ᠬᠤᠰᠢᠶ᠎ᠠ ᠳᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠤᠰᠢᠶ᠎ᠠ ᠳᠤ ᠰᠤᠮᠤ

ᠰᠤᠮᠤ - ᠬᠤᠰᠢᠶ᠎ᠠ ᠳᠤ ᠰᠤᠮᠤ

1928 ᠣᠨ ᠳᠤ ᠳ᠋ᠣᠨᠤᠶᠢᠵᠢᠨ ᠠᠭᠤᠯᠠ ᠶᠢᠨ ᠡᠩᠭᠡᠷ ᠲᠦ 《ᠡᠩᠬᠡᠲᠠᠯ ᠤᠨ ᠰᠠᠩ ᠤᠨ ᠭᠠᠵᠠᠷ》 ᠪᠠᠶᠢᠭᠤᠯᠤᠭᠳᠠᠭᠰᠠᠨ ᠨᠢ ᠲᠤᠰ ᠰᠤᠮᠤ ᠪᠠᠶᠢᠭᠤᠯᠬᠤ ᠡᠬᠢᠯᠡᠯ ᠪᠠᠶᠢᠪᠠ᠃ ᠲᠤᠰ ᠰᠤᠮᠤ 1986 ᠣᠨ ᠳᠤ ᠠᠲᠠᠷ ᠤᠨ 2 ᠳᠠᠬᠢ ᠠᠶᠠᠨ ᠢᠶᠠᠷ ᠰᠠᠩ ᠳᠤ ᠰᠤᠮᠤ ᠠᠴᠠ ᠰᠠᠯᠵᠤ ᠡᠩᠬᠡᠲᠠᠯ ᠤᠨ САА ᠪᠣᠯᠵᠤ 1987 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ ᠵᠠᠷᠯᠢᠭ ᠢᠶᠠᠷ ᠡᠷᠲᠡᠨ ᠦ ᠲᠡᠦᠬᠡᠲᠦ ᠬᠤᠰᠢᠶ᠎ᠠ ᠳᠤ ᠰᠤᠮᠤ ᠶᠢ ᠰᠡᠷᠭᠦᠭᠡᠨ ᠪᠠᠶᠢᠭᠤᠯᠤᠭᠰᠠᠨ ᠢᠶᠠᠷ ᠡᠭᠦᠰᠴᠦ ᠬᠥᠭᠵᠢᠭᠰᠡᠨ ᠲᠡᠦᠬᠡ ᠲᠡᠢ᠃ᠲᠤᠰ ᠰᠤᠮᠤ 201.1 ᠮᠢᠩᠭ ᠠᠤᠨ ᠭᠠ ᠨᠤᠲᠤᠭ ᠲᠠᠢ᠂ 1700 ᠭᠠᠷᠤᠢ ᠬᠦᠮᠦᠨ ᠠᠮᠠ ᠲᠠᠢ᠂ 32998 ᠲᠣᠯᠣᠭᠠᠢ ᠮᠠᠯ ᠲᠠᠢ 22000 ᠭᠠ ᠲᠠᠷᠢᠶᠠᠯᠠᠩ ᠤᠨ ᠡᠳ᠋ᠯᠡᠪᠦᠷᠢ ᠭᠠᠵᠠᠷ ᠲᠠᠢ᠂ ᠭᠠᠵᠠᠷ ᠲᠠᠷᠢᠶᠠᠯᠠᠩ᠂ ᠬᠦᠨᠡᠰᠦᠨ ᠦ ᠨᠣᠭᠣᠭ᠎ᠠ᠂ ᠮᠠᠯ ᠠᠵᠤ ᠠᠬᠤᠢ ᠡᠷᠬᠢᠯᠡᠳᠡᠭ ᠶᠤᠮ᠃ ᠲᠤᠰ ᠰᠤᠮᠤ ᠠᠴᠠ ᠠᠷᠠᠳ ᠤᠨ ᠬᠤᠪᠢᠰᠬᠠᠯ ᠤᠨ ᠫᠠᠷᠲ᠋ᠢᠽᠠᠨ ᠵ᠃ᠢᠳᠠᠮᠵᠠᠪ᠂ ᠰ᠃ᠲᠣᠭᠣᠬᠦ᠂ ᠭ᠃ᠰᠣᠳᠣᠪ᠂ ᠬᠣᠰᠢᠭᠤᠴᠢ ᠭᠧᠨᠧᠷᠠᠯ ᠫᠠᠷᠲ᠋ᠢᠽᠠᠨ ᠴᠣᠯᠮᠣᠨ᠂ ᠨᠡᠷᠡᠲᠦ ᠵᠣᠬᠢᠶᠠᠯᠴᠢ ᠳ᠃ᠰᠡᠩᠭᠡ᠂ ᠽ᠃ᠪᠠᠲᠤᠲᠤᠯᠭ᠎ᠠ ᠳ᠋ᠣᠺᠲ᠋ᠣᠷ᠂ ᠯᠤᠪᠰᠠᠩᠳᠣᠷᠵᠢ᠂ ᠪᠣᠯᠣᠳ᠂ ᠲᠣᠭᠣᠭ᠎ᠠ᠂ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠴ᠃ᠡᠷᠬᠢᠮᠪᠠᠶᠠᠷ᠂ ᠤᠯᠤᠰ ᠤᠨ ᠠᠪᠤᠷᠭᠤ ᠺᠣᠮᠪᠠᠶᠢᠨᠴᠢ ᠳ᠃ᠫᠦᠷᠪᠦ᠂ ᠳ᠃ᠭᠠᠯᠪᠠᠳᠠᠷᠠᠬᠤ ᠨᠠᠷ ᠤᠨ ᠠᠯᠳᠠᠷᠲᠠᠨ ᠨᠤᠭᠤᠳ ᠲᠥᠷᠥᠨ ᠭᠠᠷᠤᠭᠰᠠᠨ᠃

ᠬᠤᠰᠢᠶ᠎ᠠ ᠳᠤ ᠰᠤᠮᠤ ᠶᠢᠨ ᠲᠠᠨᠢᠯᠴᠠᠭᠤᠯᠭ᠎ᠠ

ᠰᠤᠮᠤ - ᠬᠤᠰᠢᠶ᠎ᠠ ᠳᠤ ᠰᠤᠮᠤ

ᠬᠤᠰᠢᠶ᠎ᠠ ᠳᠤ ᠰᠤᠮᠤ /1931/. ᠲᠥᠪ ᠨᠢ ᠤᠯᠠᠭᠠᠨᠪᠠᠭᠠᠲᠤᠷ ᠠᠴᠠ 290 ᠺᠢᠯᠣᠮᠧᠲ᠋ᠷ᠂ ᠰᠦᠬᠡᠪᠠᠭᠠᠲᠤᠷ ᠠᠴᠠ 98 ᠺᠢᠯᠣᠮᠧᠲ᠋ᠷ ᠵᠠᠶᠢᠲᠠᠢ ᠣᠷᠣᠰᠢᠨ᠎ᠠ᠃ 2.5 ᠮᠢᠩᠭ᠎ᠠ ᠪᠠᠨ ᠺᠦᠸᠠᠳ᠋.km ᠭᠠᠵᠠᠷ ᠨᠤᠲᠤᠭ᠂ 1.5 ᠮᠢᠩᠭ᠎ᠠ ᠪᠠᠨ ᠬᠦᠮᠦᠨ ᠠᠮᠠ ᠲᠠᠢ᠂ 20 ᠮᠢᠩᠭ᠎ᠠ ᠪᠠᠨ ᠮᠠᠯ ᠲᠠᠢ᠃ ᠪᠦᠷᠡᠩ ᠦᠨ ᠨᠢᠷᠤᠭᠤᠨ ᠤ ᠰᠠᠯᠪᠤᠷᠢ ᠳᠠᠯᠬ᠎ᠠ ᠪᠦᠷᠢᠨ /1566 ᠮ/, ᠲᠠᠶᠢᠯᠠᠪᠣ᠂ ᠪᠠᠶᠠᠨᠵᠢᠷᠦᠬᠡ /1534 ᠮ/, ᠲᠩᠷᠢᠬᠠᠨ /1420 ᠮ/, ᠰᠢᠷ᠎ᠠ ᠬᠠᠳᠠ /1234 ᠮ/, ᠰᠡᠭᠦᠵᠢ ᠵᠡᠷᠭᠡ ᠠᠤᠯᠠᠯᠠᠰ ᠲᠠᠢ᠃

ᠨᠤᠲᠤᠭ ᠤᠨ ᠶᠡᠬᠡᠩᠬᠢ ᠶᠢ ᠣᠷᠬᠣᠨ᠂ ᠰᠡᠯᠡᠩᠭᠡ ᠶᠢᠨ ᠬᠥᠨᠳᠡᠢ ᠡᠵᠡᠯᠡᠳᠡᠭ᠃ ᠰᠡᠯᠡᠩᠭᠡ᠂ ᠣᠷᠬᠣᠨ᠂ ᠠᠷᠤ ᠲᠠᠶᠢᠯᠠᠪᠣ᠂ ᠰᠡᠭᠦᠵᠢ᠂ ᠬᠤᠰᠢᠶ᠎ᠠ ᠳᠤ᠂ ᠤᠰᠤᠨ ᠰᠡᠭᠡᠷ ᠭᠡᠬᠦ ᠮᠡᠲᠦ ᠭᠣᠣᠯ ᠤᠳ ᠲᠠᠢ᠃ ᠬᠠᠷ᠎ᠠ ᠰᠢᠷᠤᠶᠢᠨ᠂ ᠨᠤᠭᠤ ᠶᠢᠨ ᠬᠦᠷᠡᠩ᠂ ᠡᠯᠡᠰᠦᠷᠬᠡᠭ ᠬᠥᠷᠥᠰᠥᠲᠡᠢ᠂ ᠵᠠᠷᠢᠮ ᠭᠠᠵᠠᠷ ᠢᠶᠠᠨ ᠬᠤᠵᠢᠷ ᠮᠠᠷᠠᠭ᠎ᠠ ᠲᠠᠢ᠃ᠠᠨ ᠠᠮᠢᠲᠠᠨ᠂ ᠵᠢᠭᠠᠰᠤ᠂ ᠰᠢᠪᠠᠭᠤ᠂ ᠵᠢᠮᠢᠰ᠂ ᠤᠷᠭᠤᠮᠠᠯ ᠢᠶᠠᠷ ᠪᠠᠶᠠᠯᠢᠭ᠃ 1931 ᠣᠨ ᠳᠤ ᠰᠤᠮᠤ ᠪᠠᠶᠢᠭᠤᠯᠤᠭᠳᠠᠬᠤ ᠳᠤ ᠠᠩᠬᠠᠨ ᠤ ᠳᠠᠷᠤᠭ᠎ᠠ ᠪᠠᠷ᠎ᠡ᠃ᠳᠠᠨᠽᠠᠨ / ᠤᠯᠤᠰ ᠤᠨ ᠪᠠᠭ᠎ᠠ ᠬᠤᠷᠠᠯ ᠤᠨ ᠭᠡᠰᠢᠭᠦᠨ / ᠠᠵᠢᠯᠯᠠᠵᠤ ᠪᠠᠶᠢᠴᠠᠢ᠃ ᠬᠤᠰᠢᠶ᠎ᠠ ᠳᠤ ᠰᠤᠮᠤ ᠲᠥᠪ᠂ ᠪᠤᠯᠠᠭᠠᠨ ᠠᠶᠢᠮᠠᠭ᠂ ᠰᠠᠩ ᠳᠤ᠂ ᠳᠠᠷᠬᠠᠨ ᠰᠤᠮᠤᠳ ᠲᠤ ᠨᠡᠶᠢᠯᠡᠵᠦ ᠲᠠᠰᠤᠷᠠᠨ ᠪᠠᠶᠢᠭᠰᠠᠭᠠᠷ 1987 ᠣᠨ ᠳᠤ ᠳᠠᠬᠢᠨ ᠪᠠᠶᠢᠭᠤᠯᠤᠭᠳᠠᠵᠤ ᠪᠠᠵᠢᠭᠠᠷ ᠤᠯᠠᠭᠠᠨ ᠤ ᠡᠪᠦᠷ ᠲᠦ ᠲᠥᠪᠯᠡᠵᠦ ᠪᠠᠶᠢᠨ᠎ᠠ᠃ ᠬᠤᠰᠢᠶᠠᠲᠤ ᠶᠢᠨ ᠬᠢᠨ ᠲᠥᠷᠥ ᠶᠢᠨ ᠬᠣᠱᠣᠢ ᠱᠠᠩᠨᠠᠯᠲᠤ ᠵᠣᠬᠢᠶᠠᠯᠴᠢ ᠳ᠃ᠰᠡᠩᠭᠡ᠂ ᠽ᠃ᠪᠠᠲᠤᠲᠤᠯᠭ᠎ᠠ᠂ ᠳ᠋ᠣᠺᠲ᠋ᠣᠷ ᠯᠤᠪᠰᠠᠩᠳᠣᠷᠵᠢ᠂ ᠪᠣᠯᠣᠳ᠂ ᠭᠣᠴᠣᠣ᠂ 1939, 1945 ᠣᠨ ᠤ ᠳᠠᠶᠢᠨ ᠳᠤ ᠣᠷᠣᠯᠴᠠᠭᠰᠠᠨ ᠰᠣᠳᠨᠠᠮ᠂ ᠫᠦᠨᠴᠠᠭᠳᠡᠯᠢᠭ᠂ ᠨᠢᠮ᠎ᠠ᠂ ᠠᠷᠪᠠᠭ᠎ᠠ᠂ ᠵᠤᠨᠳᠤᠢ᠂ ᠮᠡᠨᠳᠦᠪᠠᠶᠠᠷ᠂ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠮ᠃ᠡᠷᠬᠢᠮᠪᠠᠶᠠᠷ᠂ ᠠᠪᠤᠷᠭᠤ ᠺᠣᠮᠪᠠᠶᠢᠨᠴᠢ ᠳ᠃ᠫᠦᠷᠪᠦ᠂ ᠳ᠃ᠭᠠᠯᠪᠠᠳᠠᠷᠠᠬᠤ᠂ ᠳᠠᠰᠢᠳᠠᠪᠠ᠂ ᠮᠠᠺᠰᠢᠮ᠂ ᠰᠡᠷᠡᠩᠳᠣᠷᠵᠢ᠂ ᠯᠠᠶᠢᠫᠤᠤᠵᠠ ᠨᠠᠷ ᠤᠨ ᠠᠯᠳᠠᠷᠲᠠᠨ ᠨᠤᠭᠤᠳ ᠲᠥᠷᠦᠵᠢᠭᠡ᠃ ᠲᠡᠵᠢᠭᠡᠯ ᠦᠨ ᠪᠣᠯᠤᠨ ᠬᠦᠨᠡᠰᠦᠨ ᠦ ᠦᠢᠯᠡᠳᠪᠦᠷᠢ᠂ ᠰᠤᠷᠭᠠᠭᠤᠯᠢ᠂ ᠰᠤᠶᠤᠯ ᠤᠨ ᠪᠠᠶᠢᠭᠤᠯᠤᠯᠭ᠎ᠠ᠂ ᠬᠤᠳᠠᠯᠳᠤᠭ᠎ᠠ ᠦᠢᠯᠡᠴᠢᠯᠡᠭᠡᠨ ᠦ ᠪᠠᠶᠢᠭᠤᠯᠤᠯᠭ᠎ᠠ ᠨᠤᠭᠤᠳ ᠲᠠᠢ᠃


ᠲᠤᠰ ᠰᠤᠮᠤ ᠨᠢ ᠠᠩᠬ᠎ᠠ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠬᠥᠭᠵᠢᠭᠦᠯᠬᠦ , ᠬᠠᠰᠠᠺ ᠤᠨ ᠴᠠᠭᠠᠨ ᠲᠣᠯᠣᠭᠠᠢ ᠳᠤ ᠦᠬᠡᠷ ᠦᠨ ᠴᠥᠮ ᠰᠦᠷᠦᠭ ᠢ ᠥᠰᠬᠡᠨ ᠦᠷᠡᠵᠢᠭᠦᠯᠬᠦ ᠴᠢᠯᠡᠯ ᠢᠶᠡᠷ ᠪᠠᠶᠢᠭᠤᠯᠤᠭᠳᠠᠭᠰᠠᠨ ᠶᠤᠮ᠃

ᠣᠳᠣ ᠰᠤᠮᠤᠨ ᠳᠤ ᠭᠠᠵᠠᠷ ᠲᠠᠷᠢᠶᠠᠯᠠᠩ ᠤᠨ 30 ᠍ ᠍ ᠍ ᠶᠢᠨ ААНэгж ᠦᠢᠯᠡ ᠠᠵᠢᠯᠯᠠᠭ᠎ᠠ ᠶᠠᠪᠤᠭᠤᠯᠳᠠᠭ ᠨᠡᠶᠢᠲᠡ 22500 ᠭᠠ ᠡᠷᠭᠢᠯᠲᠡ ᠶᠢᠨ ᠲᠠᠯᠠᠪᠠᠢ ᠲᠠᠢ ᠣᠷᠬᠣᠨ ᠭᠣᠣᠯ , ᠰᠡᠯᠡᠩᠭᠡ ᠮᠥᠷᠡᠨ ᠡᠴᠡ ᠤᠰᠤᠯᠠᠬᠤ ᠪᠣᠯᠤᠮᠵᠢ ᠲᠠᠢ ᠦᠷ᠎ᠡ ᠲᠠᠷᠢᠶᠠᠨ ᠤ ᠪᠣᠯᠤᠨ ᠨᠣᠭᠣᠭ᠎ᠠ ᠲᠠᠯᠠᠪᠠᠢ ᠡᠯᠪᠡᠭ ᠲᠡᠢ

КЦТолгойт ᠡᠭᠦᠯᠳᠡᠷ ᠦᠨ ᠦᠬᠡᠷ ᠴᠡᠪᠡᠷ 479 ᠰᠢᠷᠬᠡᠭ ᠲᠣᠯᠣᠭᠠᠢ , ᠡᠷᠯᠢᠵᠡ 2640 ᠲᠣᠯᠣᠭᠠᠢ ᠪᠠᠶᠢᠨ᠎ᠠ᠃ ᠤᠯᠤᠰ ᠤᠨ ᠬᠡᠮᠵᠢᠶ᠎ᠡ ᠪᠡᠷ ᠵᠣᠬᠢᠶᠠᠨ ᠪᠠᠶᠢᠭᠤᠯᠤᠭᠰᠠᠨ ᠰᠢᠯᠢᠮᠡᠯ ᠣᠮᠤᠭ ᠤᠨ ᠮᠠᠯ ᠤᠨ ᠦᠵᠡᠰᠬᠦᠯᠡᠩ ᠬᠤᠳᠠᠯᠳᠤᠭᠠᠨ ᠳᠤ ᠣᠷᠣᠯᠴᠠᠵᠤ 2005 ᠣᠨ ᠳᠤ ᠮᠥᠩᠭᠥᠨ ᠮᠧᠳᠠᠯ , 2006 ᠣᠨ ᠳᠤ ᠠᠯᠲᠠᠨ ᠮᠧᠳᠠᠯ , 2007 ᠣᠨ ᠳᠤ ᠪᠣᠯᠤᠭᠰᠠᠨ 1000 ᠮᠠᠯᠴᠢᠨ ᠤ ᠴᠢᠭᠤᠯᠭ᠎ᠠ ᠠᠭᠤᠯᠵᠠᠯᠲᠠᠨ ᠳᠤ ᠵᠣᠷᠢᠭᠤᠯᠤᠭᠰᠠᠨ ᠦᠵᠡᠰᠬᠦᠯᠡᠩ ᠳᠦ ᠣᠷᠣᠯᠴᠠᠵᠤ ᠮᠡᠷᠭᠡᠵᠢᠯ ᠦᠨ ᠪᠠᠶᠢᠭᠤᠯᠭ᠎ᠠ ᠠᠴᠠ ᠥᠨᠳᠥᠷ ᠦᠨᠡᠯᠡᠭᠡ ᠠᠪᠤᠭᠰᠠᠨ᠃

ᠠᠯᠪᠠᠨ ᠶᠣᠰᠣᠨ ᠤ ᠸᠧᠪ ᠰᠠᠶᠢᠲᠤ: http://hushaat.blogspot.com

ᠪᠢᠴᠢᠭᠡᠰᠦ