ᠬᠤᠪᠢᠴᠠᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠦᠨᠡᠲᠦ ᠴᠠᠭᠠᠰᠤᠨ ᠤ ᠵᠠᠬ᠎ᠠ ᠵᠡᠭᠡᠯᠢ ᠶᠢᠨ ᠲᠤᠬᠠᠢ ᠬᠠᠤᠯᠢᠩ ᠳᠤ ᠬᠤᠪᠢᠴᠠᠭ᠎ᠠ ᠭᠡᠵᠦ ᠺᠣᠮᠫᠠᠨᠢ ᠳᠤ ᠬᠥᠷᠦᠩᠭᠡ ᠣᠷᠣᠭᠤᠯᠵᠤ᠂ ᠲᠡᠭᠦᠨ ᠢ ᠦᠨᠳᠦᠰᠦᠯᠡᠨ ᠬᠤᠪᠢ ᠨᠡᠶᠢᠯᠡᠭᠦᠯᠦᠭᠴᠢᠳ ᠦᠨ ᠬᠤᠷᠠᠯ ᠳᠤ ᠣᠷᠣᠯᠴᠠᠵᠤ ᠰᠠᠨᠠᠯ ᠦᠭᠬᠦ᠂ ᠨᠣᠭᠳᠠᠯ ᠠᠰᠢᠭ ᠠᠪᠬᠤ᠂ ᠺᠣᠮᠫᠠᠨᠢ ᠶᠢ ᠲᠠᠲᠠᠨ ᠪᠠᠭᠤᠯᠭᠠᠭᠰᠠᠨ ᠤ ᠳᠠᠷᠠᠭ᠎ᠠ ᠦᠯᠡᠳᠡᠭᠰᠡᠨ ᠡᠳ᠋ ᠬᠥᠷᠥᠩᠭᠡ ᠶᠢ ᠬᠤᠳᠠᠯᠳᠤᠨ ᠪᠣᠷᠣᠯᠠᠭᠤᠯᠤᠭᠰᠠᠨ ᠠᠴᠠ ᠣᠯᠤᠭᠰᠠᠨ ᠣᠷᠣᠯᠭ᠎ᠠ ᠠᠴᠠ ᠬᠤᠪᠢ ᠬᠦᠷᠲᠡᠬᠦ ᠪᠣᠯᠤᠨ ᠬᠠᠤᠯᠢ ᠪᠠᠷ ᠲᠣᠭᠲᠠᠭᠠᠭᠰᠠᠨ ᠪᠤᠰᠤᠳ ᠡᠷᠬᠡ ᠶᠢ ᠭᠡᠷᠡᠴᠢᠯᠡᠭᠰᠡᠨ ᠦᠨᠡᠲᠦ ᠴᠠᠭᠠᠰᠤ ᠶᠢ ᠬᠡᠯᠡᠨ᠎ᠡ᠃ ᠬᠤᠪᠢᠴᠠᠭ᠎ᠠ ᠶᠢ ᠡᠵᠡᠮᠰᠢᠭᠰᠡᠨ ᠦ ᠳᠠᠷᠠᠭ᠎ᠠ ᠪᠤᠢ ᠪᠣᠯᠬᠤ ᠡᠷᠬᠡ᠂ ᠡᠭᠦᠷᠭᠡ ᠶᠢᠨ ᠬᠦᠷᠢᠶᠡᠨ ᠳᠦ ᠡᠩ ᠦᠨ ᠪᠣᠯᠤᠨ ᠳᠠᠪᠠᠭᠤ ᠡᠷᠬᠡ ᠲᠡᠢ ᠬᠤᠪᠢᠴᠠᠭ᠎ᠠ ᠭᠡᠵᠦ 2 ᠠᠩᠭᠢᠯᠠᠨ᠎ᠠ᠃

ᠬᠤᠪᠢᠴᠠᠭ᠎ᠠ ᠨᠢ ᠲᠠᠩᠳᠠ 2 ᠲᠥᠷᠥᠯ ᠦᠨ ᠣᠷᠣᠯᠭ᠎ᠠ ᠠᠪᠴᠢᠷᠠᠨ᠎ᠠ᠃ - ᠨᠣᠭᠳᠠᠯ ᠠᠰᠢᠭ
- ᠬᠠᠩᠰᠢ ᠶᠢᠨ ᠥᠭᠡᠷᠡᠴᠢᠯᠡᠯᠲᠡ ᠡᠴᠡ ᠣᠯᠬᠤ ᠠᠰᠢᠭ

ᠨᠣᠭᠳᠠᠯ ᠠᠰᠢᠭ ᠭᠡᠵᠦ ᠤᠤ ᠪᠤᠢ?[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠭᠳᠠᠯ ᠠᠰᠢᠭ ᠭᠡᠳᠡᠭ ᠨᠢ ᠵᠢᠯ ᠪᠦᠷᠢ ᠶᠢᠨ ᠠᠰᠢᠭ ᠤᠨ ᠬᠤᠪᠢᠶᠠᠷᠢᠯᠠᠯᠲᠠ ᠶᠤᠮ᠃ ᠲᠡᠭᠦᠨ ᠦ ᠬᠡᠮᠵᠢᠶ᠎ᠡ ᠶᠢ ᠬᠤᠪᠢᠴᠠᠭ᠎ᠠ ᠡᠵᠡᠮᠰᠢᠭᠴᠢ ᠶᠢᠨ ᠬᠤᠷᠠᠯ ᠢᠶᠠᠷ ᠰᠢᠢᠳᠪᠦᠷᠢᠯᠡᠳᠡᠭ᠃ ᠬᠤᠪᠢᠴᠠᠭ᠎ᠠ ᠡᠵᠡᠮᠰᠢᠭᠴᠢ ᠲᠠ ᠲᠤᠬᠠᠢ ᠶᠢᠨ ᠺᠣᠮᠫᠠᠨᠢ ᠳᠤ ᠥᠪᠡᠷ ᠦᠨ ᠬᠥᠷᠦᠩᠭᠡᠨ ᠪᠦᠷᠢᠳᠦᠭᠦᠯᠬᠦ ᠨᠢ ᠳᠡᠮᠵᠢᠯᠭᠡ ᠦᠵᠡᠭᠦᠯᠬᠦ , ᠠᠵᠢᠯᠯᠠᠬᠤ ᠪᠣᠯᠤᠮᠵᠢ ᠶᠢ ᠨᠢ ᠣᠯᠭᠤᠵᠤ ᠪᠠᠶᠢᠭ᠎ᠠ ᠶᠢᠨ ᠬᠠᠷᠢᠭᠤ ᠤᠷᠮᠠᠰᠢᠭᠤᠯᠤᠯ᠃

ᠬᠠᠩᠰᠢ ᠶᠢᠨ ᠥᠭᠡᠷᠡᠴᠢᠯᠡᠯᠲᠡ ᠡᠴᠡ ᠤᠯᠬᠤ ᠠᠰᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠷᠥᠩᠭᠡ ᠣᠷᠣᠭᠤᠯᠤᠯᠲᠠ ᠨᠢ ᠺᠣᠮᠫᠠᠨᠢ ᠳᠤ ᠣᠷᠴᠢᠨ ᠦᠶ᠎ᠡ ᠶᠢᠨ᠂ ᠥᠨᠳᠥᠷ ᠬᠦᠴᠦᠨ ᠴᠢᠳᠠᠯ ᠲᠠᠢ ᠲᠣᠨᠣᠭ ᠲᠥᠬᠦᠭᠡᠷᠦᠮᠵᠢ ᠬᠤᠳᠠᠯᠳᠤᠵᠤ ᠠᠪᠬᠤ᠂ ᠰᠢᠨ᠎ᠡ ᠲᠧᠭᠨᠣᠯᠣᠭᠢ ᠨᠡᠪᠲᠡᠷᠡᠭᠦᠯᠬᠦ᠂ ᠰᠤᠳᠤᠯᠭ᠎ᠠ ᠰᠢᠨᠵᠢᠯᠡᠭᠡ ᠬᠢᠬᠦ ᠪᠣᠯᠤᠮᠵᠢ ᠶᠢ ᠣᠯᠭᠤᠳᠠᠭ ᠪᠥᠭᠡᠳ ᠢᠩᠭᠢᠭᠰᠡᠨ ᠢᠶᠡᠷ ᠢᠶᠡᠨ ᠵᠠᠬ᠎ᠠ ᠵᠡᠭᠡᠯᠢ ᠳᠡᠭᠡᠷ᠎ᠡ ᠥᠪᠡᠷ ᠦᠨ ᠪᠠᠶᠢᠷᠢ ᠰᠠᠭᠤᠷᠢ ᠪᠠᠨ ᠪᠡᠬᠢᠵᠢᠭᠦᠯᠵᠦ , ᠢᠷᠡᠭᠡᠳᠦᠢ ᠳᠦ ᠥᠨᠳᠦᠷ ᠠᠰᠢᠭ ᠤᠯᠬᠤ ᠦᠨᠳᠦᠰᠦ ᠰᠠᠭᠤᠷᠢ ᠨᠢ ᠪᠣᠯᠳᠠᠭ᠃ ᠡᠩ ᠦᠨ ᠢᠶᠡᠷ ᠲᠠᠶᠢᠯᠪᠤᠷᠢᠯᠠᠬᠤ ᠳᠤ ᠲᠠ ᠶᠠᠮᠠᠷ ᠨᠢᠭᠡᠨ ᠺᠣᠮᠫᠠᠨᠢ ᠶᠢᠨ ᠬᠤᠪᠢᠴᠠᠭ᠎ᠠ ᠶᠢ 300 ᠲᠥᠭᠥᠷᠢᠭ ᠢᠶᠡᠷ ᠬᠤᠳᠠᠯᠳᠤᠵᠤ ᠠᠪᠤᠭᠰᠠᠨ᠃ ᠬᠤᠪᠢᠴᠠᠭ᠎ᠠ ᠮᠠᠨᠢ ᠬᠡᠰᠡᠭ ᠬᠤᠭᠤᠴᠠᠭᠠᠨ ᠤ ᠳᠠᠷᠠᠭ᠎ᠠ 500 ᠲᠥᠭᠥᠷᠢᠭ ᠪᠣᠯᠤᠨ ᠥᠰᠬᠦ ᠳᠦ ᠲᠠ ᠬᠤᠪᠢᠴᠠᠭ᠎ᠠ ᠶᠢ ᠪᠠᠨ ᠵᠠᠷᠤᠨ ᠠᠰᠢᠭ ᠣᠯᠵᠤ ᠪᠣᠯᠬᠤ ᠶᠤᠮ᠃ᠡᠭᠦᠨ ᠢ ᠯᠠ ᠬᠠᠩᠰᠢ ᠶᠢᠨ ᠥᠭᠡᠷᠡᠴᠢᠯᠡᠯᠲᠡ ᠡᠴᠡ ᠠᠰᠢᠭ ᠣᠯᠬᠤ ᠭᠡᠨ᠎ᠡ᠃

ᠪᠣᠩ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠩ ᠳᠤ ᠨᠢ ᠲᠣᠳᠣᠷᠬᠠᠢ ᠬᠤᠭᠤᠴᠠᠭᠠᠨ ᠤ ᠳᠠᠷᠠᠭ᠎ᠠ ᠦᠨᠳᠦᠰᠦᠨ ᠲᠥᠯᠦᠪᠦᠷᠢ ᠶᠢ ᠬᠦᠦ ᠶᠢᠨ ᠬᠠᠮᠲᠤ ᠡᠷᠭᠢᠭᠦᠯᠦᠨ ᠤᠯᠭᠤᠬᠤ ᠡᠭᠦᠷᠭᠡ ᠶᠢ ᠭᠡᠷᠡᠴᠢᠯᠡᠭᠰᠡᠨ ᠦᠨᠡᠲᠦ ᠴᠠᠭᠠᠰᠤ ᠶᠤᠮ᠃

ᠦᠨᠡᠲᠦ ᠴᠠᠭᠠᠰᠤᠨ ᠤ ᠦᠨ᠎ᠡ ᠬᠠᠩᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠡᠲᠦ ᠴᠠᠭᠠᠰᠤ ᠨᠢᠭᠡ ᠪᠦᠷᠢ ᠶᠢᠨ ᠨᠡᠷᠡᠯᠡᠭᠰᠡᠨ ᠦᠨ᠎ᠡ ᠶᠢ ᠲᠤᠬᠠᠢ ᠶᠢᠨ ᠦᠨᠡᠲᠦ ᠴᠠᠭᠠᠰᠤ ᠶᠢ ᠭᠠᠷᠭᠠᠵᠤ ᠪᠠᠶᠢᠭ᠎ᠠ ᠬᠠᠤᠯᠢ ᠶᠢᠨ ᠡᠲᠡᠭᠡᠳ ᠥᠪᠡᠷ ᠢᠶᠡᠨ ᠲᠣᠭᠲᠠᠭᠠᠳᠠᠭ᠃ ᠦᠨᠡᠲᠦ ᠴᠠᠭᠠᠰᠤ ᠭᠠᠷᠭᠠᠭᠠᠳ ᠠᠩᠬᠠᠯᠠᠨ ᠬᠤᠳᠠᠯᠳᠤᠵᠤ ᠪᠠᠶᠢᠭ᠎ᠠ ᠶᠢ ᠠᠩᠬᠠᠳᠠᠭᠴᠢ ᠵᠠᠬ᠎ᠠ ᠵᠡᠭᠡᠯᠢ ᠭᠡᠨ᠎ᠡ᠃ ᠠᠩᠬᠠᠳᠠᠭᠴᠢ ᠵᠠᠬ᠎ᠠ ᠵᠡᠭᠡᠯᠢ ᠳᠡᠭᠡᠷ᠎ᠡ ᠦᠨᠡᠲᠦ ᠴᠠᠭᠠᠰᠤᠨ ᠤ ᠨᠡᠶᠢᠯᠡᠭᠦᠯᠦᠯᠲᠡ ᠲᠣᠭᠲᠠᠪᠤᠷᠢᠲᠠᠢ ᠨᠢᠭᠡ ᠲᠦᠪᠰᠢᠨ ᠳᠦ ᠪᠠᠶᠢᠳᠠᠭ᠃ ᠠᠩᠬᠠᠳᠠᠭᠴᠢ ᠵᠠᠬ᠎ᠠ ᠵᠡᠭᠡᠯᠢ ᠳᠡᠭᠡᠷ᠎ᠡ ᠦᠨᠡᠲᠦ ᠴᠠᠭᠠᠰᠤ ᠠᠷᠠᠯᠵᠢᠶᠠᠯᠠᠭᠳᠠᠵᠤ ᠳᠠᠭᠤᠰᠤᠭᠠᠳ ᠬᠤᠳᠠᠯᠳᠤᠨ ᠠᠪᠤᠭᠴᠢ ᠥᠪᠡᠷ ᠦᠨ ᠡᠵᠡᠮᠰᠢᠭᠰᠡᠨ ᠦᠨᠡᠲᠦ ᠴᠠᠭᠠᠰᠤ ᠪᠠᠨ ᠡᠷᠭᠢᠨ ᠬᠤᠳᠠᠯᠳᠤᠬᠤ ᠶᠢ ᠬᠣᠶᠠᠳᠠᠭᠴᠢ ᠵᠠᠬ᠎ᠠ ᠵᠡᠭᠡᠯᠢ ᠭᠡᠨ᠎ᠡ᠃

ᠠᠷᠠᠯᠵᠢᠶᠠᠨ ᠳᠤ ᠤᠷᠤᠯᠴᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠷᠵᠢ ᠶᠢᠨ ᠠᠷᠠᠯᠵᠢᠶᠠᠨ ᠳᠤ ᠵᠥᠪᠬᠡᠨ ᠲᠤᠰᠬᠠᠢ ᠵᠥᠪᠰᠢᠶᠡᠷᠡᠯ ᠠᠪᠤᠭᠰᠠᠨ ᠮᠡᠷᠭᠡᠵᠢᠯ ᠦᠨ ᠬᠦᠮᠦᠰ ᠪᠣᠯᠤᠨ ᠪᠠᠶᠢᠭᠤᠯᠤᠯᠭ᠎ᠠ ᠨᠤᠭᠤᠳ ᠣᠷᠣᠯᠴᠠᠳᠠᠭ᠃ ᠡᠳᠡᠭᠡᠷ ᠲᠦ ᠪᠷᠣᠺᠧᠷ ᠳ᠋ᠢᠯᠯᠧᠷ᠂ ᠠᠨᠳᠧᠷᠷ ᠠᠲ᠋ᠧᠷ ᠦᠨ ᠺᠣᠮᠫᠠᠨᠢ ᠨᠤᠭᠤᠳ᠂ ᠬᠥᠷᠥᠩᠭᠡ ᠣᠷᠣᠭᠤᠯᠤᠯᠲᠠ ᠶᠢᠨ ᠪᠠᠩᠬᠢ ᠬᠠᠮᠢᠶᠠᠷᠤᠨ᠎ᠠ᠃ 2015 ᠣᠨ ᠤ 02 ᠰᠠᠷ᠎ᠠ ᠶᠢᠨ ᠪᠠᠶᠢᠳᠠᠯ ᠢᠶᠠᠷ ᠮᠣᠩᠭᠣᠯ ᠤᠯᠤᠰ ᠤᠨ ᠬᠥᠷᠥᠩᠭᠡ ᠶᠢᠨ ᠪᠢᠷᠵᠢ ᠳᠡᠭᠡᠷ᠎ᠡ ᠨᠡᠶᠢᠲᠡ 62 ᠪᠷᠣᠺᠧᠷ ᠳ᠋ᠢᠯᠯᠧᠷ᠂ ᠠᠨᠳᠧᠷᠷ ᠠᠲ᠋ᠧᠷ ᠦᠨ ᠺᠣᠮᠫᠠᠨᠢ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ ᠲᠠ ᠡᠳᠡᠭᠡᠷ ᠪᠷᠣᠺᠧᠷ ᠳ᠋ᠢᠯᠯᠧᠷ᠂ ᠠᠨᠳᠧᠷᠷᠡᠲ᠋ᠧᠷ ᠦᠨ ᠺᠣᠮᠫᠠᠨᠢ ᠠᠴᠠ ᠰᠣᠩᠭᠣᠨ ᠳᠠᠩᠰᠠ ᠪᠠᠨ ᠨᠡᠭᠡᠭᠡᠯᠭᠡᠵᠦ ᠵᠠᠬᠢᠶᠠᠯᠠᠭ᠎ᠠ ᠥᠭᠴᠦ ᠠᠷᠠᠯᠵᠢᠶᠠᠨ ᠳᠤ ᠣᠷᠣᠯᠴᠠᠨ᠎ᠠ᠃ ᠠᠷᠠᠯᠵᠢᠶ᠎ᠠ ᠳᠠᠸᠠ ᠠᠴᠠ ᠪᠠᠰᠠᠩ ᠭᠠᠷᠠᠭ ᠲᠤ 11:00 ᠴᠠᠭ ᠠᠴᠠ 13:00 ᠬᠦᠷᠲᠡᠯ᠎ᠡ ᠮᠣᠩᠭᠣᠯ ᠤᠨ ᠬᠥᠷᠥᠩᠭᠡ ᠶᠢᠨ ᠪᠢᠷᠵᠢ ᠳᠡᠭᠡᠷ᠎ᠡ ᠶᠠᠪᠤᠭᠳᠠᠳᠠᠭ᠃

ᠦᠨᠡᠲᠦ ᠴᠠᠭᠠᠰᠤ ᠬᠤᠳᠠᠯᠳᠤᠬᠤ᠂ ᠬᠤᠳᠠᠯᠳᠤᠨ ᠠᠪᠬᠤ ᠵᠠᠬᠢᠶᠠᠯᠠᠭ᠎ᠠ ᠥᠭᠬᠦ ᠵᠠᠬᠢᠶᠠᠯᠠᠭ᠎ᠠ ᠨᠢ: ᠵᠠᠬ᠎ᠠ ᠵᠡᠭᠡᠯᠢ ᠶᠢᠨ ᠵᠠᠬᠢᠶᠠᠯᠠᠭ᠎ᠠᠨᠥᠬᠥᠴᠡᠯ ᠳᠦ ᠵᠠᠬᠢᠶᠠᠯᠠᠭ᠎ᠠ ᠭᠡᠰᠡᠨ 2 ᠲᠥᠷᠥᠯ ᠲᠡᠢ ᠪᠠᠶᠢᠳᠠᠭ᠃ ᠵᠠᠬ᠎ᠠ ᠵᠡᠭᠡᠯᠢ ᠶᠢᠨ ᠵᠠᠬᠢᠶᠠᠯᠠᠭ᠎ᠠ ᠨᠢ ᠲᠤᠬᠠᠢ ᠶᠢᠨ ᠡᠳᠦᠷ ᠦᠨ ᠵᠠᠬ᠎ᠠ ᠵᠡᠭᠡᠯᠢ ᠶᠢᠨ ᠬᠠᠩᠰᠢ ᠪᠠᠷ ᠪᠡᠶᠡᠯᠢᠭ ᠲᠦ ᠬᠢ ᠵᠠᠬᠢᠶᠠᠯᠠᠭ᠎ᠠ ᠪᠥᠭᠡᠳ ᠲᠠᠨ ᠤ ᠵᠠᠬᠢᠶᠠᠯᠠᠭ᠎ᠠ ᠬᠤᠷᠳᠤᠨ ᠪᠡᠶᠡᠯᠢᠭ ᠲᠦ ᠬᠢ ᠳᠠᠪᠠᠭᠤ ᠲᠠᠯ᠎ᠠ ᠲᠠᠢ᠃ ᠨᠥᠬᠥᠴᠡᠯ ᠳᠦ ᠵᠠᠬᠢᠶᠠᠯᠠᠭ᠎ᠠ ᠨᠢ ᠬᠤᠪᠢᠴᠠᠭᠠᠨ ᠤ ᠦᠨ᠎ᠡ ᠲᠠᠨ ᠤ ᠲᠣᠭᠲᠠᠭᠠᠭᠰᠠᠨ ᠲᠦᠪᠰᠢᠨ ᠳᠦ ᠬᠦᠷᠦᠭᠰᠡᠨ ᠲᠣᠬᠢᠶᠠᠯᠳᠤᠯ ᠳᠤ ᠪᠡᠶᠡᠯᠡᠭᠳᠡᠳᠡᠭ ᠵᠠᠬᠢᠶᠠᠯᠠᠭ᠎ᠠ ᠶᠤᠮ᠃

ᠬᠤᠪᠢᠴᠠᠭ᠎ᠠ ᠡᠵᠡᠮᠰᠢᠭᠡᠳ ᠦᠨ ᠬᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠮᠫᠠᠨᠢ ᠶᠢᠨ ᠡᠷᠬᠡ ᠪᠠᠷᠢᠬᠤ ᠳᠡᠭᠡᠳᠦ ᠪᠠᠶᠢᠭᠤᠯᠤᠯᠭ᠎ᠠ ᠨᠢ ᠬᠤᠪᠢ ᠨᠡᠶᠢᠯᠡᠭᠦᠯᠦᠭᠴᠢᠳ ᠦᠨ ᠬᠤᠷᠠᠯ ᠪᠠᠶᠢᠨ᠎ᠠ᠃ ᠬᠤᠪᠢ ᠨᠡᠶᠢᠯᠡᠭᠦᠯᠦᠯᠴᠢᠳ ᠦᠨ ᠡᠭᠡᠯᠵᠢᠲᠦ ᠬᠤᠷᠠᠯ ᠢ ᠺᠣᠮᠫᠠᠨᠢ ᠶᠢᠨ ᠰᠠᠩᠬᠦᠦ ᠶᠢᠨ ᠵᠢᠯ ᠳᠤᠰᠤᠭᠰᠠᠨ ᠠᠴᠠ ᠬᠣᠶᠢᠰᠢ 4 ᠰᠠᠷ᠎ᠠ ᠶᠢᠨ ᠳᠣᠲᠣᠷ᠎ᠠ ᠵᠠᠷᠯᠠᠨ ᠬᠤᠷᠠᠯᠳᠤᠭᠤᠯᠤᠨ᠎ᠠ᠃

5 ᠬᠤᠪᠢ ᠤᠨ ᠮᠡᠳᠡᠭᠦᠯᠭᠡ ᠺᠣᠮᠫᠠᠨᠢ ᠶᠢᠨ ᠨᠡᠶᠢᠲᠡ ᠳᠦ ᠰᠠᠨᠠᠯ ᠪᠣᠯᠭᠠᠨ ᠭᠠᠷᠭᠠᠭᠰᠠᠨ ᠬᠤᠪᠢᠴᠠᠭᠠᠨ ᠤ 5 ᠪᠤᠶᠤ ᠲᠡᠭᠦᠨ ᠡᠴᠡ ᠳᠡᠭᠡᠭᠰᠢ ᠬᠤᠪᠢ ᠶᠢ ᠳᠠᠩ ᠢᠶᠠᠷ ᠪᠤᠶᠤ ᠨᠢᠭᠡᠳᠦᠮᠡᠯ ᠰᠣᠨᠢᠷᠬᠠᠯᠲᠠᠢ ᠡᠲᠡᠭᠡᠳ ᠦᠨ ᠬᠠᠮᠲᠤ ᠪᠠᠷ ᠬᠤᠳᠠᠯᠳᠤᠨ ᠠᠪᠤᠭᠰᠠᠨ ᠡᠲᠡᠭᠡᠳ ᠤᠭ ᠦᠨᠡᠲᠦ ᠴᠠᠭᠠᠰᠤ ᠶᠢ ᠬᠤᠳᠠᠯᠳᠤᠨ ᠠᠪᠤᠭᠰᠠᠨ ᠠᠴᠠ ᠬᠣᠶᠢᠰᠢ ᠠᠵᠢᠯ ᠤᠨᠨ 10 ᠬᠣᠨᠣᠭ ᠤᠨ ᠳᠣᠲᠣᠷ᠎ᠠ ᠰᠠᠩᠬᠦᠦ ᠶᠢᠨ ᠵᠣᠬᠢᠴᠠᠭᠤᠯᠬᠤ ᠬᠣᠷᠢᠶᠠᠨ ᠳᠤ ᠮᠡᠳᠡᠭᠦᠯᠬᠦ ᠡᠭᠦᠷᠭᠡ ᠲᠡᠢ᠃

ᠲᠠ 5 ᠬᠤᠪᠢ ᠤᠨ ᠮᠡᠳᠡᠭᠦᠯᠭᠡ ᠪᠡᠨ ᠦᠨᠡᠲᠦ ᠴᠠᠭᠠᠰᠤ ᠶᠢᠨ ᠲᠥᠯᠦᠪᠦᠷᠢ ᠲᠣᠭᠠᠴᠠᠭ᠎ᠠ ᠲᠥᠪᠯᠡᠷᠡᠭᠰᠡᠨ ᠬᠠᠳᠠᠭᠠᠯᠠᠮᠵᠢ ᠶᠢᠨ ᠲᠥᠪ / ҮЦТТТХТ/ ᠭᠠᠷᠭᠠᠭᠤᠯᠤᠨ ᠰᠠᠩᠬᠦᠦ ᠶᠢᠨ ᠵᠣᠬᠢᠴᠠᠭᠤᠯᠬᠤ ᠬᠣᠷᠢᠶ᠎ᠠᠨᠳ /СЗХ/ ᠥᠭᠭᠦᠨ᠎ᠡ᠃ ᠮᠣᠩᠭᠣᠯᠴᠤᠳ ᠪᠢᠳᠡᠨ ᠦ ᠬᠤᠪᠢ ᠳᠤ ᠬᠤᠪᠢᠴᠠᠭ᠎ᠠ (ᠦᠨᠡᠲᠦ ᠴᠠᠭᠠᠰᠤ) ᠬᠠᠷᠢᠴᠠᠩᠭᠤᠢ ᠰᠢᠨ᠎ᠡ ᠣᠶᠢᠯᠠᠭᠠᠯᠲᠠ᠃ ᠬᠥᠷᠦᠩᠭᠡ ᠮᠥᠩᠭᠥ ᠪᠡᠨ ᠣᠯᠠᠰᠢᠷᠠᠭᠤᠯᠵᠤ᠂ ᠠᠰᠢᠭ ᠬᠦᠷᠢᠲᠦᠬᠦ ᠵᠠᠮ ᠢ ᠪᠢᠽᠢᠨ᠋ᠧᠰ ᠡᠷᠬᠢᠯᠡᠬᠦ᠂ ᠪᠠᠩᠬᠢᠨ ᠳᠤ ᠬᠠᠳᠠᠭᠠᠯᠠᠬᠤ ᠮᠡᠲᠦ ᠪᠡᠷ ᠲᠥᠰᠦᠭᠡᠯᠡᠭᠰᠡᠭᠡᠷ ᠢᠷᠡᠭᠰᠡᠨ ᠭᠡᠬᠦ ᠳᠦ ᠬᠢᠯᠢᠰᠳᠡᠬᠦ ᠦᠭᠡᠢ᠃ ᠭᠡᠲᠡᠯ᠎ᠡ ᠬᠤᠪᠢᠴᠠᠭ᠎ᠠ ᠨᠢ ᠠᠯᠢ ᠡᠷᠲᠡᠨ ᠡᠴᠡ ᠧᠦ᠋ᠷᠣᠫᠠ᠂ ᠠᠽᠢᠶ᠎ᠠ ᠶᠢᠨ ᠣᠷᠣᠨ ᠨᠤᠭᠤᠳ ᠤᠨ ᠡᠳ᠋ ᠍ ᠦᠨ ᠵᠠᠰᠠᠭ ᠤᠨ ᠭᠣᠣᠯ ᠡᠷᠭᠢᠯᠲᠡ ᠪᠤᠶᠤ ᠰᠠᠩᠬᠦᠦ ᠶᠢᠨ ᠵᠠᠬ᠎ᠠ ᠵᠡᠭᠡᠯᠢ ᠶᠢᠨ ᠭᠣᠣᠯ ᠬᠡᠷᠡᠭᠰᠡᠯ ᠪᠣᠯᠤᠨ ᠬᠥᠭᠵᠢᠭᠰᠡᠭᠡᠷ ᠢᠷᠡᠵᠡᠢ᠃ ᠬᠤᠪᠢᠴᠠᠭ᠎ᠠ ᠬᠤᠳᠠᠯᠳᠤᠨ ᠠᠪᠬᠤ ᠳᠤ ᠲᠤᠬᠠᠢ ᠶᠢᠨ ᠺᠣᠮᠫᠠᠨᠢ ᠶᠢᠨ ᠠᠰᠢᠭ ᠣᠷᠣᠯᠭ᠎ᠠ᠂ ᠪᠡᠶ᠎ᠡ ᠳᠠᠬᠤ ᠴᠢᠳᠠᠪᠤᠷᠢ ᠴᠢᠬᠤᠯᠠ᠃ ᠮᠥᠨ ᠡᠭᠦᠨ ᠡᠴᠡ ᠳᠤᠲᠠᠬᠤ ᠪᠠᠷ ᠦᠭᠡᠢ ᠭᠣᠣᠯ ᠵᠦᠢᠯ ᠦᠨ ᠨᠢᠭᠡ ᠨᠢ ᠲᠡᠭᠦᠨ ᠢ ᠬᠤᠳᠠᠯᠳᠤᠨ ᠠᠪᠬᠤ ᠵᠣᠬᠢᠰᠲᠠᠢ ᠴᠠᠭ ᠬᠤᠭᠤᠴᠠᠭ᠎ᠠ ᠶᠢ ᠲᠣᠳᠣᠷᠬᠠᠶᠢᠯᠠᠬᠤ ᠴᠢᠳᠠᠪᠤᠷᠢ ᠪᠥᠭᠡᠳ ᠡᠨᠡ ᠴᠢᠳᠠᠪᠤᠷᠢ ᠶᠢ ᠡᠵᠡᠮᠰᠢᠬᠦ ᠶᠢᠨ ᠲᠤᠯᠠᠳᠠ ᠮᠠᠰᠢ ᠭᠦᠨᠵᠡᠭᠡᠢ᠂ ᠥᠷᠭᠡᠨ ᠮᠡᠳᠡᠯᠭᠡ ᠡᠵᠡᠮᠰᠢᠬᠦ ᠶᠣᠰᠣᠲᠠᠢ᠃ ᠬᠤᠪᠢᠴᠠᠭ᠎ᠠ ᠬᠤᠳᠠᠯᠳᠤᠨ ᠠᠪᠬᠤ ᠣᠨᠣᠪᠴᠢᠲᠠᠢ ᠠᠷᠭ᠎ᠠ ᠤᠬᠠᠭᠠᠨ ᠤ ᠵᠠᠭᠠᠯᠮᠠᠶᠢᠯᠠᠭᠰᠠᠨ ᠡᠴᠢᠭᠡ ᠭᠡᠭᠳᠡᠳᠡᠭ ᠡᠷᠬᠢᠮ ᠪᠣᠯ ᠪᠧᠨ᠋ᠵᠠᠮᠢᠨ ᠭᠠᠷᠬᠤᠮ ᠶᠤᠮ᠃ ᠲᠡᠭᠦᠨ ᠦ ᠪᠢᠽᠢᠨ᠋ᠧᠰ ᠤᠬᠠᠭᠠᠨ᠂ ᠲᠤᠤᠱᠲᠠᠢ ᠪᠠᠶᠢᠬᠤ ᠦᠵᠡᠯ ᠨᠢ ᠳᠡᠯᠡᠬᠡᠢ ᠳᠠᠶᠠᠭᠠᠷ ᠨᠡᠷ᠎ᠡ ᠶᠢ ᠨᠢ ᠴᠤᠤᠷᠢᠶᠠᠲᠤᠭᠤᠯᠵᠤ ᠴᠢᠳᠠᠭᠰᠠᠨ᠃ "ᠤᠬᠠᠭᠠᠯᠢᠭ ᠬᠥᠷᠥᠩᠭᠡ ᠣᠷᠣᠭᠤᠯᠤᠭᠴᠢ" ᠬᠡᠮᠡᠬᠦ ᠪᠦᠲᠦᠭᠡᠯ ᠢᠶᠡᠷ ᠢᠶᠡᠨ ᠠᠯᠳᠠᠷᠰᠢᠬᠤ ᠵᠠᠮ ᠢᠶᠠᠨ ᠲᠠᠯᠪᠢᠵᠠᠢ᠃ ᠡᠨᠡ ᠨᠣᠮ ᠳᠤ ᠭᠠᠷᠬᠤᠮ ᠤᠨ ᠭᠣᠣᠯ ᠦᠵᠡᠯ ᠰᠠᠨᠠᠭ᠎ᠠ ᠪᠣᠯᠬᠤ ᠦᠨ᠎ᠡ ᠴᠡᠨ᠎ᠡ ᠳᠦ ᠲᠤᠯᠭᠠᠭᠤᠷᠢᠯᠠᠭᠰᠠᠨ ᠬᠥᠷᠥᠩᠭᠡ ᠣᠷᠣᠭᠤᠯᠤᠯᠲᠠ ᠶᠢᠨ ᠣᠨᠣᠯ ᠤᠨ ᠤᠷᠤᠰᠬᠠᠯ ᠤᠨ ᠡᠬᠢ ᠦᠨᠳᠦᠰᠦ ᠪᠣᠯᠵᠠᠢ᠃ ᠢᠯᠠᠩᠭᠤᠶ᠎ᠠ ᠦᠨ᠎ᠡ ᠶᠢ ᠨᠢ ᠲᠥᠯᠦᠵᠦ᠂ ᠴᠢᠨ ᠢ ᠨᠢ ᠲᠤᠩᠭ᠎ᠠ ᠭᠡᠰᠡᠨ ᠦᠵᠡᠯ ᠨᠢ ᠡᠨᠡ ᠨᠣᠮ ᠳᠤ ᠲᠣᠳᠣ ᠢᠯᠡᠷᠡᠭᠰᠡᠨ ᠪᠠᠶᠢᠨ᠎ᠠ᠃ ᠡᠨᠡ ᠨᠣᠮ ᠳᠤ ᠰᠢᠩᠭᠡᠭᠰᠡᠨ ᠭᠣᠣᠯ ᠰᠠᠨᠠᠭ᠎ᠠ ᠨᠢ ᠲᠠᠨ ᠤ ᠲᠥᠯᠦᠵᠦ ᠪᠤᠢ ᠦᠨ᠎ᠡ ᠪᠣᠯᠤᠨ ᠣᠯᠵᠤ ᠠᠪᠬᠤ ᠴᠡᠨ᠎ᠡ ᠬᠣᠶᠠᠷ ᠤᠨ ᠬᠣᠭᠣᠷᠣᠨᠳᠣ ᠡᠷᠦᠰᠳᠡᠯ ᠦᠭᠡᠢ ᠶᠢᠨ ᠵᠠᠭᠠᠭ ᠪᠠᠶᠢᠬᠤ ᠶᠣᠰᠣᠲᠠᠢ᠃ ᠥᠭᠡᠷ᠎ᠡ ᠪᠡᠷ ᠬᠡᠯᠡᠪᠡᠯ ᠬᠥᠷᠥᠩᠭᠡ ᠣᠷᠣᠭᠤᠯᠵᠤ ᠪᠤᠢ ᠫᠦᠦᠰᠡᠶᠢᠨ ᠥᠪᠡᠷ ᠦᠨ ᠳᠣᠲᠣᠭᠠᠳᠤ ᠴᠡᠨ᠎ᠡ ᠨᠢ ᠲᠤᠬᠠᠢ ᠶᠢᠨ ᠦᠶ᠎ᠡ ᠶᠢᠨ ᠵᠠᠬ᠎ᠠ ᠵᠡᠭᠡᠯᠢ ᠶᠢᠨ ᠦᠨ᠎ᠡ ᠡᠴᠡ ᠥᠨᠳᠥᠷ ᠪᠠᠶᠢᠬᠤ ᠶᠣᠰᠣᠲᠠᠢ ᠶᠤᠮ᠃ ᠥᠭᠡᠷ᠎ᠡ ᠪᠡᠷ ᠬᠡᠯᠡᠪᠡᠯ ᠲᠠ ᠶᠠᠮᠠᠷ ᠨᠢᠭᠡᠨ ᠶᠠᠭᠤᠮ᠎ᠠ ᠶᠢ ᠱᠠᠭᠠᠷᠳᠠᠭᠰᠠᠨ ᠦᠨ᠎ᠡ ᠪᠡᠷ ᠨᠢ ᠬᠤᠳᠠᠯᠳᠤᠨ ᠠᠪᠤᠨ᠎ᠠ᠃ ᠬᠠᠷᠢᠨ ᠲᠡᠷᠡ ᠵᠦᠢᠯ ᠢᠶᠡᠨ ᠬᠢᠷᠢ ᠠᠰᠢᠭᠯᠠᠵᠤ ᠴᠢᠳᠠᠬᠤ ᠠᠴᠠ ᠲᠠᠨᠢ ᠯᠠ ᠠᠰᠢᠭᠲᠠᠢ ᠨᠠᠶᠢᠮᠠᠭ᠎ᠠ ᠬᠢᠭᠰᠡᠨ ᠡᠰᠡᠬᠦ ᠨᠢ ᠰᠢᠯᠲᠠᠭᠠᠯᠠᠬᠤ ᠪᠣᠯᠤᠨ᠎ᠠ᠃ 1934 ᠣᠨ ᠤ ᠦᠶ᠎ᠡ ᠳᠦ ᠪᠣᠩ ᠳᠤ ᠪᠣᠯᠤᠨ ᠪᠤᠰᠤᠳ ᠵᠢᠭᠡᠯᠡᠯᠭᠡ ᠨᠦᠭᠦᠳ ᠯᠠ ᠨᠠᠶᠢᠳᠠᠪᠤᠷᠢᠲᠠᠢ ᠬᠥᠷᠦᠩᠭᠡ ᠣᠷᠣᠭᠤᠯᠤᠯᠲᠠ᠂ ᠬᠤᠪᠢᠴᠠᠭ᠎ᠠ ᠪᠣᠯ ᠠᠵᠠ ᠰᠣᠷᠢᠭᠰᠠᠨ ᠨᠠᠶᠢᠮᠠᠭ᠎ᠠ ᠭᠡᠵᠦ ᠲᠣᠭᠠᠴᠠᠭᠳᠠᠳᠠᠭ ᠪᠠᠶᠢᠭᠰᠠᠨ ᠶᠤᠮ᠃ ᠬᠥᠷᠦᠩᠭᠡ ᠣᠷᠣᠭᠤᠯᠤᠯᠲᠠ ᠶᠢᠨ ᠲᠣᠮᠣᠬᠠᠨ ᠬᠡᠯᠪᠡᠷᠢ ᠪᠣᠯᠬᠤ ᠬᠤᠪᠢᠴᠠᠭᠠᠨ ᠳᠤ ᠢᠷᠭᠡᠳ ᠲᠡᠷᠡ ᠪᠦᠷ ᠢᠲᠡᠭᠡᠬᠦ ᠦᠭᠡᠢ ᠪᠦᠩᠳᠠ ᠶᠢ ᠯᠠ ᠡᠷᠡᠰᠳᠡᠯ ᠦᠭᠡᠢ ᠦᠨᠡᠲᠦ ᠴᠠᠭᠠᠰᠤ ᠬᠡᠮᠡᠨ ᠣᠶᠢᠯᠠᠭᠠᠵᠤ ᠪᠠᠶᠢᠭᠰᠠᠨ ᠡᠨᠡ ᠦᠶ᠎ᠡ ᠳᠦ "ᠦᠨᠡᠲᠦ ᠴᠠᠭᠠᠰᠤ ᠶᠢ ᠰᠢᠨᠵᠢᠬᠦᠢ" ᠪᠦᠲᠦᠭᠡᠯ ᠨᠢ ᠬᠡᠪᠯᠡᠭᠳᠡᠨ ᠭᠠᠷᠤᠭᠰᠠᠨ ᠢᠶᠠᠷ ᠢᠶᠠᠨ ᠬᠤᠪᠢᠴᠠᠭᠠᠨ ᠤ ᠠᠴᠢ ᠲᠤᠰᠠ᠂ ᠠᠰᠢᠭ ᠣᠷᠣᠯᠭ᠎ᠠ ᠶᠢ ᠢᠷᠭᠡᠳ ᠲᠦ ᠣᠶᠢᠯᠠᠭᠠᠭᠤᠯᠬᠤ ᠲᠣᠮᠣᠬᠠᠨ ᠡᠷᠭᠢᠯᠲᠡ ᠪᠣᠯᠵᠤ ᠴᠢᠳᠠᠭᠰᠠᠨ᠃

ᠤᠴᠢᠷ ᠨᠢ ᠬᠤᠪᠢᠴᠠᠭ᠎ᠠ ᠨᠢ ᠵᠥᠪᠬᠡᠨ ᠠᠵᠠ ᠰᠣᠷᠢᠭᠰᠠᠨ ᠨᠠᠶᠢᠮᠠᠢ ᠪᠤᠰᠤ ᠬᠠᠮᠤᠭ ᠤᠨ ᠥᠨᠳᠦᠷ ᠠᠰᠢᠭ ᠲᠠᠢ ᠰᠠᠩᠬᠦᠦ ᠶᠢᠨ ᠬᠡᠷᠡᠭᠰᠡᠯ ᠭᠡᠳᠡᠭ ᠢ ᠨᠢ ᠪᠠᠲᠤᠯᠠᠭᠰᠠᠨ ᠬᠡᠷᠡᠭ᠃ ᠢᠩᠭᠢᠵᠦ ᠯᠠ ᠲᠠ ᠪᠢᠳᠡᠨ ᠦ ᠳᠤᠮᠳᠠ ᠡᠳᠦᠷ ᠪᠦᠷᠢ ᠠᠷᠠᠯᠵᠢᠵᠤ ᠪᠤᠢ ᠬᠤᠪᠢᠴᠠᠭᠠᠨ ᠤ ᠪᠢᠽᠢᠨ᠋ᠧᠰ ᠬᠥᠭᠵᠢᠵᠦ ᠪᠠᠶᠢᠭᠰᠠᠨ ᠬᠡᠷᠡᠭ᠃ ᠬᠥᠷᠦᠩᠭᠡ ᠣᠷᠣᠭᠤᠯᠤᠯᠲᠠ ᠬᠢᠬᠦ ᠶᠢᠨ ᠡᠮᠦᠨᠡᠬᠢ ᠰᠤᠳᠤᠯᠭ᠎ᠠ ᠰᠢᠨᠵᠢᠯᠡᠭᠡᠨ ᠡᠴᠡ ᠭᠠᠳᠠᠨ᠎ᠠ ᠬᠤᠳᠠᠯᠳᠤᠨ ᠠᠪᠤᠭᠰᠠᠨ ᠬᠤᠪᠢᠴᠠᠭ᠎ᠠ ᠪᠠᠷ ᠢᠶᠠᠨ ᠬᠡᠷᠬᠢᠨ ᠬᠥᠯᠵᠢᠬᠦ ᠶᠢ ᠵᠢᠭᠠᠵᠤ ᠰᠤᠷᠭᠠᠵᠤ ᠴᠢᠳᠠᠳᠠᠭ ᠲᠤ ᠲᠡᠭᠦᠨ ᠦ ᠨᠢᠭᠤᠴᠠ ᠣᠷᠣᠰᠢᠵᠤ ᠪᠠᠶᠢᠪᠠ᠃en:Stock

ᠪᠢᠴᠢᠭᠡᠰᠦ