᠤ ᠡᠷᠲᠡ ᠮᠠᠨᠠᠭᠠᠷ ᠪᠡᠯᠡᠭᠯᠡᠬᠦᠢ ᠳᠦ ᠨᠢᠭᠡᠨ ᠡᠬᠡᠨᠡᠷ ᠬᠦᠮᠦᠨ ᠮᠥᠷᠦᠨ ᠳᠡᠭᠡᠷ᠎ᠡ ᠪᠡᠨ ᠬᠡᠳᠡᠷᠭᠡ ᠮᠣᠳᠣ ᠶᠢ ᠲᠠᠯᠪᠢᠵᠤ ᠢᠷᠡᠭᠡᠳ ᠮᠥᠷᠭᠥᠪᠡᠰᠦ᠂ ᠲᠡᠷᠡᠬᠦ ᠪᠡᠯᠭᠡ ᠪᠡᠷ ᠮᠣᠩᠭᠣᠯ ᠤᠯᠤᠰ ᠤᠨ ᠦᠰᠦᠭ ᠢ ᠬᠡᠳᠡᠷᠭᠡᠨ ᠦ ᠳᠦᠷᠰᠦ ᠪᠡᠷ ᠨᠢ ᠡᠷ᠎ᠡ᠂ ᠡᠮ᠎ᠡ᠂ ᠡᠷᠡᠰ ᠭᠤᠷᠪᠠ ᠪᠠᠷ᠂ ᠴᠢᠩᠭ᠎ᠠ ᠬᠢᠭᠡᠳ ᠬᠥᠨᠳᠡᠢ ᠪᠠ ᠰᠠᠭᠠᠷᠮᠠᠭ ᠭᠤᠷᠪᠠ ᠪᠠᠷ ᠵᠣᠬᠢᠶᠠᠭᠰᠠᠨ ᠪᠣᠯᠪᠠᠢ︾ ᠭᠡᠰᠡᠨ ᠳᠣᠮᠣᠭ ᠶᠤᠮ᠃ ᠡᠨᠳᠡ ᠦᠭᠦᠯᠡᠭᠰᠡᠨᠴᠢᠯᠡᠨ ᠰᠠᠵᠢ ᠪᠠᠨᠳᠢᠳᠠ ᠭᠦᠩᠭᠠᠵᠠᠯᠼᠠᠨ (1182-1251) ᠮᠣᠩᠭᠣᠯ ᠦᠰᠦᠭ ᠢ ᠠᠩᠬ᠎ᠠ ᠵᠣᠬᠢᠶᠠᠭᠰᠠᠨ ᠪᠤᠰᠤ ᠬᠠᠷᠢᠨ ᠲᠡᠷᠡᠪᠡᠷ 1243 ᠣᠨ ᠳᠤ 61 ᠨᠠᠰᠤᠨ ᠳᠡᠭᠡᠷ᠎ᠡ ᠪᠡᠨ ᠮᠣᠩᠭᠣᠯ ᠪᠢᠴᠢᠭ ᠦᠨ ᠬᠡᠯᠡᠨ ᠦ ᠠᠪᠢᠶ᠎ᠠ ᠵᠦᠢ ᠶᠢᠨ ᠪᠦᠲᠦᠭᠡᠯ ᠪᠤᠶᠤ ᠠᠩᠬᠠᠨ ᠤ ᠵᠢᠷᠦᠬᠡᠨ ᠲᠣᠯᠢᠲᠤ ᠵᠣᠬᠢᠶᠠᠭᠰᠠᠨ ᠪᠣᠯᠬᠤ ᠨᠢ ᠨᠢᠭᠡᠨᠲᠡ ᠲᠣᠳᠣᠷᠬᠠᠢ ᠪᠣᠯᠵᠠᠢ᠃ ᠬᠣᠶᠠᠷ ᠳ᠋ᠡᠬᠢ ᠨᠢ ︽ᠶᠤᠸᠠᠨ ᠤᠯᠤᠰ ᠤᠨ ᠰᠤᠳᠤᠷ︾ ᠍ ᠤᠨ 124 ᠍ ᠳᠦᠭᠡᠷ ᠪᠣᠳᠢ ᠳᠤ ᠪᠠᠶᠢᠭ᠎ᠠ ᠤᠶᠢᠭᠤᠷ ᠲᠦᠰᠢᠮᠡᠯ ᠲᠠᠲᠠᠲᠤᠩᠭ᠎ᠠ ᠲᠠᠢ ᠬᠣᠯᠪᠣᠭᠳᠠᠭᠰᠠᠨ ᠳᠣᠮᠣᠭ ᠶᠤᠮ᠃ ᠲᠡᠨᠳᠡ ᠥᠭᠦᠯᠡᠬᠦ ᠳᠦ ᠪᠡᠨ: ︽ᠴᠢᠩᠭᠢᠰ ᠥᠷᠦᠨᠡᠰᠢ ᠳᠠᠶᠢᠯᠠᠵᠤ᠂ ᠨᠠᠶᠢᠮᠠᠨ ᠤᠯᠤᠰ ᠡᠪᠳᠡᠷᠡᠬᠦᠢ ᠳᠦ ᠲᠠᠲᠠᠲᠤᠩᠭ᠎ᠠ ᠲᠠᠮᠠᠭ᠎ᠠ ᠶᠢ ᠡᠪᠦᠷᠲᠦᠯᠡᠨ ᠳᠠᠶᠢᠵᠢᠭᠠᠭᠠᠳ ᠪᠠᠷᠢᠭᠳᠠᠪᠠ᠃ ᠴᠢᠩᠭᠢᠰ ᠬᠠᠭᠠᠨ ᠤᠬᠠᠪᠴᠢᠯᠠᠬᠤ ᠠᠰᠠᠭᠤᠷᠤᠨ: ︿ᠳᠠᠶᠠᠨ ᠤ ᠢᠷᠭᠡᠳ᠂ ᠨᠤᠲᠤᠭ ᠴᠥᠮ ᠮᠢᠨᠦ ᠪᠣᠯᠤᠭᠰᠠᠨ ᠪᠥᠭᠡᠲᠡᠯ᠎ᠡ ᠴᠢ ᠪᠡᠷ᠎ ᠲᠠᠮᠠᠭ᠎ᠠ ᠡᠪᠦᠷᠲᠦᠯᠡᠨ ᠬᠠᠰᠢ ᠣᠴᠢᠮᠦᠢ﹀ ᠬᠡᠮᠡᠬᠦ ᠳᠦ ᠲᠡᠷᠡᠪᠡᠷ: ︿ᠲᠦᠰᠢᠮᠡᠯ ᠦᠨ ᠲᠤᠰᠢᠶᠠᠯ ᠪᠣᠯᠤᠮᠣᠢ᠃ ᠦᠬᠦᠲᠡᠯ᠎ᠡ ᠰᠠᠬᠢᠵᠤ᠂ ᠤᠭ ᠤᠨ ᠡᠵᠡᠨ ᠳᠦ ᠥᠭᠭᠦᠰᠦ﹀ᠬᠡᠮᠡᠮᠦᠢ᠃ ︿ᠶᠠᠮᠠᠷ ᠠᠶᠤᠮᠰᠢᠭ ᠦᠭᠡᠢ ᠥᠭᠡᠷ᠎ᠡ ᠢ ᠰᠡᠳᠭᠢᠭᠦ ᠠᠵᠤ᠃﹀ ᠬᠡᠮᠡᠵᠦᠬᠡᠢ᠂ ᠬᠠᠭᠠᠨ ᠵᠠᠷᠯᠢᠭ ᠪᠣᠯᠵᠤ ︿ᠰᠢᠳᠤᠷᠭᠤ ᠡᠯᠪᠡᠷᠢᠯᠲᠦ ᠬᠦᠮᠦᠨ ᠠᠵᠤᠭᠤ﹀ ᠬᠡᠮᠡᠭᠡᠳ ᠲᠠᠮᠠᠭ᠎ᠠ ᠶᠢ ᠶᠠᠭᠤᠨ ᠳᠤ ᠬᠡᠷᠡᠭᠯᠡᠬᠦ ᠶᠢ ᠠᠰᠠᠭᠤᠪᠠᠰᠤ᠂ ︿ᠠᠮᠤ ᠴᠠᠯᠢᠩ ᠢ ᠤᠷᠤᠭᠤᠯᠬᠤ᠂ ᠭᠠᠷᠭᠠᠬᠤ᠂ ᠡᠷᠳᠡᠮᠲᠡᠨ ᠢ ᠡᠷᠭᠦᠮᠵᠢᠯᠡᠬᠦ ᠠᠯᠢᠪᠠ ᠦᠢᠯᠡ ᠳᠦ ᠢᠲᠡᠭᠡᠮᠵᠢ ᠪᠣᠯᠭᠠᠮᠤᠢ᠃﹀ ᠬᠡᠮᠡᠭᠰᠡᠨ ᠳᠦ ᠬᠠᠭᠠᠨ ᠲᠠᠭᠠᠯᠠᠵᠤ ᠰᠢᠳᠠᠷ ᠪᠣᠯᠭᠠᠵᠢᠬᠤᠢ᠃ ᠲᠡᠭᠦᠨ ᠡᠴᠡ ᠬᠣᠶᠢᠰᠢ ᠵᠠᠰᠠᠭ ᠵᠠᠷᠯᠢᠭ ᠲᠠᠮᠠᠭ᠎ᠠ ᠬᠡᠷᠡᠭᠯᠡᠨ ᠡᠭᠦᠰᠬᠡᠵᠦ ᠮᠥᠨ ᠲᠡᠭᠦᠪᠡᠷ ᠵᠠᠬᠢᠷᠤᠭᠤᠯᠪᠠ᠃ ᠬᠠᠭᠠᠨ ︿ᠴᠢ ᠲᠤᠰ ᠤᠯᠤᠰ ᠤᠨ ᠪᠢᠴᠢᠭ ᠢ ᠨᠡᠪᠲᠡᠷᠬᠡᠢ ᠮᠡᠳᠡᠮᠦᠢ᠃﹀ ᠭᠡᠬᠦ ᠳᠦ ᠲᠡᠷᠡᠪᠡᠷ ᠰᠤᠷᠤᠭᠰᠠᠨ ᠢᠶᠠᠨ ᠥᠴᠢᠭᠰᠡᠨ ᠨᠢ ᠵᠠᠷᠯᠢᠭ ᠲᠤ ᠨᠡᠶᠢᠯᠡᠯᠴᠡᠭᠰᠡᠨ ᠲᠤᠯᠠ ᠳᠠᠷᠤᠢ ᠬᠥᠪᠡᠭᠦᠳ᠂ ᠳᠡᠭᠦᠦ ᠨᠠᠷ ᠲᠤ ᠤᠶᠢᠭᠤᠷ ᠦᠰᠦᠭ ᠢᠶᠡᠷ ᠤᠯᠤᠰ ᠤᠨ ᠬᠡᠯᠡ ᠶᠢ ᠲᠡᠮᠳᠡᠭᠯᠡᠬᠦ ᠳᠦ ᠰᠤᠷᠭᠠᠭᠲᠤᠨ ᠬᠡᠮᠡᠨ ᠵᠠᠬᠢᠪᠠ᠃︾ ᠭᠡᠰᠡᠨ ᠪᠠᠶᠢᠳᠠᠭ᠃ ᠴᠢᠩᠭᠢᠰ ᠬᠠᠭᠠᠨ ᠨᠠᠶᠢᠮᠠᠨ ᠢ 1204 ᠣᠨ ᠳᠤ ᠡᠵᠡᠯᠡᠵᠦ ᠠᠪᠤᠭᠰᠠᠨ ᠨᠢ ᠦᠨᠡᠨ᠃ ᠬᠠᠷᠢᠨ ᠡᠨᠡ ᠦᠶ᠎ᠡ ᠳᠦ ᠮᠣᠩᠭᠣᠯᠴᠤᠳ ᠠᠩᠬ᠎ᠠ ᠪᠢᠴᠢᠭ ᠦᠰᠦᠭ ᠲᠡᠢ ᠪᠣᠯᠤᠭᠰᠠᠨ ᠬᠡᠷᠡᠭ ᠣᠭᠲᠣ ᠪᠢᠰᠢ ᠪᠥᠭᠡᠳ ᠠᠯᠳᠠᠷᠲᠤ ᠵᠣᠬᠢᠶᠠᠯᠴᠢ ᠡᠷᠳᠡᠮᠲᠡᠨ ᠪ᠃ᠶᠠ᠃ᠸᠯᠠᠳᠢᠮᠢᠷᠼᠣᠸ ᠤᠨ ᠪᠢᠴᠢᠭᠰᠡᠨᠴᠢᠯᠡᠨ ᠴᠢᠩᠭᠢᠰ ᠬᠠᠭᠠᠨ ᠥᠪᠡᠷ ᠦᠨ ᠡᠵᠡᠨᠲᠦ ᠤᠯᠤᠰ ᠤᠨ ᠬᠡᠷᠡᠭᠴᠡᠭᠡᠨ ᠳᠦ ᠶᠡᠬᠡᠬᠡᠨ ᠪᠣᠯᠪᠠᠰᠤᠷᠠᠭᠰᠠᠨ ᠪᠡᠯᠡᠨ ᠤᠳᠬ᠎ᠠ ᠵᠣᠬᠢᠶᠠᠯ ᠤᠨ ᠬᠡᠯᠡ ᠶᠢ ᠠᠪᠴᠤ ᠠᠰᠢᠭᠯᠠᠭᠰᠠᠨ ᠠᠵᠡᠢ᠃ ᠥᠭᠡᠷ᠎ᠡ ᠪᠡᠷ ᠬᠡᠯᠡᠪᠡᠯ ᠮᠣᠩᠭᠣᠯ ᠤᠨ ᠵᠠᠷᠢᠮ ᠠᠶᠢᠮᠠᠭ ᠲᠤ ᠬᠡᠷᠡᠭᠯᠡᠵᠦ ᠪᠠᠶᠢᠭᠰᠠᠨ ᠪᠢᠴᠢᠭ ᠢ ᠴᠢᠩᠭᠢᠰ ᠬᠠᠭᠠᠨ ᠡᠵᠡᠨᠲᠦ ᠤᠯᠤᠰ ᠤᠨ ᠢᠶᠠᠨ ᠬᠦᠷᠢᠶᠡᠨ ᠳᠦ ᠬᠡᠷᠡᠭᠯᠡᠵᠡᠢ᠃ ᠵᠥᠪᠯᠡᠯᠲᠦ ᠶᠢᠨ ᠨᠡᠷᠡᠲᠦ ᠮᠣᠩᠭᠣᠯᠴᠢ ᠡᠷᠳᠡᠮᠲᠡᠨ ᠭ᠃ᠳ᠃ᠰᠠᠨᠵᠧᠸ ᠡᠨᠡ ᠲᠤᠬᠠᠢ ︽ᠶᠠᠮᠠᠷ ᠴᠤ ᠭᠡᠰᠡᠨ 1204 ᠣᠨ ᠳᠤ ᠴᠢᠩᠭᠢᠰ ᠬᠠᠭᠠᠨ ᠨᠠᠶᠢᠮᠠᠨ ᠢ ᠪᠤᠲᠠ ᠴᠣᠬᠢᠵᠤ᠂ ᠨᠠᠶᠢᠮᠠᠨ ᠤ ᠲᠠᠶᠠᠨ ᠬᠠᠭᠠᠨ ᠤ ᠲᠠᠮᠠᠭ᠎ᠠ ᠶᠢ ᠪᠠᠷᠢᠵᠤ ᠪᠠᠶᠢᠭᠰᠠᠨ ᠨᠢᠭᠡᠨ ᠤᠶᠢᠭᠤᠷ ᠢ ᠣᠯᠵᠯᠠᠵᠤ᠂ ᠲᠡᠭᠦᠨ ᠦ ᠲᠤᠰᠠᠯᠠᠮᠵᠢ ᠪᠠᠷ ᠲᠥᠷᠥ ᠶᠢᠨ ᠢᠶᠡᠨ ᠪᠢᠴᠢᠭ ᠬᠡᠷᠡᠭ ᠲᠦ ᠤᠶᠢᠭᠤᠷ ᠦᠰᠦᠭ ᠳᠡᠭᠡᠷ᠎ᠡ ᠦᠨᠳᠦᠰᠦᠯᠡᠭᠰᠡᠨ ᠮᠣᠩᠭᠣᠯ ᠪᠢᠴᠢᠭ ᠦᠰᠦᠭ ᠢ ᠬᠡᠷᠡᠭᠯᠡᠭᠰᠡᠨ ᠪᠣᠯᠤᠯᠲᠠᠢ ᠭᠡᠰᠡᠨ ᠨᠢᠭᠡᠨ ᠳᠣᠮᠣᠭ ᠪᠠᠶᠢᠳᠠᠭ᠃ ᠭᠡᠪᠡᠴᠦ ᠬᠡᠷᠡᠭ ᠦᠨ ᠭᠣᠣᠯ ᠴᠢᠩᠭᠢᠰ ᠬᠠᠭᠠᠨ ᠲᠥᠷᠥ ᠶᠢᠨ ᠢᠶᠡᠨ ᠪᠢᠴᠢᠭ ᠬᠡᠷᠡᠭ ᠢ ᠰᠣᠭᠳᠠ ᠪᠠᠷ ᠳᠠᠮᠵᠢᠵᠤ᠂ ᠠᠷᠠᠮᠧᠢ ᠠᠴᠠ ᠢᠷᠡᠭᠰᠡᠨ ᠰᠢᠨ᠎ᠡ ᠦᠰᠦᠭ ᠢᠶᠡᠷ ᠶᠠᠪᠤᠭᠤᠯᠬᠤ ᠲᠤᠬᠠᠢ ᠲᠤᠰᠢᠶᠠᠯ ᠭᠠᠷᠭᠠᠭᠰᠠᠨ ᠳᠤ ᠪᠤᠰᠤ᠂ ᠬᠠᠷᠢᠨ ᠴᠢᠩᠭᠢᠰ ᠬᠠᠭᠠᠨ ᠤ ᠦᠶ᠎ᠡ ᠳᠦ ᠮᠣᠩᠭᠣᠯᠴᠤᠳ ᠨᠢᠭᠡᠨᠲᠡ ᠶᠠᠮᠠᠷ ᠨᠢᠭᠡᠨ ᠬᠡᠮᠵᠢᠶ᠎ᠡ ᠪᠡᠷ ᠪᠡᠯᠡᠬᠡᠨ ᠪᠣᠯᠤᠭᠠᠳ ᠪᠠᠶᠢᠭᠰᠠᠨ ᠤᠳᠬ᠎ᠠ ᠵᠣᠬᠢᠶᠠᠯ ᠤᠨ ᠬᠡᠯᠡ ᠶᠢ ᠬᠡᠷᠡᠭᠯᠡᠵᠦ ᠡᠬᠢᠯᠡᠭᠰᠡᠨ ᠳᠦ ᠣᠷᠣᠰᠢᠨ᠎ᠠ᠃︾ ᠭᠡᠵᠡᠢ᠃ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠠᠴᠠ ᠬᠣᠯᠠ ᠡᠷᠲᠡ ᠤᠶᠢᠭᠤᠷᠵᠢᠨ ᠪᠢᠴᠢᠭ ᠦᠨ ᠬᠡᠯᠡ ᠲᠡᠢ ᠪᠠᠶᠢᠭᠰᠠᠨ ᠤ ᠭᠣᠣᠯ ᠪᠠᠷᠢᠮᠲᠠ ᠪᠣᠯ ᠤᠶᠢᠭᠤᠷᠵᠢᠨ ᠪᠢᠴᠢᠭ ᠦᠢ ᠬᠡᠯᠡ ᠠᠷᠪᠠᠨ ᠭᠤᠷᠪᠠᠳᠤᠭᠠᠷ ᠵᠠᠭᠤᠨ, ᠠᠷᠪᠠᠨ ᠳᠥᠷᠪᠡᠳᠦᠭᠡᠷ ᠵᠠᠭᠤᠨ ᠤ ᠮᠣᠩᠭᠣᠯ ᠤᠨ ᠠᠮᠠᠨ ᠠᠶᠠᠯᠭᠤᠨ ᠠᠴᠠ ᠶᠡᠬᠡᠬᠡᠨ ᠢᠯᠭᠠᠭ᠎ᠠ ᠲᠠᠢ ᠪᠠᠶᠢᠭ᠎ᠠ ᠶᠠᠪᠤᠳᠠᠯ ᠶᠤᠮ᠃ ᠠᠷᠪᠠᠨ ᠭᠤᠷᠪᠠᠳᠤᠭᠠᠷ ᠵᠠᠭᠤᠨ-ᠠᠷᠪᠠᠨ ᠳᠥᠷᠪᠡᠳᠦᠭᠡᠷ ᠵᠠᠭᠤᠨ ᠤ ᠦᠶ᠎ᠡ ᠶᠢᠨ ᠮᠣᠩᠭᠣᠯ ᠠᠶᠠᠯᠭᠤ ᠶᠢ ᠪᠤᠰᠤᠳ ᠬᠡᠯᠡᠨ ᠳᠦ ᠭᠠᠯᠢᠭᠯᠠᠨ ᠲᠡᠮᠳᠡᠭᠯᠡᠭᠰᠡᠨ ᠨᠣᠮ ᠵᠣᠬᠢᠶᠠᠯ᠂ ᠲᠣᠯᠢ ᠪᠢᠴᠢᠭ ᠲᠡᠷᠢᠭᠦᠲᠡᠨ ᠡᠴᠡ ᠪᠢᠳᠡ ᠲᠤᠬᠠᠢ ᠶᠢᠨ ᠦᠶ᠎ᠡ ᠶᠢᠨ ᠮᠣᠩᠭᠣᠯ ᠦᠭᠡᠰ ᠦᠨ ᠳᠠᠭᠤᠳᠠᠯᠭ᠎ᠠ ᠶᠢ ᠣᠯᠵᠤ ᠮᠡᠳᠡᠵᠦ ᠪᠣᠯᠳᠠᠭ ᠪᠢᠯᠡ᠃ ᠬᠡᠯᠡ ᠭᠡᠳᠡᠭ ᠲᠡᠶᠢᠮᠦ ᠴᠥᠭᠡᠨ ᠵᠢᠯ ᠦᠨ ᠳᠣᠲᠣᠷ᠎ᠠ ᠠᠮᠠᠷᠬᠠᠨ ᠥᠭᠡᠷᠡᠴᠢᠯᠡᠭᠳᠡᠳᠡᠭ ᠵᠦᠢᠯ ᠪᠢᠰᠢ ᠪᠥᠭᠡᠳ ᠠᠯᠭᠤᠷ ᠠᠭᠠᠵᠢᠮ ᠬᠤᠪᠢᠰᠳᠠᠭ ᠤᠴᠢᠷ ᠠᠴᠠ ᠪᠢᠴᠢᠭ ᠦᠨ ᠬᠡᠯᠡ ᠨᠢ ᠠᠮᠠᠨ ᠠᠶᠠᠯᠭᠤᠨ ᠠᠴᠠ ᠪᠠᠨ ᠶᠡᠬᠡᠬᠡᠨ ᠵᠥᠷᠢᠶ᠎ᠡ ᠲᠡᠢ ᠪᠠᠶᠢᠨ᠎ᠠ ᠭᠡᠳᠡᠭ ᠪᠣᠯ ᠲᠡᠷᠡᠬᠦ ᠪᠢᠴᠢᠭ ᠦᠨ ᠬᠡᠯᠡ᠂ ᠪᠢᠴᠢᠭ ᠦᠰᠦᠭ ᠣᠯᠠᠨ ᠵᠢᠯ ᠦᠨ ᠡᠮᠦᠨ᠎ᠡ ᠡᠭᠦᠰᠦᠭᠰᠡᠨ ᠭᠡᠵᠦ ᠦᠵᠡᠬᠦ ᠪᠦᠷᠢᠨ ᠦᠨᠳᠦᠰᠦ ᠲᠡᠢ ᠶᠤᠮ᠃ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠪᠣᠯᠪᠠᠰᠤᠷᠠᠭᠰᠠᠨ ᠤᠳᠬ᠎ᠠ ᠵᠣᠬᠢᠶᠠᠯ ᠤᠨ ᠬᠡᠯᠡ ᠲᠡᠢ᠂ ᠪᠢᠴᠢᠭ ᠬᠡᠷᠡᠭ ᠬᠥᠲᠥᠯᠬᠦ ᠲᠣᠭᠲᠠᠭᠰᠠᠨ ᠤᠯᠠᠮᠵᠢᠯᠠᠯ ᠲᠠᠢ ᠪᠠᠶᠢᠭᠰᠠᠨ ᠤ ᠨᠢᠭᠡ ᠨᠣᠲᠠᠯᠠᠭ᠎ᠠ ᠪᠣᠯ 1225 ᠣᠨ ᠳᠤ ᠪᠢᠴᠢᠭᠰᠡᠨ ᠴᠢᠩᠭᠢᠰ ᠦᠨ ᠴᠢᠯᠠᠭᠤᠨ  ᠪᠢᠴᠢᠭ ᠶᠤᠮ᠃ ᠤᠭ ᠪᠢᠴᠢᠭᠡᠰᠦ ᠳᠦ ᠮᠥᠷ ᠲᠡᠳᠬᠦᠵᠦ ᠪᠢᠴᠢᠬᠦ ᠶᠣᠰᠣ ᠲᠤᠩ ᠨᠠᠷᠢᠨ ᠬᠠᠷᠠᠭᠳᠠᠵᠤ ᠪᠠᠶᠢᠳᠠᠭ᠃ᠮᠣᠩᠭᠣᠯᠴᠤᠳ ᠤᠨ ᠳᠤᠮᠳᠠ ︽ᠤᠶᠢᠭᠤᠷᠵᠢᠨ ᠮᠣᠩᠭᠣᠯ ᠪᠢᠴᠢᠭ︾᠂ ︽ᠮᠣᠩᠭᠣᠯ ᠪᠢᠴᠢᠭ︾᠂ ︽ᠬᠤᠳᠤᠮ ᠮᠣᠩᠭᠣᠯ ᠦᠰᠦᠭ︾ ᠠᠩᠬ᠎ᠠ ᠬᠡᠳᠦᠢ ᠳᠦ᠂ ᠬᠠᠮᠢᠭ᠎ᠠ ᠠᠴᠠ ᠠᠪᠤᠭᠰᠠᠨ ᠲᠤᠬᠠᠢ ᠰᠡᠭᠦᠯ ᠦᠨ ᠦᠶ᠎ᠡ ᠳᠦ ᠡᠷᠳᠡᠮᠲᠡᠨ᠂ ᠰᠤᠳᠤᠯᠤᠭᠠᠴᠢ ᠨᠠᠷ ᠥᠪᠡᠷ ᠥᠪᠡᠷ ᠦᠨ ᠪᠣᠳᠣᠯ ᠰᠠᠨᠠᠯ ᠢ ᠳᠤᠷᠠᠳᠤᠭᠰᠠᠨ ᠪᠠᠶᠢᠨ᠎ᠠ᠃ ᠮᠠᠨ ᠤ ᠡᠷᠳᠡᠮᠲᠡᠨ ᠴ᠃ᠱᠠᠭᠳᠤᠷᠰᠦ᠋ᠷᠦᠩ ︽ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠳᠤ ᠰᠣᠭᠳᠠ ᠦᠰᠦᠭ ᠢ ᠤᠶᠢᠭᠤᠷ ᠠᠴᠠ ᠳᠠᠮ ᠠᠪᠴᠤ ᠬᠡᠷᠡᠭᠯᠡᠭᠰᠡᠨ ᠦᠭᠡᠢ᠂ ᠬᠠᠷᠢᠨ ᠵᠢᠷᠭᠤᠭ᠎ᠠ ᠠᠴᠠ ᠳᠣᠯᠤᠳᠤᠭᠠᠷ ᠵᠠᠭᠤᠨ ᠤ ᠦᠶ᠎ᠡ ᠳᠦ ᠮᠣᠩᠭᠣᠯ᠂ ᠤᠶᠢᠭᠤᠷ ᠣᠳᠣ ᠶᠢᠨ ᠲᠠᠵᠢᠺᠢᠰᠲᠠᠨ ᠤ ᠳᠡᠭᠡᠳᠦ ᠡᠪᠦᠭᠡ ᠰᠣᠭᠳᠠ ᠨᠠᠷ ᠠᠴᠠ ᠨᠢᠭᠡᠨ ᠵᠡᠷᠭᠡ ᠪᠢᠴᠢᠭ ᠦᠰᠦᠭ ᠠᠪᠤᠭᠰᠠᠨ ᠪᠠᠶᠢᠵᠤ ᠪᠤᠯᠬᠤ ᠪᠠᠷᠢᠮᠲᠠ ᠭᠠᠷᠴᠤ ᠪᠠᠶᠢᠨ᠎ᠠ᠃︾ ᠬᠡᠮᠡᠨ ᠪᠢᠴᠢᠭᠰᠡᠨ ᠪᠤᠢ᠃ ᠮᠥᠨ ᠥᠪᠥᠷ ᠮᠣᠩᠭᠣᠯ ᠤᠨ ᠡᠷᠳᠡᠮᠲᠡᠨ ᠳᠠᠨᠽᠠᠨ ︽ᠮᠣᠩᠭᠣᠯ ᠪᠢᠴᠢᠭ ᠦᠨ ᠡᠭᠦᠰᠦᠯ ᠦᠨ ᠴᠠᠭ ᠤᠨ ᠠᠰᠠᠭᠤᠳᠠᠯ︾ ᠬᠡᠮᠡᠬᠦ ᠰᠢᠨᠵᠢᠯᠡᠭᠡᠨ ᠦ ᠲᠣᠮᠣᠬᠠᠨ ᠥᠭᠦᠯᠡᠯ ᠳᠦ ᠪᠡᠨ ︽ᠡᠷᠲᠡᠨ ᠦ ᠮᠣᠩᠭᠣᠯ ᠤᠨ ᠬᠡᠯᠡ ᠠᠶᠠᠯᠭᠤᠨ ᠤ ᠪᠠᠶᠢᠳᠠᠯ᠂ ᠡᠷᠲᠡᠨ ᠦ ᠮᠣᠩᠭᠣᠯ ᠣᠷᠣᠨ ᠳᠠᠬᠢ ᠪᠢᠴᠢᠭ ᠦᠨ ᠰᠤᠶᠤᠯ ᠤᠨ ᠪᠠᠶᠢᠳᠠᠯ᠂ ᠡᠷᠲᠡᠨ ᠦ ᠮᠣᠩᠭᠣᠯ ᠣᠷᠣᠨ ᠤ ᠠᠶᠢᠮᠠᠭ ᠤᠭᠰᠠᠭᠠᠲᠠᠨ ᠤ ᠰᠤᠶᠤᠯ ᠤᠨ ᠬᠠᠷᠢᠯᠴᠠᠭᠠᠨ ᠤ ᠪᠠᠶᠢᠳᠠᠯ ᠪᠠ ᠬᠠᠭᠤᠴᠢᠨ ᠮᠣᠩᠭᠣᠯ ᠪᠢᠴᠢᠭ ᠳ᠋ᠡᠬᠢ ᠬᠡᠯᠡᠨ ᠦ ᠪᠣᠯᠤᠨ ᠦᠰᠦᠭ ᠵᠦᠢ ᠶᠢᠨ ᠣᠨᠴᠠᠯᠢᠭ ᠵᠡᠷᠭᠡ ᠶᠢ ᠶᠡᠷᠦᠩᠬᠡᠢ ᠳᠤ ᠨᠢ ᠰᠢᠨᠵᠢᠯᠡᠵᠦ ᠦᠵᠡᠪᠡᠯ᠂ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠠᠴᠠ ᠬᠣᠯᠠ ᠡᠷᠲᠡ ᠰᠣᠭᠳᠠ ᠭᠠᠷᠤᠯᠲᠠᠢ ᠤᠶᠢᠭᠤᠷ ᠦᠰᠦᠭ ᠢ ᠠᠪᠴᠤ ᠬᠡᠷᠡᠭᠯᠡᠭᠰᠡᠨ ᠪᠥᠭᠡᠳ ᠪᠣᠳᠠᠲᠠᠢ ᠴᠠᠭ ᠤᠨ ᠲᠠᠯ᠎ᠠ ᠪᠠᠷ 805-840 ᠣᠨ ᠤ ᠬᠣᠭᠣᠷᠣᠨᠳᠣ ᠪᠤᠶᠤ ᠡᠰᠡᠬᠦᠯ᠎ᠡ 971-1125 ᠣᠨ ᠤ ᠬᠣᠭᠣᠷᠣᠨᠳᠣ ᠪᠤᠶᠤ ᠭᠡᠬᠦ ᠬᠣᠶᠠᠷ ᠴᠠᠭ ᠦᠶ᠎ᠡ ᠳᠦ ᠬᠡᠷᠡᠭᠯᠡᠵᠦ ᠡᠬᠢᠯᠡᠭᠰᠡᠨ ᠪᠣᠯᠤᠮᠵᠢ ᠨᠢ ᠥᠭᠡᠷ᠎ᠡ ᠦᠶᠡᠰ ᠢᠯᠡᠭᠦᠦ ᠪᠠᠶᠢᠨ᠎ᠠ᠃︾ ᠭᠡᠳ ᠲᠡᠭᠦᠨ ᠢ ᠪᠡᠨ ᠣᠯᠠᠨ ᠪᠠᠷᠢᠮᠲᠠ ᠪᠠᠷ ᠪᠠᠲᠤᠯᠠᠬᠤ ᠶᠢ ᠬᠢᠴᠢᠶᠡᠭᠰᠡᠨ ᠪᠠᠶᠢᠨ᠎ᠠ᠃ᠮᠣᠩᠭᠣᠯ ᠪᠢᠴᠢᠭ ᠦᠨ ᠬᠡᠯᠡ ᠴᠤᠬᠤᠮ ᠬᠡᠳᠦᠢ ᠦᠶ᠎ᠡ ᠶᠢᠨ ᠶᠠᠮᠠᠷ ᠠᠶᠠᠯᠭᠤ ᠶᠢ ᠲᠤᠰᠬᠠᠭᠰᠠᠨ ᠪᠤᠢ? ᠭᠡᠳᠡᠭ ᠠᠰᠠᠭᠤᠯᠲᠠ ᠶᠠᠭᠤᠨ ᠤ ᠡᠮᠦᠨ᠎ᠡ ᠤᠭ ᠪᠢᠴᠢᠭ ᠢ ᠠᠪᠤᠭᠰᠠᠨ ᠣᠨ ᠴᠠᠭ ᠲᠠᠢ ᠬᠣᠯᠪᠣᠭᠳᠠᠬᠤ ᠨᠢ ᠲᠣᠳᠣᠷᠬᠠᠢ ᠪᠥᠭᠡᠳ ᠡᠨᠡ ᠲᠠᠯ᠎ᠠ ᠪᠠᠷ ᠴᠤ ᠰᠤᠳᠤᠯᠤᠭᠠᠴᠢᠳ ᠤᠨ ᠰᠠᠨᠠᠯ ᠨᠢᠭᠡ ᠮᠥᠷ ᠪᠣᠯᠵᠤ ᠴᠢᠳᠠᠭ᠎ᠠ ᠦᠭᠡᠢ ᠪᠠᠶᠢᠨ᠎ᠠ᠃ ᠶᠠᠮᠠᠷ ᠪᠣᠯᠪᠠᠴᠤ ᠮᠣᠩᠭᠣᠯᠴᠤᠳ ᠰᠣᠭᠳᠠ ᠭᠠᠷᠤᠯᠲᠠᠢ ᠤᠶᠢᠭᠤᠷᠵᠢᠨ ᠮᠣᠩᠭᠣᠯ ᠪᠢᠴᠢᠭ ᠢ ᠠᠪᠴᠤ ᠬᠡᠷᠡᠭᠯᠡᠭᠰᠡᠨ ᠨᠢ ᠲᠠᠪᠤᠳᠤᠭᠠᠷ ᠵᠠᠭᠤᠨ ᠠᠴᠠ ᠨᠠᠭᠠᠰᠢ ᠦᠭᠡᠢ ᠭᠡᠵᠦ ᠦᠵᠡᠬᠦ ᠦᠨᠳᠦᠰᠦ ᠲᠡᠢ ᠶᠤᠮ᠃ ᠲᠡᠶᠢᠮᠦ ᠴᠤ ᠤᠴᠢᠷ ᠠᠴᠠ ᠪᠢᠳᠡ ᠮᠣᠩᠭᠣᠯ᠂ ᠪᠢᠴᠢᠭ ᠢᠶᠡᠨ ᠮᠢᠩᠭᠠᠨ ᠵᠢᠯ ᠦᠨ ᠲᠡᠦᠬᠡ ᠲᠡᠢ ᠬᠡᠮᠡᠨ ᠶᠠᠷᠢᠵᠤ ᠪᠤᠢ᠃ 1616-1911 ᠣᠨ ᠤ ᠬᠣᠭᠣᠷᠣᠨᠳᠣ ᠣᠷᠣᠰᠢᠨ ᠲᠣᠭᠲᠠᠨᠢᠵᠤ ᠢᠷᠡᠭᠰᠡᠨ ᠳᠠᠢ ᠴᠢᠨ /ᠶᠡᠬᠡ ᠴᠢᠨ/ ᠤᠯᠤᠰ ᠤᠨ ᠠᠯᠪᠠᠨ ᠶᠣᠰᠣᠨ ᠤ ᠪᠢᠴᠢᠭ ᠪᠣᠯᠬᠤ ᠮᠠᠨᠵᠤ ᠪᠢᠴᠢᠭ ᠨᠢ ᠮᠣᠩᠭᠣᠯ ᠪᠢᠴᠢᠭ ᠡᠴᠡ ᠡᠭᠦᠰᠦᠭᠰᠡᠨ ᠢ ᠳᠤᠷᠢᠳᠠᠬᠤ ᠨᠢ ᠵᠦᠢᠲᠡᠢ᠃ ᠮᠠᠨᠵᠤ ᠶᠢᠨ ᠲᠥᠷᠥ ᠶᠢ ᠦᠨᠳᠦᠰᠦᠯᠡᠨ ᠪᠠᠶᠢᠭᠤᠯᠤᠭᠴᠢ ᠨᠤᠷᠬᠠᠴᠢ ᠬᠠᠭᠠᠨ ᠤ ᠵᠠᠷᠢᠯᠭ᠎ᠠ ᠪᠠᠷ ᠡᠷᠳᠡᠨᠢ ᠪᠠᠭᠰᠢ᠂ ᠭᠠᠭᠠᠢ ᠵᠠᠷᠭᠤᠴᠢ ᠬᠡᠮᠡᠬᠦ ᠬᠣᠶᠠᠷ ᠬᠦᠮᠦᠨ 1599 ᠣᠨ ᠳᠤ ᠮᠣᠩᠭᠣᠯ ᠪᠢᠴᠢᠭ ᠢ ᠮᠠᠨᠵᠤ ᠬᠡᠯᠡᠨ ᠳᠦ ᠲᠠᠭᠠᠷᠠᠭᠤᠯᠤᠨ᠂ ᠳᠤᠰᠤᠯ ᠪᠢᠨᠲ ᠨᠡᠮᠡᠬᠦ ᠵᠡᠷᠭᠡ ᠪᠡᠷ ᠥᠭᠡᠷᠡᠴᠢᠯᠡᠨ ᠵᠣᠬᠢᠶᠠᠭᠰᠠᠨ ᠪᠢᠯᠡ᠃ ᠡᠷᠳᠡᠮᠲᠡᠨ ᠰᠤᠳᠤᠯᠤᠭᠠᠴᠢ ᠨᠠᠷ ᠮᠠᠨᠵᠤ ᠪᠢᠴᠢᠭ ᠵᠣᠬᠢᠶᠠᠭᠰᠠᠨ ᠡᠨᠡ ᠬᠣᠶᠠᠷ ᠬᠦᠮᠦᠨ ᠢ ᠮᠣᠩᠭᠣᠯ ᠬᠦᠮᠦᠨ ᠪᠠᠶᠢᠭᠰᠠᠨ ᠭᠡᠵᠦ ᠦᠵᠡᠳᠡᠭ᠃ᠮᠣᠩᠭᠣᠯ ᠪᠢᠴᠢᠭ ᠪᠣᠯᠪᠠᠰᠤᠷᠠᠨ ᠬᠥᠭᠵᠢᠭᠰᠡᠨ ᠨᠢ ᠮᠣᠩᠭᠣᠯ ᠦᠭᠡ ᠶᠢ ᠠᠩᠬᠠᠯᠠᠨ ᠪᠣᠯᠪᠠᠰᠤᠷᠠᠭᠤᠯᠬᠤ ᠳᠤ ᠪᠠᠨ ᠤᠶᠢᠭᠤᠷ ᠦᠰᠦᠭ ᠦᠨ ᠠᠷᠪᠠᠨ ᠳᠥᠷᠪᠡᠨ ᠲᠣᠯᠣᠭᠠᠢ ᠨᠢ ᠮᠣᠩᠭᠣᠯ ᠬᠡᠯᠡᠨ ᠦ ᠦᠭᠡ ᠪᠦᠲᠦᠭᠡᠬᠦ ᠠᠪᠢᠶᠠᠯᠠᠪᠤᠷᠢ ᠶᠢᠨ ᠲᠣᠭᠠᠨ ᠠᠴᠠ ᠠᠷᠠᠢ ᠴᠥᠭᠡᠨ ᠲᠤᠯᠠ ᠬᠣᠰᠢᠶᠠᠳ᠂ ᠭᠤᠷᠪᠠᠭᠠᠳ ᠳᠦᠷᠰᠦ ᠶᠢ ᠨᠡᠶᠢᠯᠡᠭᠦᠯᠦᠨ ᠵᠠᠷᠢᠮ ᠦᠰᠦᠭ ᠢᠶᠡᠨ ᠲᠡᠮᠳᠡᠭᠯᠡᠭᠰᠡᠨ ᠪᠢᠯᠡ᠃ ᠲᠤᠬᠠᠶᠢᠯᠠᠪᠠᠯ ᠥ᠂ ᠦ ᠭᠡᠬᠦ ᠳᠦ ᠠᠯᠧᠹ᠂ ᠸᠠᠪ᠂ ᠢᠣᠳ᠋ ᠭᠤᠷᠪᠠ ᠶᠢ ᠬᠣᠯᠪᠣᠵᠤ ᠪᠦᠲᠦᠭᠡᠵᠡᠢ᠃ ᠣᠯᠠᠨ ᠵᠠᠭᠤᠨ ᠵᠢᠯ ᠮᠣᠩᠭᠣᠯ ᠪᠢᠴᠢᠭ ᠢᠶᠡᠨ ᠰᠤᠷᠴᠤ᠂ ᠰᠤᠷᠭᠠᠵᠤ ᠢᠷᠡᠬᠦ ᠶᠠᠪᠤᠴᠠ ᠳᠤ ᠲᠡᠷᠡᠬᠦ ᠳᠦᠷᠰᠦ᠂ ᠵᠢᠷᠤᠯᠭ᠎ᠠ ᠪᠦᠷᠢ ᠳᠦ ᠲᠤᠰᠬᠠᠢ ᠨᠡᠷ᠎ᠡ ᠴᠣᠯᠠ ᠥᠭᠭᠦᠭᠰᠡᠨ ᠨᠢ ᠵᠢᠭᠠᠬᠤ ᠠᠷᠭ᠎ᠠ ᠶᠢᠨ ᠥᠪᠡᠷᠮᠢᠴᠡ ᠨᠢᠭᠡᠨ ᠵᠦᠢᠯ ᠶᠤᠮ᠃ ᠲᠢᠲᠢᠮ᠂ ᠰᠢᠳᠦ᠂ ᠠᠴᠤᠭ᠂ ᠥᠷᠭᠡᠰᠦ᠂ ᠰᠢᠯᠪᠢ᠂ ᠵᠠᠪᠠᠵᠢ᠂ ᠭᠡᠳᠡᠰᠦ᠂ ᠰᠡᠭᠦᠯ᠂ ᠣᠷᠬᠢᠴᠠ᠂ ᠨᠤᠮᠤ᠂ ᠨᠢᠷᠤᠭᠤ᠂ ᠡᠪᠡᠷ᠂ ᠭᠡᠵᠢᠭᠡ᠂ ᠵᠠᠷᠲᠢᠭ ᠭᠡᠬᠦ ᠮᠡᠲᠦ ᠪᠡᠷ ᠮᠣᠩᠭᠣᠯ ᠪᠢᠴᠢᠭ ᠦᠨ ᠢᠶᠡᠨ ᠵᠢᠷᠤᠯᠭ᠎ᠠ᠂ ᠳᠦᠷᠰᠦ ᠪᠦᠷᠢ ᠶᠢ ᠢᠯᠭᠠᠨ ᠨᠡᠷᠡᠯᠡᠭᠰᠡᠨ ᠨᠢ ᠪᠢᠴᠢᠬᠦ ᠬᠡᠷᠡᠭᠯᠡᠯ ᠦᠭᠡᠢ ᠨᠥᠬᠥᠴᠡᠯ ᠳᠦ ᠠᠮᠠ ᠪᠠᠷ ᠬᠡᠯᠡᠵᠦ ᠥᠭᠬᠦ ᠪᠣᠯᠤᠮᠵᠢ ᠶᠢ ᠪᠦᠷᠢᠳᠦᠭᠦᠯᠡᠵᠡᠢ᠃ ᠵᠢᠱᠢᠶ᠎ᠡ ᠨᠢ ᠮᠣᠩᠭᠣᠯ ᠭᠡᠰᠡᠨ ᠴᠡᠭ ᠲᠡᠢ᠂ ᠳᠣᠣᠷ᠎ᠠ ᠨᠢ ᠭᠡᠳᠡᠰᠦ᠂ ᠲᠡᠭᠦᠰᠬᠡᠯ ᠳᠦ ᠨᠢ ᠳᠡᠪᠢᠰᠬᠡᠷ ︽ᠯᠠ︾ ᠪᠤᠶᠤ ᠡᠪᠡᠷ ᠭᠡᠬᠦ ᠪᠣᠯᠤᠨ᠎ᠠ᠃ᠨᠡᠩ ᠡᠷᠲᠡ ᠴᠠᠭ ᠲᠤ ᠦᠰᠦᠭ ᠪᠢᠴᠢᠭ ᠢᠶᠡᠨ ᠪᠣᠯᠪᠠᠰᠤᠷᠠᠭᠤᠯᠤᠭᠰᠠᠨ ᠮᠡᠷᠭᠡᠳ ᠮᠠᠨᠢ ᠭᠣᠣᠯᠴᠢᠯᠠᠨ ᠨᠤᠲᠤᠭ ᠤᠨ ᠠᠶᠠᠯᠭᠤ ᠶᠢ ᠨᠡᠩ ᠰᠠᠶᠢᠲᠤᠷ ᠠᠩᠬᠠᠷᠴᠤ᠂ ᠨᠤᠲᠤᠭ ᠨᠤᠲᠤᠭ ᠲᠤ ᠨᠢᠭᠡᠳᠬᠡᠨ ᠬᠡᠯᠡᠳᠡᠭ ᠠᠪᠢᠶ᠎ᠠ ᠠᠳᠠᠯᠢ ᠳᠦᠷᠰᠦ ᠪᠡᠷ ᠲᠡᠮᠳᠡᠭᠯᠡᠭᠰᠡᠨ ᠪᠠᠶᠢᠳᠠᠭ᠃ ᠵᠢᠱᠢᠶ᠎ᠡ ᠨᠢ ᠡᠷᠲᠡ ᠣᠳᠣ ᠶᠢᠨ ᠵᠠᠷᠢᠮ ᠠᠶᠠᠯᠭᠤᠨ ᠳᠤ ᠦᠭᠡ ᠶᠢᠨ ᠡᠬᠢᠨ ᠳᠦ ︽ᠵ︾ ᠨᠢ ︽ᠶᠠ︾ ᠪᠣᠯᠳᠠᠭ ᠦᠵᠡᠭᠳᠡᠯ ᠢ ᠨᠠᠷᠢᠨ ᠠᠵᠢᠭᠯᠠᠵᠤ᠂ ᠠᠳᠠᠯᠢ ᠳᠦᠷᠰᠦ ᠪᠡᠷ ᠲᠡᠮᠳᠡᠭᠯᠡᠭᠰᠡᠨ ᠲᠤᠯᠠ ᠵᠠᠰᠠᠭ᠂ ᠢᠰᠠᠭ᠂ ᠵᠢᠰᠠᠭ ᠭᠡᠵᠦ ᠲᠠᠭᠤᠳᠠᠬᠤ ᠪ ᠦ ᠷᠢᠨ ᠪᠣᠯᠤᠯᠴᠠᠭ᠎ᠠ ᠲᠠᠢ ᠪᠠᠶᠢᠳᠠᠭ᠃ ᠦᠶ᠎ᠡ ᠦᠶ᠎ᠡ ᠶᠢᠨ ᠣᠯᠠᠨ ᠮᠡᠷᠭᠡᠳ ᠮᠣᠩᠭᠣᠯ ᠪᠢᠴᠢᠭ ᠢ ᠵᠠᠰᠠᠵᠤ ᠥᠭᠡᠷᠡᠴᠢᠯᠡᠯ ᠦᠭᠡᠢ ᠶᠠᠪᠤᠵᠤ ᠢᠷᠡᠭᠰᠡᠨ ᠦ ᠭᠣᠣᠯ ᠰᠢᠯᠲᠠᠭᠠᠨ ᠨᠢ ᠪᠣᠯ ᠲᠥᠪ ᠠᠽᠢᠶ᠎ᠠ ᠶᠢᠨ ᠥᠷᠭᠡᠨ ᠠᠭᠤᠳᠠᠮ ᠨᠤᠲᠤᠭ ᠲᠤ ᠲᠠᠷᠬᠠᠨ ᠰᠠᠭᠤᠭᠰᠠᠨ ᠣᠯᠠᠨ ᠨᠤᠲᠤᠭ ᠤᠨ ᠠᠶᠠᠯᠭᠤ ᠲᠠᠢ ᠮᠣᠩᠭᠣᠯ ᠲᠤᠭᠤᠷᠭᠠᠲᠠᠨ ᠤ ᠪᠠᠨ ᠠᠯᠢᠨ ᠳᠤ ᠴᠤ ᠪᠡᠷᠬᠡᠰᠢᠶᠡᠯ ᠲᠦᠪᠡᠭ ᠦᠭᠡᠢ ᠣᠶᠢᠯᠠᠭᠠᠭᠳᠠᠬᠤ ᠨᠠᠷᠢᠨ ᠤᠪᠢᠳᠢᠰ ᠲᠠᠢ ᠪᠢᠴᠢᠭ ᠪᠣᠯᠬᠤ ᠶᠢ ᠮᠡᠳᠡᠷᠡᠭᠰᠡᠨ ᠦ ᠬᠢ ᠪᠤᠢ ᠵᠠ᠃ ᠥᠭᠡᠷ᠎ᠡ ᠪᠡᠷ ᠬᠡᠯᠡᠪᠠᠯ ᠮᠣᠩᠭᠣᠯ ᠪᠢᠴᠢᠭ ᠦᠨ ᠠᠪᠢᠶᠠᠨ ᠵᠦᠢ ᠶᠢᠨ ᠲᠣᠭᠲᠠᠯᠴᠠᠭᠠᠨ ᠳᠤ ᠮᠣᠩᠭᠣᠯ ᠬᠡᠯᠡᠨ ᠦ ᠨᠤᠲᠤᠭ ᠤᠨ ᠣᠯᠠᠨ ᠠᠶᠠᠯᠭᠤ ᠲᠠᠢ ᠣᠨᠴᠠᠯᠢᠭ ᠢ ᠪᠠᠬᠠᠳᠤᠭᠤᠰᠢᠲᠠᠢ ᠰᠠᠶᠢᠬᠠᠨ ᠲᠤᠰᠬᠠᠵᠤ ᠴᠢᠳᠠᠭᠰᠠᠨ ᠳᠤ ᠯᠠ ᠬᠠᠮᠤᠭ ᠤᠴᠢᠷ ᠪᠠᠶᠢᠭ᠎ᠠ ᠪᠢᠯᠡ᠃ᠮᠣᠩᠭᠣᠯ ᠦᠰᠦᠭ ᠦᠨ ᠪᠠᠰᠠ ᠨᠢᠭᠡᠨ ᠣᠨᠴᠠᠯᠢᠭ ᠢ ᠱ᠃ᠯᠤᠪᠰᠠᠩᠸᠠᠩᠳᠠᠨ ᠪᠠᠭᠰᠢ ᠲᠠᠶᠢᠯᠬᠤ ᠳᠤ ᠪᠠᠨ: ︽ᠬᠠᠭᠤᠴᠢᠨ ᠮᠣᠩᠭᠣᠯ ᠦᠰᠦᠭ ᠦᠨ ᠨᠢᠭᠡ ᠣᠨᠴᠠᠯᠢᠭ ᠨᠢ ᠨᠢᠭᠡ ᠦᠰᠦᠭ ᠦᠭᠡ ᠶᠢᠨ ᠡᠬᠢᠨ᠂ ᠳᠤᠮᠳᠠ᠂ ᠠᠳᠠᠭ ᠲᠤ ᠶᠠᠩᠵᠤ ᠪᠦᠷᠢ ᠪᠡᠷ ᠬᠤᠪᠢᠷᠠᠳᠠᠭ ᠲᠤ ᠣᠷᠣᠰᠢᠨ᠎ᠠ᠃ ᠢᠩᠭᠢᠵᠦ ᠨᠢᠭᠡ ᠦᠰᠦᠭ ᠶᠠᠩᠵᠤ ᠪᠦᠷᠢ ᠪᠡᠷ ᠬᠤᠪᠢᠷᠠᠬᠤ ᠨᠢ ᠡᠷᠲᠡᠨ ᠦ ᠰᠣᠭᠳᠠ᠂ ᠤᠶᠢᠭᠤᠷ ᠦᠰᠦᠭ ᠲᠦ ᠴᠤ ᠪᠠᠶᠢᠭᠰᠠᠨ ᠶᠤᠮ᠃ ᠨᠢᠭᠡ ᠦᠰᠦᠭ ᠦᠨ ᠶᠠᠩᠵᠤ ᠪᠦᠷᠢ ᠶᠢᠨ ᠬᠡᠯᠪᠡᠷᠢ ᠲᠡᠢ ᠪᠣᠯᠤᠭᠰᠠᠨ ᠨᠢ ᠦᠰᠦᠭ ᠢᠶᠡᠷ ᠦᠭᠡ ᠲᠡᠮᠳᠡᠭᠯᠡᠬᠦ ᠳᠦ ᠪᠡᠨ ᠤᠭ ᠦᠰᠦᠭ ᠦᠳ ᠢ ᠪᠡᠶ᠎ᠡ ᠪᠡᠶᠡᠰ ᠨᠢ ᠰᠠᠯᠤᠩᠭᠢᠳᠠ ᠪᠢᠰᠢ᠂ ᠵᠠᠯᠭᠠᠵᠤ ᠪᠢᠴᠢᠬᠦ ᠲᠡᠢ ᠬᠣᠯᠪᠣᠭᠳᠠᠨ ᠭᠠᠷᠴᠤ ᠢᠷᠡᠭᠰᠡᠨ ᠪᠠᠶᠢᠨ᠎ᠠ᠃ ᠦᠭᠡ ᠬᠡᠯᠡᠬᠦ ᠳᠦ ᠬᠦᠮᠦᠨ ᠦ ᠠᠮᠠᠨ ᠠᠴᠠ ᠴᠤᠪᠤᠷᠠᠨ ᠭᠠᠷᠤᠭᠰᠠᠨ ᠠᠪᠢᠶ᠎ᠠ ᠪᠡᠶ᠎ᠡ ᠪᠡᠶᠡ ᠳᠦ ᠪᠡᠨ ᠨᠥᠯᠦᠭᠡᠯᠡᠵᠦ᠂ ᠮᠥᠨ ᠨᠢᠭᠡ ᠠᠪᠢᠶ᠎ᠠ ᠦᠭᠡ ᠶᠢᠨ ᠡᠬᠢᠨ᠂ ᠳᠤᠮᠳᠠ᠂ ᠠᠳᠠᠭ ᠲᠤ ᠶᠠᠩᠵᠤ ᠪᠦᠷᠢ ᠪᠡᠷ ᠬᠤᠪᠢᠯᠠᠳᠠᠭ ᠤᠨ ᠠᠳᠠᠯᠢ ᠦᠰᠦᠭ ᠢ ᠴᠤᠪᠤᠷᠠᠭᠤᠯᠤᠨ ᠵᠠᠯᠭᠠᠵᠤ ᠪᠢᠴᠢᠬᠦ ᠳᠦ ᠮᠥᠨ ᠨᠢᠭᠡ ᠦᠰᠦᠭ ᠦᠨ ᠬᠡᠯᠪᠡᠷᠢ ᠵᠡᠷᠭᠡᠯᠭᠡ ᠦᠰᠦᠭ ᠦᠨ ᠪᠢᠴᠢᠯᠭᠡ ᠡᠴᠡ ᠪᠣᠯᠵᠤ ᠶᠠᠩᠵᠤ ᠪᠦᠷᠢ ᠶᠢᠨ ᠬᠡᠯᠪᠡᠷᠢ ᠲᠡᠢ ᠪᠣᠯᠬᠤ ᠨᠢ ᠵᠦᠢ ᠶᠢᠨ ᠬᠡᠷᠡᠭ᠃ ᠨᠢᠭᠡ ᠠᠪᠢᠶ᠎ᠠ ᠨᠥᠭᠥᠭᠡ ᠵᠡᠷᠭᠡᠯᠭᠡ ᠠᠪᠢᠶᠠᠨ ᠤ ᠪᠠᠨ ᠨᠥᠯᠥᠭᠡ ᠪᠡᠷ ᠬᠤᠪᠢᠷᠠᠳᠠᠭ ᠪᠣᠯ ᠮᠥᠨ ᠬᠦ ᠠᠪᠢᠶ᠎ᠠ ᠲᠡᠮᠳᠡᠭᠯᠡᠭᠰᠡᠨ ᠦᠰᠦᠭ ᠦᠨ ᠬᠤᠪᠢᠯᠪᠤᠷᠢ ᠳᠤ ᠵᠣᠬᠢᠬᠤ ᠲᠤᠰᠤᠯ ᠢᠶᠠᠨ ᠣᠯᠵᠤ ᠪᠣᠯᠬᠤ ᠶᠤᠮ᠃ ᠡᠨᠡ ᠤᠴᠢᠷ ᠠᠴᠠ ᠪᠢᠳᠡ ᠨᠢᠭᠡ ᠠᠪᠢᠶ᠎ᠠ ᠲᠡᠮᠳᠡᠭᠯᠡᠭᠰᠡᠨ ᠦᠰᠦᠭ ᠦᠨ ᠶᠠᠩᠵᠤ ᠪᠦᠷᠢ ᠶᠢᠨ ᠬᠤᠪᠢᠯᠪᠤᠷᠢ ᠶᠢ ᠮᠥᠨ ᠨᠢᠭᠡ ᠹᠣᠨᠧᠮ ᠤᠨ ᠶᠠᠩᠵᠤ ᠪᠦᠷᠢ ᠶᠢᠨ ᠬᠤᠪᠢᠯᠪᠤᠷᠢ ᠲᠠᠢ ᠬᠠᠷᠢᠴᠠᠭᠤᠯᠵᠤ ᠦᠵᠡᠬᠦ ᠪᠦᠷᠢᠨ ᠦᠨᠳᠦᠰᠦ ᠲᠡᠢ ᠶᠤᠮ᠃︾ ᠭᠡᠰᠡᠨ ᠪᠢᠯᠡ᠃ᠮᠣᠩᠭᠣᠯ ᠪᠢᠴᠢᠭ ᠣᠨ ᠵᠢᠯ ᠦᠨ ᠤᠷᠲᠤ ᠶᠢ ᠲᠤᠭᠤᠯᠤᠨ ᠪᠣᠯᠪᠠᠰᠤᠷᠠᠵᠤ ᠢᠷᠡᠬᠦ ᠳᠦ ᠪᠡᠨ ᠡᠷᠲᠡ ᠴᠠᠭ ᠤᠨ ᠦᠭᠡ ᠶᠢᠨ ᠪᠦᠲᠦᠴᠡ ᠶᠢ ᠥᠴᠥᠬᠡᠨ ᠴᠤ ᠠᠯᠳᠠᠭᠳᠠᠭᠤᠯᠤᠯ ᠦᠭᠡᠢ ᠪᠡᠷ ᠠᠪᠴᠢᠷᠠᠭᠰᠠᠨ ᠨᠢ ᠴᠤᠬᠤᠮ ᠳᠠᠭᠠᠨ ᠮᠣᠩᠭᠣᠯ ᠬᠡᠯᠡᠨ ᠦ ᠬᠥᠭᠵᠢᠯ ᠬᠤᠪᠢᠰᠤᠯ ᠪᠦᠬᠦᠨ ᠢ ᠲᠠᠰᠢᠶ᠎ᠠ ᠦᠭᠡᠢ ᠦᠨᠡᠨ ᠲᠡᠮᠳᠡᠭᠯᠡᠭᠰᠡᠨ ᠲᠡᠦᠬᠡᠨ ᠰᠤᠷᠪᠤᠯᠵᠢ ᠪᠢᠴᠢᠭ ᠮᠡᠲᠦ ᠠᠵᠢ᠃ ᠣᠷᠴᠢᠨ ᠴᠠᠭ ᠤᠨ ᠮᠣᠩᠭᠣᠯ ᠬᠡᠯᠡᠨ ᠦ ᠳᠠᠭᠤᠳᠠᠯᠭ᠎ᠠ ᠠᠴᠠ ᠥᠭᠡᠷ᠎ᠡ ᠪᠡᠷ ᠪᠢᠴᠢᠵᠦ ᠪᠠᠶᠢᠭ᠎ᠠ ᠦᠭᠡ ᠪᠦᠷᠢ ᠶᠢᠨ ᠴᠠᠭᠠᠨ᠎ᠠ ᠡᠬᠡ ᠬᠡᠯᠡᠨ ᠦ ᠮᠠᠨᠢ ᠲᠡᠦᠬᠡᠨ ᠬᠤᠪᠢᠰᠤᠯ ᠦᠭᠡ ᠶᠢᠨ ᠭᠠᠷᠤᠯ ᠤᠨ ᠤᠴᠢᠷ ᠰᠢᠯᠲᠠᠭᠠᠨ᠂ ᠦᠨᠳᠦᠰᠦᠨ ᠦ ᠬᠡᠯᠡ ᠰᠡᠳᠬᠢᠬᠦᠢ ᠶᠢᠨ ᠮᠠᠨᠢ ᠪᠦᠬᠦᠯᠢ ᠪᠦᠲᠦᠨ ᠲᠡᠦᠬᠡ ᠪᠠᠶᠢᠭ᠎ᠠ ᠭᠡᠳᠡᠭ ᠢ ᠣᠨᠴᠠᠯᠠᠨ ᠳᠤᠷᠠᠳᠬᠤ ᠨᠢ ᠵᠦᠢ ᠲᠡᠢ ᠪᠣᠯᠪᠠ ᠤᠤ᠃ ᠤᠴᠢᠷ ᠨᠢ ᠮᠣᠩᠭᠣᠯ ᠪᠢᠴᠢᠭ ᠢᠶᠡᠨ ᠰᠤᠷᠴᠤ ᠰᠤᠳᠤᠯᠬᠤ ᠶᠢ ᠬᠢᠴᠢᠶᠡᠬᠦ ᠪᠣᠯᠤᠭᠰᠠᠨ ᠥᠨᠥ ᠦᠶ᠎ᠡ ᠳᠦ ᠵᠠᠷᠢᠮ ᠰᠢᠨᠲᠠᠷᠠᠭᠠᠨ ᠭᠡᠨᠡᠨ ᠬᠦᠮᠦᠨ ᠮᠣᠩᠭᠣᠯ ᠪᠢᠴᠢᠭ ᠢ ᠣᠳᠣ ᠶᠢᠨ ᠠᠶᠠᠯᠭᠤᠨ ᠳᠤ ᠲᠣᠬᠢᠷᠠᠭᠤᠯᠤᠨ ᠥᠭᠡᠷᠡᠴᠢᠯᠡᠵᠦ ᠪᠣᠯᠳᠠᠭ ᠦᠭᠡᠢ ᠶᠤᠮ ᠤᠤ? ᠭᠡᠵᠦ ᠬᠡᠯᠡᠬᠦ ᠨᠢ ᠬᠠᠶᠠ ᠲᠣᠬᠢᠶᠠᠯᠳᠣᠬᠤ ᠶᠤᠮ᠃ ᠡᠨᠡ ᠪᠣᠯ ᠲᠤᠶᠢᠯ ᠤᠨ ᠠᠮᠢᠨᠴᠢᠬᠠᠨ ᠦᠵᠡᠯ ᠦᠨ ᠢᠯᠡᠷᠡᠯ ᠮᠡᠲᠦ ᠪᠣᠳᠣᠭᠳᠠᠵᠤ ᠮᠡᠳᠡᠬᠦ ᠦᠭ᠎ᠡ᠃ᠮᠣᠩᠭᠣᠯ ᠪᠢᠴᠢᠭ ᠢᠶᠡᠷ ᠪᠢᠴᠢᠳᠡᠭ ᠶᠣᠰᠣ ᠶᠢ ᠵᠥᠷᠢᠴᠡᠵᠦ᠂ ᠬᠡᠯᠡᠬᠦ ᠠᠶᠠᠯᠭ᠎ᠠ ᠵᠢᠡᠨ ᠪᠠᠷᠢᠮᠲᠠᠯᠠᠨ ᠪᠢᠴᠢᠨ᠎ᠡ ᠭᠡᠳᠡᠭ ᠡᠬᠡ ᠬᠡᠯᠡᠨ ᠦ ᠪᠡᠨ ᠡᠳ᠋ ᠡᠰ ᠢ ᠵᠡᠮᠳᠡᠭᠯᠡᠨ ᠲᠠᠭᠠᠷᠢᠵᠤ ᠬᠠᠶᠠᠨ᠎ᠠ ᠭᠡᠰᠡᠨ ᠦᠭᠡ ᠪᠥᠭᠡᠳ ᠲᠡᠭᠦᠪᠡᠷ ᠬᠣᠶᠢᠴᠢ ᠦᠶ᠎ᠡ ᠶᠢᠨ ᠬᠢᠨ ᠦ ᠪᠡᠨ ᠡᠮᠦᠨ᠎ᠡ ᠠᠭᠤᠴᠢᠯᠠᠰᠢ ᠦᠭᠡᠢ ᠨᠢᠭᠦᠯᠲᠡᠨ ᠪᠣᠯᠵᠤ ᠮᠡᠳᠡᠨ᠎ᠡ᠃ ᠤᠴᠢᠷ ᠨᠢ ᠮᠣᠩᠭᠣᠯ ᠬᠡᠯᠡ᠂ ᠮᠣᠩᠭᠣᠯ ᠪᠢᠴᠢᠭ ᠭᠡᠭᠴᠢ ᠭᠠᠭᠴᠠ ᠥᠨᠥ ᠶᠢᠨ ᠪᠢᠳᠡᠨ ᠦ ᠥᠮᠴᠢ ᠪᠢᠰᠢ᠃ ᠥᠩᠭᠡᠷᠡᠭᠰᠡᠨ᠂ ᠣᠳᠣ᠂ ᠢᠷᠡᠭᠡᠳᠦᠢ ᠭᠤᠷᠪᠠᠨ ᠴᠠᠭ ᠤᠨ ᠲᠦᠮᠡ ᠪᠤᠮᠤᠨ ᠮᠣᠩᠭᠣᠯᠴᠤᠳ ᠤᠨ ᠥᠮᠴᠢ ᠤᠴᠢᠷ ᠠᠴᠠ ᠨᠢᠭᠡᠨ ᠦᠶ᠎ᠡ ᠶᠢᠨ ᠪᠢᠳᠡ ᠳᠤᠷ᠎ᠠ ᠮᠡᠳᠡᠨ ᠪᠢᠴᠢᠭ ᠦᠰᠦᠭ ᠢᠶᠡᠨ ᠥᠭᠡᠷᠡᠴᠢᠯᠡᠵᠦ ᠵᠠᠰᠠᠮᠵᠢᠯᠠᠨ᠂ ᠬᠣᠶᠢᠴᠢ ᠦᠶ᠎ᠡ ᠶᠢᠨ ᠢᠶᠡᠨ ᠡᠬᠡ ᠬᠡᠯᠡ ᠰᠡᠳᠬᠢᠬᠦᠢ ᠶᠢᠨ ᠬᠢ ᠨᠢ ᠲᠡᠦᠬᠡᠨ ᠡᠴᠡ ᠬᠣᠯᠠᠳᠬᠠᠬᠤ ᠡᠷᠬᠡ ᠦᠭᠡᠢ᠃ ᠮᠣᠩᠭᠣᠯ ᠪᠢᠴᠢᠭ ᠪᠣᠯ ᠮᠣᠩᠭᠣᠯ ᠬᠡᠯᠡᠨ ᠦ ᠦᠭᠡ ᠶᠢᠨ ᠲᠡᠦᠬᠡ ᠭᠠᠷᠤᠯ ᠢ ᠨᠢᠭᠲᠠᠯᠠᠨ ᠲᠣᠯᠢᠳᠠᠬᠤ ᠲᠣᠯᠢ ᠪᠢᠴᠢᠭ ᠶᠤᠮ᠃ ᠨᠠᠭᠠᠳᠤ ᠵᠠᠬ᠎ᠠ ᠶᠢᠨ ᠦᠭᠡ ᠪᠡᠷ ᠵᠢᠱᠢᠶᠡᠯᠡᠬᠦ ᠳᠦ ᠬᠢᠲᠤᠭ᠎ᠠ᠂ ᠬᠢᠳᠤᠬᠤ᠂ ᠴᠢᠷᠭ᠎ᠠ ᠴᠢᠷᠦᠬᠦ᠂ ᠭᠡᠬᠦ ᠮᠡᠲᠦ ᠦᠭᠡ ᠶᠢ ᠮᠣᠩᠭᠣᠯ ᠪᠢᠴᠢᠭ ᠢᠶᠡᠷ ᠬᠠᠳᠤᠭᠠ᠂ ᠬᠢᠳᠤᠬᠤ᠂ ᠴᠢᠷᠭ᠎ᠠ᠂ ᠴᠢᠷᠬᠦ ᠭᠡᠵᠦ ᠪᠢᠴᠢᠨ᠎ᠡ᠃ ᠡᠬᠢᠨ ᠦ ᠬᠣᠶᠠᠷ ᠦᠭᠡ ᠶᠢᠨ ᠢᠵᠠᠭᠤᠷ ᠨᠢ ᠬᠢᠳᠤ ᠪᠥᠭᠡᠳ ᠬᠢᠲᠤᠵᠤ᠂ ᠬᠢᠷᠭᠠᠳᠠᠭ ᠶᠠᠭᠤᠮ᠎ᠠ ᠶᠢᠨ ᠨᠡᠷ᠎ᠡ ᠶᠢ ᠬᠢᠲᠤᠭ᠎ᠠ ᠭᠡᠳᠡᠭ ᠪᠣᠯᠬᠤ ᠨᠢ ᠢᠯᠡᠳᠲᠡ ᠬᠠᠷᠠᠭᠳᠠᠨ᠎ᠠ᠃ ᠨᠥᠭᠥᠭᠡ ᠬᠣᠶᠠᠷ ᠦᠭᠡ ᠶᠢᠨ ᠢᠵᠠᠭᠤᠷ ᠴᠢᠷ ᠪᠥᠭᠡᠳ ᠴᠢᠷᠴᠢ ᠶᠠᠪᠤᠳᠠᠭ ᠶᠠᠭᠤᠮ᠎ᠠ ᠶᠢ ᠴᠢᠷᠭ᠎ᠠ ᠭᠡᠳᠡᠭ ᠪᠣᠯᠬᠤ ᠨᠢ ᠲᠣᠳᠣᠷᠬᠠᠢ ᠪᠠᠶᠢᠨ᠎ᠠ᠃ᠦᠰᠦᠭ ᠵᠦᠢ ᠶᠢᠨ ᠬᠤᠪᠢ ᠳᠤ ᠠᠪᠴᠤ ᠦᠵᠡᠪᠡᠯ᠂ ᠠᠷᠪᠠᠨ ᠵᠢᠷᠭᠤᠭ᠎ᠠ ᠠᠴᠠ ᠠᠷᠪᠠᠨ ᠳᠣᠯᠤᠳᠤᠭᠠᠷ ᠵᠠᠭᠤᠨ ᠤ ᠦᠶ᠎ᠡ ᠬᠦᠷᠲᠡᠯᠡᠬᠢ ᠪᠢᠴᠢᠭ ᠦᠨ ᠬᠡᠪ ᠮᠠᠶ᠋ᠢᠭ᠂ ᠦᠰᠦᠭ ᠦᠨ ᠵᠢᠷᠤᠯᠭ᠎ᠠ ᠠᠭᠤᠭᠤᠯ ᠰᠣᠭᠳᠠ᠂ ᠤᠶᠢᠭᠤᠷ ᠦᠰᠦᠭ ᠲᠡᠢ ᠶᠡᠬᠡ ᠲᠥᠰᠲᠡᠢ ᠪᠠᠶᠢᠭᠰᠠᠨ ᠪᠥᠭᠡᠳ ᠲᠡᠶᠢᠮᠦ ᠴᠤ ᠤᠴᠢᠷ ᠠᠴᠠ ᠡᠨᠡ ᠦᠶ᠎ᠡ ᠶᠢᠨ ᠮᠣᠩᠭᠣᠯ ᠪᠢᠴᠢᠭ ᠢ ᠤᠶᠢᠭᠤᠷᠵᠢᠨ ᠮᠣᠩᠭᠣᠯ ᠪᠢᠴᠢᠭ ᠭᠡᠵᠦ ᠨᠡᠷᠡᠯᠡᠬᠦ ᠨᠢ ᠪᠤᠢ᠃ ᠠᠷᠪᠠᠨ ᠵᠢᠷᠭᠤᠭ᠎ᠠ ᠠᠴᠠ ᠠᠷᠪᠠᠨ ᠳᠣᠯᠤᠳᠤᠭᠠᠷ ᠵᠠᠭᠤᠨ ᠠᠴᠠ ᠬᠣᠶᠢᠰᠢ᠂ ᠡᠳᠦᠭᠡ ᠶᠢᠨ ᠮᠣᠩᠭᠣᠯ ᠪᠢᠴᠢᠭ ᠦᠰᠦᠭ ᠦᠨ ᠬᠡᠪ ᠮᠠᠶ᠋ᠢᠭ ᠢ ᠣᠯᠵᠤ᠂ ᠦᠰᠦᠭ ᠦᠨ ᠵᠢᠷᠤᠯᠭ᠎ᠠ᠂ ᠨᠡᠮᠡᠯᠲᠡ ᠲᠡᠮᠳᠡᠭ ᠰᠡᠯᠲᠡ ᠨᠢ ᠲᠣᠭᠲᠠᠪᠤᠷᠢᠵᠢᠨ ᠪᠣᠯᠪᠠᠰᠤᠷᠠᠵᠤ᠂ ᠬᠠᠷᠢ ᠬᠡᠯᠡᠨ ᠦ ᠦᠭᠡ ᠶᠢ ᠲᠡᠮᠳᠡᠭᠯᠡᠬᠦ ᠭᠠᠯᠢᠭ ᠦᠰᠦᠭ ᠦᠨ ᠪᠦᠬᠦᠯᠢ ᠪᠦᠲᠦᠨ ᠲᠣᠭᠲᠠᠯᠴᠠᠭ᠎ᠠ ᠲᠠᠢ ᠪᠣᠯᠵᠤ᠂ ᠵᠥᠪ ᠪᠢᠴᠢᠬᠦ ᠳᠦᠷᠢᠮ ᠴᠤ ᠵᠢᠭᠳᠡᠷᠡᠨ ᠴᠡᠭᠴᠡᠷᠡᠭᠰᠡᠨ ᠪᠠᠶᠢᠨ᠎ᠠ᠃ ᠠᠷᠪᠠᠨ ᠵᠢᠷᠭᠤᠭ᠎ᠠ ᠠᠴᠠ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠮᠣᠩᠭᠣᠯᠴᠤᠳ ᠤᠨ ᠨᠣᠮ ᠪᠢᠴᠢᠭ ᠦᠨ ᠦᠢᠯᠡᠰ ᠨᠡᠩ ᠥᠷᠨᠢᠵᠦ᠂ ᠨᠣᠮ ᠪᠠᠷᠯᠠᠬᠤ᠂ ᠤᠷᠴᠢᠭᠤᠯᠬᠤ ᠲᠤᠭᠤᠷᠪᠢᠬᠤ ᠦᠢᠯᠡ ᠮᠠᠨᠳᠤᠨ ᠳᠡᠯᠭᠡᠷᠴᠢ᠂ ᠰᠣᠩᠭᠣᠳᠠᠭ ᠪᠢᠴᠢᠭ ᠦᠨ ᠬᠡᠯᠡ ᠪᠥᠷᠢᠯᠳᠦᠨ ᠲᠣᠭᠲᠠᠵᠠᠢ᠃ ᠮᠣᠩᠭᠣᠯ ᠪᠢᠴᠢᠭ ᠦᠨ ᠵᠥᠪ ᠪᠢᠴᠢᠬᠦ ᠳᠦᠷᠢᠮ ᠵᠢᠭᠳᠡᠷᠡᠨ ᠴᠡᠭᠴᠡᠷᠡᠬᠦ ᠳᠦ ᠠᠷᠪᠠᠨ ᠭᠤᠷᠪᠠᠳᠤᠭᠠᠷ ᠵᠠᠭᠤᠨ ᠠᠴᠠ ᠡᠬᠢᠯᠡᠨ ᠤᠳᠠᠭ᠎ᠠ ᠳᠠᠷᠠᠭ᠎ᠠ ᠲᠤᠭᠤᠷᠪᠢᠵᠤ ᠢᠷᠡᠭᠰᠡᠨ ᠣᠯᠠᠨ ᠠᠷᠪᠠᠨ ᠬᠡᠯᠡ ᠵᠦᠢ ᠶᠢᠨ ᠪᠢᠴᠢᠭ᠂ ᠣᠯᠠᠨ ᠵᠦᠢᠯ ᠦᠨ ᠲᠣᠯᠢ ᠪᠢᠴᠢᠭ ᠨᠡᠩ ᠴᠢᠬᠤᠯᠠ ᠪᠠᠶᠢᠪᠠ᠃ ᠡᠳᠡᠭᠡᠷ ︽ᠵᠢᠷᠦᠬᠡᠨ ᠲᠣᠯᠢᠲᠤ︾ ᠬᠡᠮᠡᠬᠦ ᠬᠡᠯᠡ ᠵᠦᠢ ᠶᠢᠨ ᠪᠦᠲᠦᠭᠡᠯ ᠴᠠᠭᠠᠨ ᠲᠣᠯᠣᠭᠠᠢ᠂ ᠦᠰᠦᠭ ᠦᠨ ᠳᠦᠷᠢᠮ ᠢ ᠬᠠᠮᠤᠷᠤᠭᠰᠠᠨ ᠲᠡᠳᠦᠢ ᠦᠭᠡᠢ ᠬᠡᠯᠡ ᠰᠢᠨᠵᠢᠯᠡᠯ ᠪᠤᠶᠤ ᠳᠠᠭᠤᠨ ᠤᠬᠠᠭᠠᠨ ᠤ ᠣᠯᠠᠨ ᠲᠠᠯ᠎ᠠ ᠶᠢ ᠪᠠᠭᠲᠠᠭᠠᠵᠤ ᠪᠠᠶᠢᠴᠠᠢ᠃ ᠨᠢᠭᠡᠨ ᠵᠢᠱᠢᠶ᠎ᠡ ᠲᠠᠲᠠᠬᠤ ᠳᠤ ᠠᠷᠪᠠᠨ ᠭᠤᠷᠪᠠᠳᠤᠭᠠᠷ ᠵᠠᠭᠤᠨ ᠤ ᠡᠴᠦᠰ᠂ ᠠᠷᠪᠠᠨ ᠳᠥᠷᠪᠡᠳᠦᠭᠡᠷ ᠵᠠᠭᠤᠨ ᠤ ᠡᠬᠢᠨ ᠦᠶ᠎ᠡ ᠳᠦ ᠪᠦᠲᠦᠭᠡᠨ ᠲᠤᠭᠤᠷᠪᠢᠵᠤ ᠪᠠᠶᠢᠭᠰᠠᠨ᠃ ᠴᠣᠶᠢᠵᠢ-ᠣᠳᠰᠠᠷ᠂ ᠮᠣᠩᠭᠣᠯ ᠪᠢᠴᠢᠭ ᠦᠨ ᠠᠪᠢᠶᠠᠵᠦᠢ᠂ ᠬᠡᠯᠡ ᠵᠦᠢ ᠶᠢᠨ ᠣᠨᠴᠠᠯᠢᠭ ᠢ ᠰᠠᠶᠢᠨ ᠲᠤᠰᠬᠠᠵᠤ᠂ ᠦᠭᠡ ᠶᠢᠨ ᠡᠴᠦᠰ ᠲᠦ ᠦᠶ᠎ᠡ ᠪᠢᠲᠡᠭᠦᠯᠡᠨ ᠣᠷᠣᠵᠤ ᠴᠢᠳᠠᠬᠤ ᠭᠡᠶᠢᠭᠦᠯᠦᠭᠴᠢ ᠦᠰᠦᠭ ᠢ ᠪᠦᠷᠢᠳᠬᠡᠨ ᠲᠣᠭᠲᠠᠭᠠᠵᠤ 11 ᠳᠡᠪᠢᠰᠬᠡᠷ ᠦᠰᠦᠭ ᠭᠡᠵᠦ ᠨᠡᠷᠡᠯᠡᠵᠡᠢ᠃ ᠡᠷᠲᠡᠨ ᠦ ᠮᠣᠩᠭᠣᠯ ᠬᠡᠯᠡᠨ ᠦ 11 ᠳᠡᠪᠢᠰᠬᠡᠷ ᠭᠡᠶᠢᠭᠦᠯᠦᠭᠴᠢ ᠡᠴᠡ 9 ᠨᠢ ᠣᠷᠴᠢᠨ ᠴᠠᠭ ᠤᠨ ᠮᠣᠩᠭᠣᠯ ᠬᠡᠯᠡᠨ ᠳᠦ ᠨᠢᠭᠡᠨ ᠠᠳᠠᠯᠢ ᠳᠡᠪᠢᠰᠬᠡᠷᠯᠡᠨ ᠣᠷᠣᠵᠤ ᠪᠠᠶᠢᠭ᠎ᠠ ᠠᠴᠠ ᠦᠵᠡᠬᠦ ᠳᠦ ᠲᠡᠷᠡ ᠡᠷᠲᠡ ᠴᠠᠭ ᠲᠤ ᠮᠣᠩᠭᠣᠯ ᠬᠡᠯᠡᠨ ᠦ ᠭᠡᠶᠢᠭᠦᠯᠦᠭᠴᠢ ᠠᠪᠢᠶᠠᠯᠠᠪᠤᠷᠢ ᠶᠢᠨ ᠪᠠᠶᠢᠷᠢᠯᠠᠯ ᠤᠨ ᠴᠢᠬᠤᠯᠠ ᠬᠠᠤᠯᠢ ᠶᠢ ᠨᠡᠭᠡᠭᠡᠭᠰᠡᠨ ᠠᠵᠡᠢ᠃ ᠠᠷᠪᠠᠨ ᠭᠤᠷᠪᠠᠳᠤᠭᠠᠷ ᠵᠠᠭᠤᠨ ᠠᠴᠠ ᠡᠬᠢᠯᠡᠨ ᠰᠠᠵᠢ ᠪᠠᠨᠳᠢᠳᠠ ᠭᠦᠩᠭᠠᠵᠠᠯᠼᠠᠨ᠂ ᠴᠣᠶᠢᠵᠢ-ᠣᠳᠰᠠᠷ᠂ ᠷᠠᠪᠵᠠᠮᠪᠠ ᠳᠠᠭᠵᠠᠨᠳᠠᠭᠪᠠ᠂ ᠠᠯᠠᠱᠠ ᠳᠠᠨᠳᠠᠷ ᡀᠠᠷᠠᠮᠪᠠ᠂ ᠣ᠃ᠵᠠᠮᠢᠶᠠᠨ᠂ ᠰ᠃ᠱᠠᠭᠵᠢ ᠲᠡᠷᠢᠭᠦᠲᠡᠨ ᠣᠯᠠᠨ ᠮᠡᠷᠭᠡᠳ᠂ ᠣᠯᠠᠨ ᠠᠷᠪᠠᠨ ᠴᠠᠭᠠᠨ ᠲᠣᠯᠣᠭᠠᠢ᠂ ︽ᠵᠢᠷᠦᠬᠡᠨ ᠲᠣᠯᠢᠲᠤ︾ ᠬᠡᠮᠡᠬᠦ ᠬᠡᠯᠡ ᠵᠦᠢ ᠶᠢᠨ ᠳᠦᠷᠢᠮ ᠢ ᠪᠣᠯᠪᠠᠰᠤᠷᠠᠭᠤᠯᠤᠭᠰᠠᠭᠠᠷ ᠢᠷᠡᠭᠰᠡᠨ ᠪᠢᠯᠡ᠃ ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠳᠦ ᠰ᠃ᠱᠠᠭᠵᠢ ᠪᠠᠭᠰᠢ ᠶᠢᠨ ︽ᠦᠰᠦᠭ ᠦᠨ ᠳᠦᠷᠢᠮ ᠦᠨ ᠲᠣᠯᠢ︾ ᠍ ᠭᠠᠷᠴᠤ᠂ ᠡᠳᠦᠭᠡ ᠬᠦᠷᠲᠡᠯ᠎ᠡ ᠥᠪᠥᠷ ᠮᠣᠩᠭᠣᠯ᠂ ᠪᠤᠷᠢᠶᠠᠳ ᠪᠦᠭᠦᠳᠡ ᠯᠠ ᠡᠨᠡ ᠲᠣᠯᠢ  ᠶᠢ ᠵᠥᠪ ᠪᠢᠴᠢᠬᠦ ᠵᠦᠢ ᠶᠢᠨ ᠬᠤᠪᠢ ᠳᠤ ᠮᠥᠷᠳᠡᠯᠭᠡ ᠪᠣᠯᠭᠠᠵᠤ ᠪᠠᠶᠢᠭ᠎ᠠ ᠶᠤᠮ᠃ᠮᠣᠩᠭᠣᠯ ᠪᠢᠴᠢᠭ ᠦᠨ ᠰᠠᠩ ᠬᠥᠮᠥᠷᠭᠡ ᠮᠣᠩᠭᠣᠯ ᠲᠤᠭᠤᠷᠭᠠᠲᠠᠨ ᠣᠯᠠᠨ ᠵᠠᠭᠤᠨ ᠤ ᠲᠤᠷᠰᠢ ᠦᠨᠳᠦᠰᠦᠨ ᠦ ᠪᠡᠨ ᠪᠢᠴᠢᠭ ᠢᠶᠡᠷ ᠣᠶᠤᠨ ᠤ ᠰᠤᠶᠤᠯ ᠤᠨ ᠬᠣᠣᠰ ᠦᠭᠡᠢ ᠠᠷᠪᠢᠨ ᠥᠪ ᠰᠠᠩ ᠪᠦᠲᠦᠭᠡᠵᠡᠢ᠃ ᠴᠠᠭ ᠴᠠᠭ ᠤᠨ ᠭᠠᠮᠰᠢᠭ᠂ ᠦᠶ᠎ᠡ ᠦᠶ᠎ᠡ ᠶᠢᠨ ᠦᠷᠡᠭᠳᠡᠯ ᠢ ᠲᠡᠰᠴᠦ ᠥᠩᠭᠡᠷᠡᠭᠡᠭᠰᠡᠨ ᠨᠢ ᠯᠠ ᠪᠢᠳᠡᠨ ᠳᠦ ᠬᠦᠷᠴᠦ ᠢᠷᠡᠵᠡᠢ ᠭᠡᠵᠦ ᠪᠣᠳᠣᠬᠤ ᠳᠤ ᠡᠳᠦᠭᠡ ᠮᠣᠩᠭᠣᠯ ᠣᠷᠣᠨ ᠳᠤ ᠪᠣᠯᠤᠨ ᠳᠡᠯᠡᠬᠡᠢ ᠶᠢᠨ ᠣᠯᠠᠨ ᠣᠷᠣᠨ ᠤ ᠨᠣᠮ ᠤᠨ ᠰᠠᠩ ᠳᠤ ᠬᠠᠳᠠᠭᠠᠯᠠᠭᠳᠠᠵᠤ ᠪᠠᠶᠢᠭ᠎ᠠ ᠮᠣᠩᠭᠣᠯ ᠨᠣᠮ ᠢ ᠮᠡᠳᠡᠭᠰᠡᠨ ᠳᠠᠭᠤᠯᠠᠭᠰᠠᠨ ᠤ ᠬᠢᠷᠢ ᠪᠡᠷ ᠬᠡᠮᠵᠢᠶᠡᠯᠡᠨ ᠰᠠᠨᠠᠬᠤ ᠳᠤ ᠥᠪᠡᠷ ᠦᠨ ᠡᠷᠬᠡ ᠦᠭᠡᠢ ᠪᠠᠬᠠᠳᠤᠨ ᠪᠢᠰᠢᠷᠡᠬᠦ ᠰᠡᠳᠬᠢᠯ ᠲᠥᠷᠥᠬᠦ ᠠᠵᠢ᠃ᠵᠥᠪᠬᠡᠨ ᠤᠯᠤᠰ ᠤᠨ ᠨᠡᠶᠢᠲᠡ ᠶᠢᠨ ᠨᠣᠮ ᠤᠨ ᠰᠠᠩ ᠳᠤ ᠮᠣᠩᠭᠣᠯ ᠪᠢᠴᠢᠭ ᠢᠶᠡᠷ ᠲᠤᠭᠤᠷᠪᠢᠭᠰᠠᠨ 20000 ᠣᠷᠴᠢᠮ ᠰᠤᠳᠤᠷ ᠱᠠᠰᠲᠢᠷ ᠬᠠᠳᠠᠭᠠᠯᠠᠭᠳᠠᠵᠤ ᠪᠠᠶᠢᠨ᠎ᠠ᠃ᠣᠷᠣᠰ ᠬᠣᠯᠪᠣᠭᠠᠨ ᠤ ᠤᠯᠤᠰ᠂ ᠮᠣᠩᠭᠣᠯ᠂ ᠠᠮᠧᠷᠢᠺᠠ ᠶᠢᠨ ᠨᠢᠭᠡᠳᠦᠭᠰᠡᠨ ᠤᠯᠤᠰ᠂ ᠠᠩᠭᠯᠢ᠂ ᠶᠠᠫᠣᠨ᠂ ᠭᠧᠷᠮᠠᠨ᠂ ᠰᠢᠪ ᠲᠦ᠂ ᠫᠣᠯᠢᠰᠢ᠂ ᠤᠩᠭᠠᠷᠢ᠂ ᠹᠷᠠᠨᠼᠢ ᠵᠡᠷᠭᠡ ᠳᠡᠯᠡᠬᠡᠢ ᠶᠢᠨ ᠣᠯᠠᠨ ᠣᠷᠣᠨ ᠤ ᠨᠣᠮ ᠤᠨ ᠰᠠᠩ ᠳᠤ ᠮᠣᠩᠭᠣᠯ ᠪᠢᠴᠢᠭ ᠢᠶᠡᠷ ᠲᠤᠭᠤᠷᠪᠢᠭᠰᠠᠨ ᠰᠤᠳᠤᠷ ᠱᠠᠰᠲᠢᠷ᠂ ᠮᠥᠨ ᠦᠯᠡᠮᠵᠢ ᠲᠣᠭ᠎ᠠ ᠲᠠᠢ ᠪᠠᠶᠢᠭ᠎ᠠ ᠪᠥᠭᠡᠳ ᠵᠠᠷᠢᠮ ᠣᠷᠣᠨ ᠤ ᠡᠷᠳᠡᠮᠲᠡᠨ ᠥᠪᠡᠷ ᠦᠨ ᠣᠷᠣᠨ ᠳᠤ ᠪᠠᠶᠢᠭ᠎ᠠ ᠮᠣᠩᠭᠣᠯ ᠨᠣᠮ ᠤᠨ ᠭᠠᠷᠴᠠᠭ ᠢ ᠬᠡᠪᠯᠡᠭᠦᠯᠦᠭᠰᠡᠨ ᠨᠢ ᠵᠥᠪᠬᠡᠨ ᠲᠤᠰᠬᠠᠢ ᠨᠣᠮ᠂ ᠲᠣᠮᠣ ᠪᠣᠲᠢ ᠪᠣᠯᠤᠭᠰᠠᠨ ᠪᠠᠶᠢᠬᠤ ᠶᠤᠮ᠃ᠮᠣᠩᠭᠣᠯ ᠲᠤᠭᠤᠷᠭᠠᠲᠠᠨ ᠤ ᠳᠣᠲᠣᠷ᠎ᠠ ᠠᠴᠠ ᠤᠬᠠᠭᠠᠨ ᠪᠢᠯᠢᠭ ᠢᠶᠡᠷ ᠢᠶᠡᠨ ᠲᠣᠳᠣᠷᠠᠨ ᠭᠠᠷᠤᠭᠰᠠᠨ ᠣᠯᠠᠨ ᠮᠡᠷᠭᠡᠳ ᠵᠦᠢᠯ ᠵᠦᠢᠯ ᠦᠨ ᠤᠬᠠᠭᠠᠨ ᠤ ᠨᠡᠩ ᠠᠷᠪᠢᠨ ᠱᠠᠰᠲᠢᠷ ᠰᠤᠳᠤᠷ ᠲᠤᠭᠤᠷᠪᠢᠭᠰᠠᠨ ᠪᠠᠶᠢᠬᠤ ᠠᠴᠠ ᠭᠠᠳᠠᠨ᠎ᠠ ᠡᠷᠲᠡᠨ ᠦ ᠳᠣᠷᠣᠨ᠎ᠠ ᠳᠠᠬᠢᠨ ᠤ ᠰᠤᠶᠤᠯ ᠳᠤ ᠣᠷᠣᠨ ᠨᠤᠭᠤᠳ ᠤᠨ ᠰᠢᠯᠢᠳᠡᠭ ᠵᠣᠬᠢᠶᠠᠯ ᠤᠨ ᠣᠷᠴᠢᠭᠤᠯᠭ᠎ᠠ ᠶᠢᠨ ᠪᠠᠶᠠᠯᠢᠭ ᠰᠠᠩ ᠬᠥᠮᠦᠷᠢᠭᠡ ᠪᠤᠢ ᠪᠣᠯᠭᠠᠵᠠᠢ᠃ ᠭᠠᠭᠴᠠᠬᠠᠨ ᠵᠢᠱᠢᠶ᠎ᠡ ᠳᠤᠷᠠᠳᠬᠤ ᠳᠤ ᠮᠣᠩᠭᠣᠯ ᠤᠨ ᠶᠡᠬᠡ ᠬᠠᠭᠠᠳ ᠤᠨ ᠨᠠᠮᠲᠠᠷ᠂ ᠬᠠᠲᠤᠳ᠂ ᠬᠥᠪᠡᠭᠦᠳ᠂ ᠭᠠᠪᠢᠶᠠᠲᠠᠨ ᠰᠠᠶᠢᠳ᠂ ᠲᠦᠰᠢᠮᠡᠳ ᠦᠨ ᠱᠠᠰᠲᠢᠷ ᠪᠣᠯᠤᠨ ᠶᠤᠸᠠᠨ ᠤᠯᠤᠰ ᠤᠨ ᠦᠶ᠎ᠡ ᠶᠢᠨ ᠮᠣᠩᠭᠣᠯ ᠤᠨ ᠡᠳ᠋ ᠍ ᠦᠨ ᠵᠠᠰᠠᠭ᠂ ᠰᠤᠶᠤᠯ ᠤᠨ ᠲᠡᠦᠬᠡ ᠶᠢ ᠥᠷᠭᠡᠨ ᠬᠠᠮᠤᠷᠠᠵᠤ ᠪᠢᠴᠢᠭᠰᠡᠨ ︽ᠶᠤᠸᠠᠨ ᠤᠯᠤᠰ ᠤᠨ ᠰᠤᠳᠤᠷ︾ ᠬᠡᠮᠡᠬᠦ 210 ᠳᠡᠪᠲᠡᠷ ᠨᠣᠮ ᠢ ᠮᠣᠩᠭᠣᠯ ᠤᠨ ᠨᠡᠷᠡᠲᠦ ᠪᠢᠴᠢᠭ ᠦᠨ ᠬᠦᠮᠦᠨ᠂ ᠬᠢᠲᠠᠳᠴᠢ ᠳᠠᠩᠳᠠ (ᠴᠤᠬᠤᠮ ᠨᠡᠷ᠎ᠡ ᠨᠢ ᠳᠡᠮᠵᠢᠭᠳᠣᠷᠵᠢ) 1917-1928 ᠣᠨ ᠤ ᠬᠣᠭᠣᠷᠣᠨᠳᠣ ᠣᠷᠴᠢᠭᠤᠯᠤᠭᠰᠠᠨ ᠨᠢ ᠭᠠᠷ ᠪᠢᠴᠢᠮᠡᠯ ᠢᠶᠡᠷ ᠤᠯᠤᠰ ᠤᠨ ᠨᠡᠶᠢᠲᠡ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠠᠶᠢᠨ᠎ᠠ᠃ ᠮᠥᠨ ᠡᠨᠡᠬᠦ ︽ᠶᠤᠸᠠᠨ ᠤᠯᠤᠰ ᠤᠨ ᠰᠤᠳᠤᠷ︾ ᠍ ᠶᠢᠨ 14 ᠳᠦᠭᠡᠷ ᠳᠡᠪᠲᠡᠷ ᠮᠠᠨᠵᠤ ᠬᠤᠷᠢᠶᠠᠩᠭᠤᠢ ᠶᠢ ᠣᠷᠴᠢᠭᠤᠯᠤᠭᠰᠠᠨ ᠨᠢ ᠪᠠᠰᠠ ᠪᠠᠶᠢᠬᠤ ᠶᠤᠮ᠃ ᠭᠠᠨᠵᠤᠤᠷ᠂ ᠳᠠᠨᠵᠤᠤᠷ ᠲᠡᠷᠢᠭᠦᠲᠡᠢ ᠡᠳᠦᠢ ᠲᠡᠳᠦᠢ ᠰᠤᠳᠤᠷ ᠱᠠᠰᠲᠢᠷ ᠢ ᠲᠥᠪᠡᠳ ᠬᠡᠯᠡᠨ ᠡᠴᠡ ᠣᠷᠴᠢᠭᠤᠯᠤᠭᠰᠠᠨ ᠢ ᠬᠡᠨ ᠪᠦᠬᠦᠨ ᠮᠡᠳᠡᠵᠦ ᠪᠠᠶᠢᠭ᠎ᠠ᠃ ᠮᠣᠩᠭᠣᠯ ᠪᠢᠴᠢᠭ ᠢᠶᠡᠷ ᠪᠠᠶᠢᠭ᠎ᠠ ᠣᠷᠴᠢᠭᠤᠯᠭ᠎ᠠ ᠶᠢᠨ ᠰᠠᠩ ᠬᠥᠮᠥᠷᠭᠡ ᠳᠦ 1921-1945 ᠣᠨ ᠬᠦᠷᠲᠡᠯ᠎ᠡ ᠥᠷᠥᠨ᠎ᠡ ᠳᠠᠬᠢᠨ ᠤ ᠬᠡᠯᠡᠨ ᠡᠴᠡ ᠣᠷᠴᠢᠭᠤᠯᠤᠭᠰᠠᠨ ᠪᠠᠰᠠ ᠨᠡᠯᠢᠶᠡᠳ ᠠᠷᠪᠢᠨ ᠨᠣᠮ ᠵᠣᠬᠢᠶᠠᠯ ᠪᠤᠢ ᠪᠢᠯᠡ᠃ ᠮᠣᠩᠭᠣᠯ ᠪᠢᠴᠢᠭ ᠢᠶᠡᠷ ᠪᠢᠳᠡᠨ ᠳᠦ ᠤᠯᠠᠮᠵᠢᠯᠠᠭᠳᠠᠨ ᠢᠷᠡᠭᠰᠡᠨ ᠰᠤᠳᠤᠷ᠂ ᠱᠠᠰᠲᠢᠷ᠂ ᠨᠠᠮᠲᠠᠷ ᠲᠡᠦᠬᠡ᠂ ᠢᠯᠡᠳᠬᠡᠯ ᠱᠠᠰᠳᠠᠷ᠂ ᠳᠠᠩᠰᠠ ᠬᠠᠷ᠎ᠠ᠂ ᠠᠯᠪᠠ ᠠᠯᠪᠠᠨ ᠪᠢᠴᠢᠭ ᠲᠡᠷᠢᠭᠦᠲᠡᠨ ᠨᠢ ᠮᠣᠩᠭᠣᠯ ᠲᠤᠭᠤᠷᠭᠠᠲᠠᠨ ᠤ ᠲᠤᠭᠤᠯᠵᠤ ᠢᠷᠡᠭᠰᠡᠨ ᠵᠠᠮ ᠮᠥᠷ᠂ ᠲᠤᠭᠤᠷᠪᠢᠵᠤ ᠪᠦᠲᠦᠭᠡᠭᠰᠡᠨ ᠣᠶᠤᠨ ᠤᠬᠠᠭᠠᠨ᠂ ᠮᠠᠨᠳᠤᠵᠤ ᠪᠠᠭᠤᠷᠠᠭᠰᠠᠨ ᠲᠡᠦᠬᠡᠨ ᠦᠨᠡᠨ᠂ ᠰᠢᠲᠦᠵᠦ ᠪᠠᠷᠢᠮᠲᠠᠯᠠᠭᠰᠠᠨ ᠵᠠᠩ ᠦᠢᠯᠡ ᠶᠢ ᠲᠠᠨᠢᠨ ᠮᠡᠳᠡᠬᠦ ᠭᠣᠣᠯ ᠲᠦᠯᠬᠢᠭᠦᠷ ᠪᠥᠭᠡᠳ ᠰᠣᠩᠭᠣᠳᠠᠭ ᠪᠢᠴᠢᠭ ᠦᠨ ᠨᠠᠶᠢᠷᠠᠭᠤᠯᠭ᠎ᠠ ᠶᠢᠨ ᠤᠷ᠎ᠠ ᠮᠠᠶ᠋ᠢᠭ᠂ ᠡᠬᠡ ᠬᠡᠯᠡᠨ ᠦ ᠪᠡᠨ ᠢᠷᠠᠭᠤ ᠰᠠᠶᠢᠬᠠᠨ᠂ ᠠᠷᠪᠢᠨ ᠪᠠᠶᠠᠯᠢᠭ ᠦᠭᠡ ᠶᠢᠨ ᠰᠠᠩ ᠢ ᠭᠠᠭᠴᠠᠬᠦ ᠮᠣᠩᠭᠣᠯ ᠤᠨ ᠪᠢᠴᠢᠭ ᠦᠨ ᠢᠶᠡᠨ ᠰᠠᠩ ᠬᠥᠮᠥᠷᠭᠡ ᠡᠴᠡ ᠯᠠ ᠰᠤᠷᠴᠤ ᠮᠡᠳᠡᠬᠦ ᠤᠴᠢᠷᠲᠠᠢ᠃ᠲᠡᠭᠦᠰᠬᠡᠯ ᠳᠦ ᠨᠢ ᠲᠡᠮᠳᠡᠭᠯᠡᠬᠦ ᠳᠦ ᠮᠣᠩᠭᠣᠯ ᠪᠢᠴᠢᠭ ᠨᠢ ᠮᠣᠩᠭᠣᠯ ᠲᠤᠭᠤᠷᠭᠠᠲᠠᠨ ᠤ ᠲᠤᠰᠠᠭᠠᠷ ᠲᠣᠭᠲᠠᠨᠢᠯ ᠤᠨ ᠪᠡᠯᠭᠡ ᠲᠡᠮᠳᠡᠭ᠂ ᠣᠯᠠᠨ ᠠᠶᠠᠯᠭᠤᠲᠠᠨ ᠢ ᠰᠤᠶᠤᠯ ᠢᠶᠠᠷ ᠬᠤᠯᠪᠤᠬᠤ ᠭᠦᠭᠦᠷᠭᠡ ᠪᠢᠯᠡ᠃ ᠥᠭᠡᠷᠡᠴᠢᠯᠡᠨ ᠪᠠᠶᠢᠭᠤᠯᠤᠯᠲᠠ ᠶᠢᠨ ᠰᠠᠶᠢᠨ ᠴᠠᠭ ᠤᠨ ᠤᠷᠢᠨ ᠤᠯᠠᠷᠢᠯ ᠳᠤ ᠨᠠᠶᠢᠮᠠᠨ ᠨᠠᠰᠤᠲᠠᠨ ᠠᠴᠠ ᠨᠠᠶᠠᠨ ᠨᠠᠰᠤᠲᠠᠨ ᠪᠤᠭᠤᠷᠤᠯ᠂ ᠵᠢᠷ ᠦᠨ ᠠᠵᠢᠯᠲᠠᠨ ᠠᠴᠠ ᠲᠥᠷᠥ ᠶᠢᠨ ᠰᠠᠶᠢᠳ ᠬᠦᠷᠲᠡᠯ᠎ᠡ ᠬᠡᠯᠮᠡᠭᠳᠡᠭᠰᠡᠨ ᠰᠤᠶᠤᠯ ᠢᠶᠠᠨ ᠰᠡᠷᠭᠦᠭᠡᠵᠦ᠂ ᠮᠣᠩᠭᠣᠯ ᠪᠢᠴᠢᠭ ᠢᠶᠡᠨ ᠰᠤᠷᠴᠤ ᠮᠡᠳᠡᠬᠦ ᠶᠢ ᠬᠢᠴᠢᠶᠡᠨ ᠴᠢᠷᠮᠠᠶᠢᠵᠤ ᠪᠠᠶᠢᠭ᠎ᠠ ᠨᠢ ᠨᠡᠩ ᠰᠠᠶᠢᠰᠢᠶᠠᠯᠲᠠᠢ ᠪᠥᠭᠡᠳ ᠮᠣᠩᠭᠣᠯ ᠪᠢᠴᠢᠭ ᠢᠶᠡᠨ ᠤᠯᠤᠰ ᠤᠨ ᠢᠶᠠᠨ ᠠᠯᠪᠠᠨ ᠶᠣᠰᠣᠨ ᠤ ᠪᠢᠴᠢᠭ ᠪᠣᠯᠭᠠᠬᠤ ᠨᠢ ᠲᠡᠦᠬᠡᠨ ᠵᠠᠶᠢᠯᠠᠰᠢ ᠦᠭᠡᠢ ᠱᠠᠭᠠᠷᠳᠠᠯᠭ᠎ᠠ ᠪᠣᠯᠤᠨ ᠲᠠᠯᠪᠢᠭᠳᠠᠯ᠎ᠠ᠃ᠡᠶᠢᠮᠦ ᠡᠴᠡ ᠪᠢᠳᠡ ᠡᠬᠡ ᠣᠷᠣᠨ᠂ ᠡᠬᠡ ᠬᠡᠯᠡ ᠬᠣᠶᠠᠷ ᠢᠶᠠᠨ ᠡᠷᠬᠢᠮᠯᠡᠨ ᠳᠡᠭᠡᠳᠦᠯᠡᠵᠦ᠂ ᠮᠣᠩᠭᠣᠯ ᠲᠦᠮᠡᠨ ᠦ ᠶᠢᠷᠲᠢᠨᠴᠦ ᠶᠢᠨ ᠣᠶᠤᠨ ᠤ ᠰᠠᠩ ᠳᠤ ᠣᠷᠣᠭᠤᠯᠤᠭᠰᠠᠨ ᠬᠠᠨᠳᠢᠪ ᠪᠣᠯᠬᠤ ᠮᠣᠩᠭᠣᠯ ᠪᠢᠴᠢᠭ ᠢᠶᠡᠨ ᠰᠢᠮᠳᠠᠨ ᠰᠤᠷᠴᠠᠭᠠᠶ᠎ᠠ︕

ᠴᠠᠭᠠᠨ ᠲᠣᠯᠣᠭᠠᠢ ᠶᠢᠨ ᠬᠤᠪᠢᠯᠪᠤᠷᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠢᠴᠢᠭ ᠲᠦ ᠲᠤᠯᠭᠠᠭᠤᠷᠢᠯᠠᠨ ᠵᠣᠬᠢᠶᠠᠭᠳᠠᠭᠰᠠᠨ ᠴᠠᠭᠠᠨ ᠲᠣᠯᠣᠭᠠᠢ ᠨᠢ ᠲᠤᠬᠠᠢ ᠶᠢᠨ ᠮᠣᠩᠭᠣᠯ ᠬᠡᠯᠡᠨ ᠦ ᠠᠶᠠᠯᠭᠤ ᠪᠦᠷᠢ ᠳᠦ ᠲᠣᠬᠢᠷᠠᠭᠰᠠᠨ ᠳᠠᠭᠤᠳᠠᠯᠭ᠎ᠠ ᠶᠢᠨ ᠣᠨᠴᠠᠯᠢᠭ᠂ ᠣᠨᠴᠠᠭᠠᠢ ᠳᠠᠭᠤᠳᠠᠯᠭ᠎ᠠ ᠬᠥᠭᠡᠢ ᠶᠢ ᠲᠤᠰᠬᠠᠢ ᠭᠠᠯᠢᠭᠯᠠᠨ ᠪᠢᠴᠢᠭᠯᠡᠬᠦ ᠵᠣᠷᠢᠯᠭ᠎ᠠ ᠪᠠᠷ ᠵᠣᠬᠢᠶᠠᠭᠳᠠᠭᠰᠠᠨ ᠪᠠᠶᠢᠳᠠᠭ᠃ ᠮᠥᠨ ᠮᠠᠨᠵᠤ ᠬᠡᠯᠡ ᠶᠢ ᠲᠡᠮᠳᠡᠭᠯᠡᠬᠦ ᠵᠣᠷᠢᠯᠭ᠎ᠠ ᠪᠠᠷ ᠮᠣᠩᠭᠣᠯ ᠪᠢᠴᠢᠭ ᠡᠴᠡ ᠰᠠᠨᠠᠭ᠎ᠠ ᠠᠪᠴᠤ ᠮᠠᠨᠵᠤ ᠪᠢᠴᠢᠭ ᠢ ᠵᠣᠬᠢᠶᠠᠭᠰᠠᠨ ᠪᠠᠶᠢᠳᠠᠭ᠃ ᠴᠠᠭᠠᠨ ᠲᠣᠯᠣᠭᠠᠢ ᠶᠢᠨ ᠬᠤᠪᠢᠯᠪᠤᠷᠢ ᠨᠤᠭᠤᠳ ᠢ ᠳᠤᠷᠠᠳᠪᠠᠯ:

  • ᠲᠣᠳᠣ ᠪᠢᠴᠢᠭ - ᠵᠠᠶ᠎ᠠ ᠪᠠᠨᠳᠢᠳᠠ ᠨᠠᠮᠬᠠᠶᠢᠵᠠᠮᠼᠤ ᠶᠢᠨ ᠵᠣᠬᠢᠶᠠᠭᠰᠠᠨ ᠣᠶᠢᠷᠠᠳ ᠠᠶᠠᠯᠭᠤᠨ ᠳᠤ ᠲᠤᠯᠭᠠᠭᠤᠷᠢᠯᠠᠭᠰᠠᠨ ᠴᠠᠭᠠᠨ ᠲᠣᠯᠣᠭᠠᠢ᠃
  • ᠸᠠᠭᠢᠨᠳᠠᠷ᠎ᠠ ᠶᠢᠨ ᠦᠰᠦᠭ - ᠪᠤᠷᠢᠶᠠᠳ ᠠᠶᠠᠯᠭᠤᠨ ᠳᠤ ᠣᠶᠢᠷᠠᠲᠤᠭᠤᠯᠵᠤ ᠪᠤᠷᠢᠶᠠᠳ ᠠᠶᠠᠯᠭᠤᠨ ᠤ ᠣᠨᠴᠠᠯᠢᠭ ᠢ ᠲᠡᠮᠳᠡᠭᠯᠡᠬᠦ ᠵᠣᠷᠢᠯᠭ᠎ᠠ ᠪᠠᠷ ᠵᠣᠬᠢᠶᠠᠭᠰᠠᠨ ᠴᠠᠭᠠᠨ ᠲᠣᠯᠣᠭᠠᠢ᠃
  • ᠮᠠᠨᠵᠤ ᠪᠢᠴᠢᠭ - ᠮᠠᠨᠵᠤ ᠬᠡᠯᠡ ᠶᠢ ᠲᠡᠮᠳᠡᠭᠯᠡᠬᠦ ᠵᠣᠷᠢᠯᠭ᠎ᠠ ᠪᠠᠷ 1599 ᠣᠨ ᠳᠤ ᠮᠠᠨᠵᠤ ᠶᠢᠨ ᠬᠠᠭᠠᠨ ᠨᠤᠷᠬᠠᠴᠢ ᠶᠢᠨ ᠵᠠᠷᠯᠢᠭ ᠢᠶᠠᠷ ᠵᠣᠬᠢᠶᠠᠭᠳᠠᠭᠰᠠᠨ ᠴᠠᠭᠠᠨ ᠲᠣᠯᠣᠭᠠᠢ᠃ ᠮᠣᠩᠭᠣᠯ ᠪᠢᠴᠢᠭ ᠡᠴᠡ ᠢᠯᠭᠠᠭ᠎ᠠ ᠲᠠᠢ ᠨᠢ ᠦᠰᠦᠭ ᠦᠨ ᠨᠢᠷᠤᠭᠤᠨ ᠳᠤ ᠳᠤᠰᠤᠯ᠂ ᠪᠢᠨᠲ ᠨᠡᠮᠡᠭᠰᠡᠨ ᠪᠠᠶᠢᠳᠠᠭ᠃
  • ᠡᠸᠡᠩᠬᠢ ᠪᠢᠴᠢᠭ - ᠡᠸᠡᠩᠬᠢ ᠬᠡᠯᠡ ᠶᠢ ᠲᠡᠮᠳᠡᠭᠯᠡᠬᠦ ᠳᠦ ᠠᠰᠢᠭᠯᠠᠳᠠᠭ ᠴᠠᠭᠠᠨ ᠲᠣᠯᠣᠭᠠᠢ ᠪᠥᠭᠡᠳ ᠮᠠᠨᠵᠤ ᠪᠢᠴᠢᠭ ᠡᠴᠡ ᠰᠠᠨᠠᠭ᠎ᠠ ᠠᠪᠤᠭᠰᠠᠨ ᠪᠠᠶᠢᠳᠠᠭ᠃
  • ᠭᠠᠯᠢᠭ ᠦᠰᠦᠭ (ᠠᠯᠢ-ᠭᠠᠯᠢ) - ᠮᠣᠩᠭᠣᠯ ᠪᠢᠴᠢᠭ ᠦᠨ ᠭᠠᠯᠢᠭ ᠦᠰᠦᠭ ᠪᠣᠯᠬᠤ ᠠᠯᠢ-ᠭᠠᠯᠢ ᠢ ᠠᠶᠤᠱᠢ ᠭᠦᠦᠰᠢ ᠵᠣᠬᠢᠶᠠᠭᠰᠠᠨ᠃

Unicode[ᠵᠠᠰᠠᠪᠤᠷᠢᠯᠠᠬᠤ | ᠺᠣᠳ᠋ ᠢᠶᠠᠷ ᠵᠠᠰᠠᠬᠣ]

1800
Birga
1801
Ellipsis
1802
Comma
1803
Full Stop
1804
Colon
1805
Four Dots
1806
Todo Soft Hyphen
1807
Sibe Syllable Boundary Marker
1808
Manchu Comma
1809
Manchu Full Stop
180A
Nirugu
180B
Free Variation Selector One
180C
Free Variation Selector Two
180D
Free Variation Selector Three
180E
Vowel Separator
1810
Zero
1811
One
1812
Two
1813
Three
1814
Four
1815
Five
1816
Six
1817
Seven
1818
Eight
1819
Nine
1820
A
1821
E
1822
I
1823
O
1824
U
1825
Oe
1826
Ue
1827
Ee
1828
Na
1829
Ang
182A
Ba
182B
Pa
182C
Qa
182D
Ga
182E
Ma
182F
La
1830
Sa
1831
Sha
1832
Ta
1833
Da
1834
Cha
1835
Ja
1836
Ya
1837
Ra
1838
Wa
1839
Fa
183A
Ka
183B
Kha
183C
Tsa
183D
Za
183E
Haa
183F
Zra
1840
Lha
1841
Zhi
1842
Chi
1843
Todo Long Vowel Sign
1844
Todo E
1845
Todo I
1846
Todo O
1847
Todo U
1848
Todo Oe
1849
Todo Ue
184A
Todo Ang
184B
Todo Ba
184C
Todo Pa
184D
Todo Qa
184E
Todo Ga
184F
Todo Ma
1850
Todo Ta
1851
Todo Da
1852
Todo Cha
1853
Todo Ja
1854
Todo Tsa
1855
Todo Ya
1856
Todo Wa
1857
Todo Ka
1858
Todo Gaa
1859
Todo Haa
185A
Todo Jia
185B
Todo Nia
185C
Todo Dza
185D
Sibe E
185E
Sibe I
185F
Sibe Iy
1860
Sibe Ue
1861
Sibe U
1862
Sibe Ang
1863
Sibe Ka
1864
Sibe Ga
1865
Sibe Ha
1866
Sibe Pa
1867
Sibe Sha
1868
Sibe Ta
1869
Sibe Da
186A
Sibe Ja
186B
Sibe Fa
186C
Sibe Gaa
186D
Sibe Haa
186E
Sibe Tsa
186F
Sibe Za
1870
Sibe Raa
1871
Sibe Cha
1872
Sibe Zha
1873
Manchu I
1874
Manchu Ka
1875
Manchu Ra
1876
Manchu Fa
1877
Manchu Zha
1880
Ali Gali Anusvara One
1881
Ali Gali Visarga One
1882
Ali Gali Damaru
1883
Ali Gali Ubadama
1884
Ali Gali Inverted Ubadama
1885
Ali Gali Baluda
1886
Ali Gali Three Baluda
1887
Ali Gali A
1888
Ali Gali I
1889
Ali Gali Ka
188A
Ali Gali Nga
188B
Ali Gali Ca
188C
Ali Gali Tta
188D
Ali Gali Ttha
188E
Ali Gali Dda
188F
Ali Gali Nna
1890
Ali Gali Ta
1891
Ali Gali Da
1892
Ali Gali Pa
1893
Ali Gali Pha
1894
Ali Gali Ssa
1895
Ali Gali Zha
1896
Ali Gali Za
1897
Ali Gali Ah
1898
Todo Ali Gali Ta
1899
Todo Ali Gali Zha
189A
Manchu Ali Gali Gha
189B
Manchu Ali Gali Nga
189C
Manchu Ali Gali Ca
189D
Manchu Ali Gali Jha
189E
Manchu Ali Gali Tta
189F
Manchu Ali Gali Ddha
18A0
Manchu Ali Gali Ta
18A1
Manchu Ali Gali Dha
18A2
Manchu Ali Gali Ssa
18A3
Manchu Ali Gali Cya
18A4
Manchu Ali Gali Zha
18A5
Manchu Ali Gali Za
18A6
Ali Gali Half U
18A7
Ali Gali Half Ya
18A8
Manchu Ali Gali Bha
18A9
Ali Gali Dagalga
18AA
Manchu Ali Gali Lha

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠣᠩᠭᠣᠯ ᠪᠢᠴᠢᠭ»


ᠪᠢᠴᠢᠭᠡᠰᠦ