ᠬᠤᠲᠤᠭ-ᠥᠨᠳᠥᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠤᠲᠤᠭ-ᠥᠨᠳᠥᠷ (ᠬᠤᠲᠤᠭ ᠥᠨᠳᠦᠷ) ᠰᠤᠮᠤ ᠨᠢ ᠪᠤᠯᠠᠭᠠᠨ ᠠᠶᠢᠮᠠᠭ ᠤᠨ ᠰᠤᠮᠤ ᠪᠥᠭᠡᠳ ᠮᠠᠭᠰᠤᠷᠵᠠᠪ ᠰᠠᠩ ᠤᠨ ᠠᠵᠤ ᠠᠬᠤᠢ ᠬᠡᠮᠡᠨ ᠰᠡᠭᠦᠯ ᠳᠦ ᠨᠡᠷᠡᠯᠡᠭᠳᠡᠵᠦ ᠪᠠᠶᠢᠭᠰᠠᠨ᠃ ᠲᠡᠭᠡᠯᠢ᠂ ᠤᠨᠢ ᠳᠦ᠂ ᠬᠠᠨ ᠲᠠᠢ᠂ ᠬᠣᠩᠭᠣᠷ ᠭᠡᠰᠡᠨ 4 ᠪᠠᠭ ᠲᠠᠢ᠃ ᠲᠤᠰ ᠰᠤᠮᠤ ᠨᠢ ᠮᠠᠩᠯᠠᠢ ᠸᠠᠩ ᠬᠠᠲᠠᠨᠪᠠᠭᠠᠲᠤᠷ ᠮᠠᠭᠰᠤᠷᠵᠠᠪ ᠍ ᠤᠨ ᠥᠯᠥᠭᠡᠢ ᠨᠤᠲᠤᠭ ᠪᠥᠭᠡᠳ ᠲᠡᠦᠬᠡ ᠳᠤᠷᠠᠰᠬᠠᠯ ᠤᠨ ᠭᠠᠵᠠᠷ ᠡᠯᠪᠡᠭ᠃ ᠡᠨᠡ ᠰᠤᠮᠤ ᠶᠢᠨ ᠨᠤᠲᠤᠭ ᠲᠤ ᠡᠷᠲᠡᠨ ᠦ ᠤᠯᠤᠰ ᠤᠳ ᠤᠨ ᠨᠢᠭᠡ ᠪᠣᠯᠬᠤ ᠤᠶᠢᠭᠤᠷ ᠤᠨ ᠬᠠᠭᠠᠨᠲᠤ ᠤᠯᠤᠰ ᠍ ᠤᠨ ᠦᠶ᠎ᠡ ᠲᠡᠢ ᠬᠣᠯᠪᠣᠭᠳᠠᠬᠤ ᠪᠤᠢ ᠪᠤᠯᠠᠭ ᠤᠨ ᠲᠤᠷ᠎ᠠ ᠪᠤᠢ᠃

ᠭᠠᠵᠠᠷ ᠵᠦᠢ ᠶᠢᠨ ᠲᠣᠭᠲᠠᠴᠠ ᠶᠢᠨ ᠬᠤᠪᠢ ᠳᠤ ᠠᠭᠤᠯᠠᠷᠬᠠᠭ᠂ ᠣᠢ ᠮᠣᠳᠣ ᠶᠡᠬᠡ ᠲᠡᠢ᠃ ᠲᠤᠰ ᠰᠤᠮᠤ ᠶᠢᠨ ᠨᠤᠲᠤᠭ ᠲᠤ ᠰᠤᠮᠤ ᠶᠢᠨ ᠲᠥᠪ ᠡᠴᠡ 20 ᠺᠢᠯᠣᠮᠧᠲ᠋ᠷ ᠵᠠᠶᠢᠲᠠᠢ ᠰᠢᠬᠢᠷ ᠦᠨ ᠰᠢᠵᠢᠩ ᠡᠪᠡᠳᠴᠢᠨ ᠳᠦ ᠰᠠᠶᠢᠨ ᠷᠠᠰᠢᠶᠠᠨ᠂ ᠮᠥᠨ ᠬᠠᠨ ᠲᠠᠢ ᠪᠠᠭ ᠤᠨ ᠨᠤᠲᠤᠭ ᠲᠤ ᠬᠣᠳᠣᠭᠣᠳᠣᠨ ᠤ ᠷᠠᠰᠢᠶᠠᠨ ᠪᠠᠶᠢᠳᠠᠭ᠃

ᠪᠢᠴᠢᠭᠡᠰᠦ