ᠬᠤᠪᠢᠯᠠᠢ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠤᠪᠢᠯᠠᠢ ᠬᠠᠭᠠᠨ
ᠶᠡᠬᠡ ᠶᠤᠸᠠᠨ ᠤᠯᠤᠰ ᠤᠨ ᠬᠤᠸᠠᠩᠳᠢ
YuanEmperorAlbumKhubilaiPortrait.jpg
ᠬᠠᠭᠠᠨᠴᠢᠯᠠᠯ 1260 ᠣᠨ ᠤ 5 ᠰᠠᠷ᠎ᠠ ᠶᠢᠨ 5 – 1271 ᠣᠨ ᠤ 12 ᠰᠠᠷ᠎ᠠ ᠶᠢᠨ 17 (ᠶᠡᠬᠡ ᠮᠣᠩᠭᠣᠯ ᠤᠯᠤᠰ)
1271 ᠣᠨ ᠤ 12 ᠰᠠᠷ᠎ᠠ ᠶᠢᠨ 18 - 1294 ᠣᠨ ᠤ 2 ᠰᠠᠷ᠎ᠠ ᠶᠢᠨ 18 (ᠶᠤᠸᠠᠨ ᠤᠯᠤᠰ)
ᠬᠠᠭᠠᠨ ᠰᠠᠭᠤᠭᠰᠠᠨ 1260
ᠪᠦᠲᠦᠨ ᠨᠡᠷ᠎ᠡ ᠭᠶᠢᠣᠨ ᠪᠣᠷᠵᠢᠭᠢᠨ ᠬᠤᠪᠢᠯᠠᠢ
ᠪᠤᠰᠤᠳ ᠬᠡᠷᠭᠡᠮ ᠰᠡᠴᠡᠨ ᠬᠠᠭᠠᠨ
ᠲᠦᠷᠦᠭᠰᠡᠨ ᠣᠩᠨᠠᠭ᠎ᠠ 1215 ᠣᠨ ᠤ 9 ᠰᠠᠷ᠎ᠠ ᠶᠢᠨ 23
ᠥᠩᠭᠡᠷᠡᠭᠰᠡᠨ ᠣᠩᠨᠠᠭ᠎ᠠ 1294 ᠣᠨ ᠤ 2 ᠰᠠᠷ᠎ᠠ ᠶᠢᠨ 18 (78 ᠨᠠᠰᠤᠨ ᠳᠤ ᠪᠠᠨ)
ᠥᠩᠭᠡᠷᠡᠭᠰᠡᠨ ᠭᠠᠵᠠᠷ ᠳᠠᠶᠢᠳᠤ(ᠬᠠᠨᠪᠠᠯᠢᠭ)
ᠡᠮᠦᠨᠡᠬᠢ ᠬᠠᠭᠠᠨ ᠮᠥᠩᠬᠡ ᠬᠠᠭᠠᠨ
ᠤᠳᠠᠭᠠᠬᠢ ᠬᠠᠭᠠᠨ ᠥᠯᠵᠡᠶᠢᠲᠦ ᠲᠡᠮᠦᠷ ᠬᠠᠭᠠᠨ
ᠶᠡᠬᠡ ᠬᠠᠲᠤᠨ ᠴᠠᠪᠢ ᠬᠠᠲᠤᠨ
ᠨᠠᠮᠪᠤᠢ ᠬᠠᠲᠤᠨ
ᠬᠠᠭᠠᠨ ᠤ ᠤᠳᠤᠮ ᠳᠣᠷᠵᠢ ᠬᠤᠸᠠᠩᠲᠠᠶᠢᠽᠢ᠂ 〔〔ᠠᠨᠢᠰᠢ ᠸᠠᠩ ᠮᠠᠩᠭᠠᠯ〕〕᠂ ᠢᠦᠢᠽᠤᠨ ᠬᠤᠸᠠᠩᠳᠢ 〔〔ᠴᠢᠨᠭᠭᠢᠮ〕〕᠂ ᠪᠡᠢ ᠠᠨᠢ ᠸᠠᠩ ᠨᠣᠮᠣᠭᠠᠨ...
ᠬᠠᠭᠠᠨ ᠤ ᠣᠪᠤᠭ ᠪᠣᠷᠵᠢᠭᠢᠨ
ᠤᠯᠤᠰ ᠤᠨ ᠨᠡᠷ᠎ᠡ ᠶᠤᠸᠠᠨ ᠤᠯᠤᠰ
ᠡᠴᠢᠭᠡ ᠲᠤᠯᠤᠢ
ᠡᠬᠡ ᠰᠣᠷᠬᠠᠭᠲᠠᠨᠢ ᠪᠡᠬᠢ

ᠬᠤᠪᠢᠯᠠᠢ (Qubilai qaghan.svg, 1215 ᠣᠨ ᠤ 9 ᠍ ᠳᠦᠭᠡᠷ ᠰᠠᠷ᠎ᠠ ᠶᠢᠨ 23 - 1294 ᠣᠨ ᠤ 2 ᠍ ᠳᠦᠭᠡᠷ ᠰᠠᠷ᠎ᠠ ᠶᠢᠨ 18) ᠨᠢ 1260-1294 ᠣᠨ ᠳᠤ ᠮᠣᠩᠭᠣᠯ ᠤᠨ ᠡᠵᠡᠨᠲᠦ ᠭᠦᠷᠦᠨ ᠦ 5 ᠳᠠᠬᠢ ᠬᠠᠭᠠᠨ ᠪᠠᠶᠢᠭᠰᠠᠨ ᠪᠥᠭᠡᠳ ᠳᠣᠷᠣᠨᠠᠲᠤ ᠠᠽᠢᠶ᠎ᠠ ᠳᠠᠬᠢ ᠶᠤᠸᠠᠨ ᠭᠦᠷᠦᠨ ᠢ ᠦᠨᠳᠦᠰᠦᠯᠡᠭᠴᠢ ᠶᠤᠮ᠃ ᠬᠤᠪᠢᠯᠠᠢ ᠬᠠᠭᠠᠨ ᠨᠢ ᠴᠢᠩᠭᠢᠰ ᠬᠠᠭᠠᠨ ᠣᠳᠬᠣᠨ ᠬᠦᠦ ᠲᠤᠯᠤᠢᠬᠡᠷᠡᠶᠢᠳᠡᠶᠢᠨ ᠰᠣᠷᠬᠠᠭᠲᠠᠨᠢ ᠪᠡᠬᠢ ᠨᠠᠷ ᠤᠨ ᠬᠦᠦ ᠪᠠᠶᠢᠴᠠᠢ᠃ ᠬᠠᠮᠤᠭ ᠤᠨ ᠲᠣᠮᠣ ᠠᠬ᠎ᠠ ᠰᠢᠨᠵᠤᠨ ᠬᠠᠭᠠᠨ ᠍ ᠢ ᠨᠠᠰᠤ ᠪᠠᠷᠠᠭᠰᠠᠨ ᠤ ᠳᠠᠷᠠᠭ᠎ᠠ 1260 ᠣᠨ ᠳᠤ ᠶᠡᠬᠡ ᠮᠣᠩᠭᠣᠯ ᠤᠯᠤᠰ ᠍ ᠤᠨ ᠬᠠᠭᠠᠨ ᠰᠢᠷᠡᠭᠡ ᠶᠢ ᠡᠵᠡᠯᠡᠬᠦ ᠪᠡᠷ ᠬᠠᠷᠠᠬᠣᠷᠣᠮ ᠳᠤ ᠢᠷᠡᠵᠦ᠂ ᠥᠪᠡᠷ ᠦᠨ ᠳᠡᠭᠦᠦ ᠠᠷᠭᠦᠪᠦᠬᠦ ᠶᠢᠨ ᠪᠣᠰᠤᠯᠭ᠎ᠠ ᠶᠢ ᠳᠠᠷᠤᠭᠰᠠᠨ᠃ 1264 ᠣᠨ ᠳᠤ ᠠᠷᠭᠦᠪᠦᠬᠦ ᠶᠢ ᠢᠯᠠᠭᠰᠠᠨ ᠪᠥᠭᠡᠳ ᠲᠡᠭᠦᠨ ᠦ ᠡᠨᠡᠬᠦ ᠢᠯᠠᠯᠲᠠ ᠨᠢ ᠡᠵᠡᠨ ᠳᠦ ᠭᠦᠷᠦᠨ ᠦ ᠨᠢᠭᠡᠳᠦᠯ ᠢ ᠦᠭᠡᠢ ᠪᠣᠯᠭᠠᠭᠰᠠᠨ ᠭᠡᠵᠦ ᠪᠣᠯᠤᠨ᠎ᠠ᠃ ᠭᠡᠰᠡᠨ ᠬᠡᠳᠦᠢ ᠴᠤ ᠬᠤᠪᠢᠯᠠᠢ ᠬᠠᠭᠠᠨ ᠶᠤᠸᠠᠨ ᠤᠯᠤᠰ ᠢ ᠪᠤᠢ ᠪᠣᠯᠭᠠᠵᠤ᠂ ᠠᠯᠲᠠᠨ ᠣᠷᠳᠣᠨ ᠤ ᠤᠯᠤᠰᠢᠯ ᠬᠠᠭᠠᠨᠲᠤ ᠤᠯᠤᠰ ᠤᠯᠤᠰ᠂ ᠴᠠᠭᠠᠳᠠᠢ ᠶᠢᠨ ᠤᠯᠤᠰ ᠍ ᠢ ᠵᠠᠬᠢᠷᠭᠠᠨ ᠳᠤ ᠪᠠᠨ ᠣᠷᠣᠭᠤᠯᠤᠭᠰᠠᠨ ᠶᠤᠮ᠃ ᠲᠡᠭᠦᠨ ᠦ ᠡᠨᠡ ᠨᠣᠶᠠᠷᠬᠠᠯ ᠳᠤ ᠨᠣᠮᠣᠬᠠᠨ ᠳᠠᠯᠠᠢᠭᠠ ᠠᠴᠠ ᠤᠷᠠᠯ ᠤᠨ ᠨᠢᠷᠤᠭᠤ ᠬᠦᠷᠲᠡᠯ᠎ᠡ᠂ ᠰᠢᠪᠢᠷ ᠡᠴᠡ ᠠᠹᠬᠠᠨᠨᠢᠰᠲᠠᠨ ᠬᠦᠷᠲᠡᠯᠡᠬᠢ ᠳᠡᠯᠡᠬᠡᠢ ᠶᠢᠨ ᠬᠠᠭᠤᠷᠠᠢ ᠭᠠᠵᠠᠷ ᠤᠨ ᠲᠠᠪᠤᠨ ᠤ ᠨᠢᠭᠡ ᠬᠤᠪᠢ ᠪᠠᠭᠳᠠᠵᠣ ᠪᠠᠶᠢᠪᠠ᠃ 1271 ᠣᠨ ᠳᠤ ᠬᠤᠪᠢᠯᠠᠢ ᠬᠠᠭᠠᠨ ᠶᠤᠸᠠᠨ ᠤᠯᠤᠰ ᠢ ᠪᠠᠶᠢᠭᠤᠯᠤᠭᠰᠠᠨ ᠪᠥᠭᠡᠳ ᠲᠤᠬᠠᠢ ᠶᠢᠨ ᠦᠶ᠎ᠡ ᠳᠦ ᠲᠡᠭᠦᠨ ᠦ ᠵᠠᠬᠢᠷᠭᠠᠨ ᠳᠤ ᠮᠣᠩᠭᠣᠯ᠂ ᠲᠦᠪᠡᠳ᠂ ᠳᠣᠷᠣᠨᠠᠲᠤ ᠲᠦᠷᠺᠧᠰᠲᠠᠨ᠂ ᠤᠮᠠᠷᠠᠳᠤ ᠬᠢᠲᠠᠳ᠂ ᠡᠮᠦᠨᠡᠲᠦ ᠬᠢᠲᠠᠳ ᠤᠨ ᠶᠡᠬᠡᠩᠬᠢ ᠬᠡᠰᠡᠭ ᠪᠣᠯᠤᠨ ᠵᠠᠷᠢᠮ ᠨᠢᠭᠡᠨ ᠡᠵᠡᠯᠡᠭᠳᠡᠭᠰᠡᠨ ᠭᠠᠵᠠᠷ ᠨᠤᠲᠤᠭ ᠣᠷᠣᠰᠢᠵᠤ ᠪᠠᠶᠢᠪᠠ᠃ 1279 ᠣᠨ ᠳᠤ ᠡᠮᠦᠨᠡᠲᠦ ᠰᠦᠨ ᠤᠯᠤᠰ ᠍ ᠢ ᠠᠮᠵᠢᠯᠲᠠ ᠲᠠᠢ ᠤᠰᠠᠳᠬᠠᠭᠰᠠᠨ ᠢᠶᠠᠷ ᠬᠤᠪᠢᠯᠠᠢ ᠪᠦᠬᠦ ᠬᠢᠲᠠᠳ ᠍ ᠢ ᠡᠵᠡᠯᠡᠨ ᠰᠠᠭᠤᠭᠰᠠᠨ ᠠᠩᠬᠠᠨ ᠤ ᠬᠢᠲᠠᠳ ᠪᠢᠰᠢ ᠤᠭᠰᠠᠭᠠᠨ ᠤ ᠬᠠᠭᠠᠨ ᠪᠣᠯᠪᠠ᠃ ᠲᠡᠷᠡ ᠪᠡᠷ 1260 ᠣᠨ ᠠᠴᠠ ᠬᠣᠶᠢᠰᠢ ᠰᠢᠨ᠎ᠡ ᠪᠠᠶᠢᠯᠳᠤᠨ ᠳᠠᠭᠠᠭᠤᠯᠠᠯ ᠢ ᠪᠤᠢ ᠪᠣᠯᠭᠠᠭᠰᠠᠨ ᠮᠣᠩᠭᠣᠯ ᠬᠠᠭᠠᠨ ᠪᠠᠶᠢᠯ᠎ᠠ᠃ ᠮᠣᠩᠭᠣᠯ ᠤᠨ ᠡᠵᠡᠨᠲᠦ ᠭᠦᠷᠦᠨ ᠢᠶᠡᠷ ᠠᠶᠠᠯᠠᠭᠰᠠᠨ ᠮᠠᠷᠺᠣ ᠫᠣᠯᠣ ᠬᠢᠲᠠᠳ ᠲᠤ ᠵᠣᠴᠢᠯᠠᠭᠰᠠᠨ ᠪᠥᠭᠡᠳ ᠲᠡᠭᠦᠨ ᠦ ᠠᠶᠠᠯᠠᠯ ᠤᠨ ᠤᠯᠠᠮ ᠠᠴᠠ ᠬᠤᠪᠢᠯᠠᠢ ᠬᠠᠭᠠᠨ ᠧᠦ᠋ᠷᠣᠫᠠ ᠲᠤ ᠳᠣᠮᠣᠭ ᠪᠣᠯᠤᠭᠰᠠᠨ ᠶᠤᠮ᠃

ᠵᠠᠯᠠᠭᠤ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ (1215 ᠣᠨ ᠤ 9 ᠰᠠᠷ᠎ᠠ ᠶᠢᠨ 23 ᠲᠦᠷᠦᠭᠰᠡᠨ) ᠲᠤᠯᠤᠢ ᠪᠠ ᠰᠣᠷᠬᠠᠭᠲᠠᠨᠢ ᠪᠡᠬᠢ ᠨᠠᠷ ᠤᠨ 2 ᠍ ᠳᠦᠭᠡᠷ ᠬᠦᠦ ᠶᠤᠮ᠃ ᠡᠪᠦᠭᠡ ᠡᠴᠢᠭᠡ ᠴᠢᠩᠭᠢᠰ ᠬᠠᠭᠠᠨ ᠤ ᠵᠥᠪᠯᠡᠭᠰᠡᠨ ᠢᠶᠡᠷ ᠰᠣᠷᠬᠠᠭᠲᠠᠨᠢ ᠨᠢ ᠪᠤᠳ᠋ᠳ᠋ᠾᠠ ᠶᠢᠨ ᠱᠠᠰᠢᠨ ᠲᠠᠢ ᠲᠠᠩᠭᠣᠳ ᠤᠯᠤᠰ ᠤᠨ᠂ ᠬᠦ ᠶᠢᠨ ᠰᠤᠪᠢᠯᠠᠭᠴᠢ ᠪᠠᠷ ᠰᠣᠩᠭᠣᠭᠳᠠᠵᠤ ᠬᠠᠮᠠᠭᠠᠯᠠᠬᠤ ᠪᠣᠯᠤᠭᠰᠠᠨ᠃ ᠴᠢᠩᠭᠢᠰ ᠬᠠᠭᠠᠨ ᠬᠣᠷᠧᠽᠮ ᠤᠯᠤᠰ ᠢ ᠪᠠᠶᠢᠯᠳᠤᠨ ᠳᠠᠭᠠᠭᠤᠯᠤᠭᠰᠠᠨ ᠤ ᠪᠠᠨ ᠳᠠᠷᠠᠭ᠎ᠠ ᠢᠯᠢ ᠭᠣᠣᠯ ᠤᠨ ᠣᠶᠢᠷᠠᠯᠴᠠᠭ᠎ᠠ ᠲᠣᠮᠣ ᠠᠪᠠ ᠬᠣᠮᠣᠷᠭ᠎ᠠ ᠵᠣᠬᠢᠶᠠᠨ ᠪᠠᠶᠢᠭᠤᠯᠤᠭᠰᠠᠨ ᠪᠥᠭᠡᠳ ᠬᠤᠪᠢᠯᠠᠢ᠂ ᠬᠦᠯᠢᠭᠦ ᠨᠠᠷ ᠡᠨᠡ ᠠᠪᠠ ᠬᠣᠮᠣᠷᠭᠠᠨ ᠳᠤ ᠣᠷᠣᠯᠴᠠᠵᠠᠢ᠃ ᠲᠡᠷᠡ ᠦᠶ᠎ᠡ ᠳᠦ ᠬᠤᠪᠢᠯᠠᠢ 9 ᠨᠠᠰᠤᠲᠠᠢ ᠪᠠᠶᠢᠭᠰᠠᠨ ᠪᠥᠭᠡᠳ ᠬᠤᠪᠢᠯᠠᠢ ᠭᠥᠷ ᠡᠴᠡ᠂ ᠬᠦᠯᠢᠭᠦ ᠲᠠᠤᠯᠠᠢ ᠠᠩᠨᠠᠭᠰᠠᠨ ᠪᠠᠶᠢᠨ᠎ᠠ᠃ ᠴᠢᠩᠭᠢᠰ ᠬᠠᠭᠠᠨ ᠮᠣᠩᠭᠣᠯ ᠤᠨ ᠤᠯᠠᠮᠵᠢᠯᠠᠯᠲᠤ ᠶᠣᠰᠣ ᠶᠢ ᠳᠠᠭᠠᠨ ᠠᠩᠬᠠᠨ ᠤ ᠠᠨ ᠢ ᠨᠢ ᠮᠢᠯᠢᠶᠠᠵᠤ᠂ ᠬᠤᠪᠢᠯᠠᠢ ᠶᠢᠨ ᠳᠤᠮᠳᠠ ᠬᠤᠷᠤᠭᠤᠨ ᠳᠤ ᠠᠩᠨᠠᠭᠰᠠᠨ ᠠᠮᠢᠲᠠᠨ ᠤ ᠬᠢ ᠨᠢ ᠴᠢᠰᠤ ᠶᠢ ᠲᠦᠷᠬᠢᠭᠰᠡᠨ᠃ 1232 ᠣᠨ ᠳᠤ ᠲᠤᠯᠤᠢ ᠨᠠᠰᠤ ᠪᠠᠷᠠᠭᠰᠠᠨ ᠲᠤᠯᠠ 1236 ᠣᠨ ᠳᠤ ᠮᠣᠩᠭᠣᠯ᠂ ᠠᠯᠲᠠᠨ ᠤᠯᠤᠰ ᠍ ᠤᠨ ᠳᠠᠶᠢᠨ ᠤ ᠳᠠᠷᠠᠭ᠎ᠠ ᠥᠭᠡᠲᠡᠢ ᠬᠠᠭᠠᠨ ᠾᠸᠪᠸᠢ ᠮᠤᠵᠢᠡᠶᠢᠭ ᠲᠤᠯᠤᠢ ᠶᠢᠨ ᠭᠡᠷ ᠪᠦᠯᠢ ᠳᠦ ᠥᠭᠭᠦᠭᠰᠡᠨ ᠪᠠᠶᠢᠨ᠎ᠠ᠃ ᠡᠨᠡ ᠮᠤᠵᠢ 80000 ᠡᠷᠦᠬᠡ ᠭᠡᠷ ᠲᠡᠢ ᠪᠠᠶᠢᠴᠠᠢ᠃ ᠬᠤᠪᠢᠯᠠᠢ ᠥᠪᠡᠷ ᠦᠨ ᠪᠠᠶᠢᠷᠢ ᠰᠠᠭᠤᠷᠢᠨ ᠳᠤ ᠪᠠᠨ ᠡᠷᠭᠢᠨ ᠢᠷᠡᠭᠰᠡᠨ ᠪᠥᠭᠡᠳ ᠲᠡᠨᠳᠡ 1000 ᠠᠶᠢᠯ ᠡᠷᠦᠬᠡ ᠲᠡᠢ ᠪᠠᠶᠢᠪᠠ᠃ ᠲᠡᠷᠡ ᠲᠤᠷᠰᠢᠯᠭ᠎ᠠ ᠦᠭᠡᠢ ᠪᠠᠶᠢᠭᠰᠠᠨ ᠤᠴᠢᠷ ᠠᠴᠠ ᠬᠤᠪᠢᠯᠠᠢ ᠲᠤᠬᠠᠢ ᠶᠢᠨ ᠭᠠᠵᠠᠷ ᠢ ᠥᠪᠡᠷ ᠦᠨ ᠳᠤᠷ᠎ᠠ ᠪᠠᠷ ᠢᠶᠠᠨ ᠴᠢᠯᠦᠭᠡᠲᠡᠢ ᠵᠠᠬᠢᠷᠬᠤ ᠪᠣᠯᠤᠭᠰᠠᠨ᠃ ᠲᠠᠲᠠᠪᠤᠷᠢ᠂ ᠲᠠᠲᠠᠭᠠᠰᠤ ᠶᠢᠨ ᠦᠢᠯᠡ ᠠᠵᠢᠯᠯᠠᠭ᠎ᠠ ᠨᠢ ᠢᠯᠵᠠᠷᠠᠯ ᠳᠤ ᠣᠷᠣᠭᠰᠠᠨ ᠤ ᠤᠯᠠᠮ ᠠᠴᠠ ᠬᠢᠲᠠᠳ ᠤᠨ ᠴᠠᠭᠠᠴᠢᠳ ᠤᠨ ᠲᠣᠭ᠎ᠠ ᠥᠭᠡᠷᠡᠴᠢᠯᠡᠭᠳᠡᠵᠦ ᠲᠠᠲᠠᠪᠤᠷᠢ ᠶᠢᠨ ᠣᠷᠣᠯᠭ᠎ᠠ ᠪᠠᠭᠤᠷᠴᠢ ᠡᠬᠢᠯᠡᠭᠰᠡᠨ᠃ ᠬᠤᠪᠢᠯᠠᠢ ᠾᠸᠪᠸᠢ ᠳᠦ ᠡᠭᠦᠨ ᠦ ᠤᠯᠠᠮ ᠠᠴᠠ ᠮᠠᠰᠢ ᠬᠤᠷᠳᠤᠨ ᠢᠷᠡᠵᠦ ᠡᠮᠬᠢᠯᠡᠨ ᠴᠡᠭᠴᠡᠯᠡᠨ᠂ ᠰᠢᠨᠡᠳᠭᠡᠬᠦ ᠠᠵᠢᠯ ᠳᠤ ᠪᠠᠨ ᠣᠷᠣᠭᠰᠠᠨ᠃ ᠰᠣᠷᠬᠠᠭᠲᠠᠨᠢ ᠰᠢᠨ᠎ᠡ ᠠᠯᠪᠠᠲᠤ᠂ ᠲᠦᠰᠢᠮᠡᠳ ᠦᠳ ᠢ ᠲᠡᠭᠦᠨ ᠳᠦ ᠲᠤᠰᠠᠯᠠᠭᠤᠯᠬᠤ ᠪᠠᠷ ᠶᠠᠪᠤᠭᠤᠯᠵᠤ ᠲᠠᠲᠠᠪᠤᠷᠢ ᠶᠢᠨ ᠬᠠᠤᠯᠢ ᠨᠤᠭᠤᠳ ᠢ ᠨᠢ ᠵᠠᠰᠠᠵᠤ ᠵᠠᠯᠠᠷᠠᠭᠤᠯᠵᠤ ᠥᠭᠭᠦᠭᠰᠡᠨ᠃ ᠡᠭᠦᠨ ᠳᠦ ᠲᠠᠯᠠᠷᠬᠠᠭᠰᠠᠨ ᠢᠶᠠᠨ ᠢᠯᠡᠷᠬᠡᠶᠢᠯᠡᠭᠡᠳ ᠬᠦᠮᠦᠰ ᠢ ᠨᠢ ᠪᠤᠴᠠᠭᠠᠨ ᠶᠠᠪᠤᠭᠤᠯᠵᠠᠢ᠃ ᠬᠤᠪᠢᠯᠠᠢ ᠬᠠᠭᠠᠨ ᠤ ᠵᠠᠯᠠᠭᠤ ᠨᠠᠰᠤᠨ ᠤ ᠬᠠᠮᠤᠭ ᠤᠨ ᠰᠣᠨᠢᠷᠬᠠᠯᠲᠠᠢ ᠨᠢᠭᠡ ᠵᠦᠢᠯ ᠨᠢ ᠲᠤᠬᠠᠢ ᠶᠢᠨ ᠦᠶ᠎ᠡ ᠶᠢᠨ ᠬᠢᠲᠠᠳ ᠤᠨ ᠰᠤᠶᠤᠯ ᠤᠨ ᠰᠤᠳᠤᠯᠭ᠎ᠠ ᠪᠠᠶᠢᠭᠰᠠᠨ ᠶᠤᠮ᠃ ᠬᠤᠪᠢᠯᠠᠢ ᠬᠠᠶᠤᠨ ᠢ ᠤᠷᠢᠵᠤ᠂ ᠮᠣᠩᠭᠣᠯ ᠳᠠᠬᠢ ᠣᠷᠳᠣᠨ ᠳᠤ ᠪᠠᠨ ᠠᠪᠴᠢᠷᠠᠭᠰᠠᠨ ᠪᠥᠭᠡᠳ ᠲᠡᠷᠡ ᠬᠦᠮᠦᠨ ᠨᠢ ᠬᠣᠶᠢᠳᠤ ᠬᠢᠲᠠᠳ ᠳᠠᠬᠢ ᠪᠤᠳ᠋ᠳ᠋ᠾᠠ ᠶᠢᠨ ᠱᠠᠰᠢᠨ ᠤ ᠯᠠᠮᠠ ᠪᠠᠶᠢᠪᠠ᠃ 1242 ᠣᠨ ᠳᠤ ᠬᠠᠷᠠᠬᠣᠷᠣᠮ ᠳᠤ ᠬᠠᠶᠤᠨ ᠲᠠᠢ ᠠᠭᠤᠯᠵᠠᠬᠤ ᠦᠶ᠎ᠡ ᠳᠦ ᠬᠤᠪᠢᠯᠠᠢ ᠲᠡᠭᠦᠨ ᠳᠦ ᠪᠤᠳ᠋ᠳ᠋ᠾᠠ ᠶᠢᠨ ᠱᠠᠰᠢᠨ ᠤ ᠹᠢᠯᠢᠰᠣᠹᠢ ᠶᠢᠨ ᠲᠤᠬᠠᠢ ᠠᠰᠠᠭᠤᠵᠤ ᠮᠡᠳᠡᠵᠡᠢ᠃ ᠬᠠᠶᠤᠨ ᠨᠢ 1243 ᠣᠨ ᠳᠤ ᠲᠦᠷᠦᠭᠰᠡᠨ ᠬᠤᠪᠢᠯᠠᠢ ᠶᠢᠨ ᠬᠦᠦ ᠳᠦ ᠵᠡᠩᠵᠢᠨ ᠭᠡᠰᠡᠨ (ᠬᠢᠲᠠᠳ ᠬᠡᠯᠡᠨ ᠳ᠋ᠡᠬᠢ ᠵᠢᠩᠬᠢᠨᠢ ᠠᠯᠲᠠ ᠭᠡᠰᠡᠨ ᠤᠳᠬ᠎ᠠ ᠲᠠᠢ ᠦᠭᠡ) ᠨᠡᠷ᠎ᠡ ᠥᠭᠴᠡᠢ᠃ ᠬᠠᠶᠤᠨ ᠨᠢ ᠬᠤᠪᠢᠯᠠᠢ ᠲᠠᠤᠶᠢᠰᠲ ᠤᠨ ᠦᠨᠳᠦᠰᠦᠯᠡᠭᠴᠢ ᠪᠣᠯᠤᠨ ᠯᠢᠭᠤ ᠪᠢᠩ ᠢᠵᠣᠩ ᠢ ᠬᠡᠮᠡᠬᠦ ᠪᠤᠳ᠋ᠳ᠋ᠾᠠ ᠶᠢᠨ ᠯᠠᠮᠠ ᠶᠢ ᠲᠠᠨᠢᠯᠴᠠᠭᠤᠯᠵᠠᠢ᠃ ᠯᠢᠭᠤ ᠨᠢ ᠵᠢᠷᠤᠭᠠᠴᠢ᠂ ᠪᠢᠴᠢᠭᠡᠴᠢ᠂ ᠵᠣᠬᠢᠶᠠᠯᠴᠢᠮᠠᠲ᠋ᠧᠮᠠᠲ᠋ᠢᠺᠴᠢ ᠬᠦᠮᠦᠨ ᠪᠠᠶᠢᠭᠰᠠᠨ ᠪᠥᠭᠡᠳ ᠬᠠᠶᠤᠨ ᠢ ᠣᠷᠴᠢᠨ ᠦᠶ᠎ᠡ ᠶᠢᠨ ᠪᠡᠭᠡᠵᠢᠩ ᠳ᠋ᠡᠬᠢ ᠰᠦᠮ᠎ᠡ ᠳᠦ ᠪᠡᠨ ᠡᠷᠭᠢᠵᠦ ᠢᠷᠡᠬᠦ ᠦᠶ᠎ᠡ ᠳᠦ ᠨᠢ ᠬᠤᠪᠢᠯᠠᠢ ᠶᠢᠨ ᠵᠥᠪᠯᠡᠬᠦ ᠪᠡᠷ ᠦᠯᠡᠳᠡᠵᠦ ᠠᠵᠢᠯᠯᠠᠭᠰᠠᠨ᠃ ᠬᠤᠪᠢᠯᠠᠢ ᠤᠳᠠᠯ ᠦᠭᠡᠢ ᠵᠢᠣ ᠪᠢ ᠬᠡᠮᠡᠬᠦ ᠡᠷᠳᠡᠮᠲᠡᠨ ᠲᠡᠢ ᠲᠠᠨᠢᠯᠴᠠᠭᠰᠠᠨ᠂ ᠬᠤᠪᠢᠯᠠᠢ ᠠᠯᠪᠠᠨ ᠳᠤ ᠪᠠᠨ ᠮᠣᠩᠭᠣᠯ᠂ ᠲᠦᠷᠺ ᠪᠣᠯᠤᠨ ᠪᠤᠰᠤᠳ ᠤᠯᠤᠰ ᠦᠨᠳᠦᠰᠦᠲᠡᠨ ᠦ ᠬᠦᠮᠦᠰ ᠢ ᠰᠣᠨᠢᠷᠬᠠᠯ ᠤᠨ ᠵᠢᠷᠤᠮ ᠢᠶᠠᠷ ᠠᠵᠢᠯᠯᠠᠭᠤᠯᠵᠤ ᠪᠠᠶᠢᠴᠠᠢ᠃

ᠬᠣᠶᠢᠳᠤ ᠬᠢᠲᠠᠳ ᠤᠨ ᠡᠵᠡᠨ ᠪᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1251 ᠣᠨ ᠳᠤ ᠮᠣᠩᠭᠣᠯ ᠤᠨ ᠡᠵᠡᠨᠲᠦ ᠭᠦᠷᠦᠨ ᠦ ᠬᠠᠭᠠᠨ ᠰᠠᠭᠤᠳᠠᠯ ᠳᠤ ᠲᠡᠭᠦᠨ ᠦ ᠲᠣᠮᠣ ᠠᠬ᠎ᠠ ᠮᠥᠩᠬᠡ ᠰᠠᠭᠤᠭᠰᠠᠨ ᠪᠥᠭᠡᠳ ᠬᠣᠷᠧᠽᠮ ᠍ ᠤᠨ ᠮᠢᠬᠠᠮᠤᠳ ᠢᠯᠠᠪᠠᠴᠢ ᠪᠣᠯᠤᠨ ᠬᠤᠪᠢᠯᠠᠢ ᠨᠠᠷ ᠢ ᠬᠢᠲᠠᠳ ᠷᠤ ᠢᠯᠡᠭᠡᠵᠢ ᠪᠡᠨ᠃ ᠬᠤᠪᠢᠯᠠᠢ ᠬᠣᠶᠢᠳᠤ ᠬᠢᠲᠠᠳ ᠤᠨ ᠡᠷᠬᠡ ᠮᠡᠳᠡᠯ ᠲᠡᠢ ᠲᠦᠰᠢᠮᠡᠯ ᠢᠶᠡᠷ ᠲᠣᠮᠢᠯᠠᠭᠳᠠᠵᠤ ᠢᠷᠡᠭᠰᠡᠨ ᠪᠥᠭᠡᠳ ᠮᠣᠩᠭᠣᠯ ᠠᠴᠠ ᠣᠷᠣᠳᠠᠩᠭᠠᠨ ᠨᠡᠭᠦᠯᠭᠡᠨ ᠠᠪᠠᠴᠢᠭᠰᠠᠨ ᠪᠠᠶᠢᠨ᠎ᠠ᠃ ᠬᠤᠪᠢᠯᠠᠢ ᠵᠠᠬᠢᠷᠴᠢ ᠪᠠᠶᠢᠭᠰᠠᠨ ᠨᠤᠲᠤᠭ ᠢᠶᠠᠨ ᠰᠠᠶᠢᠨ ᠤᠳᠤᠷᠢᠳᠥᠵᠤ᠂ ᠬᠢᠨᠡᠨ ᠦ ᠭᠠᠵᠠᠷ ᠲᠠᠷᠢᠶᠠᠯᠠᠩ ᠤᠨ ᠪᠦᠷᠢᠯᠳᠦᠬᠦᠨ ᠢ ᠵᠣᠬᠢᠴᠠᠭᠤᠯᠤᠨ᠂ ᠰᠶᠠᠨ ᠢ ᠡᠷᠭᠢᠵᠦ ᠢᠷᠡᠭᠰᠡᠨ ᠦ ᠳᠠᠷᠤᠭ᠎ᠠ ᠠᠴᠠ ᠨᠡᠶᠢᠭᠡᠮ ᠤᠨ ᠲᠤᠰᠠᠯᠠᠮᠵᠢ ᠳᠡᠮᠵᠢᠯᠭᠡ ᠶᠢ ᠰᠠᠶᠢᠵᠢᠷᠠᠭᠤᠯᠤᠭᠰᠠᠨ ᠪᠠᠶᠢᠨ᠎ᠠ᠃ ᠦ ᠪᠡᠷ ᠢᠶᠡᠨ ᠬᠢᠲᠠᠳ ᠤᠨ ᠤᠳᠤᠷᠢᠳᠤᠭᠴᠢᠳ ᠤᠨ ᠢᠲᠡᠭᠡᠯ ᠢ ᠬᠦᠯᠢᠶᠡᠭᠰᠡᠨ ᠨᠢ ᠬᠣᠵᠢᠮ ᠶᠤᠸᠠᠨ ᠭᠦᠷᠦᠨ ᠢ ᠪᠠᠶᠢᠭᠤᠯᠬᠤ ᠳᠤ ᠨᠢ ᠴᠢᠬᠤᠯᠠ ᠬᠤᠪᠢ ᠨᠡᠮᠡᠷᠢ ᠣᠷᠣᠭᠤᠯᠵᠠᠢ᠃ 1252 ᠣᠨ ᠳᠤ ᠬᠤᠪᠢᠯᠠᠢ ᠮᠢᠬᠠᠮᠤᠳ ᠢᠯᠠᠪᠠᠭ ᠤᠨ ᠠᠵᠢᠯ ᠳᠤ ᠰᠢᠭᠦᠮᠵᠢᠯᠡᠯᠲᠡᠢ ᠬᠠᠨᠳᠤᠭᠰᠠᠨ ᠪᠥᠭᠡᠳ ᠲᠡᠷᠡ ᠪᠡᠷ ᠬᠢᠲᠠᠳ ᠤᠨ ᠬᠣᠯᠪᠣᠭᠠᠨ ᠳᠤ ᠲᠡᠶᠢᠮᠦ ᠴᠤ ᠴᠢᠬᠤᠯᠠ ᠡᠭᠦᠷᠭᠡ ᠭᠦᠢᠴᠡᠳᠭᠡᠳᠡᠭ ᠦᠭᠡᠢ ᠪᠠᠶᠢᠭᠰᠠᠨ ᠪᠥᠭᠡᠳ ᠮᠣᠷᠢᠨ ᠴᠡᠷᠢᠭ ᠢ ᠤᠳᠤᠷᠢᠳᠥᠵᠤ ᠪᠠᠶᠢᠭᠰᠠᠨ ᠪᠠ ᠵᠢᠣ ᠪᠢ ᠨᠢ ᠬᠠᠭᠠᠨ ᠰᠢᠷᠡᠭᠡᠨ ᠦ ᠲᠥᠯᠥᠭᠡ ᠲᠡᠮᠡᠴᠡᠬᠦ ᠪᠣᠯᠤᠭᠰᠠᠨ ᠬᠢᠲᠠᠳ ᠤᠨ ᠺᠣᠨᠫᠦᠴᠡ ᠶᠢᠨ ᠰᠤᠷᠭᠠᠭᠤᠯᠢ ᠶᠢᠨ ᠠᠵᠢᠯᠲᠠᠨ ᠨᠤᠭᠤᠳ ᠤᠨ ᠡᠰᠡᠷᠭᠦᠴᠡᠯ ᠢᠶᠡᠷ ᠮᠥᠩᠬᠡ ᠬᠠᠭᠠᠨ᠂ ᠮᠢᠬᠠᠮᠤᠳ ᠢᠯᠠᠪᠠᠭ ᠢ ᠠᠵᠢᠯ ᠠᠴᠠ ᠨᠢ ᠴᠢᠯᠦᠭᠡᠯᠡᠭᠰᠡᠨ᠃ 1253 ᠣᠨ ᠳᠤ ᠬᠤᠪᠢᠯᠠᠢ ᠶᠤᠸᠠᠨᠠᠨ ᠷᠤ ᠳᠠᠭᠠᠷᠢᠵᠤ ᠡᠷᠬᠡᠨ ᠳᠦ ᠪᠡᠨ ᠣᠷᠣᠭᠤᠯᠤᠭᠰᠠᠨ ᠪᠥᠭᠡᠳ ᠳᠠᠯᠢᠭ ᠤᠨ ᠬᠠᠭᠠᠨᠲᠤ ᠤᠯᠤᠰ ᠢ ᠪᠠᠭᠤᠵᠤ ᠥᠭᠬᠦ ᠶᠢ ᠱᠠᠭᠠᠷᠳᠠᠭᠰᠠᠨ᠃ ᠭᠠᠣ ᠡᠭᠦᠨ ᠢ ᠡᠰᠡᠷᠭᠦᠴᠡᠵᠦ ᠮᠣᠩᠭᠣᠯ ᠤᠨ ᠡᠯᠴᠢ ᠶᠢ ᠬᠥᠨᠥᠭᠡᠭᠰᠡᠨ᠃ ᠮᠣᠩᠭᠣᠯᠴᠤᠳ ᠬᠦᠴᠦ ᠪᠡᠨ 3 ᠬᠤᠪᠢᠶᠠᠨ ᠳᠠᠭᠠᠷᠢᠭᠰᠠᠨ᠃ ᠨᠢᠭᠡ ᠵᠢᠭᠦᠷ ᠨᠢ ᠰᠢᠴᠤᠨ ᠤ ᠰᠠᠪᠠ ᠭᠠᠵᠠᠷ ᠤᠨ ᠵᠡᠭᠦᠨ ᠲᠠᠯᠠᠷᠠᠭᠤ ᠴᠢᠭᠯᠡᠭᠰᠡᠨ᠂ 2 ᠳᠠᠬᠢ ᠬᠡᠰᠡᠭ ᠨᠢ ᠰᠦᠪᠡᠭᠡᠳᠡᠢᠨ ᠬᠦᠦ ᠤᠷᠢᠶᠠᠩᠬᠠᠢ ᠶᠢᠨ ᠳᠤᠶᠢᠨ ᠤᠳᠤᠷᠢᠳᠤᠯᠭᠠᠨ ᠳᠣᠣᠷ᠎ᠠ ᠰᠢᠴᠤᠨ ᠤ ᠪᠠᠷᠠᠭᠤᠨ ᠡᠮᠦᠨᠡᠲᠦ ᠲᠠᠯ᠎ᠠ ᠶᠢᠨ ᠠᠭᠤᠯᠠ ᠨᠢᠷᠤᠭᠤᠳᠤᠷᠤᠤ ᠬᠡᠴᠡᠭᠦᠦ ᠵᠠᠮ ᠢᠶᠠᠷ ᠶᠠᠪᠤᠬᠤ ᠪᠠᠷ ᠪᠣᠯᠪᠠ᠃ ᠬᠤᠪᠢᠯᠠᠢ 1 ᠬᠡᠰᠡᠭ ᠲᠦ ᠪᠡᠨ ᠤᠷᠢᠳᠤ ᠤᠷᠢᠳᠤ ᠠᠴᠠ ᠪᠠᠨ ᠲᠠᠭᠠᠷᠠᠯᠳᠤᠵᠤ ᠠᠭᠤᠯᠵᠠᠬᠤ ᠪᠠᠷ ᠴᠢᠭᠯᠡᠯ ᠳᠦ ᠶᠠᠪᠤᠪᠠ᠃ ᠤᠷᠢᠶᠠᠩᠬᠠᠶᠢᠳᠠᠢ ᠶᠢ ᠬᠣᠶᠢᠳᠤ ᠲᠠᠯ᠎ᠠ ᠪᠠᠷ ᠨᠠᠭᠤᠷ ᠤᠨ ᠬᠠᠵᠠᠭᠤ ᠪᠠᠷ ᠥᠩᠭᠡᠷᠡᠴᠢ ᠪᠠᠶᠢᠬᠤ ᠳᠤ ᠬᠤᠪᠢᠯᠠᠢ ᠳᠠᠯᠢᠭ ᠤᠨ ᠨᠡᠶᠢᠰᠯᠡᠯ ᠢ ᠡᠵᠡᠯᠡᠨ ᠠᠪᠴᠤ ᠲᠡᠨᠳᠡ ᠪᠡᠨ ᠡᠯᠴᠢ ᠦᠯᠡᠳᠡᠭᠡᠪᠡ᠃ ᠮᠣᠩᠭᠣᠯᠴᠤᠳ ᠳᠤᠨ ᠰᠢᠨ ᠴᠵᠢᠭ ᠵᠠᠬᠢᠷᠤᠭᠴᠢ ᠪᠠᠷ ᠲᠣᠮᠢᠯᠠᠨ᠂ ᠵᠠᠷᠢᠮ ᠨᠢᠭᠡ ᠳᠠᠭᠠᠯᠳᠤᠭᠴᠢᠳ ᠢ ᠦᠯᠡᠳᠡᠭᠡᠪᠡ᠃ ᠡᠭᠦᠨ ᠦ ᠳᠠᠷᠠᠭ᠎ᠠ ᠬᠤᠪᠢᠯᠠᠢ ᠬᠠᠷ᠎ᠠ ᠲᠠᠨ ᠷᠤ ᠶᠠᠪᠤᠪᠠ᠃ 1256 ᠣᠨ ᠳᠤ ᠤᠷᠢᠶᠠᠩᠬᠠᠶᠢᠳᠠᠢ ᠶᠨᠠᠨ ᠢ ᠪᠦᠷᠢᠨ ᠡᠵᠡᠯᠡᠭᠰᠡᠨ᠃ ᠬᠤᠪᠢᠯᠠᠢ ᠲᠥᠪᠡᠳ ᠦᠨ ᠯᠠᠮ᠎ᠠ ᠨᠠᠷ ᠢ ᠠᠨᠠᠭᠠᠬᠤ ᠴᠢᠳᠠᠯ ᠲᠠᠢ ᠬᠡᠮᠡᠨ ᠲᠠᠲᠠᠭᠳᠠᠳᠠᠭ ᠪᠠᠶᠢᠪᠠ᠃ 1253 ᠣᠨ ᠳᠤ ᠰᠠᠺᠶ᠎ᠠ ᠶᠢᠨ ᠫᠠᠭᠪᠠ ᠯᠠᠮᠠ ᠶᠢ ᠥᠪᠡᠷ ᠦᠨ ᠣᠷᠳᠣᠨ ᠳᠤ ᠪᠠᠨ ᠴᠢᠬᠤᠯᠠ ᠬᠦᠮᠦᠨ ᠬᠡᠮᠡᠨ ᠬᠦᠯᠢᠶᠡᠨ ᠠᠪᠤᠭᠰᠠᠨ᠃ ᠬᠤᠪᠢᠯᠠᠢ᠂ ᠯᠠᠨᠢ ᠰᠢᠰᠢᠶᠠᠨ ᠢ (1231-1280) 1254 ᠣᠨ ᠳᠤ ᠨᠣᠮᠣᠬᠠᠨ ᠳᠠᠯᠠᠢ ᠶᠢᠨ ᠬᠣᠷᠢᠶ᠎ᠠ ᠶᠢ ᠤᠳᠤᠷᠢᠳᠤᠭᠤᠯᠬᠤ ᠪᠠᠷ ᠤᠶᠢᠭᠤᠷ ᠲᠤ ᠤᠳᠤᠷᠢᠳᠤᠭᠴᠢ ᠪᠠᠷ ᠲᠣᠮᠢᠯᠠᠭᠰᠠᠨ᠃ ᠵᠠᠷᠢᠮ ᠨᠣᠶᠠᠳ ᠬᠤᠪᠢᠯᠠᠢ ᠶᠢᠨ ᠠᠮᠵᠢᠯᠲᠠᠨ ᠳᠤ ᠠᠲᠠᠭᠠᠷᠬᠠᠵᠤ ᠪᠠᠶᠢᠭᠰᠠᠨ ᠲᠡᠳᠦᠢ ᠦᠭᠡᠢ ᠮᠥᠩᠬᠡ ᠬᠠᠭᠠᠨ ᠤ ᠰᠠᠭᠤᠳᠠᠯ ᠢ ᠡᠵᠡᠯᠡᠬᠦ ᠶᠢ ᠰᠠᠨᠠᠭᠠᠷᠬᠠᠵᠤ ᠪᠠᠶᠢᠪᠠ᠃ 1257 ᠣᠨ ᠳᠤ ᠬᠤᠪᠢᠯᠠᠢ ᠶᠢᠨ ᠠᠵᠢᠯ ᠳᠤ ᠲᠤᠰᠯᠠᠭᠤᠯᠬᠤ ᠪᠠᠷ ᠶᠡᠬᠡ ᠬᠠᠭᠠᠨ ᠮᠥᠩᠬᠡ᠂ ᠠᠯᠮᠠᠳᠠᠷ ᠪᠠ ᠯᠦᠢ ᠲᠠᠶᠢᠫᠠᠨ ᠬᠡᠮᠡᠬᠦ 2 ᠲᠠᠲᠠᠪᠤᠷᠢ ᠶᠢᠨ ᠵᠥᠪᠯᠡᠬᠦ ᠶᠢ ᠶᠠᠪᠤᠭᠤᠯᠵᠠᠢ᠃ ᠲᠡᠳᠡ ᠨᠡᠶᠢᠲᠡ 142 ᠠᠯᠳᠠᠭ᠎ᠠ ᠪᠦᠬᠦᠢ ᠬᠠᠤᠯᠢ ᠳᠦᠷᠢᠮ ᠢ ᠵᠢᠭ᠌ᠰᠠᠭᠠᠨ ᠰᠢᠭᠦᠵᠦ᠂ ᠬᠢᠲᠠᠳ ᠤᠨ ᠲᠦᠰᠢᠮᠡᠳ ᠦᠳ ᠢ ᠪᠤᠷᠤᠭᠤᠳᠬᠠᠨ᠂ ᠬᠤᠪᠢᠯᠠᠢ ᠶᠢᠨ ᠰᠢᠨ᠎ᠡ ᠬᠣᠷᠢᠶ᠎ᠠ ᠶᠢ ᠪᠠᠭᠤᠯᠭᠠᠭᠰᠠᠨ᠃ ᠬᠤᠪᠢᠯᠠᠢ 2 ᠡᠯᠴᠢ ᠶᠢ ᠲᠡᠨᠳᠡ ᠰᠠᠭᠤᠯᠭᠠᠬᠤ ᠪᠠᠷ ᠶᠠᠪᠤᠭᠤᠯᠤᠭᠰᠠᠨ᠃ ᠬᠤᠪᠢᠯᠠᠢ 1258 ᠣᠨ ᠤ ᠡᠬᠢ ᠪᠡᠷ ᠪᠤᠳ᠋ᠳ᠋ᠾᠠᠶᠢᠰᠮ ᠪᠣᠯᠤᠨ ᠪᠤᠮᠥ ᠤ ᠤᠨ ᠱᠠᠰᠢᠨ ᠤ ᠲᠥᠯᠥᠭᠡᠯᠡᠭᠴᠢᠳ ᠢ ᠬᠤᠷᠠᠯ ᠳᠤ ᠳᠠᠭᠤᠳᠠᠭᠰᠠᠨ᠃ ᠬᠤᠪᠢᠯᠠᠢ 237 ᠰᠦᠮ᠎ᠡ ᠬᠡᠶᠢᠳ ᠢ ᠪᠤᠳ᠋ᠳ᠋ᠾᠠ ᠶᠢᠨ ᠰᠦᠮ᠎ᠡ ᠪᠣᠯᠭᠠᠨ ᠥᠭᠡᠷᠡᠴᠢᠯᠡᠭᠰᠡᠨ ᠪᠠᠶᠢᠳᠠᠭ᠃ 1258 ᠣᠨ ᠳᠤ ᠮᠥᠩᠬᠡ ᠬᠠᠭᠠᠨ ᠬᠤᠪᠢᠯᠠᠢ ᠳᠤ ᠵᠡᠭᠦᠨ ᠭᠠᠷ ᠤᠨ ᠴᠡᠷᠢᠭ ᠢ ᠥᠭᠴᠦ ᠰᠸᠴᠤᠸᠠᠨ ᠮᠤᠵᠢ ᠶᠢ ᠪᠦᠬᠦᠯᠢ ᠪᠡᠷ ᠨᠢ ᠵᠠᠬᠢᠷᠤᠭᠤᠯᠪᠠ᠃ ᠬᠤᠪᠢᠯᠠᠢ ᠲᠡᠨᠳᠡ ᠪᠡᠨ ᠦᠯᠡᠳᠡᠬᠦ ᠪᠡᠷ ᠪᠣᠯᠵᠤ ᠮᠥᠩᠬᠡ ᠬᠠᠭᠠᠨ ᠠᠴᠠ ᠬᠣᠯᠠᠳᠠᠭᠰᠠᠨ᠃ ᠬᠤᠪᠢᠯᠠᠢ 1259 ᠣᠨ ᠳᠤ ᠡᠷᠭᠢᠨ ᠢᠷᠡᠬᠦ ᠶᠢᠨ ᠡᠮᠦᠨ᠎ᠡ ᠮᠥᠩᠬᠡ ᠬᠠᠭᠠᠨ ᠨᠠᠰᠤ ᠪᠠᠷᠠᠭᠰᠠᠨ ᠪᠠᠶᠢᠨ᠎ᠠ᠃ ᠬᠤᠪᠢᠯᠠᠢ ᠡᠭᠦᠨ ᠢ ᠨᠢᠭᠤᠴᠠ ᠬᠡᠪ ᠢᠶᠡᠷ ᠨᠢ ᠬᠠᠳᠠᠭᠠᠯᠠᠨ ᠦᠯᠡᠳᠡᠬᠦ ᠶᠢ ᠬᠦᠰᠡᠭᠰᠡᠨ ᠪᠥᠭᠡᠳ ᠸᠤᠬᠠᠨ ᠪᠠ ᠣᠶᠢᠷᠠᠯᠴᠠᠭᠠᠬᠢ ᠶᠠᠩ ᠢᠼᠧ ᠷᠤ ᠳᠠᠭᠠᠷᠢᠯᠲᠠ ᠪᠠᠨ ᠦᠷᠭᠦᠯᠵᠢᠯᠡᠭᠦᠯᠵᠦ ᠰᠦᠪᠡᠭᠡᠳᠡᠢ ᠶᠢᠨ ᠬᠦᠦ ᠤᠷᠢᠶᠠᠩᠬᠠᠢ ᠲᠠᠢ ᠬᠠᠮᠲᠤᠷᠠᠨ ᠸᠤᠬᠠᠨ ᠢ ᠡᠵᠡᠯᠡᠭᠰᠡᠨ᠃

ᠬᠠᠭᠠᠨ ᠰᠢᠷᠡᠭᠡᠨ ᠳᠦ ᠰᠠᠭᠤᠭᠰᠠᠨ ᠨᠢ ᠪᠠ ᠢᠷᠭᠡᠨ ᠦ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠩ ᠤᠨ ᠰᠠᠶᠢᠳ ᠵᠢᠶᠠ ᠰᠢᠳᠠᠣ ᠬᠤᠪᠢᠯᠠᠢ ᠶᠢᠨ ᠬᠡᠯᠡᠭᠰᠡᠨ ᠦᠭᠡᠢ ᠨᠢ ᠨᠢᠭᠤᠴᠠ ᠬᠡᠪ ᠢᠶᠡᠷ ᠨᠢ ᠬᠠᠳᠠᠭᠠᠯᠠᠵᠤ᠂ ᠬᠢᠯᠢ ᠶᠢᠨ ᠠᠯᠪᠠᠨ ᠲᠠᠲᠠᠪᠤᠷᠢ ᠪᠣᠯᠬᠤ 200000 ᠮᠥᠩᠭᠥᠨ ᠭᠤᠯᠳᠤᠮᠠᠢ᠂ 200000 ᠪᠣᠭᠣᠳᠠᠯ ᠲᠣᠷ ᠢ ᠮᠣᠩᠭᠣᠯ ᠳᠤ ᠲᠥᠯᠦᠭᠰᠡᠨ᠃ ᠬᠤᠪᠢᠯᠠᠢ ᠠᠩᠬ᠎ᠠ ᠲᠠᠲᠠᠭᠠᠯᠵᠠᠭᠰᠠᠨ ᠪᠣᠯᠪᠠᠴᠤ ᠵᠢᠶᠠ ᠰᠢᠳᠠᠣ ᠲᠠᠢ ᠪᠠᠭᠠᠬᠠᠨ ᠰᠠᠨᠠᠯ ᠨᠡᠶᠢᠯᠡᠵᠦ ,ᠲᠣᠬᠢᠷᠠᠯᠴᠠᠭᠠᠨ ᠳᠤ ᠬᠦᠷᠦᠭᠰᠡᠨ ᠪᠥᠭᠡᠳ ᠲᠡᠭᠦᠨ ᠦ ᠡᠬᠡᠨᠡᠷ ᠡᠴᠡ ᠠᠷᠭᠦᠪᠡᠬᠦ ᠴᠡᠷᠢᠭ ᠦᠨ ᠬᠦᠴᠦ ᠪᠡᠨ ᠥᠰᠦᠨ ᠨᠡᠮᠡᠭᠳᠡᠭᠦᠯᠵᠦ ᠪᠠᠶᠢᠨ᠎ᠠ ᠭᠡᠰᠡᠨ ᠮᠡᠳᠡᠭᠡ ᠠᠪᠴᠠᠢ᠃ ᠡᠶᠢᠨᠬᠦᠦ ᠮᠣᠩᠭᠣᠯ ᠳᠤ ᠪᠠᠨ ᠪᠤᠴᠠᠵᠤ ᠢᠷᠡᠭᠰᠡᠨ᠃ ᠲᠡᠷᠡ ᠪᠡᠷ ᠤᠳᠠᠯ ᠦᠭᠡᠢ ᠳᠡᠭᠦᠦ ᠠᠷᠢᠭ ᠪᠥᠬᠡ ᠡᠴᠡ ᠪᠡᠨ ᠬᠠᠷᠠᠬᠣᠷᠣᠮ ᠳᠤ ᠬᠤᠷᠠᠯᠳᠠᠢ ᠬᠢᠶ᠎ᠡ ᠭᠡᠰᠡᠨ ᠮᠡᠳᠡᠭᠡ ᠶᠢ ᠬᠦᠯᠢᠶᠡᠨ ᠠᠪᠤᠭᠰᠠᠨ ᠪᠥᠭᠡᠳ ᠮᠥᠩᠬᠡ ᠶᠢᠨ ᠬᠠᠭᠤᠴᠢᠨ ᠠᠯᠪᠠᠲᠤ ᠨᠤᠭᠤᠳ ᠠᠴᠠ ᠬᠠᠮᠢᠭ᠎ᠠ ᠪᠠᠨ ᠪᠣᠯᠭᠠᠶ᠎ᠠ ᠭᠡᠵᠦ ᠢᠯᠡᠷᠬᠡᠶᠢᠯᠡᠭᠰᠡᠨ ᠪᠠᠶᠢᠭᠰᠠᠨ᠃ ᠴᠢᠩᠭᠢᠰ ᠬᠠᠭᠠᠨ ᠤ ᠦᠷ᠎ᠡ ᠤᠳᠤᠮ ᠭᠡᠳᠡᠭ ᠢᠶᠡᠷ ᠢᠶᠡᠨ ᠠᠷᠭᠦᠪᠡᠬᠦ ᠨᠢ ᠬᠠᠭᠠᠨ ᠪᠣᠯᠵᠤ ᠪᠣᠯᠬᠤ ᠪᠣᠯᠪᠠᠴᠤ᠂ ᠲᠡᠭᠦᠨ ᠦ 2 ᠠᠬ᠎ᠠ ᠬᠤᠪᠢᠯᠠᠢ ᠬᠦᠯᠢᠭᠦ ᠡᠰᠡᠷᠬᠦ ᠪᠠᠶᠢᠷᠢ ᠰᠠᠭᠤᠷᠢ ᠲᠠᠢ ᠪᠠᠶᠢᠪᠠ᠃ ᠬᠤᠪᠢᠯᠠᠢ ᠶᠢᠨ ᠬᠢᠲᠠᠳ ᠳᠠᠬᠢ ᠠᠯᠪᠠᠲᠤ ᠨᠤᠭᠤᠳ ᠲᠡᠭᠦᠨ ᠢ ᠬᠠᠭᠠᠨ ᠰᠢᠷᠡᠭᠡᠨ ᠳᠦ ᠰᠠᠭᠤᠬᠤ ᠶᠢ ᠨᠢ ᠳᠡᠮᠵᠢᠵᠦ᠂ ᠬᠢᠲᠠᠳ ᠤᠨ ᠬᠣᠶᠢᠳᠤ ᠲᠠᠯ᠎ᠠ ᠶᠢᠨ ᠬᠢᠨ ᠪᠣᠯᠤᠨ ᠮᠠᠨᠵᠤ ᠨᠠᠷ ᠨᠡᠷ᠎ᠡ ᠳᠡᠪᠰᠢᠭᠦᠯᠦᠭᠰᠡᠨ᠃ ᠬᠤᠪᠢᠯᠠᠢ ᠤᠯᠤᠰ ᠲᠤ ᠪᠠᠨ ᠡᠷᠭᠢᠵᠦ ᠢᠷᠡᠭᠡᠳ ᠬᠤᠷᠠᠯᠳᠠᠢ ᠵᠠᠷᠯᠠᠭᠰᠠᠨ᠃ 1260 ᠣᠨ ᠤ 4 ᠰᠠᠷ᠎ᠠ ᠶᠢᠨ 12 ᠨᠣᠮᠧᠷ ᠵᠦᠴᠢᠪᠣᠷᠵᠢᠭᠢᠨ ᠣᠪᠤᠭ ᠤᠨ ᠬᠢᠨ᠂ ᠬᠤᠪᠢᠯᠠᠢ ᠶᠢᠨ ᠭᠡᠷ ᠪᠦᠯᠢ ᠶᠢᠨ ᠭᠡᠰᠢᠭᠦᠳ ᠠᠷᠭᠦᠪᠦᠬᠦ ᠶᠢᠨ ᠰᠠᠨᠠᠯ ᠢ ᠬᠠᠷᠠᠭᠠᠯᠵᠠᠨ ᠦᠵᠡᠵᠦ ᠬᠤᠪᠢᠯᠠᠢ ᠶᠢ ᠬᠠᠭᠠᠨ ᠰᠢᠷᠡᠭᠡᠨ ᠳᠦ ᠡᠷᠭᠦᠮᠵᠢᠯᠡᠭᠰᠡᠨ᠃ 1260 ᠣᠨ ᠳᠤ ᠬᠤᠪᠢᠯᠠᠢ ᠶᠢ ᠠᠯᠲᠠᠨ ᠣᠷᠳᠣᠨ ᠤ ᠬᠢᠨ ᠢ ᠣᠷᠤᠯᠴᠠᠭᠤᠯᠬᠤ ᠦᠭᠡᠢ ᠪᠡᠷ ᠬᠤᠷᠠᠯᠳᠠᠢ ᠳᠡᠭᠡᠷ᠎ᠡ ᠬᠠᠭᠠᠨ ᠢᠶᠠᠷ ᠰᠣᠩᠭᠣᠭᠰᠠᠨ᠃ ᠬᠤᠪᠢᠯᠠᠢ ᠪᠣᠯᠤᠨ ᠲᠡᠭᠦᠨ ᠦ ᠳᠡᠭᠦᠦ ᠠᠷᠭᠦᠪᠦᠬᠦ ᠶᠢᠨ ᠬᠣᠭᠣᠷᠣᠨᠳᠣ ᠲᠡᠮᠡᠴᠡᠯ ᠥᠷᠨᠢᠵᠦ ᠮᠣᠩᠭᠣᠯ ᠤᠨ ᠨᠡᠶᠢᠰᠯᠡᠯ ᠬᠠᠷᠠᠬᠣᠷᠣᠮ ᠳᠤ ᠲᠠᠷᠬᠠᠢ ᠪᠤᠲᠠᠷᠬᠠᠢ ᠪᠠᠶᠢᠳᠠᠯ ᠡᠭᠦᠰᠦᠭᠰᠡᠨ᠃ ᠱᠠᠩᠬᠠᠢ ᠪᠣᠯᠤᠨ ᠰᠸᠴᠤᠸᠠᠨ ᠳᠠᠬᠢ ᠮᠥᠩᠬᠡ ᠬᠠᠭᠠᠨᠢ ᠠᠷᠠᠮ ᠢ ᠠᠷᠢᠭ ᠪᠥᠬᠡ ᠤᠳᠤᠷᠢᠳᠥᠵᠤ ᠪᠠᠶᠢᠭᠰᠠᠨ᠃ ᠬᠤᠪᠢᠯᠠᠢ ᠱᠠᠩᠬᠠᠢ ᠷᠤ ᠯᠢᠩ ᠰᠢ ᠰᠶᠠᠨ ᠢ ᠢᠯᠡᠭᠡᠵᠦ᠂ ᠰᠸᠴᠤᠸᠠᠨ ᠷᠤ ᠠᠷᠭᠦᠪᠡᠬᠦᠡᠶᠢᠨ ᠢᠷᠭᠡᠳ ᠷᠦᠦ ᠯᠢᠭᠤ ᠲᠠᠶᠢᠫᠢᠨ ᠢ ᠶᠠᠪᠤᠭᠤᠯᠤᠭᠰᠠᠨ᠃ ᠮᠥᠨ ᠬᠠᠷᠠᠬᠣᠷᠣᠮ ᠳᠤ ᠪᠠᠯᠠᠭᠠᠢ ᠰᠠᠶᠢᠳ ᠤᠨ ᠳᠡᠮᠵᠢᠯᠭᠡ ᠶᠢ ᠠᠪᠰᠠᠨ ᠢᠶᠠᠷ ᠠᠷᠢᠭ ᠪᠥᠬᠡ ᠬᠠᠭᠠᠨ ᠪᠣᠯᠤᠭᠰᠠᠨ ᠢᠶᠠᠷ ᠮᠣᠩᠭᠣᠯ ᠳᠤ ᠨᠢᠭᠡᠨ ᠵᠡᠷᠭᠡ 2 ᠬᠠᠭᠠᠨ ᠰᠠᠭᠤᠪᠠ᠃ ᠬᠠᠷᠠᠬᠣᠷᠣᠮ ᠳᠤ ᠲᠥᠪᠯᠡᠷᠡᠭᠰᠡᠨ ᠠᠷᠭᠦᠪᠡᠬᠦ᠂ ᠬᠤᠪᠢᠯᠠᠢ ᠷᠤ ᠳᠠᠭᠠᠷᠢᠭᠠᠳ ᠨᠢᠴᠤᠭᠠᠭᠳᠠᠭᠰᠠᠨ ᠪᠥᠭᠡᠳ ᠬᠠᠷᠠᠬᠣᠷᠣᠮ ᠷᠦᠦ ᠣᠴᠢᠬᠤ ᠪᠦᠬᠦ ᠬᠤᠳᠠᠯᠳᠤᠭᠠᠨ ᠤ ᠵᠠᠮ ᠢ ᠬᠠᠭᠠᠭᠰᠠᠨ ᠢᠶᠠᠷ ᠮᠣᠩᠭᠣᠯ ᠳᠤ ᠥᠯᠥᠰᠬᠦᠯᠡᠩ ᠡᠬᠢᠯᠡᠪᠡ᠃ ᠠᠷᠭᠦᠪᠦᠬᠦ ᠡᠴᠡ ᠲᠦᠰᠢᠮᠡᠳ ᠦᠳ ᠨᠢ ᠤᠷᠪᠠᠨ ᠬᠤᠪᠢᠯᠠᠢ ᠤᠨ ᠲᠠᠯ᠎ᠠ ᠳᠤ ᠣᠷᠣᠵᠠᠢ᠃ ᠤᠳᠠᠯ ᠦᠭᠡᠢ ᠬᠦᠴᠦ ᠨᠢ ᠰᠤᠯᠠᠷᠠᠭᠰᠠᠨ ᠠᠷᠭᠦᠪᠡᠬᠦ 1264 ᠣᠨ ᠤ 8 ᠰᠠᠷ᠎ᠠ ᠶᠢᠨ 24 ᠨᠣᠮᠧᠷ ᠬᠤᠪᠢᠯᠠᠢ ᠳᠤ ᠪᠠᠭᠤᠵᠤ ᠥᠭᠭᠦᠭᠰᠡᠨ᠃ ᠶᠡᠬᠡ ᠬᠤᠷᠠᠯᠳᠠᠢ ᠵᠠᠷᠯᠠᠵᠤ ᠬᠦᠯᠢᠭᠦ᠂ ᠠᠯᠲᠠᠨ ᠣᠷᠳᠣᠨ ᠤ ᠡᠵᠡᠨ ᠪᠡᠷᠬᠡ᠂ ᠠᠮᠤ ᠨᠠᠷ ᠢ ᠳᠠᠭᠤᠳᠠᠭᠰᠠᠨ ᠪᠣᠯᠪᠠᠴᠤ ᠢᠷᠡᠵᠦ ᠠᠮᠵᠢᠬᠤ ᠦᠭᠡᠢ ᠪᠣᠯᠤᠭᠰᠠᠨ ᠤᠴᠢᠷ ᠠᠷᠭᠦᠪᠦᠬᠦ ᠶᠢ ᠬᠡᠷᠬᠢᠬᠦ ᠲᠠᠯ᠎ᠠ ᠪᠠᠷ ᠥᠪᠡᠷ ᠢᠶᠡᠨ ᠰᠢᠢᠳ ᠭᠡᠪ᠃ ᠭᠡᠬᠦ ᠳᠦ ᠪᠡᠨ ᠠᠬ᠎ᠠ ᠳᠡᠭᠦᠦ ᠨᠠᠷ ᠤᠨ ᠳᠤᠮᠳᠠ ᠬᠤᠳᠬᠤᠨ ᠦᠢᠮᠡᠭᠦᠯᠦᠭᠰᠡᠨ ᠬᠡᠷᠡᠭ ᠢᠶᠡᠷ ᠠᠷᠭᠦᠪᠦᠬᠦ ᠶᠢᠨ ᠰᠠᠶᠢᠳ ᠨᠠᠷ ᠢ ᠬᠠᠲᠠᠭᠤ ᠰᠢᠳᠬᠡᠨ ᠶᠡᠬᠡᠩᠬᠢ ᠬᠦᠮᠦᠨ ᠢ ᠴᠠᠭᠠᠵᠠ ᠪᠠᠷ ᠠᠪᠴᠠᠢ᠃ 1266 ᠣᠨ ᠳᠤ ᠠᠷᠭᠦᠪᠡᠬᠦ ᠨᠠᠰᠤ ᠪᠠᠷᠠᠭᠰᠠᠨ ᠢᠶᠠᠷ ᠥᠭᠡᠳᠦᠢ ᠶᠢᠨ ᠠᠴᠢ ᠬᠠᠶᠢᠳᠤ ᠬᠠᠨ᠂ ᠬᠤᠪᠢᠯᠠᠢ ᠶᠢᠨ ᠡᠰᠡᠷᠬᠦ ᠲᠡᠮᠡᠴᠡᠬᠦ ᠪᠡᠷ ᠪᠣᠯᠤᠭᠰᠠᠨ᠃ ᠲᠡᠭᠦᠨ ᠦ ᠨᠤᠲᠤᠭ ᠨᠢ ᠲᠠᠷᠪᠠᠭᠠᠲᠠᠢ ᠶᠢᠨ ᠨᠢᠷᠤᠭᠤ ᠣᠷᠴᠢᠮ ᠢᠶᠠᠷ ᠪᠠᠶᠢᠭᠰᠠᠨ ᠪᠥᠭᠡᠳ ᠴᠠᠭᠠᠳᠠᠢ ᠶᠢᠨ ᠵᠠᠷᠢᠮ ᠲᠦᠰᠢᠮᠡᠳ ᠦᠳ ᠦᠨ ᠳᠡᠮᠵᠢᠯᠭᠡ ᠶᠢ ᠠᠪᠤᠭᠰᠠᠨ᠃

ᠪᠠᠶᠢᠯᠳᠤᠨ ᠳᠠᠭᠠᠭᠤᠯᠤᠯᠲᠠ ᠪᠠ ᠭᠠᠳᠠᠭᠠᠳᠤ ᠲᠠᠢ ᠲᠣᠭᠲᠠᠭᠠᠭᠰᠠᠨ ᠬᠠᠷᠢᠯᠴᠠᠭ᠎ᠠ ᠬᠣᠯᠪᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠬᠡᠰᠢᠭᠲᠡᠨ ᠴᠡᠷᠢᠭ ᠦᠨ ᠪᠦᠲᠦᠴᠡ ᠡᠭᠦᠷᠭᠡ ᠶᠢ ᠬᠢᠵᠠᠭᠠᠷᠯᠠᠭᠰᠠᠨ ᠢ ᠦᠯᠦ ᠬᠠᠷᠠᠭᠠᠯᠵᠠᠨ ᠪᠦᠷᠢᠯᠳᠦᠬᠦᠨ ᠳᠦ ᠨᠢ ᠡᠬᠢᠯᠡᠭᠡᠳ ᠬᠢᠲᠠᠳ ᠢ ᠣᠷᠣᠭᠤᠯᠤᠭᠰᠠᠨ ᠪᠠᠶᠢᠭᠰᠠᠨ ᠪᠣᠯᠪᠠᠴᠤ ᠰᠡᠭᠦᠯ ᠳᠦ ᠪᠡᠨ ᠺᠢᠫᠴᠠᠺ᠂ ᠠᠯᠠᠨ ᠨᠠᠷᠠ ᠶᠢ ᠠᠯᠲᠠᠨ ᠣᠷᠳᠣᠨ ᠤ ᠤᠯᠤᠰ ᠠᠴᠠ ᠠᠪᠴᠢᠷᠠᠭᠤᠯᠵᠤ ᠲᠤᠰ ᠲᠤᠰ ᠨᠢᠭᠡᠴᠡ ᠨᠦᠭᠦᠳ ᠢ ᠰᠢᠨ᠎ᠡ ᠪᠡᠷ ᠤᠯᠤᠰ ᠤᠨ ᠬᠡᠰᠢᠭᠲᠡᠨ ᠴᠡᠷᠢᠭ ᠲᠦ ᠣᠷᠣᠭᠤᠯᠤᠭᠰᠠᠨ ᠪᠠᠶᠢᠨ᠎ᠠ᠃ ᠥᠪᠡᠷ ᠦᠨ ᠬᠡᠰᠢᠭᠲᠡᠨ ᠴᠡᠷᠢᠭ ᠢ 1263 ᠣᠨ ᠳᠤ ᠪᠠᠶᠢᠭᠤᠯᠤᠭᠰᠠᠨ ᠪᠥᠭᠡᠳ ᠬᠤᠪᠢᠯᠠᠢ ᠴᠢᠩᠭᠢᠰ ᠬᠠᠭᠠᠨ ᠤ 4 ᠨᠣᠮᠧᠷ ᠠᠯᠪᠠᠳ ᠤᠨ ᠦᠷ᠎ᠡ ᠤᠳᠤᠮ ᠪᠣᠯᠬᠤ ᠪᠣᠷᠬᠤᠯ᠂ ᠪᠣᠭᠣᠷᠴᠢ᠂ ᠮᠤᠬᠤᠯᠠᠢ ᠵᠡᠷᠭᠡ 3 ᠍ ᠶᠢ ᠣᠷᠣᠭᠤᠯᠵᠤ ᠪᠠᠶᠢᠴᠠᠢ᠃ ᠬᠤᠪᠢᠯᠠᠢ ᠬᠠᠭᠠᠨ ᠬᠡᠰᠢᠭᠲᠡᠨ ᠴᠡᠷᠢᠭ ᠲᠦ ᠳᠠᠪᠠᠭᠤ ᠡᠷᠬᠡ ᠣᠯᠭᠤᠳᠠᠭ ᠪᠠᠶᠢᠪᠠ᠃ ᠮᠣᠩᠭᠣᠯ ᠪᠣᠯᠤᠨ ᠬᠢᠲᠠᠳ ᠤᠨ ᠨᠢᠭᠡᠴᠡ ᠨᠦᠭᠦᠳ ᠨᠢ ᠠᠯᠢ ᠠᠯᠢ ᠨᠢ ᠴᠢᠩᠭᠢᠰ ᠬᠠᠭᠠᠨ ᠢ ᠠᠰᠢᠭᠯᠠᠵᠤ ᠪᠠᠶᠢᠭᠰᠠᠨ ᠵᠣᠬᠢᠶᠠᠨ ᠪᠠᠶᠢᠭᠤᠯᠤᠯᠲᠠ 10 ᠲ ᠤᠨ ᠰᠢᠰᠲ᠋ᠧᠮ ᠢᠶᠡᠷ ᠶᠠᠪᠤᠭᠳᠠᠳᠠᠭ ᠪᠠᠶᠢᠪᠠ᠃ᠮᠣᠩᠭᠣᠯᠴᠤᠳ ᠰᠢᠨ᠎ᠡ ᠶᠡᠬᠡ ᠪᠤᠤᠨ ᠤ ᠠᠩᠭᠢ ᠪᠣᠯᠤᠨ ᠶᠠᠩᠵᠤ ᠪᠦᠷᠢ ᠶᠢᠨ ᠲᠧᠭᠨᠣᠯᠣᠭᠢ ᠶᠢᠨ ᠡᠬᠢᠨ ᠦᠶᠡᠳᠡᠭᠡ ᠪᠤᠰᠤᠳ ᠤᠯᠤᠰ ᠣᠷᠣᠨ ᠠᠴᠠ ᠠᠪᠴᠤ ᠠᠰᠢᠭᠯᠠᠳᠠᠭ ᠪᠠᠶᠢᠭᠰᠠᠨ᠃ ᠬᠤᠪᠢᠯᠠᠢ ᠶᠢᠨ ᠳᠡᠭᠦᠦ ᠪᠣᠯᠬᠤ ᠬᠦᠯᠢᠭᠦ ᠫᠧᠷᠰ ᠡᠴᠡ ᠢᠰᠦᠮᠠᠶᠢᠯ ᠪᠣᠯᠤᠨ ᠠᠯᠠ ᠠᠳ᠋ᠳ᠋ᠾᠠᠶᠢᠨ ᠢ ᠢᠨᠵᠧᠨᠧᠷ ᠢᠶᠡᠷ ᠠᠪᠴᠢᠷᠠᠭᠰᠠᠨ ᠪᠠᠶᠢᠨ᠎ᠠ᠃ 1282 ᠣᠨ ᠳᠤ ᠳᠡᠯᠡᠬᠡᠢ ᠶᠢᠨ ᠬᠠᠮᠤᠭ ᠤᠨ ᠡᠷᠲᠡᠨ ᠦ ᠶᠡᠬᠡ ᠪᠤᠤ ᠶᠢ ᠮᠣᠩᠭᠣᠯ ᠤᠨ ᠡᠵᠡᠮᠰᠢᠯ ᠳᠦ ᠪᠠᠶᠢᠭᠰᠠᠨ ᠮᠠᠨᠵᠤᠷ ᠠᠴᠠ ᠣᠯᠵᠤ ᠪᠦᠷᠢᠳᠬᠡᠭᠰᠡᠨ ᠪᠠᠶᠢᠳᠠᠭ᠃ ᠬᠤᠪᠢᠯᠠᠢ ᠪᠣᠯᠤᠨ ᠲᠡᠭᠦᠨ ᠦ ᠵᠠᠩᠵᠤᠳ ᠲᠤ ᠡᠳ᠋ ᠍ ᠦᠨ ᠵᠠᠰᠠᠭ ᠤᠨ ᠠᠰᠢᠭ ᠲᠤᠰᠠᠲᠠᠢ ᠲᠤᠯᠠ ᠡᠮᠦᠨᠡᠲᠦ ᠬᠢᠲᠠᠳ ᠠᠴᠠ ᠮᠥᠷᠭᠥᠯᠳᠦᠭᠡᠨ ᠭᠠᠷᠬᠤ ᠠᠴᠠ ᠵᠠᠶᠢᠯᠠᠰᠬᠢᠵᠤ ᠪᠠᠶᠢᠪᠠ᠃ ᠬᠤᠪᠢᠯᠠᠢ ᠶᠢᠨ ᠭᠠᠳᠠᠭᠠᠳᠤ ᠶᠢᠨ ᠠᠯᠪᠠᠨ ᠤ ᠬᠢᠨ ᠳ᠋ᠢᠫᠯᠣᠮᠠᠲ ᠪᠣᠯᠤᠨ ᠴᠡᠷᠢᠭ ᠦᠨ ᠪᠣᠳᠣᠯᠭ᠎ᠠ ᠶᠢᠨ ᠬᠤᠪᠢ ᠳᠤ ᠡᠵᠡᠨᠲᠦ ᠤᠯᠤᠰ ᠤᠨ ᠪᠣᠳᠣᠯᠭ᠎ᠠ ᠲᠠᠢ ᠪᠠᠶᠢᠪᠠ᠃ ᠬᠤᠪᠢᠯᠠᠢ ᠬᠠᠭᠠᠨ 1271 ᠣᠨ ᠳᠤ ᠸᠣᠩᠵᠤᠩ ᠸᠠᠩ ᠢ ᠤᠯᠤᠰ ᠣᠷᠣᠨ ᠢ ᠨᠢ ᠤᠳᠤᠷᠢᠳᠬᠤ ᠡᠷᠬᠡ ᠣᠯᠭᠤᠵᠤ᠂ ᠴᠡᠷᠢᠭ ᠢᠶᠡᠷ ᠬᠠᠮᠠᠭᠠᠯᠠᠭᠤᠯᠤᠭᠰᠠᠨ᠃ 1272 ᠣᠨ ᠳᠤ ᠮᠣᠩᠭᠣᠯ ᠤᠨ ᠡᠵᠡᠯᠡᠨ ᠲᠦᠷᠢᠮᠡᠭᠡᠶᠢᠯᠡᠯ ᠦᠨ ᠳᠠᠷᠠᠭ᠎ᠠ ᠰᠣᠯᠣᠩᠭᠣᠰ ᠨᠢ ᠶᠤᠸᠠᠨ ᠤᠯᠤᠰ ᠤᠨ ᠡᠷᠬᠡ ᠮᠡᠳᠡᠯ ᠳᠦ ᠪᠦᠷᠢᠨ ᠣᠷᠣᠵᠠᠢ᠃ ᠭᠦᠷᠦᠶ᠎ᠠ ᠳᠠᠬᠢ ᠮᠣᠩᠭᠣᠯ ᠤᠨ ᠴᠡᠷᠢᠭ ᠦᠨ ᠪᠠᠭᠠᠵᠢ ᠪᠣᠯᠤᠭᠰᠠᠨ᠃ 1276 ᠣᠨ ᠳᠤ ᠮᠣᠩᠭᠣᠯ ᠤᠨ ᠶᠡᠬᠡ ᠴᠡᠷᠢᠭ ᠡᠮᠦᠨᠡᠲᠦ ᠰᠦᠨ ᠤᠯᠤᠰ ᠤᠨ ᠨᠡᠶᠢᠰᠯᠡᠯ ᠢ ᠡᠵᠡᠯᠡᠨ ᠠᠪᠴᠤ ᠵᠠᠯᠠᠭᠤ ᠬᠠᠭᠠᠨ᠂ ᠣᠯᠠᠨ ᠲᠦᠰᠢᠮᠡᠳ᠂ ᠴᠡᠷᠢᠭ ᠦᠨ ᠬᠠᠮᠲᠤ ᠣᠯᠵᠠᠯᠠᠨ ᠠᠪᠤᠭᠰᠠᠨ᠃ ᠭᠡᠪᠡᠴᠦ 1279 ᠣᠨ ᠬᠦᠷᠲᠡᠯ᠎ᠡ ᠰᠦᠨ ᠤᠯᠤᠰ ᠤᠨ ᠦᠯᠡᠳᠡᠭᠰᠡᠨ ᠴᠡᠷᠢᠭ ᠦᠳ ᠪᠠᠭᠤᠵᠤ ᠥᠭᠭᠦᠯ ᠦᠭᠡᠢ ᠲᠡᠮᠡᠴᠡᠭᠰᠡᠭᠡᠷ ᠪᠠᠶᠢᠭᠰᠠᠨ ᠪᠥᠭᠡᠳ ᠡᠴᠦᠰᠲᠦᠭᠡ ᠢᠯᠠᠭᠳᠠᠨ ᠡᠮᠦᠨᠡᠲᠦ ᠰᠦᠨ ᠤᠯᠤᠰ ᠮᠥᠬᠦᠵᠡᠢ᠃

ᠶᠠᠫᠣᠨ ᠷᠤ ᠳᠣᠪᠲᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠶᠢᠨ ᠶᠠᠫᠣᠨ ᠷᠤ ᠬᠢᠭᠰᠡᠨ ᠠᠮᠵᠢᠯᠲᠠ ᠦᠭᠡᠢ ᠳᠣᠪᠲᠣᠯᠭ᠎ᠠ᠂ ᠶᠠᠫᠣᠨ ᠤ ᠡᠵᠡᠨ ᠬᠠᠭᠠᠨ ᠤ ᠴᠤᠭᠯᠠᠭᠤᠯᠭ᠎ᠠ ᠳᠤ ᠪᠤᠢ ᠵᠢᠷᠤᠭ᠃ ᠲᠡᠩᠭᠢᠰ ᠦᠨ ᠴᠡᠷᠢᠭ ᠦᠳ ᠦᠨ ᠭᠤᠷᠪᠠᠨ ᠤ ᠨᠢᠭᠡ ᠶᠢ ᠨᠢ ᠲᠠᠶᠢᠹᠦ᠋ᠨᠢ ᠵᠢᠪᠡᠭᠦᠯᠵᠡᠢ᠃
ᠰᠠᠮᠤᠷᠠᠢ ᠰᠦ᠋ᠢᠨᠠᠭ᠎ᠠ ᠮᠣᠩᠭᠣᠯᠴᠤᠳ ᠤᠨ ᠰᠤᠮᠤ᠂ ᠪᠥᠮᠪᠥᠭᠡ ᠲᠡᠢ ᠲᠤᠯᠭᠠᠷᠴᠢ ᠪᠠᠶᠢᠭ᠎ᠠ ᠨᠢ᠃ ᠮᠣᠺᠣ ᠰᠢᠭᠦᠷᠠᠢ ᠡᠺᠣᠲ᠋ᠣᠪᠠ (蒙古襲来絵詞), 1293 ᠣᠨ ᠤ ᠣᠷᠴᠢᠮ᠃
ᠮᠣᠩᠭᠣᠯ ᠤᠨ ᠶᠤᠸᠠᠨ ᠤᠯᠤᠰ ᠤᠨ ᠴᠡᠷᠢᠭ ᠦᠳ᠃ ᠮᠣᠺᠣ ᠰᠢᠭᠦᠷᠠᠢ ᠡᠺᠣᠲ᠋ᠣᠪᠠ (蒙古襲来絵詞).

ᠬᠤᠪᠢᠯᠠᠢ ᠬᠠᠭᠠᠨ ᠶᠠᠫᠣᠨ ᠷᠤ 2 ᠤᠳᠠᠭ᠎ᠠ ᠳᠠᠭᠠᠷᠢᠭᠰᠠᠨ ᠬᠡᠳᠦᠢ ᠴᠤ ᠵᠠᠪᠢᠨ ᠤ ᠬᠢ ᠨᠢ ᠵᠠᠭᠪᠤᠷ ᠴᠠᠭ ᠠᠭᠠᠷ ᠤᠨ ᠨᠥᠬᠥᠴᠡᠯ ᠪᠠᠶᠢᠳᠠᠯ ᠳᠤ ᠲᠣᠬᠢᠷᠠᠮᠵᠢ ᠦᠭᠡᠢ ᠪᠠᠶᠢᠭᠰᠠᠨ ᠤᠴᠢᠷ ᠪᠦᠲᠦᠯᠭᠦᠶᠢᠲᠦᠭᠰᠡᠨ᠃ ᠡᠬᠢᠨ ᠦ ᠳᠠᠭᠠᠷᠢᠯᠲᠠ ᠪᠠᠨ 1274 ᠣᠨ ᠳᠤ 900 ᠵᠠᠪᠢ ᠲᠠᠢ ᠪᠠᠷ ᠬᠢᠭᠰᠡᠨ ᠪᠠᠶᠢᠨ᠎ᠠ᠃ 2 ᠳᠠᠬᠢ ᠳᠠᠭᠠᠷᠢᠯᠲᠠ ᠪᠠᠨ 1281 ᠣᠨ ᠳᠤ ᠬᠢᠭᠰᠡᠨ᠃ ᠮᠣᠩᠭᠣᠯᠴᠤᠳ ᠡᠨᠡ ᠦᠶ᠎ᠡ ᠳᠦ 2 ᠲᠤᠰ ᠲᠤ ᠪᠠᠨ ᠬᠦᠴᠦ ᠶᠢ ᠢᠯᠡᠭᠡᠭᠰᠡᠨ ᠪᠥᠭᠡᠳ ᠡᠬᠢᠨ ᠦ ᠬᠢ ᠨᠢ 40000 ᠬᠢᠲᠠᠳ᠂ ᠰᠣᠯᠣᠩᠭᠣᠰ᠂ ᠮᠣᠩᠭᠣᠯ ᠴᠡᠷᠢᠭ ᠦᠳ ᠢ ᠮᠠᠰᠠᠴᠢ ᠠᠴᠠ ᠭᠠᠷᠭᠠᠨ 900 ᠵᠠᠪᠢ ᠪᠠᠷ ᠶᠠᠪᠤᠭᠤᠯᠤᠭᠰᠠᠨ ᠪᠥᠭᠡᠳ ᠡᠨᠡ ᠦᠶ᠎ᠡ ᠳᠦ ᠬᠣᠭᠣᠷᠣᠨᠳᠣ ᠪᠠᠨ 74 ᠮ ᠤᠷᠲᠤ ᠶᠢᠨ ᠵᠠᠶᠢᠲᠠᠢ 3500 ᠵᠠᠪᠢᠨ ᠳᠤ ᠡᠮᠦᠨᠡᠲᠦ ᠬᠢᠲᠠᠳ ᠠᠴᠠ ᠠᠪᠤᠭᠰᠠᠨ 100000 ᠳᠠᠯᠠᠶᠢᠴᠢᠨ ᠪᠦᠬᠦᠢ ᠲᠣᠮᠣᠬᠠᠨ ᠬᠦᠴᠦ ᠶᠢ ᠢᠯᠡᠭᠡᠵᠢ ᠪᠡᠨ᠃ ᠲᠤᠬᠠᠢ ᠶᠢᠨ ᠦᠶ᠎ᠡ ᠳᠦ ᠤᠰᠤᠨ ᠴᠡᠷᠢᠭ ᠦᠳ ᠲᠦ ᠵᠡᠷ ᠵᠡᠪᠰᠡᠭ ᠲᠡᠶᠢᠮᠦ ᠶᠡᠬᠡ ᠴᠤ ᠪᠠᠶᠢᠭ᠎ᠠ ᠦᠭᠡᠢ᠃ 10 ᠍ ᠳᠦᠭᠡᠷ ᠰᠠᠷ᠎ᠠ ᠳᠤ ᠰᠣᠯᠣᠩᠭᠣᠰ᠂ ᠶᠠᠫᠣᠨ ᠠᠴᠠ 110 ᠮᠢᠯ ᠵᠠᠢ ᠳᠤ ᠵᠠᠪᠢ ᠪᠠᠷ ᠢᠶᠠᠨ ᠳᠥᠬᠥᠵᠦ ᠣᠴᠢᠭᠰᠠᠨ ᠪᠠᠶᠢᠭᠰᠠᠨ᠃ ᠰᠣᠯᠣᠩᠭᠣᠰᠴᠤᠳ 1281 ᠣᠨ ᠤ 6 ᠍ ᠳᠦᠭᠡᠷ ᠰᠠᠷ᠎ᠠ ᠶᠢᠨ 23 ᠍ ᠳᠦ ᠬᠠᠺᠠᠲ᠋ᠠ ᠪᠤᠯᠤᠨ ᠳᠤ ᠤᠰᠤᠨ ᠵᠠᠪᠢ ᠪᠠᠷ ᠢᠶᠠᠨ ᠬᠦᠷᠦᠭᠰᠡᠨ ᠪᠠᠶᠢᠭᠰᠠᠨ ᠪᠣᠯᠪᠠᠴᠤ ᠬᠢᠲᠠᠳ ᠠᠴᠠ ᠭᠠᠷᠤᠭᠰᠠᠨ ᠵᠠᠪᠢ ᠨᠢ ᠡᠨᠳᠡ ᠬᠦᠷᠴᠦ ᠴᠢᠳᠠᠭ᠎ᠠ ᠦᠭᠡᠢ ᠪᠠᠶᠢᠨ᠎ᠠ᠃ ᠰᠠᠮᠤᠷᠤᠢ ᠴᠡᠷᠢᠭ ᠦᠳ ᠮᠣᠩᠭᠣᠯ ᠤᠨ ᠴᠡᠷᠢᠭ ᠦᠳ ᠢ ᠳᠠᠬᠢᠨ ᠢᠯᠠᠭᠰᠠᠨ᠃ ᠮᠣᠩᠭᠣᠯᠴᠤᠳ ᠨᠢᠭᠡᠳᠦᠭᠰᠡᠨ ᠬᠦᠴᠦᠲᠡᠢ ᠪᠠᠶᠢᠭᠰᠠᠨ ᠢᠶᠠᠷ ᠳᠠᠶᠢᠨ ᠳᠤ ᠢᠯᠠᠳᠠᠭ᠃ ᠮᠣᠩᠭᠣᠯᠴᠤᠳ ᠭᠠᠯᠲᠤ ᠰᠤᠮᠤ ᠪᠠᠷ ᠳᠡᠯᠪᠡᠯᠵᠦ᠂ ᠨᠤᠮᠤ ᠰᠤᠮᠤ ᠪᠠᠷ ᠲᠠᠰᠤᠷᠠᠯᠲᠠ ᠦᠭᠡᠢ ᠬᠠᠷᠪᠤᠵᠤ᠂ ᠰᠠᠮᠤᠷᠠᠢ ᠶᠢ ᠪᠥᠮᠪᠦᠭᠡᠳᠡᠭᠰᠡᠨ ᠪᠠᠶᠢᠨ᠎ᠠ᠃ ᠭᠡᠪᠡᠴᠦ ᠮᠣᠩᠭᠣᠯᠴᠤᠳ ᠶᠠᠫᠣᠨ ᠢ ᠤᠰᠤᠨ ᠴᠡᠷᠢᠭ ᠢᠶᠡᠷ ᠢᠶᠡᠨ ᠢᠯᠠᠭ᠎ᠠ ᠦᠭᠡᠢ ᠪᠠᠶᠢᠨ᠎ᠠ᠃ ᠤᠰᠤᠨ ᠴᠡᠷᠢᠭ ᠦᠨ ᠠᠷᠬᠧᠣᠯᠣᠭᠢᠴᠢ ᠳ᠋ᠣᠺᠲ᠋ᠣᠷ ᠺᠧᠨ᠋ᠽᠣ ᠬᠠᠶᠠᠰᠢᠳᠠ ᠲᠠᠺᠠᠰᠢᠮᠠᠭ ᠤᠨ ᠪᠠᠷᠠᠭᠤᠨ ᠡᠷᠭᠢ ᠶᠢᠨ ᠳᠠᠭᠠᠭᠤᠬᠢ 2 ᠳᠠᠬᠢ ᠳᠠᠭᠠᠷᠢᠯᠲᠠ ᠶᠢᠨ ᠦᠶ᠎ᠡ ᠳᠦ ᠬᠡᠷᠡᠭᠯᠡᠵᠦ ᠪᠠᠶᠢᠭᠰᠠᠨ ᠵᠠᠷᠢᠮ ᠵᠦᠢᠯᠡᠰ ᠢ ᠨᠡᠭᠡᠭᠡᠨ ᠢᠯᠡᠷᠡᠭᠦᠯᠦᠭᠰᠡᠨ ᠪᠠᠶᠢᠨ᠎ᠠ᠃ ᠲᠡᠭᠦᠨ ᠦ ᠪᠠᠭ ᠤᠨ ᠣᠯᠳᠠᠳᠠᠪᠤᠷ ᠨᠢ ᠬᠤᠪᠢᠯᠠᠢ ᠬᠠᠭᠠᠨ ᠤ ᠳᠠᠭᠠᠷᠢᠯᠲᠠ ᠶᠠᠫᠣᠨ ᠢ ᠰᠠᠨᠳᠠᠷᠠᠭᠠᠵᠤ ᠪᠠᠶᠢᠭᠰᠠᠨ ᠢ ᠭᠡᠷᠡᠴᠢᠯᠡᠳᠡᠭ᠃ ᠬᠢᠲᠠᠳ ᠤᠳ ᠵᠠᠪᠠ ᠶᠢ ᠮᠠᠰᠢ ᠶᠡᠬᠡ ᠪᠡᠷ ᠬᠡᠷᠡᠭᠯᠡᠳᠡᠭ ᠪᠠᠶᠢᠴᠠᠢ᠃ ᠬᠤᠪᠢᠯᠠᠢ ᠬᠠᠭᠠᠨ ᠤ ᠬᠢᠨᠠᠯᠲᠠᠨ ᠳᠣᠣᠷ᠎ᠠ ᠬᠢᠲᠠᠳ ᠤᠳ ᠳᠠᠭᠠᠷᠢᠯᠲᠠᠨ ᠳᠤ ᠤᠷᠤᠬᠤ ᠦᠶ᠎ᠡ ᠳᠦ ᠬᠡᠷᠡᠭᠯᠡᠬᠦ ᠵᠠᠪᠠ ᠶᠢ ᠮᠠᠰᠢ ᠲᠦᠷᠭᠡᠨ ᠰᠢᠭᠤᠷᠬᠠᠢ ᠣᠯᠠᠨ ᠢᠶᠠᠷ ᠨᠢ ᠪᠠᠷᠢᠵᠤ ᠪᠠᠶᠢᠭᠤᠯᠵᠤ ᠪᠠᠶᠢᠴᠠᠢ᠃ ᠬᠠᠶᠠᠰᠢᠳᠠ ᠬᠤᠪᠢᠯᠠᠢ ᠶᠢᠨ ᠰᠲ᠋ᠠᠨᠳᠠᠷᠲ᠂ ᠮᠠᠰᠢ ᠰᠠᠶᠢᠨ ᠪᠦᠲᠦᠴᠡ ᠵᠣᠬᠢᠶᠠᠨ ᠪᠠᠶᠢᠭᠤᠯᠤᠯᠲᠠ ᠲᠠᠢ ᠳᠠᠯᠠᠢ ᠳᠡᠭᠡᠭᠦᠷ ᠶᠠᠪᠤᠳᠠᠭ ᠵᠠᠪᠢᠨ ᠨᠤᠭᠤᠳ ᠠᠰᠢᠭᠯᠠᠵᠤ ᠪᠠᠶᠢᠭᠰᠠᠨ ᠭᠡᠳᠡᠭ ᠢ ᠲᠣᠮᠢᠶᠠᠯᠠᠭᠰᠠᠨ᠃ ᠶᠠᠫᠣᠨ ᠷᠤ ᠳᠠᠭᠠᠷᠢᠭᠰᠠᠨ ᠠᠩᠬᠠᠨ ᠤ ᠳᠠᠭᠠᠷᠢᠯᠲᠠ ᠶᠢᠨ ᠳᠠᠷᠠᠭ᠎ᠠ ᠶᠠᠫᠣᠨ ᠤ ᠤᠰᠤᠨ ᠴᠡᠷᠢᠭ ᠦᠳ ᠪᠣᠯᠬᠤ ᠸᠣᠺᠣᠤ ᠨᠠᠷ ᠰᠣᠯᠣᠩᠭᠣᠰ ᠷᠤ ᠳᠠᠭᠠᠷᠢᠯᠲᠠ ᠦᠵᠡᠭᠦᠯᠦᠭᠰᠡᠨ ᠪᠠᠶᠢᠳᠠᠭ᠃ ᠭᠡᠪᠡᠴᠦ ᠮᠣᠩᠭᠣᠯ᠂ ᠰᠣᠯᠣᠩᠭᠣᠰ ᠤᠨ ᠬᠦᠴᠦ ᠲᠡᠭᠦᠨ ᠢ ᠪᠤᠴᠠᠭᠠᠭᠰᠠᠨ ᠪᠥᠭᠡᠳ ᠸᠣᠺᠣᠤᠭ ᠤᠨ ᠤᠰᠤᠨ ᠴᠡᠷᠢᠭ ᠦᠳ ᠭᠣᠷᠢᠶᠣᠣ ᠪᠣᠯᠤᠨ ᠺᠠᠮᠠᠺᠦ᠋ᠷᠠ ᠳᠠᠬᠢ ᠴᠡᠷᠢᠭ ᠦᠨ ᠴᠢᠳᠠᠯ ᠳᠤ ᠬᠦᠷᠬᠦ ᠪᠡᠷ ᠦᠭᠡᠢ ᠰᠤᠯᠠ ᠪᠠᠶᠢᠭᠰᠠᠨ ᠨᠢ ᠬᠠᠷᠠᠭᠳᠠᠳᠠᠭ᠃ 1293 ᠣᠨ ᠳᠤ ᠶᠤᠸᠠᠨ ᠤᠯᠤᠰ ᠣᠺᠢᠨᠠᠸᠠ ᠠᠴᠠ 100 ᠶᠠᠫᠣᠨ ᠢ ᠣᠯᠵᠠᠯᠠᠨ ᠠᠪᠤᠭᠰᠠᠨ ᠪᠠᠶᠢᠳᠠᠭ᠃

ᠸᠢᠶᠧᠲ᠋ᠨᠠᠮ ᠷᠤ ᠬᠢᠭᠰᠡᠨ ᠳᠣᠪᠲᠣᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠬᠠᠭᠠᠨ ᠳᠠᠢ ᠸᠢᠶᠧᠲ᠋ᠡᠶᠢᠭ 2 ᠤᠳᠠᠭ᠎ᠠ ᠳᠠᠶᠢᠯᠠᠷ᠎ᠠ ᠮᠣᠷᠳᠠᠵᠠᠢ᠃ ᠬᠤᠪᠢᠯᠠᠢ 1260 ᠣᠨ ᠳᠤ ᠶᠡᠬᠡ ᠬᠠᠭᠠᠨ ᠪᠣᠯᠤᠭᠰᠠᠨ ᠤ ᠳᠠᠷᠠᠭ᠎ᠠ ᠲᠠᠷᠠᠨ ᠳ᠋ᠢᠨᠠᠰᠲ᠋ᠢ 3 ᠵᠢᠯ ᠲᠤᠲᠤᠮ ᠳᠠᠷᠤᠭᠠᠴᠢ ᠬᠦᠯᠢᠶᠡᠨ ᠠᠪᠴᠤ᠂ ᠡᠷᠭᠦᠯ ᠡᠷᠭᠦᠳᠡᠭ ᠪᠠᠶᠢᠭᠰᠠᠨ[1][2]᠃ ᠭᠡᠪᠡᠴᠦ ᠤᠳᠠᠯ ᠦᠭᠡᠢ ᠲᠡᠳᠡᠨ ᠦ ᠬᠠᠭᠠᠨ ᠨᠢ ᠲᠡᠭᠦᠨ ᠡᠴᠡ ᠪᠡᠨ ᠲᠠᠲᠠᠭᠠᠯᠵᠠᠵᠠᠢ᠃ ᠡᠶᠢᠨᠬᠦᠦ ᠡᠬᠢᠨ ᠦ ᠠᠶᠠᠨ ᠳᠠᠶᠢᠨ (ᠮᠣᠩᠭᠣᠯᠴᠤᠳ ᠤᠨ ᠳᠠᠢ ᠸᠢᠶᠧᠲ᠋ ᠷᠦᠦ ᠬᠢᠭᠰᠡᠨ 2 ᠳᠠᠬᠢ ᠳᠣᠪᠲᠣᠯᠭ᠎ᠠ) 1284 ᠣᠨ ᠤ 12 ᠰᠠᠷ᠎ᠠ ᠳᠤ ᠬᠤᠩᠲᠠᠶᠢᠵᠢ ᠲᠣᠭᠣᠭᠠᠨᠣᠣᠷ ᠤᠳᠤᠷᠢᠳᠤᠭᠤᠯᠤᠨ ᠬᠢᠯᠢ ᠳᠠᠪᠠᠨ ᠣᠷᠣᠵᠤ᠂ ᠬᠠᠨᠨᠣᠢ ᠶᠢᠨ ᠵᠡᠭᠦᠨ ᠬᠣᠶᠢᠳᠤ ᠲᠠᠯ᠎ᠠ ᠳᠤ ᠪᠠᠶᠢᠬᠤ ᠸᠠᠨᠢ ᠺᠢᠶᠫ ᠲᠦ ᠣᠮᠠᠷ ᠍ ᠤᠨ ᠪᠠᠶᠢᠭᠤᠯᠤᠭᠰᠠᠨᠢᠯᠠᠯᠲᠠ ᠶᠢᠨ ᠳᠠᠷᠠᠭ᠎ᠠ ᠲᠡᠳᠦ ᠤᠳᠠᠯ ᠦᠭᠡᠢ ᠲᠠᠨ ᠯᠣᠨ (ᠣᠳᠣ ᠶᠢᠨ ᠬᠠᠨᠨᠠᠢ) ᠍ ᠢ ᠡᠵᠡᠯᠡᠪᠡ᠃ ᠲᠡᠷᠡ ᠦᠶ᠎ᠡ ᠳᠦ ᠴᠠᠮᠫᠠᠭᠡᠶᠢᠨ ᠰᠤᠭᠡᠲᠤ ᠬᠣᠶᠢᠰᠢ ᠬᠥᠳᠡᠯᠵᠦ᠂ ᠨ ᠢᠶ᠎ᠡ ᠠᠨ (ᠣᠳᠣ ᠶᠢᠨ ᠸᠢᠶᠧᠲ᠋ᠨᠠᠮ ᠤᠨ ᠲᠥᠪ ᠬᠣᠶᠢᠳ ᠪᠥᠰᠡ ᠨᠤᠲᠤᠭ) ᠷᠤ ᠬᠦᠷᠦᠯᠴᠡᠨ ᠢᠷᠡᠬᠦ ᠳᠦ ᠲᠷᠠᠨ ᠤ ᠭᠧᠨᠧᠷᠠᠯ ᠲᠠᠷᠠᠨ ᠺᠢᠶᠸᠨ ᠦ ᠤᠳᠤᠷᠢᠳᠤᠭᠰᠠᠨ ᠠᠷᠮᠢ ᠲᠡᠭᠦᠨ ᠳᠦ ᠪᠠᠭᠤᠵᠤ ᠥᠭᠪᠡ᠃ ᠭᠡᠪᠡᠴᠦ ᠲᠷᠠᠨ ᠤ ᠬᠠᠭᠠᠳ ᠪᠣᠯᠤᠨ ᠳᠡᠭᠡᠳᠦ ᠺᠣᠮᠠᠨᠳᠠᠯᠠᠭᠴᠢ ᠲᠠᠷᠠᠨ ᠬᠤᠨ ᠳᠠᠣ ᠲᠠᠺᠲ᠋ᠢᠺ ᠢᠶᠠᠨ ᠥᠭᠡᠷᠡᠴᠢᠯᠡᠨ᠂ ᠬᠠᠮᠠᠭᠠᠯᠠᠯᠲᠠ ᠠᠴᠠ ᠳᠣᠪᠲᠣᠯᠭᠠᠨ ᠳᠤ ᠰᠢᠯᠵᠢᠵᠦ᠂ ᠮᠣᠩᠭᠣᠯᠴᠤᠳ ᠤᠨ ᠡᠰᠡᠷᠬᠦ ᠲᠡᠮᠡᠴᠡᠵᠦ ᠡᠬᠢᠯᠡᠪᠡ᠃ 4 ᠰᠠᠷ᠎ᠠ ᠳᠤ ᠭᠧᠨᠧᠷᠠᠯ ᠲᠠᠷᠠᠨ ᠺᠦ᠋ᠠᠨ ᠬᠠᠢ ᠴᠦᠤᠨ ᠳᠡᠭᠠᠨ ᠳᠤ (ᠣᠳᠣ ᠶᠢᠨ ᠬᠠᠨᠨᠠᠢᠨ ᠬᠡᠰᠡᠭ) ᠰᠤᠭᠡᠲᠤ ᠶᠢ ᠪᠠᠭᠤᠯᠭᠠᠨ ᠠᠪᠴᠤ᠂ ᠲᠠᠢ ᠺᠧᠲ ᠲᠦ ᠪᠣᠯᠤᠭᠰᠠᠨ ᠲᠣᠮᠣᠬᠠᠨ ᠲᠤᠯᠤᠯᠳᠤᠭᠠᠨ ᠤ ᠦᠶ᠎ᠡ ᠪᠡᠷ ᠰᠤᠭᠡᠲᠤ ᠠᠯᠠᠭᠳᠠᠨ᠂ ᠲᠷᠠᠨ ᠤ ᠬᠠᠭᠠᠳ ᠢᠯᠠᠯᠲᠠ ᠪᠠᠶᠢᠭᠤᠯᠪᠠ᠃ ᠤᠳᠠᠯ ᠦᠭᠡᠢ ᠭᠧᠨᠧᠷᠠᠯ ᠲᠠᠷᠠᠨ ᠨᠠᠲ ᠳᠤᠭ᠎ᠠ ᠳᠤ ᠴᠤ ᠬᠠᠮ ᠲᠤ (ᠣᠳᠣ ᠶᠢᠨ ᠬᠤᠨ ᠶᠡᠩᠢᠢ ᠬᠡᠰᠡᠭ) ᠍ ᠳᠦ ᠢᠯᠠᠯᠲᠠ ᠪᠠᠶᠢᠭᠤᠯᠵᠤ᠂ ᠲᠣᠭᠣᠭᠠᠨ ᠭᠧᠨᠧᠷᠠᠯ ᠲᠠᠷᠠᠨ ᠬᠤᠨ ᠳᠠᠣ ᠳᠤ ᠢᠯᠠᠭᠳᠠᠭᠰᠠᠨ ᠢᠶᠠᠷ ᠬᠤᠪᠢᠯᠠᠢ ᠬᠠᠭᠠᠨ ᠤ ᠳᠠᠢ ᠸᠢᠶᠧᠲ᠋ᠡᠶᠢᠭ ᠡᠵᠡᠯᠡᠬᠦ ᠭᠡᠰᠡᠨ ᠠᠩᠬᠠᠨ ᠤ ᠣᠷᠣᠯᠳᠤᠯᠭ᠎ᠠ ᠠᠮᠵᠢᠯᠲᠠ ᠦᠭᠡᠢ ᠪᠣᠯᠵᠠᠢ᠃ ᠲᠣᠭᠣᠭᠠᠨ ᠳᠠᠢ ᠸᠢᠶᠧᠲ᠋ᠡᠶᠢᠨ ᠬᠠᠷᠪᠤᠭᠠᠴᠢᠳ ᠲᠤ ᠠᠯᠠᠭᠤᠯᠬᠤ ᠠᠴᠠ ᠰᠡᠷᠭᠡᠶᠢᠯᠡᠵᠦ ᠬᠦᠷᠡᠯ ᠬᠣᠭᠣᠯᠠᠢ ᠳᠤ ᠨᠢᠭᠤᠭᠳᠠᠭᠰᠠᠨ ᠪᠥᠭᠡᠳ ᠡᠨᠡ ᠦᠢᠯᠡᠳᠦᠯ ᠨᠢ ᠶᠡᠬᠡ ᠮᠣᠩᠭᠣᠯ ᠤᠯᠤᠰ ᠪᠣᠯᠤᠨ ᠲᠣᠭᠣᠭᠠᠨ ᠤ ᠬᠤᠪᠢ ᠳᠤ ᠢᠴᠢᠭᠦᠷᠢᠲᠡᠢ ᠶᠠᠪᠤᠳᠠᠯ ᠪᠣᠯᠤᠭᠰᠠᠨ ᠪᠢᠯᠡ᠃

ᠠᠮᠵᠢᠯᠲᠠ ᠦᠭᠡᠢ ᠣᠷᠣᠯᠳᠤᠯᠭ᠎ᠠ ᠶᠢᠨ ᠢᠶᠠᠨ ᠳᠠᠷᠠᠭ᠎ᠠ ᠬᠤᠪᠢᠯᠠᠢ ᠨᠠᠩ ᠲᠣᠩ ᠤᠨ ᠠᠬ᠎ᠠ᠂ ᠠᠨᠠᠮ ᠤᠨ ᠬᠠᠭᠠᠨ ᠪᠥᠭᠡᠳ ᠮᠣᠩᠭᠣᠯᠴᠤᠳ ᠲᠤ ᠤᠷᠪᠠᠭᠰᠠᠨ ᠲᠠᠷᠠᠨ ᠢᠴᠢ ᠲᠠᠺᠠ ᠶᠢ ᠢᠯᠡᠭᠡᠬᠦ ᠪᠡᠷ ᠲᠥᠯᠥᠪᠯᠡᠭᠰᠡᠨ ᠪᠣᠯᠪᠠᠴᠤ᠂ ᠶᠤᠸᠠᠨ ᠦ ᠬᠤᠨᠠᠨ ᠳᠠᠬᠢ ᠬᠠᠩᠭᠠᠮᠵᠢ ᠶᠢᠨ ᠪᠠᠭᠠᠵᠢ ᠳᠤ ᠠᠰᠠᠭᠤᠳᠠᠯ ᠭᠠᠷᠴᠤ᠂ ᠳᠡᠭᠡᠷ᠎ᠡ ᠡᠴᠡ ᠨᠢ ᠬᠠᠶᠢᠳᠤᠭ ᠤᠨ ᠳᠣᠪᠲᠣᠯᠭᠠᠨ ᠨᠡᠷᠮᠡᠭᠰᠡᠨ ᠢᠶᠡᠷ ᠲᠥᠯᠥᠪᠯᠡᠭᠡ ᠪᠡᠨ ᠴᠤᠴᠠᠯᠠᠵᠠᠢ᠃ 1285 ᠣᠨ ᠳᠤ ᠲᠥᠪᠡᠳ ᠦᠨ ᠪᠷᠢᠭᠤᠨ ᠤᠷᠤᠰᠬᠠᠯ ᠤᠨ ᠬᠢᠨ ᠪᠣᠰᠤᠯᠭ᠎ᠠ ᠳᠡᠭᠳᠡᠭᠡᠵᠦ᠂ ᠫᠠᠭᠪᠠᠭ ᠤᠨ ᠤᠷᠤᠰᠬᠠᠯ ᠤᠨ ᠬᠡᠶᠢᠳ ᠦᠳ ᠢ ᠳᠣᠪᠲᠣᠯᠤᠭᠰᠠᠨ᠃ ᠴᠠᠭᠠᠳᠠᠢ ᠶᠢᠨ ᠬᠠᠨ ᠳᠤᠸᠠ ᠪᠣᠰᠤᠭᠴᠢᠳ ᠲᠤ ᠲᠤᠰᠯᠠᠬᠤ ᠪᠠᠷ ᠢᠷᠡᠵᠦ᠂ ᠲᠠᠷᠢᠮ ᠤᠨ ᠰᠠᠪᠠ ᠭᠠᠵᠠᠷ ᠲᠤ ᠬᠤᠪᠢᠯᠠᠢ ᠶᠢᠨ ᠨᠢᠭᠡᠳᠬᠡᠯ ᠦᠳ ᠢ ᠢᠯᠠᠭᠠᠳ᠂ ᠬᠠᠷ᠎ᠠ-ᠬᠣᠰᠢᠭᠤ ᠶᠢ ᠪᠦᠰᠡᠯᠡᠪᠡ[3]᠃ ᠬᠠᠶᠢᠳᠤ ᠪᠧᠰᠢᠪᠠᠯᠢᠺ ᠲᠤ ᠪᠠᠶᠢᠭᠰᠠᠨ ᠠᠷᠮᠢ ᠶᠢ ᠤᠰᠠᠳᠬᠠᠭᠠᠳ᠂ ᠳᠠᠷᠠᠭ᠎ᠠ ᠵᠢᠯ ᠨᠢ ᠬᠣᠲᠠ ᠶᠢ ᠡᠵᠡᠯᠡᠵᠡᠢ᠃ ᠶᠡᠬᠡᠩᠬᠢ ᠤᠶᠢᠭᠤᠷ ᠤᠳ ᠺᠠᠰᠭᠢᠷ ᠍ ᠢ ᠣᠷᠬᠢᠨ᠂ ᠶᠤᠸᠠᠨ ᠦ ᠠᠯᠤᠰ ᠵᠡᠭᠦᠨ ᠬᠡᠰᠡᠭ ᠳ᠋ᠡᠬᠢ ᠠᠶᠤᠯ ᠦᠭᠡᠢ ᠭᠠᠵᠠᠷ ᠯᠤᠤ ᠨᠡᠭᠦᠵᠦ ᠣᠳᠪᠠ᠃ ᠡᠨᠡ ᠪᠦᠬᠦᠨ ᠬᠤᠪᠢᠯᠠᠢ ᠶᠢᠨ ᠠᠴᠢ ᠪᠤᠬᠲᠡᠮᠦᠷ 1291 ᠣᠨ ᠳᠤ 10,000 ᠲᠥᠪᠡᠳ ᠢ ᠬᠣᠷᠢᠶᠠᠵᠤ᠂ ᠪᠷᠢᠭᠤᠩ ᠤᠨ ᠪᠣᠰᠤᠯᠭ᠎ᠠ ᠶᠢ ᠳᠠᠷᠤᠬᠤ ᠬᠦᠷᠲᠡᠯ᠎ᠡ ᠦᠷᠭᠦᠯᠵᠢᠯᠡᠨ᠂ ᠲᠥᠪᠡᠳ ᠦᠨ ᠪᠠᠶᠢᠳᠠᠯ ᠠᠷᠠᠢ ᠭᠡᠵᠦ ᠨᠠᠮᠵᠢᠪᠠ᠃

ᠡᠶᠢᠨᠬᠦᠦ ᠳᠠᠢ ᠸᠢᠶᠧᠲ᠋ᠡᠳ᠋ ᠠᠩᠬᠠᠷᠤᠯ ᠬᠠᠨᠳᠤᠭᠤᠯᠬᠤ ᠪᠣᠯᠤᠮᠵᠢ ᠲᠠᠢ ᠪᠣᠯᠤᠭᠰᠠᠨ ᠬᠤᠪᠢᠯᠠᠢ ᠬᠠᠭᠠᠨ 2 ᠳᠠᠬᠢ ᠳᠣᠪᠲᠣᠯᠭ᠎ᠠ ᠶᠢ ᠪᠠᠨ 1287 ᠣᠨ ᠳᠤ᠂ ᠡᠮᠦᠨᠡᠬᠢ ᠪᠡᠨ ᠪᠣᠳᠣᠪᠠᠯ ᠲᠣᠮᠣ ᠷᠯᠣᠲ᠂ ᠬᠣᠭᠣᠯᠠ ᠬᠦᠨᠡᠰᠦᠨ ᠦ ᠠᠷᠪᠢᠨ ᠨᠥᠭᠡᠴᠡᠲᠡᠢ ᠪᠡᠷ ᠰᠠᠶᠢᠲᠤᠷ ᠵᠣᠬᠢᠶᠠᠨ ᠪᠠᠶᠢᠭᠤᠯᠤᠯᠲᠠ ᠲᠠᠢ ᠪᠠᠷ ᠡᠬᠢᠯᠡᠭᠦᠯᠪᠡ᠃ ᠲᠣᠭᠣᠭᠠᠨᠢ ᠤᠳᠤᠷᠢᠳᠤᠭᠰᠠᠨ ᠮᠣᠩᠭᠣᠯᠴᠤᠳ ᠸᠠᠩ ᠺᠢᠶᠫ ᠷᠦᠦ (ᠪᠠᠷᠠᠭᠤᠨ ᠬᠣᠶᠢᠨ᠎ᠠ ᠠᠴᠠ) ᠬᠦᠷᠴᠦ ᠣᠴᠢᠨ᠂ ᠣᠮᠠᠷ ᠍ ᠤᠨ ᠶᠠᠪᠠᠭᠠᠨ ᠪᠣᠯᠤᠨ ᠮᠣᠷᠢᠨ ᠴᠡᠷᠢᠭ ᠦᠳ ᠲᠡᠢ (ᠤᠯᠠᠭᠠᠨ ᠭᠣᠣᠯ ᠤᠨ ᠳᠠᠭᠠᠤ ᠥᠭᠡᠷ᠎ᠡ ᠵᠠᠮ ᠢᠶᠠᠷ ᠣᠴᠢᠭᠰᠠᠨ) ᠨᠡᠶᠢᠯᠡᠨ᠂ ᠲᠤᠯᠤᠯᠳᠤᠭᠠᠨ ᠳᠤ ᠬᠢᠯᠪᠠᠷ ᠢᠯᠠᠪᠠ᠃ ᠲᠡᠩᠭᠢᠰ ᠦᠨ ᠹᠯᠣᠲ ᠸᠠᠩ ᠳᠣᠩ ᠳᠤ ᠬᠠ ᠯᠣᠨ ᠪᠤᠯᠤᠨᠭᠡᠶᠢᠨ ᠣᠶᠢᠷᠠᠯᠴᠠᠭ᠎ᠠ) ᠢᠯᠠᠯᠲᠠ ᠪᠠᠶᠢᠭᠤᠯᠤᠭᠰᠠᠨ ᠴᠤ ᠬᠦᠨᠡᠰᠦ ᠪᠡᠨ ᠠᠴᠢᠭᠰᠠᠨ ᠠᠴᠢᠶᠠᠨ ᠤ ᠲᠣᠮᠣ ᠣᠩᠭᠣᠴᠠ ᠪᠠᠨ ᠣᠷᠬᠢᠭᠰᠠᠨ ᠪᠠᠶᠢᠭᠰᠠᠨ ᠢ ᠨᠢ ᠭᠧᠨᠧᠷᠠᠯ ᠲᠠᠷᠠᠨ ᠬᠠᠨ ᠳᠤ ᠣᠯᠵᠯᠠᠵᠠᠢ᠃ ᠢᠩᠭᠢᠭᠡᠳ ᠲᠠᠨ ᠯᠣᠨ (ᠣᠳᠣ ᠶᠢᠨ ᠬᠠᠨᠨᠠᠢ) ᠍ ᠳᠦ ᠪᠠᠶᠢᠭᠰᠠᠨ ᠮᠣᠩᠭᠣᠯᠴᠤᠳ ᠬᠦᠨᠡᠰᠦᠨ ᠦ ᠬᠣᠮᠰᠠᠳᠠᠯ ᠳᠤ ᠨᠡᠷᠪᠡᠭᠳᠡᠪᠡ᠃ ᠬᠠᠩᠭᠠᠮᠵᠢ ᠶᠢᠨ ᠲᠠᠯ᠎ᠠ ᠪᠠᠷ ᠰᠢᠨ᠎ᠡ ᠮᠡᠳᠡᠭᠡ ᠢᠷᠦᠬᠦ ᠦᠭᠡᠢ ᠪᠠᠶᠢᠭᠰᠠᠨ ᠲᠤᠯᠠ ᠲᠣᠭᠣᠭᠠᠨ ᠠᠷᠮᠢ ᠪᠠᠨ ᠸᠠᠩ ᠺᠢᠶᠫ ᠷᠦᠦ ᠤᠬᠤᠷᠢᠭᠠᠬᠤ ᠠᠴᠠ ᠥᠭᠡᠷ᠎ᠡ ᠠᠷᠭ᠎ᠠ ᠦᠭᠡᠢ ᠪᠣᠯᠤᠯ᠎ᠠ᠃ ᠲᠡᠷᠡ ᠦᠶ᠎ᠡ ᠳᠦ ᠳᠠᠢ ᠸᠢᠶᠧᠲ᠋ᠡᠶᠢᠨ ᠠᠷᠮᠢ ᠤᠷᠤᠭᠰᠢ ᠳᠠᠪᠰᠢᠨ᠂ ᠮᠣᠩᠭᠣᠯᠴᠤᠳ ᠲᠤ ᠡᠵᠡᠯᠡᠭᠳᠡᠭᠰᠡᠨ ᠪᠠᠶᠢᠭᠰᠠᠨ ᠣᠯᠠᠨ ᠰᠠᠭᠤᠷᠢᠨ ᠢ ᠴᠢᠯᠦᠭᠡᠯᠡᠵᠡᠢ᠃ ᠶᠠᠪᠠᠭᠠᠨ ᠴᠡᠷᠢᠭ ᠦᠳ ᠨᠢ ᠸᠠᠩ ᠺᠢᠶᠫ ᠳ᠋ᠡᠬᠢ ᠮᠣᠩᠭᠣᠯᠴᠤᠳ ᠢ ᠳᠣᠪᠲᠣᠯᠬᠤ ᠲᠤᠰᠢᠶᠠᠯ ᠠᠪᠤᠪᠠ᠃ ᠲᠣᠭᠣᠭᠠᠨ ᠠᠷᠮᠢ ᠪᠠᠨ ᠬᠣᠶᠠᠷ ᠬᠤᠪᠢᠶᠠᠵᠤ᠂ ᠤᠬᠤᠷᠢᠭᠰᠠᠨ ᠪᠠᠶᠢᠨ᠎ᠠ᠃

4 ᠰᠠᠷ᠎ᠠ ᠶᠢᠨ ᠡᠬᠢ ᠪᠡᠷ ᠬᠤᠪᠢᠯᠠᠢ ᠶᠢᠨ ᠺᠢᠫᠴᠠᠺ ᠵᠠᠩᠵᠤᠨ ᠣᠮᠠᠷ ᠢᠶᠠᠷ ᠤᠳᠤᠷᠢᠳᠤᠭᠤᠯᠤᠭᠰᠠᠨ ᠲᠡᠩᠭᠢᠰ ᠦᠨ ᠴᠡᠷᠢᠭ ᠦᠨ ᠬᠦᠴᠦᠨ ᠶᠠᠪᠠᠭᠠᠨ ᠴᠡᠷᠢᠭ ᠢᠶᠡᠷ ᠳᠡᠮᠵᠢᠭᠦᠯᠦᠨ ᠪᠠᠴᠢ ᠳᠠᠩ ᠭᠣᠣᠯ ᠳᠤ ᠬᠦᠷᠴᠦ ᠣᠴᠢᠪᠠ᠃ ᠭᠦᠦᠷᠡ᠂ ᠵᠠᠮ ᠤᠰᠠᠳᠬᠠᠭᠳᠠᠵᠤ᠂ ᠳᠠᠢ ᠸᠢᠶᠧᠲ ᠤᠨ ᠴᠡᠷᠢᠭ ᠦᠳ ᠳᠣᠪᠲᠣᠯᠵᠤ ᠪᠠᠶᠢᠭᠰᠠᠨ ᠤ ᠤᠯᠠᠮ ᠠᠴᠠ ᠪᠠᠴᠢ ᠳᠠᠨᠳᠠ ᠶᠠᠪᠠᠭᠠᠨ ᠴᠡᠷᠢᠭ ᠦᠨ ᠳᠡᠮᠵᠢᠯᠭᠡ ᠭᠦᠢ ᠪᠣᠯᠵᠠᠢ᠃ ᠳᠠᠢ ᠸᠢᠶᠧᠲ ᠤᠨ ᠵᠢᠵᠢᠭ ᠷᠯᠣᠲ ᠤᠭ ᠲᠤᠯᠤᠯᠳᠤᠭᠠᠨ ᠳᠤ ᠣᠷᠣᠯᠴᠠᠵᠤ᠂ ᠤᠬᠤᠷᠢᠵᠤ ᠪᠠᠶᠢᠭ᠎ᠠ ᠳᠦᠷᠢ ᠦᠵᠡᠭᠦᠯᠦᠭᠰᠡᠨ ᠪᠠᠶᠢᠨ᠎ᠠ᠃ ᠮᠣᠩᠭᠣᠯᠴᠤᠳ ᠳᠠᠢ ᠸᠢᠶᠧᠲ ᠤᠨ ᠴᠡᠷᠢᠭ ᠦᠳ ᠢ ᠨᠡᠬᠡᠨ ᠬᠥᠭᠡᠭᠡᠭᠡᠳ ᠲᠡᠳᠡᠨ ᠦ ᠪᠡᠯᠡᠳᠦᠭᠰᠡᠨ ᠲᠠᠯᠠᠪᠤᠷ ᠲᠤ ᠣᠴᠢᠵᠠᠢ᠃ ᠲᠡᠨᠳᠡ ᠬᠦᠯᠢᠶᠡᠵᠦ ᠪᠠᠶᠢᠭᠰᠠᠨ ᠮᠢᠩᠭ᠎ᠠ ᠮᠢᠩᠭᠠᠨ ᠵᠢᠵᠢᠭ ᠵᠠᠪᠢ ᠬᠣᠶᠠᠷ ᠡᠷᠭᠢ ᠡᠴᠡ ᠭᠠᠷᠴᠤ ᠢᠷᠡᠨ᠂ ᠳᠠᠶᠢᠰᠤᠨ ᠤ ᠡᠩᠨᠡᠭᠡ ᠶᠢ ᠵᠠᠳᠠᠯᠤᠭᠰᠠᠨ᠃ ᠭᠡᠨᠡᠳᠲᠡ ᠶᠢᠨ ᠬᠦᠴᠦᠲᠡᠢ ᠳᠠᠭᠠᠷᠢᠯᠲᠠ ᠲᠠᠢ ᠲᠤᠯᠭᠠᠷᠠᠭᠰᠠᠨ ᠮᠣᠩᠭᠣᠯᠴᠤᠳ ᠳᠠᠯᠠᠢᠷᠤ ᠤᠬᠤᠷᠢᠬᠤ ᠶᠢ ᠣᠷᠣᠯᠳᠤᠭᠰᠠᠨ ᠴᠤ ᠳᠠᠢ ᠸᠢᠶᠧᠲ᠋ᠴᠦᠳ ᠦᠨ ᠲᠠᠲᠠᠭᠰᠠᠨ ᠤᠶᠠᠭᠠᠨ ᠳᠤ ᠲᠡᠭᠡᠭᠯᠡᠨ ᠬᠥᠯᠥᠭ ᠣᠩᠭᠣᠴᠠᠨ ᠨᠤᠭᠤᠳ ᠨᠢ ᠭᠠᠴᠠᠵᠤ᠂ ᠣᠯᠠᠩᠬᠢ ᠨᠢ ᠡᠪᠳᠡᠷᠡᠴᠢ ᠰᠦᠢᠳᠡᠨ ᠵᠢᠪᠵᠢ ᠪᠡᠨ᠃ ᠲᠡᠷᠡ ᠦᠶ᠎ᠡ ᠳᠦ ᠨᠢ ᠣᠯᠠᠨ ᠲᠣᠭᠠᠨ ᠤ ᠭᠠᠯᠲᠤ ᠰᠠᠯᠠᠩ ᠤᠳ ᠤᠷᠤᠰᠤᠨ ᠢᠷᠡᠵᠦ ᠮᠥᠷᠭᠥᠵᠦ ᠪᠠᠶᠢᠪᠠ᠃ ᠠᠶᠤᠭᠰᠠᠨ ᠮᠣᠩᠭᠣᠯ ᠴᠡᠷᠢᠭ ᠦᠳ ᠣᠩᠭᠣᠴᠠᠨ ᠠᠴᠠ ᠪᠠᠨ ᠦᠰᠦᠷᠴᠢ ᠪᠠᠭᠤᠨ᠂ ᠡᠷᠭᠢ ᠷᠦᠦ ᠭᠠᠷᠤᠭᠰᠠᠨ ᠪᠥᠭᠡᠳ ᠲᠡᠨᠳᠡ ᠲᠡᠳᠡᠨ ᠢ ᠲᠷᠠᠨ ᠤ ᠬᠠᠭᠠᠨ ᠪᠣᠯᠤᠨ ᠲᠠᠷᠠᠨ ᠬᠤᠨ ᠳᠠᠣᠭᠡᠶᠢᠨ ᠤᠳᠤᠷᠢᠳᠤᠭᠰᠠᠨ ᠠᠷᠮᠢ ᠬᠦᠯᠢᠶᠡᠵᠦ ᠪᠠᠶᠢᠯ᠎ᠠ᠃ ᠢᠩᠭᠢᠭᠡᠳ ᠮᠣᠩᠭᠣᠯ ᠤᠨ ᠲᠡᠩᠭᠢᠰ ᠦᠨ ᠹᠯᠣᠲ ᠪᠦᠷᠢᠮᠦᠰᠦᠨ ᠰᠦᠢᠷᠡᠵᠦ᠂ ᠣᠮᠠᠷ ᠣᠯᠵᠠᠯᠠᠭᠳᠠᠵᠠᠢ᠃ ᠲᠡᠷᠡ ᠦᠶ᠎ᠡ ᠳᠦ ᠳᠠᠢ ᠸᠢᠶᠧᠲ᠋ᠡᠶᠢᠨ ᠠᠷᠮᠢ ᠯᠠᠨ ᠰᠣᠨ ᠤ ᠳᠠᠭᠠᠤ ᠲᠣᠭᠣᠭᠠᠨ ᠤ ᠠᠷᠮᠢ ᠶᠢ ᠦᠯᠡᠳᠡᠨ ᠬᠡᠵᠡᠢ᠃ ᠲᠣᠭᠣᠭᠠᠨ ᠰᠢᠷᠢᠩᠭᠢᠨ ᠣᠢ ᠳᠤᠮᠳᠠᠭᠤᠷ ᠳᠤᠲᠠᠭᠠᠨ ᠨᠤᠲᠤᠭ ᠪᠤᠴᠠᠭᠰᠠᠨ ᠠᠵᠤ᠃ ᠭᠡᠰᠡᠨ ᠴᠤ ᠳᠠᠢ ᠸᠢᠶᠧᠲ᠋ ᠪᠣᠯᠤᠨ ᠴᠠᠮᠫᠠᠭᠡᠶᠢᠨ ᠬᠠᠭᠠᠨ ᠳᠤ ᠤᠯᠤᠰ ᠤᠳ ᠴᠢᠨᠠᠭᠰᠢᠳᠠ ᠵᠥᠷᠢᠴᠡᠯᠳᠦᠭᠡᠨ ᠡᠭᠦᠰᠬᠦ ᠡᠴᠡ ᠰᠡᠷᠭᠡᠶᠢᠯᠡᠵᠦ᠂ ᠬᠤᠪᠢᠯᠠᠢ ᠶᠢᠨ ᠵᠠᠬᠢᠷᠭ᠎ᠠ ᠶᠢ ᠬᠦᠯᠢᠶᠡᠨ ᠵᠥᠪᠰᠢᠶᠡᠷᠡᠭᠰᠡᠨ ᠪᠢᠯᠡ[2][4]

ᠵᠡᠭᠦᠨ ᠡᠮᠦᠨᠡᠲᠦ ᠠᠽᠢᠶ᠎ᠠ᠂ ᠡᠮᠦᠨᠡᠲᠦ ᠲᠡᠩᠭᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠷᠢᠮ ᠦᠨ ᠡᠰᠡᠷᠬᠦ ᠬᠢᠭᠰᠡᠨ 3 ᠠᠶᠠᠨ ᠳᠠᠶᠢᠨ ᠢᠶᠠᠷ (1277, 1283, 1287) ᠮᠣᠩᠭᠣᠯᠴᠤᠳ ᠢᠷᠷᠠᠪᠠ ᠳᠦᠳᠡ ᠶᠢᠨ ᠳᠧᠯᠲ ᠲᠦ ᠬᠦᠷᠴᠦ᠂ ᠪᠢᠷᠮ ᠳ᠋ᠡᠬᠢ ᠫᠠᠭᠠᠨ ᠤ ᠬᠠᠭᠠᠨᠲᠤ ᠤᠯᠤᠰ ᠍ ᠤᠨ ᠨᠡᠶᠢᠰᠯᠡᠯ ᠪᠠᠭᠠᠨ ᠍ ᠢ ᠡᠵᠡᠯᠡᠨ᠂ ᠥᠪᠡᠷᠰᠡᠳ ᠦᠨ ᠲᠣᠭᠯᠠᠭᠠᠮ ᠤᠨ ᠵᠠᠰᠠᠭ ᠤᠨ ᠭᠠᠵᠠᠷ ᠪᠠᠶᠢᠭᠤᠯᠤᠭᠰᠠᠨ[5]᠃ ᠬᠤᠪᠢᠯᠠᠢ ᠠᠯᠪᠠᠨ ᠶᠣᠰᠣᠭᠠᠷ ᠪᠣᠯ ᠰ ᠲᠽᠧᠷᠧᠨ᠋ᠲ᠋ᠧᠲ ᠤᠯᠤᠰ ᠢ ᠪᠠᠶᠢᠭᠤᠯᠤᠭᠰᠠᠨ ᠬᠡᠳᠦᠢ ᠴᠤ ᠪᠢᠷᠮᠴᠦᠦ ᠳᠦ ᠮᠣᠩᠭᠣᠯ ᠤᠨ ᠳᠠᠭᠠᠭᠤᠯᠢ ᠤᠯᠤᠰ ᠪᠣᠯᠵᠤ᠂ ᠲᠡᠳᠡᠨ ᠢ ᠬᠢᠲᠠᠳ ᠠᠴᠠ ᠬᠥᠭᠡᠭᠡᠭᠳᠡᠬᠦ ᠬᠦᠷᠲᠡᠯ᠎ᠡ ᠠᠯᠪᠠ ᠭᠤᠪᠴᠢᠭᠤᠷ ᠡᠷᠭᠦᠨ ᠪᠠᠷᠢᠭᠰᠠᠭᠠᠷ ᠪᠠᠶᠢᠪᠠ[6]ᠺᠠᠮᠪᠤᠵᠠᠡᠶᠢᠨ ᠺᠬᠮᠧᠷ ᠤᠨ ᠬᠠᠭᠠᠨᠲᠤ ᠤᠯᠤᠰ ᠪᠣᠯᠤᠨ ᠮᠠᠯᠠᠢᠡᠮᠦᠨᠡᠲᠦ ᠡᠨᠡᠳᠬᠡᠭ ᠳ᠋ᠡᠬᠢ ᠵᠢᠵᠢᠭ ᠤᠯᠤᠰ ᠤᠳ ᠬᠤᠪᠢᠯᠠᠢ ᠶᠢᠨ ᠬᠠᠭᠠᠨᠴᠢᠯᠠᠯ ᠢ 1278-1294 ᠣᠨ ᠨᠤᠭᠤᠳ ᠲᠤ ᠬᠦᠯᠢᠶᠡᠨ ᠵᠥᠪᠰᠢᠶᠡᠷᠡᠴᠢ ᠪᠠᠶᠢᠪᠠ᠃ ᠤᠭ ᠪᠥᠰᠡ ᠨᠤᠲᠤᠭ ᠳᠠᠬᠢ ᠮᠣᠩᠭᠣᠯᠴᠤᠳ ᠤᠨ ᠰᠣᠨᠢᠷᠬᠠᠯ ᠨᠢ ᠴᠡᠪᠡᠷ ᠬᠤᠳᠠᠯᠳᠤᠭᠠᠨ ᠤ ᠪᠣᠯᠤᠨ ᠠᠯᠪᠠ ᠭᠤᠪᠴᠢᠭᠤᠷ ᠤᠨ ᠬᠠᠷᠢᠯᠴᠠᠭ᠎ᠠ ᠲᠣᠭᠲᠠᠭᠠᠬᠤ ᠳᠤ ᠣᠷᠣᠰᠢᠵᠤ ᠪᠠᠶᠢᠯ᠎ᠠ᠃

ᠬᠠᠭᠠᠨᠴᠢᠯᠠᠯ ᠤᠨ ᠢᠶᠠᠨ ᠰᠡᠭᠦᠯ ᠦᠨ ᠵᠢᠯ ᠤᠨᠳ ᠲᠤ ᠬᠤᠪᠢᠯᠠᠢ ᠵᠢᠪᠠ ᠳᠠᠬᠢ ᠰᠢᠩᠭᠠᠰᠠᠷᠢᠭᠡᠶᠢᠨ ᠸᠠᠩᠲᠤ ᠤᠯᠤᠰ ᠤᠨ ᠡᠰᠡᠷᠬᠦ 20-30,000 ᠴᠡᠷᠢᠭ ᠬᠥᠳᠡᠯᠭᠡᠨ᠂ ᠥᠰᠢᠶ᠎ᠡ ᠠᠪᠬᠤ ᠤᠰᠤᠨ ᠵᠠᠮ ᠤᠨ ᠠᠶᠠᠨ ᠳᠠᠶᠢᠨ (1293) ᠬᠢᠭᠰᠡᠨ ᠪᠣᠯᠪᠠᠴᠤ ᠮᠣᠩᠭᠣᠯ ᠤᠨ ᠬᠦᠴᠦ 3,000 ᠳᠠᠶᠢᠴᠢᠨ ᠢᠶᠠᠨ ᠠᠯᠳᠠᠭ᠎ᠠ ᠳᠤ᠂ ᠮᠠᠵᠠᠫᠠᠬᠢᠲ ᠳ᠋ᠢᠨᠠᠰᠲ᠋ᠢ ᠶᠢ ᠡᠷᠬᠡᠨ ᠳᠦ ᠪᠡᠨ ᠣᠷᠣᠭᠤᠯᠵᠤ ᠴᠢᠳᠠᠯ ᠦᠭᠡᠢ ᠪᠤᠴᠠᠵᠠᠢ᠃ 1294 ᠣᠨ ᠳᠤ ᠲᠠᠢ ᠶᠢᠨ 2 ᠬᠠᠭᠠᠨᠲᠤ ᠤᠯᠤᠰ ᠪᠣᠯᠬᠤ ᠰᠤᠬ᠎ᠠ ᠲᠠᠢ᠂ ᠴᠢᠨᠠᠮᠠᠢ ᠬᠤᠪᠢᠯᠠᠢ ᠶᠢᠨ ᠡᠵᠡᠨ ᠳᠦ ᠭᠦᠷᠦᠨ ᠦ ᠢᠪᠡᠭᠡᠯ ᠦᠨ ᠤᠯᠤᠰ ᠪᠣᠯᠤᠭᠰᠠᠨ[5].

ᠰᠠᠬᠠᠯᠢᠨ ᠢ ᠡᠵᠡᠯᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠴᠡᠷᠢᠭ ᠦᠳ ᠰᠠᠬᠠᠯᠢᠨ ᠷᠤ ᠬᠡᠳᠦ ᠬᠡᠳᠦᠨ ᠤᠳᠠᠭ᠎ᠠ ᠳᠠᠭᠠᠷᠢᠭᠰᠠᠨ ᠪᠥᠭᠡᠳ ᠡᠨᠡ ᠨᠢ 1264-1308 ᠣᠨ ᠳᠤ ᠦᠷᠭᠦᠯᠵᠢᠯᠡᠭᠰᠡᠨ ᠶᠤᠮ[7]᠃ ᠮᠣᠩᠭᠣᠯ ᠤᠨ ᠡᠵᠡᠨᠲᠦ ᠭᠦᠷᠦᠨ ᠨᠢ ᠠᠯᠪᠠᠨ ᠲᠠᠲᠠᠪᠤᠷᠢ ᠳᠡᠭᠡᠷ᠎ᠡ ᠰᠠᠭᠤᠷᠢᠯᠠᠳᠠᠭ ᠲᠤᠯᠠ ᠰᠢᠨ᠎ᠡ ᠭᠠᠵᠠᠷ ᠨᠤᠲᠤᠭ ᠢ ᠡᠵᠡᠯᠡᠨ ᠠᠪᠠᠪᠠᠯ ᠡᠳ᠋ ᠍ ᠦᠨ ᠵᠠᠰᠠᠭ ᠨᠢ ᠰᠠᠶᠢᠵᠢᠷᠠᠳᠠᠭ ᠪᠠᠶᠢᠴᠠᠢ᠃ ᠨᠢᠪᠬ ᠪᠠ ᠣᠷᠣᠺ ᠤᠳ ᠨᠢ ᠮᠣᠩᠭᠣᠯ ᠳᠤ ᠵᠠᠬᠢᠷᠤᠭᠳᠠᠬᠤ ᠪᠣᠯᠤᠭᠰᠠᠨ᠃ ᠬᠠᠷᠢᠨ ᠠᠢ ᠨᠦ ᠶᠢᠨ ᠠᠷᠠᠳ ᠲᠦᠮᠡᠨ ᠮᠣᠩᠭᠣᠯ ᠤᠨ ᠰᠢᠤᠳᠠᠨ ᠢ ᠳᠣᠪᠲᠣᠯᠵᠤ᠂ ᠶᠡᠬᠡ ᠬᠠᠭᠠᠨ ᠳᠤ ᠳᠠᠭᠠᠷ᠎ᠠ ᠣᠷᠣᠭᠰᠠᠨ ᠰᠠᠬᠠᠯᠢᠨ ᠤ ᠠᠭᠤᠭᠤᠯ ᠢᠷᠭᠡᠳ ᠲᠡᠢ ᠲᠤᠯᠤᠯᠳᠤᠳᠠᠭ ᠪᠠᠶᠢᠪᠠ[8]᠃ ᠡᠴᠦᠰᠲᠦᠭᠡ 1308 ᠣᠨ ᠳᠤ ᠠᠢ ᠨᠦ ᠶᠢᠨ ᠣᠪᠤᠭ ᠠᠶᠢᠮᠠᠭ ᠤᠳ ᠮᠣᠩᠭᠣᠯᠴᠤᠳ ᠤᠨ ᠵᠠᠬᠢᠷᠭ᠎ᠠ ᠶᠢ ᠬᠦᠯᠢᠶᠡᠨ ᠵᠥᠪᠰᠢᠶᠡᠷᠡᠴᠡᠢ᠃

ᠧᠦ᠋ᠷᠣᠫᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠬᠠᠭᠠᠨ ᠤ ᠤᠳᠤᠷᠢᠳᠤᠯᠭ᠎ᠠ ᠳᠣᠣᠷ᠎ᠠ ᠵᠡᠭᠦᠨ ᠠᠽᠢᠶ ᠠ ᠪᠣᠯᠤᠨ ᠪᠠᠷᠠᠭᠤᠨ ᠤ ᠬᠢᠨ ᠢ ᠬᠣᠭᠣᠷᠣᠨᠳᠣ ᠨᠢ ᠰᠢᠭᠤᠳ ᠬᠣᠯᠪᠣᠭ᠎ᠠ ᠲᠣᠭᠲᠠᠭᠠᠬᠤ ᠨᠢ ᠨᠡᠭᠡᠭᠡᠯᠲᠡ ᠲᠡᠢ ᠪᠣᠯᠵᠤ ᠲᠥᠪ ᠠᠽᠢᠶ᠎ᠠ ᠶᠢᠨ ᠬᠤᠳᠠᠯᠳᠤᠭᠠᠨ ᠤ ᠵᠠᠮ᠎ᠠ ᠨᠤᠭᠤᠳ ᠲᠤ ᠮᠣᠩᠭᠣᠯᠴᠤᠳ ᠬᠢᠨᠠᠯᠲᠠ ᠪᠠᠨ ᠲᠠᠯᠪᠢᠵᠤ ᠥᠷᠲᠡᠭᠡ ᠱᠤᠤᠳᠠᠩ ᠤᠨ ᠦᠢᠯᠡᠴᠢᠯᠡᠭᠡ ᠶᠢ ᠦᠵᠡᠭᠦᠯᠳᠡᠭ ᠪᠠᠶᠢᠭᠰᠠᠨ ᠤᠴᠢᠷ ᠮᠣᠩᠭᠣᠯ ᠤᠨ ᠡᠵᠡᠨᠲᠦ ᠭᠦᠷᠦᠨ ᠳᠦ ᠦᠵᠡᠭᠦᠯᠬᠦ ᠠᠴᠢ ᠬᠣᠯᠪᠣᠭᠳᠠᠯ ᠨᠢ ᠶᠡᠬᠡ ᠪᠠᠶᠢᠪᠠ᠃ 13 ᠷ ᠵᠠᠭᠤᠨ ᠤ ᠡᠬᠢ ᠪᠡᠷ ᠧᠦᠢᠷᠣᠫᠠ ᠪᠣᠯᠤᠨ ᠲᠥᠪ ᠠᠽᠢᠴᠤᠳ ᠮᠥᠷᠭᠥᠯ᠂ ᠠᠶᠠᠯᠠᠯ᠂ ᠵᠢᠭᠤᠯᠴᠢᠯᠠᠯ᠂ ᠡᠯᠴᠢ ᠲᠥᠯᠥᠭᠡᠯᠡᠭᠴᠢ ᠶᠢᠨ ᠵᠢᠷᠤᠮ ᠢᠶᠠᠷ᠂ ᠬᠢᠲᠠᠳ ᠷᠤ ᠶᠠᠪᠤᠳᠠᠭ ᠵᠠᠮ ᠢ ᠪᠤᠢ ᠪᠣᠯᠭᠠᠭᠰᠠᠨ᠃ ᠮᠣᠩᠭᠣᠯᠴᠤᠳ ᠬᠢᠲᠠᠳ ᠢ ᠵᠠᠬᠢᠷᠳᠠᠭ ᠪᠠᠶᠢᠭᠰᠠᠨ ᠤᠴᠢᠷ ᠮᠣᠩᠭᠣᠯ ᠤᠨ ᠡᠵᠡᠨᠲᠦ ᠭᠦᠷᠦᠨ ᠦ ᠣᠶᠢᠷᠠᠯᠴᠠᠭ᠎ᠠ ᠬᠠᠮᠢᠭ᠎ᠠ ᠴᠤ ᠪᠠᠶᠢᠭᠰᠠᠨ ᠪᠥᠭᠡᠳ ᠣᠷᠣᠰ᠂ ᠫᠧᠷᠰ᠂ ᠮᠧᠰᠣᠫᠣᠲ᠋ᠠᠮᠢ ᠵᠡᠷᠭᠡ ᠤᠯᠤᠰ ᠷᠤ ᠪᠦᠬᠦᠢᠯᠠ ᠬᠤᠳᠠᠯᠳᠤᠭᠠᠨ ᠤ ᠵᠠᠮ ᠴᠢᠭᠯᠡᠳᠡᠭ ᠪᠠᠶᠢᠪᠠ᠃ ᠶᠡᠬᠡ ᠬᠠᠭᠠᠨ ᠪᠣᠯᠤᠨ ᠫᠠᠫ ᠯᠠᠮᠠ ᠶᠢᠨ ᠬᠣᠭᠣᠷᠣᠨᠳᠣ ᠬᠡᠳᠦᠨ ᠤᠳᠠᠭ᠎ᠠ ᠡᠯᠴᠢ ᠲᠥᠯᠥᠭᠡᠯᠡᠭᠴᠢ ᠶᠢ ᠰᠢᠭᠤᠳ ᠰᠤᠯᠢᠵᠤ ᠪᠠᠶᠢᠴᠠᠢ᠃ 1266 ᠣᠨ ᠳᠤ ᠬᠤᠪᠢᠯᠠᠢ ᠬᠠᠭᠠᠨ ᠸᠧᠨᠧᠼ ᠤᠨ ᠮᠥᠷᠭᠥᠯᠴᠢᠳ ᠲᠦ ᠵᠥᠪᠰᠢᠶᠡᠷᠡᠯ ᠣᠯᠭᠤᠵᠤ᠂ 100, 100 ᠍ ᠶᠢᠨ ᠾᠷᠢᠰᠲ ᠤᠨ ᠨᠣᠮᠲᠠᠨ ᠨᠤᠭᠤᠳ ᠪᠣᠯᠤᠨ ᠢᠨᠵᠧᠨᠧᠷ ᠦᠳ ᠲᠦ ᠫᠣᠯᠣᠭ ᠤᠨ ᠠᠬ᠎ᠠ ᠳᠡᠭᠦᠦ ᠨᠠᠷ ᠲᠤ ᠶᠠᠪᠤᠬᠤ ᠵᠥᠪᠰᠢᠶᠡᠷᠡᠯ ᠣᠯᠭᠤᠵᠠᠢ᠃ 1263 ᠣᠨ ᠳᠤ ᠠᠬ᠎ᠠ ᠳᠡᠭᠦᠦ ᠫᠣᠯᠣ ᠨᠠᠷ ᠷᠤᠮᠠ ᠳᠤ ᠡᠷᠭᠢᠨ ᠢᠷᠡᠭᠰᠡᠨ᠃ ᠶᠡᠬᠡ ᠬᠠᠭᠠᠨ ᠬᠤᠪᠢᠯᠠᠢ ᠪᠠ ᠢᠯᠬᠠᠨ ᠠᠷᠭᠤᠨ ᠤ ᠰᠠᠶᠢᠳ ᠪᠣᠯᠬᠤ ᠷᠠᠪᠪᠨ ᠪᠠᠷᠰ ᠰᠤᠮᠠ 1287-1288 ᠣᠨ ᠤ ᠦᠶ᠎ᠡ ᠳᠦ ᠥᠷᠨᠢᠳᠡᠳ ᠷᠣᠮ᠂ ᠫᠠᠷᠢᠰ᠂ ᠪᠣᠷᠧᠤᠶᠢᠰ ᠪᠠ ᠳᠣᠷᠣᠨᠠᠲᠤᠳ ᠳᠠ ᠳᠤᠭᠠᠷ ᠠᠶᠠᠯᠠᠯ ᠬᠢᠵᠦ ᠭᠣᠣᠯ ᠵᠠᠬᠢᠷᠤᠭᠴᠢ ᠲᠠᠢ ᠨᠢ ᠠᠭᠤᠯᠵᠠᠭᠰᠠᠨ ᠪᠠᠶᠢᠳᠠᠭ᠃ ᠨᠢᠺᠺᠣᠯᠣᠭ ᠤᠨ ᠬᠦᠦ ᠮᠠᠷᠺᠣ ᠫᠣᠯᠣ ᠡᠨᠡᠬᠦ ᠠᠶᠠᠯᠠᠯ ᠳᠤ ᠪᠠᠨ ᠥᠪᠡᠷ ᠦᠨ ᠢᠶᠡᠨ ᠠᠪᠤ ᠶᠢ ᠬᠠᠮᠲᠤ ᠳᠠᠭᠠᠭᠤᠯᠤᠨ ᠶᠠᠪᠤᠵᠤ ᠪᠠᠶᠢᠭᠰᠠᠨ ᠨᠢ ᠬᠢᠲᠠᠳ ᠪᠣᠯᠤᠨ ᠮᠣᠩᠭᠣᠯ ᠳᠤ ᠬᠠᠮᠤᠭ ᠤᠨ ᠰᠠᠶᠢᠨ ᠲᠠᠨᠢᠭᠳᠠᠬᠤ ᠵᠢᠭᠤᠯᠴᠢᠨ ᠪᠣᠯᠬᠤ ᠶᠢᠨ ᠬᠢ ᠨᠢ ᠦᠨᠳᠦᠰᠦ ᠪᠠᠶᠢᠭᠰᠠᠨ ᠪᠠᠶᠢᠵᠤ ᠪᠣᠯᠤᠨ᠎ᠠ᠃ ᠲᠡᠷᠡ ᠪᠡᠷ ᠬᠤᠪᠢᠯᠠᠢ ᠬᠠᠭᠠᠨ ᠤ ᠤᠳᠤᠷᠢᠳᠤᠯᠭ᠎ᠠ ᠳᠣᠣᠷ᠎ᠠ 1275-1292 ᠣᠨ ᠤ ᠬᠣᠭᠣᠷᠣᠨᠳᠣ 17 ᠵᠢᠯ ᠦᠨ ᠲᠤᠷᠰᠢ ᠶᠨᠠᠨᠢ ᠪᠠ ᠹᠦᠵᠡᠨᠢ ᠠᠶᠢᠮᠠᠭ ᠤᠳ ᠢᠶᠠᠷ ᠠᠶᠠᠯᠠᠵᠤ ᠤᠳᠤᠷᠢᠳᠤᠯᠭ᠎ᠠ ᠨᠢ ᠳᠠᠬᠢ ᠠᠯᠪᠠᠨ ᠶᠣᠰᠣᠨ ᠤ ᠦᠢᠯᠡᠴᠢᠯᠡᠭᠡᠨ ᠳᠦ ᠨᠢ ᠣᠷᠣᠯᠴᠠᠵᠤ ᠪᠠᠶᠢᠭᠰᠠᠨ ᠭᠡᠵᠦ ᠶᠠᠷᠢᠵᠠᠢ᠃ ᠭᠡᠪᠡᠴᠦ ᠡᠭᠦᠨ ᠢ ᠳᠤᠮᠳᠠᠳᠤ ᠢᠷᠭᠡᠨ ᠤᠯᠤᠰ ᠤᠨ ᠦᠶ᠎ᠡ ᠶᠢᠨ ᠲᠡᠦᠬᠡᠴᠢᠳ ᠦᠨ ᠬᠢᠲᠠᠳ ᠢ ᠳᠦᠷᠰᠦᠯᠡᠭᠰᠡᠨ ᠬᠡᠰᠡᠭ ᠡᠴᠡ ᠭᠠᠷᠴᠤ ᠢᠷᠡᠭᠰᠡᠨ ᠳᠡᠯᠡᠬᠡᠢ ᠶᠢᠨ ᠳᠦᠷᠰᠦᠯᠡᠯ ᠬᠡᠮᠡᠬᠦ ᠰᠡᠳᠬᠦᠯ ᠡᠴᠡ ᠠᠪᠤᠭᠰᠠᠨ ᠬᠡᠮᠡᠨ ᠧᠦ᠋ᠷᠣᠫᠠ ᠳᠤ ᠳᠠᠮᠵᠢᠭᠤᠯᠠᠨ ᠦᠵᠡᠳᠡᠭ ᠪᠠᠶᠢᠨ᠎ᠠ᠃ ᠷᠠᠪᠪᠠᠨ ᠰᠤᠮᠠ ᠳᠠᠬᠢ ᠵᠡᠭᠦᠨ ᠠᠽᠢᠶ ᠠ ᠶᠢᠨ ᠬᠡᠰᠡᠭ ᠲᠦ ᠪᠠᠶᠢᠭᠰᠠᠨ ᠺᠢᠰᠲ᠋ᠢᠣᠷᠠᠺ ᠭᠡᠳᠡᠭ ᠯᠠᠮ᠎ᠠ ᠨᠢ ᠣᠳᠣ ᠶᠢᠨ ᠪᠡᠭᠡᠵᠢᠩ ᠦᠨ ᠭᠠᠵᠠᠷ ᠨᠤᠲᠤᠭ ᠲᠤ ᠲᠦᠷᠦᠭᠰᠡᠨ᠃ ᠲᠡᠷᠡ ᠪᠡᠷ 1278 ᠣᠨ ᠳᠤ ᠢᠷᠡᠨ ᠳᠠᠬᠢ ᠢᠯᠬᠠᠨ ᠤ ᠵᠠᠰᠠᠭᠯᠠᠯ ᠳᠤ ᠲᠥᠪ ᠠᠽᠢᠶ᠎ᠠ ᠠᠴᠠ ᠣᠷᠣᠵᠤ ᠢᠷᠡᠭᠰᠡᠨ ᠪᠥᠭᠡᠳ ᠮᠣᠩᠭᠣᠯᠴᠤᠳ ᠢᠰᠯᠠᠮ ᠳᠤ ᠪᠠᠶᠢᠳᠠᠭ ᠾᠷᠢᠰᠲ ᠲᠦ ᠢᠲᠡᠭᠡᠭᠴᠢᠳ ᠲᠤ ᠶᠢᠨ ᠲᠤᠰᠠᠯᠠᠮᠵᠢ ᠶᠢ ᠠᠪᠬᠤ ᠪᠠᠷ ᠧᠦ᠋ᠷᠣᠫᠠ ᠷᠤ ᠶᠠᠪᠤᠭᠰᠠᠨ ᠪᠠᠶᠢᠳᠠᠭ᠃ ᠡᠨᠡ ᠮᠡᠲᠦᠴᠢᠯᠠᠨ ᠲᠢᠪ ᠭᠠᠵᠠᠷ ᠤᠳ ᠢ ᠬᠡᠷᠦᠨ ᠬᠡᠰᠦᠵᠦ ᠮᠡᠳᠡᠭᠡᠯᠡᠯ ᠲᠦᠭᠡᠭᠡᠵᠦ ᠪᠠᠶᠢᠭᠰᠠᠨ ᠬᠦᠮᠦᠰ ᠣᠯᠠᠨ ᠪᠠᠶᠢᠪᠠ᠃ ᠬᠤᠪᠢᠯᠠᠢ ᠬᠠᠭᠠᠨ ᠤ ᠤᠳᠤᠷᠢᠳᠤᠯᠭ᠎ᠠ ᠳᠣᠣᠷ᠎ᠠ ᠠᠩᠬ᠎ᠠ ᠬᠢᠵᠠᠭᠠᠷᠯᠠᠯᠲᠠ ᠲᠠᠢ ᠪᠣᠯᠪᠠᠴᠤ ᠬᠢᠲᠠᠳ ᠪᠣᠯᠤᠨ ᠥᠷᠥᠨᠡᠲᠦ ᠶᠢᠨ ᠬᠢᠨ ᠦ ᠬᠣᠭᠣᠷᠣᠨᠳᠣ ᠰᠤᠶᠤᠯ ᠤᠨ ᠰᠣᠯᠢᠯᠴᠠᠭ᠎ᠠ ᠪᠣᠯᠤᠨ ᠬᠠᠷᠢᠯᠴᠠᠭ᠎ᠠ ᠬᠣᠯᠪᠣᠭ᠎ᠠ ᠶᠢ ᠰᠢᠭᠤᠳ ᠲᠣᠭᠲᠠᠭᠠᠵᠤ ᠪᠠᠶᠢᠴᠠᠢ᠃

ᠶᠤᠸᠠᠨ ᠤᠯᠤᠰ ᠤᠨ ᠡᠵᠡᠨ ᠬᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠮᠣᠩᠭᠣᠯ ᠤᠨ ᠡᠵᠡᠨᠲᠦ ᠭᠦᠷᠦᠨ ᠦ ᠵᠣᠬᠢᠶᠠᠨ ᠪᠠᠶᠢᠭᠤᠯᠤᠯᠲᠠ ᠳᠤ ᠤᠯᠠᠮᠵᠢᠯᠠᠯᠲᠤ 10 ᠲᠠᠩᠺ ᠤᠨ ᠰᠢᠰᠲ᠋ᠧᠮ ᠢ ᠠᠰᠢᠭᠯᠠᠵᠤ ᠪᠠᠶᠢᠭᠰᠠᠨ ᠪᠥᠭᠡᠳ 1261 ᠣᠨ ᠳᠤ ᠥᠨᠳᠥᠷ ᠠᠯᠪᠠᠨ ᠲᠤᠰᠢᠶᠠᠯᠲᠠ ᠨᠤᠭᠤᠳ ᠲᠠᠭᠠᠨ ᠲᠤᠰᠬᠠᠢ ᠱᠤᠤᠳᠠᠩ ᠤᠨ ᠡᠷᠬᠡ ᠶᠢ ᠥᠭᠭᠦᠭᠰᠡᠨ ᠪᠠᠶᠢᠳᠠᠭ᠃ ᠲᠡᠷᠡ ᠪᠡᠷ ᠬᠢᠲᠠᠳ ᠤᠨ ᠤᠯᠤᠰ ᠲᠥᠷᠥ ᠪᠣᠯᠤᠨ ᠰᠤᠶᠤᠯ ᠤᠨ ᠵᠠᠭᠪᠤᠷᠴᠢᠯᠠᠯ ᠢ ᠰᠠᠶᠢᠰᠢᠶᠠᠨ ᠳᠡᠮᠵᠢᠭᠰᠡᠨ ᠪᠠᠶᠢᠳᠠᠭ ᠪᠥᠭᠡᠳ ᠤᠯᠠᠮᠵᠢᠯᠠᠯᠲᠤ ᠨᠣᠶᠠᠨ ᠤ ᠨᠥᠯᠥᠭᠡ ᠶᠢ ᠪᠠᠭᠠᠰᠬᠠᠵᠤ ᠰᠣᠨ ᠢ ᠭᠦᠷᠦᠨ ᠦ ᠠᠭᠤᠤ ᠶᠡᠬᠡ ᠰᠦᠷ ᠬᠦᠴᠦ ᠶᠢ ᠪᠠᠭᠤᠯᠭᠠᠨ ᠠᠪᠤᠭᠰᠠᠨ᠃ ᠬᠤᠪᠢᠯᠠᠢ 1276 ᠣᠨ ᠬᠦᠷᠲᠡᠯ᠎ᠡ ᠬᠢᠲᠠᠳ ᠤᠨ ᠵᠥᠪᠯᠡᠬᠢ ᠨᠦᠭᠦᠳ ᠲᠡᠢ ᠠᠵᠢᠯᠯᠠᠳᠠᠭ ᠪᠠᠶᠢᠪᠠ᠃ ᠤᠭᠰᠠᠭᠠᠲᠠᠨ ᠤ ᠬᠠᠨ ᠬᠢᠲᠠᠳ ᠲᠤ ᠢᠲᠡᠭᠡᠳᠡᠭ ᠦᠭᠡᠢ ᠪᠠᠶᠢᠭᠰᠠᠨ ᠪᠥᠭᠡᠳ ᠬᠠᠨ ᠬᠢᠲᠠᠳ ᠤᠳ ᠠᠴᠠ ᠢᠯᠡᠭᠦᠦ ᠪᠡᠷ ᠮᠣᠩᠭᠣᠯᠴᠤᠳ ᠲᠥᠪ ᠠᠽᠢᠶ᠎ᠠ ᠶᠢᠨ ᠪᠣᠯᠤᠨ ᠮᠦᠰᠯᠠᠮᠠᠨᠴᠤᠳ᠂ ᠴᠥᠭᠡᠬᠡᠨ ᠧᠦᠢᠷᠣᠫᠠᠴᠤᠳ ᠢ ᠥᠨᠳᠥᠷ ᠠᠯᠪᠠᠨ ᠲᠤᠰᠢᠶᠠᠯ ᠳᠤ ᠲᠣᠮᠢᠯᠠᠳᠠᠭ ᠪᠠᠶᠢᠪᠠ᠃ ᠬᠤᠪᠢᠯᠠᠢ ᠮᠣᠩᠭᠣᠯ ᠳᠤ ᠠᠷᠭᠦᠪᠡᠬᠦ ᠲᠡᠢ ᠳᠠᠶᠢᠨ ᠬᠢᠵᠦ ᠪᠠᠶᠢᠬᠤ ᠦᠶᠡᠳᠡᠭᠡ ᠬᠢᠲᠠᠳ ᠤᠨ ᠰᠠᠶᠢᠳ ᠤᠨ ᠡᠷᠭᠦᠮᠡᠯ ᠬᠦᠦ ᠳᠦ ᠡᠭᠳᠡᠭᠦᠴᠡᠨ ᠬᠠᠨ ᠬᠢᠲᠠᠳ ᠢ ᠰᠡᠵᠢᠭᠯᠡᠵᠦ ᠡᠬᠢᠯᠡᠵᠡᠢ᠃ ᠲᠡᠷᠡᠪᠡᠷ ᠯᠢᠭᠤ ᠪᠢᠩ ᠢᠵᠣᠬᠠᠨ ᠢ ᠪᠠ ᠬᠤ ᠬᠸᠨ ᠢ ᠭᠡᠬᠦ ᠮᠡᠲᠦ ᠮᠥᠨ ᠬᠠᠨ ᠬᠢᠲᠠᠳ ᠵᠥᠪᠯᠡᠭᠴᠢ ᠲᠡᠢ ᠪᠠᠶᠢᠭᠰᠠᠨ ᠪᠠᠶᠢᠨ᠎ᠠ᠃ ᠲᠡᠷᠡ ᠪᠡᠷ 66 ᠤᠶᠢᠭᠤᠷ ᠲᠦᠺᠠᠴᠤᠳ ᠢ ᠠᠵᠢᠯ ᠳᠤ ᠣᠷᠣᠭᠤᠯᠤᠭᠰᠠᠨ ᠢ ᠨᠢ 21 ᠍ ᠢ ᠨᠢ ᠬᠢᠲᠠᠳ ᠤᠨ ᠳᠦᠭᠦᠷᠭᠡ ᠨᠦᠭᠦᠳ ᠲᠦ ᠬᠣᠷᠢᠶᠠᠳ ᠤᠨ ᠳᠠᠷᠤᠭ᠎ᠠ ᠪᠠᠷ ᠰᠠᠭᠤᠷᠢᠰᠢᠭᠤᠯᠤᠨ ᠦᠯᠡᠳᠡᠭᠡᠵᠢ ᠪᠡᠨ᠃ 1262 ᠣᠨ ᠳᠤ ᠠᠬᠠᠮᠠ ᠳᠤ ᠹᠣᠴᠠᠺᠨᠢᠬᠤ ᠬᠡᠮᠡᠬᠦ ᠢᠲᠡᠭᠡᠭᠴᠢ ᠶᠢ 1260 ᠣᠨ ᠳᠤ ᠺᠢᠰᠺᠠᠯ ᠤᠨ ᠵᠠᠬᠢᠷᠤᠭᠴᠢ ᠪᠠᠷ ᠲᠣᠮᠢᠯᠠᠵᠤ ᠮᠣᠩᠭᠣᠯ ᠤᠨ ᠨᠡᠶᠢᠰᠯᠡᠯ ᠦᠨ ᠱᠠᠩ ᠢᠶᠢᠳᠤ ᠬᠡᠮᠡᠬᠦ ᠭᠠᠵᠠᠷ ᠲᠣᠮᠢᠯᠠᠨ ᠰᠠᠭᠤᠯᠭᠠᠵᠠᠢ᠃ᠬᠤᠪᠢᠯᠠᠢ ᠫᠠᠺᠰᠪᠠ ᠯᠠᠮᠠᠭ ᠡᠵᠡᠨ ᠭᠦᠷᠦᠨ ᠦ ᠤᠳᠤᠷᠢᠳᠤᠭᠴᠢ ᠪᠠᠷ ᠲᠣᠮᠢᠯᠠᠵᠠᠢ᠃ 1270 ᠣᠨ ᠳᠤ ᠫᠠᠺᠰᠪᠠ ᠳᠥᠷᠪᠡᠯᠵᠢᠨ ᠦᠰᠦᠭ ᠢ ᠵᠣᠬᠢᠶᠠᠭᠰᠠᠨ ᠪᠠᠶᠢᠨ᠎ᠠ᠃ ᠬᠤᠪᠢᠯᠠᠢ ᠲᠥᠪᠡᠳ ᠪᠣᠯᠤᠨ ᠬᠢᠲᠠᠳ ᠤᠨ ᠯᠠᠮᠠ ᠨᠠᠷ ᠢ ᠫᠠᠺᠰᠪᠤᠭ ᠤᠨ ᠤᠳᠤᠷᠢᠳᠤᠯᠭᠠᠨ ᠳᠤ ᠣᠷᠣᠭᠤᠯᠵᠤ ᠳᠡᠭᠡᠳᠦ ᠰᠢᠭᠦᠬᠦ ᠶᠢᠨ ᠬᠢᠨᠠᠯᠲᠠ ᠶᠢᠨ ᠬᠣᠷᠢᠶ᠎ᠠ ᠶᠢ ᠦᠨᠳᠦᠰᠦᠯᠡᠭᠰᠡᠨ ᠪᠠᠶᠢᠨ᠎ᠠ᠃ ᠲᠥᠪᠡᠳ ᠲᠦ ᠫᠠᠺᠰᠪᠠ ᠯᠠᠮᠠ ᠶᠢ ᠪᠠᠶᠢᠬᠤ ᠳᠤ ᠲᠥᠪᠡᠳ ᠦᠨ ᠯᠠᠮ᠎ᠠ ᠰᠠᠨᠭᠬᠠ ᠪᠢᠴᠢᠭ ᠬᠡᠷᠡᠭ ᠦᠨ ᠠᠵᠢᠯ ᠳᠤ ᠰᠠᠶᠢᠨ ᠪᠠᠶᠢᠭᠰᠠᠨ ᠪᠥᠭᠡᠳ ᠪᠤᠳ᠋ᠳ᠋ᠾᠠ ᠶᠢᠨ ᠪᠣᠯᠤᠨ ᠲᠥᠪᠡᠳ ᠦᠨ ᠣᠷᠣᠯᠴᠠᠭᠠᠨ ᠤ ᠬᠤᠪᠢ ᠳᠤ ᠬᠣᠷᠢᠶ᠎ᠠ ᠶᠢ ᠪᠠᠶᠢᠭᠤᠯᠤᠨ ᠨᠡᠷ᠎ᠡ ᠥᠭᠭᠦᠭᠰᠡᠨ ᠪᠠᠶᠢᠳᠠᠭ᠃ ᠠᠰᠰᠢᠷᠠᠨ ᠾᠷᠢᠰᠲ᠋ᠴᠦᠳ ᠬᠤᠪᠢᠯᠠᠢ ᠳᠤ ᠦᠢᠯᠡᠴᠢᠯᠡᠳᠡᠭ ᠪᠠᠶᠢᠭᠰᠠᠨ ᠪᠥᠭᠡᠳ ᠶᠤᠸᠠᠨ ᠤᠯᠤᠰ ᠤᠨ ᠳᠡᠭᠡᠳᠦ ᠰᠢᠭᠦᠬᠦ ᠨᠢ ᠠᠰᠰᠢᠷ ᠤᠨ ᠹᠢᠽᠢᠺᠴᠢ ᠢᠰᠤᠭ ᠤᠨ ᠤᠳᠤᠷᠢᠳᠤᠯᠭᠠᠨ ᠳᠣᠣᠷ᠎ᠠ ᠱᠠᠰᠢᠨ ᠢ ᠳᠡᠮᠵᠢᠬᠦ ᠬᠣᠷᠢᠶ᠎ᠠ ᠶᠢ ᠪᠠᠶᠢᠭᠤᠯᠵᠤ ᠾᠷᠢᠰᠲ ᠤᠨ ᠰᠦᠮ᠎ᠡ ᠪᠠᠷᠢᠵᠤ ᠥᠪᠡᠷ ᠱᠠᠰᠢᠨ ᠤ ᠤᠷᠤᠰᠬᠠᠯ ᠢ ᠣᠷᠣᠭᠤᠯᠵᠤ ᠢᠷᠡᠭᠰᠡᠨ ᠪᠠᠶᠢᠨ᠎ᠠ᠃ ᠬᠠᠭᠠᠨ ᠨᠢ 1270 ᠣᠨ ᠳᠤ ᠳᠡᠭᠡᠳᠦ ᠰᠢᠭᠦᠬᠦ ᠶᠢᠨ ᠬᠠᠵᠠᠭᠤ ᠳᠤ ᠮᠦᠰᠠᠯᠮᠠᠨ ᠤ ᠠᠨᠠᠭᠠᠬᠤ ᠶᠢᠨ ᠲᠥᠪ᠂ 1271 ᠣᠨ ᠳᠤ ᠢᠰᠯᠠᠮᠠᠨ ᠤ ᠣᠳᠣᠨ ᠣᠷᠣᠨ ᠤ ᠰᠤᠳᠤᠯᠤᠯ ᠤᠨ ᠤᠳᠤᠷᠢᠳᠬᠤ ᠲᠥᠪ᠂ 1289 ᠣᠨ ᠳᠤ ᠡᠵᠡᠨᠲᠦ ᠭᠦᠷᠦᠨ ᠦ ᠬᠥᠪᠡᠭᠦᠳ ᠳᠤ ᠵᠣᠷᠢᠭᠤᠯᠵᠤ ᠮᠦᠰᠠᠯᠮᠠᠨ ᠤ ᠰᠤᠷᠭᠠᠭᠤᠯᠢ ᠪᠠᠶᠢᠭᠤᠯᠤᠭᠰᠠᠨ ᠪᠠᠶᠢᠨ᠎ᠠ᠃ᠯᠢᠭᠤ ᠪᠠᠩᠭᠵᠢᠨ ᠢ (1274) ᠱᠢ᠂ ᠲ ᠢᠶᠠᠽᠢ (1275) ᠵᠠᠣ ᠪᠢ (1276) ᠪᠠ ᠳᠣᠩ ᠸᠧᠢᠪᠠᠨ ᠢ (1278) ᠣᠨ ᠳᠤ ᠬᠢᠲᠠᠳ ᠤᠨ ᠠᠯᠪᠠᠨ ᠡᠭᠦᠷᠭᠡ ᠭᠦᠢᠴᠡᠳᠬᠡᠭᠴᠢ ᠨᠢ ᠨᠠᠰᠤ ᠪᠠᠷᠵᠢ ᠠᠯᠠᠭ᠎ᠠ ᠪᠣᠯᠣᠰᠣᠨ ᠤ ᠳᠠᠷᠠᠭ᠎ᠠ ᠬᠤᠪᠢᠯᠠᠢ ᠬᠠᠭᠠᠨ ᠬᠢᠲᠠᠳ ᠤᠳ ᠢ ᠳᠠᠬᠢᠨ ᠠᠵᠢᠯ ᠳᠤ ᠠᠪᠤᠭ᠎ᠠ ᠦᠭᠡᠢ ᠪᠠᠶᠢᠨ᠎ᠠ᠃ ᠬᠤᠪᠢᠯᠠᠢ ᠤᠯᠤᠰ ᠤᠨ ᠪᠠᠶᠢᠳᠠᠯ ᠢ ᠬᠢᠨᠠᠳᠠᠭ ᠤᠳᠤᠷᠢᠳᠤᠯᠭ᠎ᠠ ᠶᠢᠨ ᠠᠬᠠᠯᠠᠭᠴᠢ ᠪᠠᠷ ᠠᠬᠠᠮᠠᠳ ᠹᠠᠨᠠᠺᠠᠳ ᠢ ᠲᠣᠮᠢᠯᠠᠭᠰᠠᠨ᠃ 1286 ᠣᠨ ᠳᠤ ᠲᠥᠪᠡᠳ ᠦᠨ ᠰᠠᠨᠭᠬᠠ ᠡᠵᠡᠨ ᠳᠦ ᠭᠦᠷᠦᠨ ᠦ ᠠᠬᠠᠯᠠᠬᠤ ᠣᠹᠢᠼᠧᠷ ᠪᠣᠯᠤᠭᠰᠠᠨ ᠪᠠᠶᠢᠨ᠎ᠠ᠃ 1965 ᠣᠨ ᠠᠴᠠ ᠪᠠᠭᠠᠷᠢᠩᠭᠤ ᠶᠢᠨ ᠪᠠᠶᠠᠨ ᠪᠣᠯᠤᠨ ᠵᠢᠯᠧᠷ ᠦᠨ ᠠᠨᠲᠠᠨ ᠢ ᠨᠠᠷ ᠠᠬᠠᠯᠠᠬᠤ ᠵᠥᠪᠯᠡᠬᠦ ᠪᠡᠷ ᠲᠣᠮᠢᠯᠠᠭᠳᠠᠨ ᠠᠵᠢᠯᠯᠠᠵᠤ ᠪᠠᠶᠢᠴᠠᠢ᠃ᠪᠣᠷᠬᠤᠯ ᠤᠨ ᠦᠷ᠎ᠡ ᠤᠳᠤᠮ ᠪᠣᠯᠬᠤ ᠣᠴᠢᠷ ᠢ ᠬᠡᠰᠢᠭᠲᠡᠨ ᠴᠡᠷᠢᠭ ᠦᠨ ᠤᠳᠤᠷᠢᠳᠤᠭᠴᠢ ᠪᠣᠯᠭᠠᠭᠰᠠᠨ᠃ ᠬᠤᠪᠢᠯᠠᠢᠢ ᠬᠠᠭᠠᠨ ᠵᠡᠶᠤᠸᠠᠨ ᠢ 1271 ᠣᠨ ᠳᠤ 8 ᠳᠠᠬᠢ ᠵᠢᠯ ᠳᠤ ᠶᠤᠸᠠᠨ ᠭᠦᠷᠦᠨ ᠦ ᠪᠠᠶᠢᠭᠤᠯᠬᠤ ᠳᠤ ᠠᠯᠪᠠᠨ ᠶᠣᠰᠣᠭᠠᠷ ᠣᠷᠣᠯᠴᠠᠵᠤ ᠳᠠᠳᠤᠭ ᠨᠡᠶᠢᠰᠯᠡᠯ ᠢ ᠨᠢ ᠪᠣᠯᠭᠠᠵᠤ ᠵᠠᠷᠯᠠᠨ ᠲᠤᠩᠬᠠᠭᠯᠠᠭᠰᠠᠨ᠃ ᠬᠠᠭᠤᠴᠢᠨ ᠨᠡᠶᠢᠰᠯᠡᠯ ᠨᠢ ᠱᠠᠩ ᠢᠶᠢᠳᠤ ᠪᠠᠶᠢᠭᠰᠠᠨ᠃ ᠬᠤᠪᠢᠯᠠᠢ ᠬᠠᠭᠠᠨ ᠵᠡᠶᠤᠸᠠᠨ ᠢ 1274 ᠣᠨ ᠳᠤ 11 ᠳ᠋ᠡᠬᠢ ᠵᠢᠯ ᠳᠤ ᠪᠡᠨ ᠡᠮᠦᠨᠡᠲᠦ ᠰᠣᠩᠭᠣ ᠶᠢᠨ ᠡᠵᠡᠨ ᠳᠦ ᠭᠦᠷᠦᠨ ᠦ ᠤᠯᠠ ᠮᠥᠷ ᠳᠡᠭᠡᠷ᠎ᠡ ᠶᠡᠬᠡ ᠬᠡᠮᠵᠢᠶᠡᠨ ᠦ ᠳᠣᠪᠲᠣᠯᠭ᠎ᠠ ᠬᠢᠵᠦ ᠡᠬᠢᠯᠡᠭᠰᠡᠨ ᠪᠥᠭᠡᠳ ᠡᠴᠦᠰ ᠲᠦ ᠨᠢ 1279 ᠣᠨ ᠳᠤ ᠵᠡᠶᠤᠸᠠᠨ ᠨᠢ 16 ᠳᠠᠬᠤ ᠵᠢᠯ ᠳᠤ ᠰᠣᠨ ᠢ ᠭᠦᠷᠦᠨ ᠢ ᠤᠰᠠᠳᠬᠠᠵᠤ ᠬᠠᠮᠤᠭ ᠤᠨ ᠰᠡᠭᠦᠯ ᠦᠨ ᠤᠳᠤᠭ᠎ᠠ ᠤᠯᠤᠰ ᠢᠶᠠᠨ ᠨᠢᠭᠡᠳᠬᠡᠭᠰᠡᠨ ᠬᠢᠲᠠᠳ᠂ ᠮᠣᠩᠭᠣᠯ᠂ ᠰᠣᠯᠣᠩᠭᠣᠰ ᠨᠢ ᠲᠤᠰ ᠲᠤᠰ ᠤᠨ ᠵᠠᠬᠢᠷᠤᠭᠴᠢ ᠪᠦᠬᠦᠢ 11 ᠠᠶᠢᠮᠠᠭ ᠲᠠᠢ ᠪᠠᠶᠢᠭᠰᠠᠨ᠃ 11 ᠠᠶᠢᠮᠠᠭ ᠠᠴᠠ ᠭᠠᠳᠠᠨ᠎ᠠ ᠲᠥᠪ ᠦᠨ ᠪᠥᠰᠡ ᠳᠦ ᠣᠳᠣ ᠶᠢ ᠡᠮᠦᠨᠡᠲᠦ ᠬᠢᠲᠠᠳ ᠤᠨ ᠶᠡᠬᠡᠩᠬᠢ ᠬᠡᠰᠡᠭ ᠨᠢ ᠪᠠᠭᠳᠠᠵᠣ ᠪᠠᠶᠢᠭᠰᠠᠨ ᠲᠤᠯᠠ ᠡᠵᠡᠨᠲᠦ ᠭᠦᠷᠦᠨ ᠦ ᠬᠤᠪᠢ ᠳᠤ ᠴᠢᠬᠤᠯᠠ ᠬᠡᠰᠡᠭ ᠬᠡᠮᠡᠨ ᠬᠠᠷᠠᠭᠳᠠᠵᠤ ᠪᠠᠶᠢᠭᠰᠠᠨ ᠪᠥᠭᠡᠳ ᠳᠠᠳᠤᠳ ᠵᠡᠬᠣᠩ ᠢᠱᠤᠱᠧᠨ ᠢᠶᠠᠷ ᠰᠢᠭᠤᠳ ᠵᠠᠬᠢᠷᠤᠭᠤᠯᠵᠤ ᠪᠠᠶᠢᠴᠠᠢ᠃ ᠡᠭᠦᠨ ᠡᠴᠡ ᠭᠠᠳᠠᠨ᠎ᠠ ᠲᠥᠪᠡᠳ ᠨᠢ ᠺᠰᠤᠸᠠᠩᠵᠠᠬᠸᠨ ᠢᠰᠲ᠋ᠦᠶᠢᠲ ᠬᠡᠮᠡᠨ ᠨᠡᠷᠡᠯᠡᠳᠡᠭ ᠥᠨᠳᠥᠷᠲᠥᠪᠰᠢᠨ ᠦ ᠤᠳᠤᠷᠢᠳᠤᠯᠭ᠎ᠠ ᠶᠢᠨ ᠰᠢᠰᠲ᠋ᠧᠮ ᠢᠶᠡᠷ ᠵᠠᠬᠢᠷᠳᠠᠭ ᠪᠠᠶᠢᠭᠰᠠᠨ᠃ ᠬᠤᠪᠢᠯᠠᠢ ᠬᠠᠭᠠᠨ ᠡᠬᠡ ᠰᠤᠪᠠᠭ ᠢ ᠪᠠᠶᠢᠭᠤᠯᠰᠤᠨ ᠢᠶᠠᠷ ᠡᠳ᠋ ᠍ ᠦᠨ ᠵᠠᠰᠠᠭ ᠢ ᠥᠰᠬᠡᠵᠦ᠂ ᠪᠠᠷᠢᠯᠭ᠎ᠠ ᠪᠠᠶᠢᠭᠤᠯᠤᠮᠵᠢ ᠶᠢ ᠵᠠᠰᠠᠪᠤᠷᠢᠯᠠᠵᠤ᠂ ᠵᠠᠮ ᠤᠳ ᠢᠶᠠᠨ ᠥᠷᠭᠡᠳᠬᠡᠵᠦ᠂ ᠳᠦᠷᠢᠮ ᠵᠢᠷᠤᠮ ᠢᠶᠠᠨ ᠰᠠᠶᠢᠵᠢᠷᠠᠭᠤᠯᠵᠤ ᠪᠠᠶᠢᠭᠰᠠᠨ᠃ ᠬᠤᠪᠢᠯᠠᠢ ᠬᠠᠭᠠᠨ ᠤ ᠭᠡᠷ ᠦᠨ ᠰᠤᠷᠭᠠᠭᠤᠯᠢ ᠨᠢ ᠬᠠᠭᠤᠴᠢᠨ ᠤ ᠮᠣᠩᠭᠣᠯ ᠤᠯᠠᠮᠵᠢᠯᠠᠯ ᠤᠳ ᠢ ᠵᠠᠷᠢᠮ ᠣᠶᠢᠯᠠᠭᠠᠯᠲᠠ ᠨᠤᠭᠤᠳ ᠢ ᠪᠠᠭᠲᠠᠭᠠᠭᠰᠠᠨ ᠪᠠᠶᠢᠭᠰᠠᠨ ᠪᠥᠭᠡᠳ ᠬᠤᠪᠢᠯᠠᠢ ᠬᠠᠭᠠᠨ ᠵᠠᠰᠠᠭᠯᠠᠯ ᠢᠶᠠᠷ ᠡᠳᠡᠭᠡᠷ ᠤᠯᠠᠮᠵᠢᠯᠠᠭᠤᠳ ᠨᠢ ᠦᠷᠭᠦᠯᠵᠢᠯᠡᠨ ᠶᠠᠪᠤᠭᠳᠠᠭᠰᠠᠨ ᠪᠥᠭᠡᠳ ᠵᠠᠷᠢᠮ ᠨᠢᠭᠡ ᠤᠯᠠᠮᠵᠢᠯᠠᠯᠲᠤ ᠬᠢᠲᠠᠳ ᠤᠨ ᠡᠳ᠋ ᠍ ᠦᠨ ᠵᠠᠰᠠᠭ ᠪᠣᠯᠤᠨ ᠨᠡᠶᠢᠭᠡᠮ ᠰᠤᠶᠤᠯ ᠤᠨ ᠠᠰᠠᠭᠤᠳᠠᠯ ᠨᠡᠪᠲᠡᠷᠡᠭᠰᠡᠨ ᠪᠠᠶᠢᠪᠠ᠃ ᠬᠤᠪᠢᠯᠠᠢ ᠮᠣᠩᠭᠣᠯᠣᠳ ᠤᠨ ᠮᠥᠷᠭᠥᠯᠴᠢᠳ ᠢ 1263 ᠣᠨ ᠳᠤ ᠲᠠᠲᠠᠪᠤᠷᠢ ᠤᠯᠭᠤᠬᠤ ᠶᠣᠰᠣᠲᠠᠢ ᠬᠡᠮᠡᠨ ᠵᠠᠷᠯᠢᠭ ᠭᠠᠷᠭᠠᠭᠰᠠᠨ ᠪᠥᠭᠡᠳ 1268 ᠣᠨ ᠳᠤ ᠵᠠᠬ᠎ᠠ ᠵᠡᠭᠡᠯᠢ ᠶᠢᠨ ᠲᠠᠲᠠᠪᠠᠷ ᠤᠨ ᠠᠯᠪᠠ ᠪᠠᠶᠢᠭᠤᠯᠤᠭᠰᠠᠨ ᠪᠠᠶᠢᠨ᠎ᠠ᠃ ᠮᠣᠩᠭᠣᠯᠴᠤᠳ ᠰᠣᠩᠭ᠎ᠠ ᠶᠢ ᠡᠵᠡᠯᠡᠭᠰᠡᠨ ᠤᠴᠢᠷ ᠮᠥᠷᠭᠥᠯᠴᠢᠳ ᠡᠮᠦᠨᠡᠲᠦ ᠬᠢᠲᠠᠳ ᠤᠨ ᠲᠡᠩᠭᠢᠰ ᠪᠣᠯᠤᠨ ᠡᠨᠡᠳᠬᠡᠭ ᠦᠨ ᠳᠠᠯᠠᠢ ᠣᠷᠴᠢᠮ ᠢᠶᠠᠷ ᠲᠡᠯᠡᠨ ᠪᠠᠶᠢᠷᠢᠯᠠᠭᠰᠠᠨ ᠪᠠᠶᠢᠨ᠎ᠠ᠃1286 ᠣᠨ ᠳᠤ ᠳᠠᠯᠠᠢ ᠡᠷᠭᠢ ᠣᠷᠴᠢᠮ ᠤᠨ ᠬᠤᠳᠠᠯᠳᠤᠭᠠᠨ ᠳᠤ ᠵᠠᠬ᠎ᠠ ᠵᠡᠭᠡᠯᠢ ᠶᠢᠨ ᠲᠠᠲᠠᠪᠤᠷᠢ ᠶᠢᠨ ᠬᠢᠨᠠᠯᠲᠠ ᠶᠢ ᠲᠠᠯᠪᠢᠵᠤ ᠡᠬᠢᠯᠡᠭᠰᠡᠨ᠃ ᠵᠠ᠎ᠠ ᠶᠢᠨ ᠭᠠᠵᠠᠷ ᠢ ᠰᠢᠨᠡᠴᠢᠯᠡᠯ ᠦᠨ ᠭᠣᠣᠯ ᠡᠬᠢ ᠡᠭᠦᠰᠪᠦᠷᠢ ᠨᠢ ᠳᠠᠪᠤᠰᠤᠨ ᠤ ᠮᠣᠨᠣᠫᠣᠯᠢ ᠪᠠᠶᠢᠭᠰᠠᠨ᠃ ᠮᠣᠩᠭᠣᠯ ᠤᠨ ᠵᠠᠬᠢᠷᠭᠠᠨ ᠳᠤ 1227 ᠣᠨ ᠳᠤ ᠴᠠᠭᠠᠰᠤᠨ ᠮᠥᠩᠭᠥ ᠠᠰᠢᠭᠯᠠᠵᠤ ᠡᠬᠢᠯᠡᠭᠰᠡᠨ᠃ 1260 ᠣᠨ ᠤ 8 ᠰᠠᠷ᠎ᠠ ᠳᠤ ᠬᠤᠪᠢᠯᠠᠢ ᠬᠤᠭᠤᠴᠠᠭ᠎ᠠ ᠨᠢ ᠳᠠᠭᠤᠰᠳᠠᠭ ᠦᠭᠡᠢ ᠶᠤᠸᠠᠨ ᠢ ᠡᠷᠭᠢᠯᠲᠡᠨ ᠳᠦ ᠣᠷᠣᠭᠤᠯᠵᠤ ᠳᠠᠩᠰᠠ ᠲᠣᠭᠠᠴᠠᠭ᠎ᠠ ᠪᠦᠬᠦᠢ ᠴᠠᠭᠠᠰᠤᠨ ᠮᠥᠩᠭᠥ ᠶᠢ ᠠᠩᠬ᠎ᠠ ᠪᠤᠢ ᠪᠣᠯᠭᠠᠭᠰᠠᠨ ᠪᠠᠶᠢᠨ᠎ᠠ᠃ ᠡᠶᠢᠨᠬᠦᠦ ᠮᠥᠩᠭᠥ ᠨᠢ ᠠᠯᠲᠠ᠂ ᠮᠥᠩᠭᠥ ᠪᠣᠯᠤᠨ ᠬᠤᠪᠢᠷᠠᠬᠤ ᠪᠣᠯᠤᠮᠵᠢ ᠲᠠᠢ ᠪᠣᠯᠤᠭᠰᠠᠨ ᠪᠥᠭᠡᠳ ᠵᠠᠰᠠᠭ ᠤᠨ ᠭᠠᠵᠠᠷ ᠲᠠᠲᠠᠪᠤᠷᠢ ᠲᠥᠯᠦᠭᠴᠢᠳ ᠡᠴᠡ ᠴᠠᠭᠠᠰᠤᠨ ᠮᠥᠩᠭᠥ ᠠᠪᠳᠠᠭ ᠪᠠᠶᠢᠪᠠ᠃ 1273 ᠣᠨ ᠳᠤ ᠲᠡᠷᠡ ᠪᠡᠷ ᠰᠣᠩᠭᠣ ᠶᠢᠨ ᠡᠵᠡᠯᠡᠨ ᠲᠦᠷᠢᠮᠡᠭᠡᠶᠢᠯᠡᠭᠴᠢᠳ ᠲᠦ ᠡᠳ᠋ ᠍ ᠦᠨ ᠵᠠᠰᠠᠭ ᠤᠨ ᠲᠤᠰᠠᠯᠠᠮᠵᠢ ᠳᠡᠮᠵᠢᠯᠭᠡ ᠦᠵᠡᠭᠦᠯᠦᠭᠰᠡᠨ᠃ ᠡᠶᠢᠨᠬᠦᠦ ᠴᠢᠣ ᠬᠡᠮᠡᠨ ᠨᠡᠷᠡᠯᠡᠭᠳᠡᠳᠡᠭ ᠴᠠᠭᠠᠰᠤᠨ ᠮᠥᠩᠭᠥ ᠪᠡᠷ ᠯᠠ ᠲᠠᠲᠠᠪᠤᠷᠢ ᠪᠠᠨ ᠲᠥᠯᠥᠬᠦ ᠶᠢ ᠱᠠᠭᠠᠷᠳᠠᠳᠠᠭ ᠪᠣᠯᠤᠭᠰᠠᠨ᠃ ᠬᠤᠪᠢᠯᠠᠢ ᠶᠢᠨ ᠵᠠᠰᠠᠭᠯᠠᠯ ᠭᠠᠳᠠᠨ᠎ᠠ ᠶᠢᠨ ᠮᠥᠷᠭᠥᠯᠴᠢᠳ ᠶᠠᠭᠤᠮᠤ ᠡᠩ ᠦᠨ ᠢᠷᠭᠡᠳ ᠡᠴᠡ ᠠᠯᠲᠠ ᠮᠥᠩᠭᠥᠨ ᠬᠡᠯᠪᠡᠷᠢ ᠪᠡᠷ ᠲᠠᠲᠠᠪᠤᠷᠢ ᠪᠠᠨ ᠬᠤᠷᠢᠶᠠᠨ ᠠᠪᠴᠤ ᠪᠠᠶᠢᠭᠰᠠᠨ᠃ ᠭᠡᠪᠡᠴᠦ ᠨᠠᠶᠢᠮᠠᠶᠢᠴᠢᠳ ᠰᠣᠯᠢᠯᠴᠠᠭ᠎ᠠ ᠬᠢᠵᠦ ᠵᠠᠰᠠᠭ ᠤᠨ ᠭᠠᠵᠠᠷ ᠠᠴᠠ ᠠᠪᠳᠠᠭ ᠪᠣᠯᠤᠭᠰᠠᠨ᠃ ᠬᠤᠪᠢᠯᠠᠢ ᠬᠠᠭᠠᠨ ᠠᠩᠬ᠎ᠠ ᠶᠠᠭᠠᠬᠢᠭᠠᠳ ᠹᠢᠶᠠᠲ ᠮᠥᠩᠭᠥ ᠦᠢᠯᠡᠳᠪᠦᠷᠢᠯᠡᠭᠴᠢᠳ ᠢ ᠪᠤᠢ ᠪᠣᠯᠭᠠᠭᠰᠠᠨ ᠤ ᠤᠴᠢᠷ ᠨᠢ ᠡᠶᠢᠮᠦ ᠶᠠᠭᠤᠮ᠎ᠠ᠃ ᠴᠠᠭᠠᠰᠤᠨ ᠪᠠᠷᠢᠮᠲᠠ ᠨᠤᠭᠤᠳ ᠨᠢ ᠴᠤᠭᠯᠠᠭᠤᠯᠤᠭᠰᠠᠨ ᠲᠠᠲᠠᠪᠤᠷᠢ ᠢ ᠢ ᠪᠤᠢ ᠪᠣᠯᠭᠠᠳᠠᠭ ᠪᠥᠭᠡᠳ ᠡᠨᠡᠬᠦ ᠲᠣᠮᠣ ᠤᠯᠤᠰ ᠣᠷᠣᠨ ᠤ ᠵᠣᠭᠣᠰ ᠲᠡᠭᠡᠭᠡᠪᠦᠷᠢᠯᠡᠬᠦ ᠳᠦ ᠵᠠᠷᠤᠴᠠᠭᠤᠯᠳᠠᠭ ᠪᠠᠶᠢᠭᠰᠠᠨ ᠵᠠᠷᠤᠳᠠᠯ ᠢ ᠪᠠᠭᠤᠷᠠᠭᠤᠯᠤᠭᠰᠠᠨ᠃ 1287 ᠣᠨ ᠳᠤ ᠬᠤᠪᠢᠯᠠᠢ ᠶᠢᠨ ᠰᠠᠶᠢᠳ ᠰᠠᠨᠭᠬᠠᠨ ᠵᠡᠬᠡᠡᠶᠤᠸᠠᠨ ᠬᠡᠮᠡᠬᠦ ᠰᠢᠨ᠎ᠡ ᠮᠥᠩᠭᠥᠨ ᠪᠤᠢ ᠪᠣᠯᠭᠠᠭᠰᠠᠨ᠃ ᠡᠨᠡ ᠨᠢ ᠬᠦᠷᠪᠡᠬᠦ ᠴᠢᠳᠠᠪᠤᠷᠢ ᠦᠭᠡᠢ ᠪᠠᠶᠢᠭᠰᠠᠨ ᠪᠥᠭᠡᠳ ᠵᠡᠰ ᠢᠶᠡᠷ ᠬᠢᠭᠰᠡᠨ ᠪᠠᠶᠢᠪᠠ᠃ ᠢᠯᠬᠠᠨᠠᠲᠤ ᠶᠢᠨ ᠲᠢᠶᠺᠬᠠᠲᠤᠭ ᠤᠨ ᠳᠠᠷᠠᠭ᠎ᠠ ᠫᠧᠷᠰ ᠪᠣᠯᠤᠨ ᠳᠤᠮᠳᠠᠴᠢᠬᠠᠨ ᠤ ᠰᠢᠰᠲ᠋ᠧᠮ ᠳᠦ ᠡᠭᠦᠨ ᠢ ᠬᠡᠷᠡᠭᠯᠡᠬᠦ ᠶᠠᠮᠠᠷ ᠴᠤ ᠪᠣᠯᠤᠮᠵᠢ ᠦᠭᠡᠢ ᠤᠴᠢᠷ ᠬᠡᠷᠡᠭᠯᠡᠭᠡᠨ ᠡᠴᠡ ᠭᠠᠷᠤᠭᠰᠠᠨ᠃ ᠬᠤᠪᠢᠯᠠᠢ ᠠᠽᠢᠶ᠎ᠠ ᠶᠢᠨ ᠤᠷᠠᠯᠢᠭ ᠢ ᠳᠡᠮᠵᠢᠳᠡᠭ ᠪᠠᠶᠢᠭᠰᠠᠨ ᠪᠥᠭᠡᠳ ᠱᠠᠰᠢᠨ ᠤ ᠢᠲᠡᠭᠡᠯ ᠢ ᠴᠤ ᠳᠡᠮᠵᠢᠳᠡᠭ ᠪᠠᠶᠢᠴᠠᠢ᠃ ᠬᠤᠪᠢᠯᠠᠢ ᠬᠠᠭᠠᠨ ᠲᠠᠢᠰᠲ ᠤᠨ ᠡᠰᠡᠷᠬᠦ ᠦᠵᠡᠯ ᠪᠠᠷᠢᠮᠲᠠᠯᠠᠯ ᠲᠠᠢ ᠪᠠᠶᠢᠭᠰᠠᠨ᠃ 1270 ᠣᠨ ᠳᠤ ᠮᠠᠷᠺᠣ ᠫᠣᠯᠣ ᠭᠡᠬᠦ ᠮᠡᠲᠦ ᠶᠢᠨ ᠬᠡᠳᠦ ᠬᠡᠳᠦᠨ ᠧᠦᠢᠷᠣᠫᠠᠴᠤᠳ ᠮᠣᠩᠭᠣᠯ ᠭᠦᠷᠦᠨ ᠳᠦ ᠵᠣᠴᠢᠯᠠᠨ ᠢᠷᠡᠭᠰᠡᠨ ᠪᠠᠶᠢᠳᠠᠭ᠃

ᠶᠡᠬᠡ ᠭᠦᠷᠦᠨ ᠦ ᠨᠡᠶᠢᠰᠯᠡᠯ ᠬᠣᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1260 ᠣᠨ ᠤ 5 ᠰᠠᠷᠢᠢᠨ 5 ᠍ ᠳᠦ ᠱᠠᠩᠳᠤᠳ ᠬᠤᠪᠢᠯᠠᠢ ᠬᠠᠭᠠᠨ ᠨᠡᠶᠢᠰᠯᠡᠯ ᠢᠶᠡᠨ ᠰᠢᠯᠵᠢᠭᠦᠯᠦᠭᠰᠡᠨ ᠢᠶᠡᠷ ᠤᠯᠤᠰ ᠢᠶᠠᠨ ᠵᠣᠬᠢᠶᠠᠨ ᠪᠠᠶᠢᠭᠤᠯᠵᠤ ᠡᠬᠢᠯᠡᠭᠰᠡᠨ᠃ ᠲᠤᠣ ᠨᠢ ᠢᠨᠵᠧᠨᠧᠷ ᠦᠨ ᠠᠵᠢᠯ ᠳᠤ ᠰᠣᠨᠢᠷᠬᠠᠯ ᠦᠭᠡᠢ ᠪᠠᠶᠢᠭᠰᠠᠨ ᠴᠤ ᠣᠳᠣᠨ ᠣᠷᠣᠨ ᠤ ᠠᠵᠢᠯ ᠳᠤ ᠣᠷᠣᠭᠰᠠᠨ᠃ ᠲᠡᠷᠡ ᠪᠡᠷ ᠪᠠᠭᠠᠵᠢ ᠵᠣᠬᠢᠶᠠᠨ ᠪᠦᠲᠦᠭᠡᠬᠦ ᠳᠦ ᠪᠡᠨ ᠤᠷ᠎ᠠ ᠴᠢᠳᠠᠪᠤᠷᠢ ᠲᠠᠢ ᠪᠠᠶᠢᠭᠰᠠᠨ ᠪᠥᠭᠡᠳ ᠬᠢᠭᠰᠡᠨ ᠲᠥᠬᠥᠭᠡᠷᠦᠮᠵᠢ ᠨᠦᠭᠦᠳ ᠢᠶᠡᠷ ᠢᠶᠡᠨ ᠣᠳᠣᠨ ᠣᠷᠣᠨ ᠤ ᠠᠵᠢᠭᠡᠯᠡᠯᠲᠠ ᠶᠠᠪᠤᠭᠤᠯᠳᠠᠭ ᠪᠠᠶᠢᠪᠠ᠃ ᠲᠡᠷᠡ ᠪᠡᠷ ᠣᠳᠣᠨ ᠣᠷᠣᠨ ᠤ ᠲᠦᠬᠬᠦᠭᠡᠷᠦᠮᠵᠢ ᠨᠦᠭᠦᠳ ᠢ ᠠᠰᠢᠭᠯᠠᠨ ᠨᠠᠷᠢᠪᠴᠢᠯᠠᠭᠰᠠᠨ ᠬᠤᠭᠤᠴᠠᠭ᠎ᠠ ᠶᠢ ᠬᠠᠷᠠᠭᠤᠯᠵᠤ ᠴᠢᠳᠠᠳᠠᠭ ᠤᠰᠤᠨ ᠴᠠᠭ ᠢ ᠪᠦᠲᠦᠭᠡᠭᠰᠡᠨ᠃ ᠲᠦᠺᠮᠢᠰᠲᠠᠨ ᠤ ᠤᠷᠠᠨ ᠪᠠᠷᠢᠯᠭᠠᠴᠢᠨ ᠢᠭᠬᠢᠲᠥᠷ ᠠᠯᠠ ᠳ᠋ᠢᠶᠡᠩ ᠬᠠᠭᠠᠨ ᠪᠠ ᠬᠠᠨ ᠪᠠᠯᠢᠭ ᠤᠨ ᠨᠡᠶᠢᠰᠯᠡᠯ ᠦᠨ ᠪᠠᠷᠢᠯᠭ᠎ᠠ ᠨᠤᠭᠤᠳ ᠤᠨ ᠵᠠᠭᠪᠤᠷ ᠢ ᠪᠠᠶᠢᠭᠤᠯᠤᠭᠰᠠᠨ᠃ ᠶᠡᠬᠡ ᠬᠠᠭᠠᠨ ᠰᠢᠨ᠎ᠡ ᠨᠡᠶᠢᠰᠯᠡᠯ ᠢᠶᠡᠨ ᠪᠠᠷᠢᠵᠤ ᠪᠠᠶᠢᠭᠤᠯᠬᠤ ᠶᠢᠨ ᠲᠤᠯᠠᠳᠠ ᠭᠠᠳᠠᠨ᠎ᠠ ᠶᠢᠨ ᠮᠠᠰᠢ ᠣᠯᠠᠨ ᠠᠵᠢᠯᠴᠢᠳ ᠢ ᠠᠪᠤᠭᠰᠠᠨ ᠪᠠᠶᠢᠨ᠎ᠠ᠃ ᠲᠡᠭᠦᠨ ᠦ ᠨᠢᠭᠡ ᠪᠣᠯᠬᠤ ᠨᠧᠫᠠᠯ ᠠᠴᠠ ᠢᠷᠡᠭᠰᠡᠨ ᠠᠷᠨᠢᠭ᠎ᠠ ᠴᠠᠭᠠᠨ ᠰᠲ᠋ᠢᠤᠢᠹᠠᠭ ᠪᠠᠶᠢᠭᠤᠯᠤᠭᠰᠠᠨ ᠪᠥᠭᠡᠳ ᠡᠨᠡ ᠨᠢ ᠬᠠᠨ ᠪᠠᠯᠢᠺ ᠳᠠᠳᠤ ᠳᠤ ᠪᠠᠨ ᠬᠠᠮᠤᠭ ᠤᠨ ᠲᠣᠮᠣ ᠨᠢ ᠪᠠᠶᠢᠴᠠᠢ᠃ ᠵᠡᠬᠠᠩᠭ᠎ᠠ ᠶᠢᠨ ᠬᠤᠪᠢᠯᠠᠢ ᠬᠠᠭᠠᠨ ᠳᠤ ᠵᠥᠪᠯᠡᠭᠰᠡᠨ ᠲᠡᠭᠦᠨ ᠦ ᠨᠠᠶᠢᠵᠠ ᠪᠣᠯᠬᠤ ᠲᠤᠣ ᠨᠢ ᠤᠰᠤᠨ ᠪᠠᠶᠢᠭᠤᠯᠤᠮᠵᠢ ᠪᠦᠬᠦᠢ ᠢᠨᠵᠧᠨᠧᠷ ᠦᠨ ᠰᠢᠢᠳᠦᠯ ᠢ ᠭᠠᠷᠭᠠᠭᠰᠠᠨ ᠪᠠᠶᠢᠨ᠎ᠠ᠃ ᠬᠤᠪᠢᠯᠠᠢ ᠬᠠᠭᠠᠨ ᠤᠰᠤᠵᠢᠭᠤᠯᠤᠯᠲᠠ᠂ ᠲᠠᠷᠢᠶ᠎ᠠ ᠨᠣᠭᠣᠭᠠᠨ ᠤ ᠲᠡᠭᠡᠭᠡᠪᠦᠷᠢᠯᠡᠯᠲᠡ᠂ ᠦᠶᠡᠷ ᠦᠨ ᠬᠢᠨᠠᠯᠲᠠ ᠵᠡᠷᠭᠡ ᠳᠦ ᠤᠰᠤᠨ ᠤ ᠮᠧᠨᠧᠵᠮᠧᠨᠲ ᠴᠢᠬᠤᠯᠠ ᠭᠡᠳᠡᠭ ᠢ ᠮᠡᠳᠡᠵᠦ ᠪᠠᠶᠢᠭᠰᠠᠨ ᠪᠥᠭᠡᠳ ᠳᠠᠳᠤ ᠪᠠ ᠰᠢᠷ᠎ᠠ ᠮᠥᠷᠡᠨ ᠦ ᠬᠣᠭᠣᠷᠣᠨᠳᠣᠬᠢ ᠲᠠᠯᠠᠪᠠᠢ ᠳᠤ ᠡᠳᠡᠭᠡᠷ ᠣᠪᠧᠺᠲ ᠤᠳ ᠢ ᠬᠡᠷᠬᠢᠨ ᠣᠷᠣᠭᠤᠯᠵᠤ ᠪᠣᠯᠬᠤ ᠶᠢ ᠲᠤᠣ᠋ ᠍ ᠠᠴᠠ ᠣᠷᠣᠭᠤᠯᠵᠤ ᠪᠠᠶᠢᠴᠠᠢ᠃ ᠲᠤᠣ ᠳᠠᠳᠤᠳ ᠰᠢᠨ᠎ᠡ ᠤᠰᠤᠨ ᠤ ᠬᠠᠩᠭᠠᠮᠵᠢ ᠶᠢ ᠰᠢᠩᠰᠢᠨ ᠠᠭᠤᠯᠠᠨ ᠳᠠᠬᠤ ᠪᠠᠢᠪᠦ᠋ ᠬᠡᠮᠡᠬᠦ ᠭᠠᠵᠠᠷ ᠠᠴᠠ 30 ᠺᠢᠯᠣᠮᠧᠲ᠋ᠷ ᠤᠷᠲᠤ ᠰᠤᠪᠠᠭ ᠲᠠᠲᠠᠨ ᠳᠠᠳᠤᠳ ᠤᠰᠤ ᠲᠠᠲᠠᠵᠠᠢ᠃ ᠲᠡᠷᠡᠪᠡᠷ ᠥᠪᠡᠷ ᠥᠪᠡᠷ ᠭᠣᠣᠯ ᠤᠨ ᠰᠠᠪᠠ ᠭᠠᠵᠠᠷ ᠤᠳ ᠢ ᠬᠣᠯᠪᠣᠵᠤ ᠰᠢᠨ᠎ᠡ ᠰᠢᠨ᠎ᠡ ᠰᠤᠪᠠᠭ ᠪᠠᠶᠢᠭᠤᠯᠵᠤ ᠤᠰᠤᠨ ᠤ ᠲᠥᠪᠰᠢᠨ ᠢ ᠪᠠᠶᠢᠭᠤᠯᠵᠤ᠂ᠥᠪᠡᠷ ᠠᠮᠵᠢᠯᠲᠠ ᠲᠠᠢ ᠪᠣᠯᠭᠠᠵᠤ ᠪᠣᠯᠬᠤ ᠰᠠᠶᠢᠵᠢᠷᠠᠭᠤᠯᠤᠭᠰᠠᠨ ᠵᠦᠢᠯ ᠦᠳ ᠢ ᠪᠤᠢ ᠪᠣᠯᠭᠠᠬᠤ ᠪᠣᠳᠣᠯ ᠲᠠᠢ ᠪᠠᠶᠢᠴᠠᠢ᠃ ᠡᠭᠦᠪᠡᠷ ᠢᠶᠡᠨ ᠬᠤᠪᠢᠯᠠᠢ ᠬᠠᠭᠠᠨ ᠳᠤ ᠲᠠᠰᠤᠯᠤᠭᠳᠠᠭᠰᠠᠨ ᠪᠥᠭᠡᠳ ᠲᠤᠣ ᠤᠯᠤᠰ ᠣᠷᠣᠨ ᠤ ᠪᠤᠰᠤᠳ ᠬᠡᠰᠡᠭ ᠦᠳ ᠲᠦ ᠲᠥᠰᠲᠡᠢ ᠬᠥᠲᠥᠯᠪᠦᠷᠢ ᠨᠦᠭᠦᠳ ᠢ ᠬᠡᠷᠡᠭᠵᠢᠭᠦᠯᠵᠦ ᠪᠠᠶᠢᠴᠠᠢ᠃ 1264 ᠣᠨ ᠳᠤ ᠲᠡᠷᠡᠪᠡᠷ ᠮᠣᠩᠭᠣᠯ ᠤᠨ ᠬᠡᠳᠦᠨ ᠵᠢᠯ ᠦᠨ ᠲᠤᠷᠰᠢ ᠬᠢᠭᠰᠡᠨ ᠳᠠᠶᠢᠨ ᠤ ᠦᠶ᠎ᠡ ᠶᠢᠨ ᠤᠰᠤᠵᠢᠭᠤᠯᠤᠯᠲᠠ ᠶᠢᠨ ᠰᠢᠰᠲ᠋ᠧᠮ ᠳᠦ ᠠᠩᠬᠠᠷᠤᠯ ᠢᠶᠠᠨ ᠬᠠᠨᠳᠤᠭᠤᠯᠵᠤ ᠭᠡᠮᠲᠦᠯ ᠢ ᠨᠢ ᠵᠠᠰᠠᠬᠤ ᠲᠠᠯ᠎ᠠ ᠪᠠᠷ ᠬᠠᠮᠢᠭ᠎ᠠ ᠠᠴᠠ ᠠᠰᠠᠭᠤᠵᠤ ᠪᠠᠶᠢᠭᠰᠠᠨ᠃ ᠲᠤᠣ ᠨᠢ ᠵᠡᠬᠤᠨ ᠢ ᠨᠠᠶᠢᠵᠠ ᠲᠠᠢ ᠪᠠᠨ ᠪᠠᠶᠢᠩᠭᠤ ᠬᠠᠮᠲᠤ ᠶᠠᠪᠤᠳᠠᠭ ᠪᠠᠶᠢᠭᠰᠠᠨ ᠪᠥᠭᠡᠳ ᠰᠢᠰᠲ᠋ᠧᠮ ᠦᠨ ᠭᠡᠮᠲᠦᠭᠰᠡᠨ ᠬᠡᠰᠡᠭ ᠢ ᠵᠠᠰᠠᠬᠤ ᠳᠤ ᠲᠤᠰᠠᠯᠠᠵᠤ᠂ ᠦᠷ᠎ᠡ ᠳ᠋ᠦᠩ ᠲᠡᠢ ᠠᠵᠢᠯ ᠬᠢᠬᠦ ᠳᠦ ᠨᠡᠮᠡᠷᠢ ᠪᠣᠯᠳᠠᠭ ᠬᠡᠮᠡᠨ ᠲᠡᠮᠳᠡᠭᠯᠡᠭᠰᠡᠨ ᠪᠠᠶᠢᠳᠠᠭ᠃ ᠲᠡᠷᠡ ᠪᠡᠷ ᠮᠡᠳᠡᠭᠳᠡᠯ ᠢᠶᠡᠨ ᠬᠤᠪᠢᠯᠠᠢ ᠬᠠᠭᠠᠨ ᠳᠤ ᠰᠢᠭᠤᠳ ᠶᠠᠪᠤᠭᠤᠯᠳᠠᠭ ᠪᠠᠶᠢᠴᠠᠢ᠃

ᠨᠠᠶᠠᠨ ᠤ ᠪᠣᠰᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1274 ᠣᠨ ᠳᠤ ᠬᠤᠪᠢᠯᠠᠢ ᠬᠠᠭᠠᠨ ᠵᠦᠷᠴᠢᠳ ᠳᠠᠬᠢ ᠮᠣᠩᠭᠣᠯ ᠤᠨ ᠲᠥᠯᠥᠭᠡᠯᠡᠭᠴᠢ ᠪᠡᠷ ᠯᠠᠨᠢ ᠬᠢᠭᠢᠶᠠᠨ ᠢ ᠲᠣᠮᠢᠯᠠᠭᠰᠠᠨ᠃ ᠴᠢᠩᠭᠢᠰ ᠬᠠᠭᠠᠨ ᠤ ᠳᠡᠭᠦᠦ ᠪᠡᠯᠡᠭ ᠲᠡᠢ ᠶᠢᠨ 4 ᠳ᠋ᠡᠬᠢ ᠦᠶ᠎ᠡ ᠶᠢᠨ ᠬᠢᠨ ᠢ 1287 ᠣᠨ ᠳᠤ ᠨᠠᠶᠠᠨ ᠨᠢ ᠡᠳᠦᠭᠡᠨ ᠬᠠᠳᠬᠠᠵᠠᠢ᠃ ᠨᠠᠶᠠᠨ ᠨᠢ ᠲᠥᠪ ᠠᠽᠢᠶ᠎ᠠ ᠳᠠᠬᠢ ᠬᠤᠪᠢᠯᠠᠢ ᠶᠢᠨ ᠥᠷᠢᠰᠦᠯᠳᠦᠭᠴᠢ ᠪᠣᠯᠬᠤ ᠬᠠᠶᠢᠳᠤ ᠲᠠᠢ ᠬᠣᠯᠪᠣᠭ᠎ᠠ ᠲᠣᠭᠲᠠᠭᠠᠴᠠᠢ᠃ ᠲᠡᠭᠦᠨ ᠦ ᠬᠠᠷᠢᠶᠠᠨ ᠳᠤ ᠵᠦᠷᠴᠢᠳ᠂ ᠬᠢᠳᠠᠨ᠂ ᠮᠣᠩᠭᠣᠯ ᠤᠭᠰᠠᠭᠠᠨ ᠤ ᠴᠡᠷᠢᠭ ᠦᠳ ᠵᠠᠬᠢᠷᠤᠭᠳᠠᠵᠤ ᠪᠠᠶᠢᠭᠰᠠᠨ᠃ ᠬᠠᠰᠠᠷ ᠤᠨ ᠬᠦᠦ ᠪᠣᠯᠬᠤ ᠱᠢᠺᠺᠲ᠋ᠦᠶᠢᠷ ᠪᠠ ᠬᠠᠴᠢᠭᠤᠨ ᠤ ᠦᠷ᠎ᠡ ᠤᠳᠤᠮ ᠪᠣᠯᠬᠤ ᠬᠠᠳᠠᠨ ᠤ ᠤᠳᠤᠷᠢᠳᠤᠯᠭᠠᠨ ᠳᠣᠣᠷ᠎ᠠ ᠪᠣᠰᠤᠯᠭ᠎ᠠ ᠭᠠᠷᠴᠠᠢ᠃ ᠨᠠᠶᠠᠨ ᠨᠢ ᠴᠢᠩᠭᠢᠰ ᠬᠠᠭᠠᠨ ᠤ ᠬᠦᠦ ᠬᠦᠯᠢᠭᠡᠨ ᠦ ᠡᠪᠠᠭᠧᠨ ᠦ ᠲᠠᠶᠢᠵᠢ ᠪᠠᠶᠢᠭᠰᠠᠨ ᠪᠥᠭᠡᠳᠬᠦᠳᠦᠨ ᠦ ᠭᠡᠷ ᠪᠦᠯᠢ ᠶᠢᠨ ᠭᠡᠰᠢᠭᠦᠨ᠂ ᠭᠦᠶᠦᠭ ᠬᠠᠭᠠᠨ ᠤ ᠳᠡᠭᠦᠦ ᠪᠠᠶᠢᠭᠰᠠᠨ ᠤᠴᠢᠷ ᠲᠡᠭᠦᠨ ᠦ ᠪᠣᠰᠤᠯᠭ᠎ᠠ ᠳᠤ ᠴᠡᠷᠢᠭ ᠢᠶᠡᠨ ᠨᠢᠭᠡᠳᠬᠡᠭᠰᠡᠨ ᠬᠤᠪᠢᠯᠠᠢ ᠨᠠᠶᠠᠨ ᠤ ᠡᠰᠡᠷᠬᠦ ᠪᠠᠶᠠᠨ ᠵᠠᠩᠵᠤᠨ ᠢ ᠶᠠᠪᠤᠭᠤᠯᠤᠭᠰᠠᠨ ᠪᠥᠭᠡᠳ ᠬᠠᠶᠢᠳᠤ ᠬᠠᠷᠠᠬᠣᠷᠢᠨ ᠢ ᠡᠵᠡᠯᠡᠨ ᠦᠯᠡᠳᠡᠵᠦ ᠵᠢᠷᠦᠴᠢᠳ ᠦᠨ ᠪᠣᠰᠤᠯᠭ᠎ᠠ ᠷᠤ ᠥᠭᠡᠷ᠎ᠡ ᠨᠢᠭᠡ ᠴᠡᠷᠢᠭ ᠦᠨ ᠬᠦᠴᠦ ᠶᠢ ᠶᠠᠪᠤᠭᠤᠯᠵᠠᠢ᠃ ᠬᠤᠪᠢᠯᠠᠢ ᠬᠠᠭᠠᠨ ᠤ ᠵᠠᠩᠵᠤᠨ ᠯᠢᠲᠢᠩ ᠦᠨ ᠤᠳᠤᠯᠳᠠᠯᠭᠠᠨ ᠳᠣᠣᠷ᠎ᠠ ᠨᠠᠶᠤᠩᠭ᠎ᠠ ᠶᠢᠨ 60000 ᠴᠡᠷᠢᠭ ᠲᠡᠢ ᠪᠠᠶᠢᠯᠳᠤᠵᠠᠢ᠃ ᠭᠦᠷᠦᠶᠣᠭ᠎ᠠ ᠶᠢᠨ ᠴᠦᠩ ᠨᠸᠯ ᠸᠠᠩ ᠪᠣᠰᠤᠯᠭ᠎ᠠ ᠶᠢ ᠳᠠᠷᠤᠬᠤ ᠳᠤ ᠴᠡᠷᠢᠭ ᠢᠶᠡᠷ ᠢᠶᠡᠨ ᠲᠤᠰᠠᠯᠠᠭᠰᠠᠨ ᠪᠠᠶᠢᠨ᠎ᠠ᠃ ᠰᠢᠷᠦᠭᠦᠨ ᠲᠤᠯᠤᠯᠳᠤᠭᠠᠨ ᠤ ᠳᠠᠷᠠᠭ᠎ᠠ ᠨᠠᠶᠠᠨ ᠤ ᠴᠡᠷᠢᠭ ᠦᠳ ᠤᠬᠤᠷᠢᠭᠰᠠᠨ ᠪᠥᠭᠡᠳ ᠯᠢᠲᠢᠩ ᠢ ᠪᠥᠮᠪᠥᠭᠡᠳᠡᠵᠦ ᠡᠬᠢᠯᠡᠭᠰᠡᠨ ᠢᠶᠡᠷ ᠰᠥᠨᠢ ᠶᠢᠨ ᠴᠠᠭ ᠢᠶᠠᠷ ᠨᠠᠶᠠᠨ ᠤ ᠴᠡᠷᠢᠭ ᠦᠨ ᠬᠦᠷᠢᠶ᠎ᠡ ᠶᠢ ᠪᠤᠲᠠ ᠴᠣᠬᠢᠭᠰᠠᠨ ᠪᠠᠶᠢᠨ᠎ᠠ᠃ ᠬᠤᠪᠢᠯᠠᠢ ᠶᠢᠨ ᠴᠡᠷᠢᠭ ᠦᠨ ᠬᠦᠴᠦ ᠨᠠᠶᠠᠨ ᠢ ᠤᠰᠠᠳᠬᠠᠭᠰᠠᠨ᠃ ᠡᠨᠡ ᠦᠶ᠎ᠡ ᠳᠦ ᠱᠢᠺᠠᠲ᠋ᠦᠶᠢᠷ ᠨᠢ ᠯᠢᠶᠤᠤᠨᠢᠩ ᠮᠤᠵᠢ ᠳᠤ ᠪᠣᠰᠤᠯᠭ᠎ᠠ ᠭᠠᠷᠭᠠᠭᠰᠠᠨ ᠪᠣᠯᠪᠠᠴᠤ ᠰᠠᠷ᠎ᠠ ᠶᠢᠨ ᠳᠣᠲᠣᠷ᠎ᠠ ᠲᠡᠭᠦᠨ ᠢ ᠨᠢᠴᠤᠭᠠᠴᠠᠢ᠃ ᠬᠠᠶᠢᠳᠤ ᠨᠢ ᠳᠠᠶᠢᠨ ᠠᠴᠠ ᠵᠢᠭᠤᠲᠠᠭᠠᠨ ᠬᠣᠶᠢᠳᠤ ᠵᠦᠭ ᠷᠦᠦ ᠶᠠᠪᠤᠭᠰᠠᠨ᠃ ᠬᠡᠳᠦᠢ ᠲᠡᠶᠢᠮᠦ ᠪᠣᠯᠪᠠᠴᠤ ᠬᠠᠶᠢᠳᠤ ᠴᠢᠩᠭᠠᠢ ᠪᠠᠯᠭᠠᠰᠤᠨ ᠳᠠᠬᠢ ᠶᠤᠸᠠᠨ ᠤᠯᠤᠰ ᠤᠨ ᠭᠣᠣᠯ ᠴᠡᠷᠢᠭ ᠦᠨ ᠬᠦᠴᠦ ᠶᠢ ᠪᠠᠭᠤᠯᠭᠠᠨ ᠠᠪᠤᠭᠰᠠᠨ ᠪᠥᠭᠡᠳ 1289 ᠣᠨ ᠳᠤ ᠮᠠᠰᠢ ᠪᠣᠭᠣᠨᠢ ᠬᠤᠭᠤᠴᠠᠭᠠᠨ ᠳᠤ ᠬᠠᠷᠠᠬᠣᠷᠣᠮ ᠢ ᠡᠵᠡᠯᠡᠨ ᠰᠠᠭᠤᠭᠰᠠᠨ ᠪᠠᠶᠢᠨ᠎ᠠ᠃ ᠬᠠᠶᠢᠳᠤ ᠬᠤᠪᠢᠯᠠᠢ ᠬᠠᠭᠠᠨ ᠴᠡᠷᠢᠭ ᠦᠨ ᠲᠣᠮᠣᠬᠠᠨ ᠬᠦᠴᠦ ᠪᠡᠨ ᠬᠥᠳᠡᠯᠦᠭᠡᠬᠦ ᠡᠴᠡ ᠡᠮᠦᠨ᠎ᠡ ᠵᠢᠭᠤᠲᠠᠭᠠᠵᠠᠢ᠃ 1289 ᠣᠨ ᠬᠦᠷᠲᠡᠯ᠎ᠡ ᠨᠠᠶᠠᠨ ᠢ ᠳᠡᠮᠵᠢᠳᠡᠭ ᠬᠦᠮᠦᠰ ᠪᠠᠶᠢᠭᠰᠠᠨ ᠪᠣᠯᠪᠠᠴᠤ ᠠᠶᠠᠨᠳᠠᠭᠠᠨ ᠠᠯᠠᠭ᠎ᠠ ᠪᠣᠯᠤᠭᠰᠠᠨ᠃ ᠪᠣᠰᠤᠯᠭ᠎ᠠ ᠭᠠᠷᠭᠠᠭᠰᠠᠨ ᠲᠠᠶᠢᠵᠢ ᠶᠢᠨ ᠴᠡᠷᠢᠭ ᠦᠨ ᠬᠦᠴᠦᠨ ᠦ ᠬᠢᠨ ᠭᠡᠷ ᠪᠦᠯᠡ ᠶᠢᠨ ᠬᠢᠨ ᠦ ᠪᠡᠨ ᠬᠠᠮᠲᠤ ᠤᠯᠤᠰ ᠣᠷᠣᠨ ᠪᠦᠷᠢ ᠳᠦ ᠪᠡᠨ ᠪᠤᠴᠠᠭᠰᠠᠨ ᠪᠠᠶᠢᠪᠠ᠃ ᠬᠤᠪᠢᠯᠠᠢ ᠮᠣᠩᠭᠣᠯ ᠵᠦᠷᠴᠢᠳ ᠲᠦ ᠭᠠᠷᠤᠭᠰᠠᠨ ᠪᠣᠰᠤᠯᠭ᠎ᠠ ᠶᠢᠨ ᠦᠶ᠎ᠡ ᠪᠡᠷ ᠵᠠᠷᠢᠮ ᠬᠦᠮᠦᠰ ᠢ ᠵᠠᠯᠬᠠᠭᠠᠨ ᠴᠡᠭᠡᠷᠯᠡᠭᠦᠯᠦᠭᠰᠡᠨ ᠪᠠᠶᠢᠨ᠎ᠠ᠃ ᠡᠨᠡᠬᠦ ᠪᠣᠰᠤᠯᠭ᠎ᠠ ᠶᠢᠨ ᠤᠯᠠᠮ ᠠᠴᠠ 1287 ᠣᠨ ᠤ 12 ᠍ ᠳᠦᠭᠡᠷ ᠰᠠᠷ᠎ᠠ ᠶᠢᠨ 4 ᠍ ᠳᠦ ᠯᠢᠶᠣᠣᠢᠩ ᠦᠨ ᠰᠠᠯᠪᠤᠷᠢ ᠲᠠᠩᠨᠠᠭᠤᠯ ᠤᠨ ᠭᠠᠵᠠᠷ ᠢ ᠡᠭᠦᠰᠬᠡᠨ ᠪᠠᠶᠢᠭᠤᠯᠵᠠᠢ᠃

ᠥᠲᠡᠯ᠎ᠡ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠠᠪᠤ ᠠᠴᠠ ᠪᠠᠨ 9 ᠵᠢᠯ ᠦᠨ ᠡᠮᠦᠨ᠎ᠡ ᠪᠤᠶᠤ 1285 ᠣᠨ ᠳᠤ ᠨᠠᠰᠤ ᠪᠠᠷᠠᠵᠠᠢ᠃ ᠬᠤᠪᠢᠯᠠᠢ ᠬᠠᠷᠠᠮᠰᠠᠨ ᠭᠠᠰᠢᠭᠤᠳᠠᠭᠰᠠᠨ ᠪᠥᠭᠡᠳ ᠲᠡᠭᠦᠨ ᠦ ᠡᠬᠡᠨᠡᠷ ᠬᠥᠬᠡᠵᠢᠨ ᠬᠠᠲᠤᠨ ᠳᠣᠲᠣᠨᠣ ᠬᠡᠪ ᠢᠶᠡᠷ ᠦᠯᠡᠳᠡᠵᠡᠢ᠃ ᠥᠭᠡᠷ᠎ᠡ ᠪᠡᠷ ᠬᠡᠯᠡᠪᠡᠯ ᠬᠤᠪᠢᠯᠠᠢ ᠬᠠᠭᠠᠨ ᠠᠮᠢᠳᠤᠷᠠᠯ ᠤᠨ ᠢᠶᠠᠨ ᠡᠴᠦᠰ ᠲᠦ ᠲᠤᠯᠠᠢ ᠡᠪᠡᠳᠴᠢᠨ ᠲᠤᠰᠠᠭᠰᠠᠨ ᠪᠠᠶᠢᠴᠠᠢ᠃ ᠲᠡᠷᠡ ᠪᠡᠷ ᠠᠮᠢᠲᠠᠨ ᠤ ᠡᠳ᠋ ᠡᠷᠬᠡᠲᠡᠨ ᠢᠳᠡᠬᠦ ᠳᠤᠷᠠᠲᠠᠢ ᠪᠣᠯᠤᠭᠰᠠᠨ ᠤᠴᠢᠷ ᠵᠢᠩ ᠨᠢ ᠮᠠᠰᠢ ᠶᠡᠬᠡ ᠨᠡᠮᠡᠭᠳᠡᠭᠰᠡᠨ᠃ ᠡᠶᠢᠨᠬᠦᠦ ᠲᠡᠭᠦᠨ ᠦ ᠴᠢᠰᠤᠨ ᠳᠠᠬᠢ ᠪᠥᠭᠡᠮ ᠦᠨ ᠬᠡᠮᠵᠢᠶ᠎ᠡ ᠲᠣᠮᠣᠷᠠᠭᠰᠠᠨ ᠢᠶᠠᠷ ᠲᠤᠯᠠᠢ ᠡᠪᠡᠳᠴᠢᠨ ᠲᠡᠢ ᠪᠣᠯᠤᠭᠰᠠᠨ ᠪᠠᠶᠢᠨ᠎ᠠ᠃ ᠲᠡᠭᠦᠨ ᠦ ᠦᠬᠦᠯ ᠲᠡᠢ ᠡᠨᠡᠬᠦ ᠡᠪᠡᠳᠴᠢᠨ ᠬᠣᠯᠪᠣᠭ᠎ᠠ ᠲᠠᠢ᠃ ᠬᠤᠪᠢᠯᠠᠢ ᠬᠠᠭᠠᠨ ᠴᠢᠩᠭᠢᠮᠡᠶᠢᠨ ᠬᠦᠦ ᠲᠡᠮᠦᠷ ᠰᠢᠨ᠎ᠡ ᠲᠢᠲᠢᠮ ᠵᠠᠯᠭᠠᠮᠵᠢᠯᠠᠭᠴᠢ ᠪᠠᠷ ᠢᠶᠠᠨ ᠰᠣᠩᠭᠣᠭᠳᠠᠭᠰᠠᠨ ᠪᠥᠭᠡᠳ ᠮᠣᠩᠭᠣᠯ ᠤᠨ ᠡᠵᠡᠨᠲᠦ ᠭᠦᠷᠦᠨ ᠦ 6 ᠳᠠᠬᠢ ᠡᠵᠡᠨ ᠬᠠᠭᠠᠨ ᠪᠣᠯᠵᠤ ᠬᠤᠪᠢᠯᠠᠢ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠶᠤᠸᠠᠨ ᠭᠦᠷᠦᠨ ᠦ 2 ᠳᠠᠬᠤ ᠵᠠᠬᠢᠷᠤᠭᠴᠢ ᠪᠣᠯᠵᠠᠢ᠃ ᠡᠪᠡᠳᠴᠢᠨ ᠦ ᠤᠯᠠᠮ ᠠᠴᠠ ᠡᠴᠦᠰ ᠦᠨ ᠡᠴᠦᠰ ᠲᠦ ᠲᠡᠭᠦᠨ ᠡᠴᠡ 30 ᠨᠠᠰᠤ ᠪᠠᠷ ᠠᠬ᠎ᠠ ᠪᠠᠶᠠᠨ ᠢ ᠴᠤ ᠴᠡᠷᠢᠭ ᠦᠨ ᠬᠦᠴᠦᠨ ᠦ ᠤᠳᠤᠷᠢᠳᠤᠯᠭ᠎ᠠ ᠪᠠᠷ ᠰᠤᠩᠭᠤᠬᠤ ᠪᠣᠯᠤᠮᠵᠢ ᠲᠠᠢ ᠪᠠᠶᠢᠴᠠᠢ᠃ ᠬᠤᠪᠢᠯᠠᠢ ᠪᠠᠶᠢᠩᠭᠤ ᠪᠡᠶ᠎ᠡ ᠨᠢ ᠰᠤᠯᠠᠷᠠᠵᠤ 1294 ᠣᠨ ᠤ 2 ᠍ ᠳᠦᠭᠡᠷ ᠰᠠᠷ᠎ᠠ ᠶᠢᠨ 18 ᠍ ᠳᠦ ᠨᠠᠰᠤ ᠪᠠᠷᠠᠵᠠᠢ᠃ 2 ᠵᠢᠯ ᠦᠨ ᠳᠠᠷᠠᠭ᠎ᠠ ᠣᠷᠣᠰᠢᠭᠤᠯᠭ᠎ᠠ ᠶᠢᠨ ᠶᠣᠰᠣᠯᠠᠯ ᠢ ᠬᠢᠭᠰᠡᠨ ᠪᠥᠭᠡᠳ ᠮᠣᠩᠭᠣᠯ ᠤᠨ ᠬᠠᠭᠠᠳ ᠤᠨ ᠣᠷᠣᠰᠢᠭᠤᠯᠭ᠎ᠠ ᠶᠢᠨ ᠭᠠᠵᠠᠷ ᠲᠤ ᠠᠪᠠᠴᠢᠭᠰᠠᠨ ᠪᠠᠶᠢᠨ᠎ᠠ᠃

ᠥᠪ ᠬᠥᠷᠥᠩᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1260 ᠣᠨ ᠳᠤ ᠬᠠᠭᠠᠨ ᠰᠢᠷᠡᠭᠡᠨ ᠳᠦ ᠭᠠᠷᠴᠤ ᠢᠷᠡᠭᠰᠡᠨ ᠬᠤᠪᠢᠯᠠᠢ ᠶᠢᠨ ᠬᠦᠴᠦ ᠴᠢᠳᠠᠯ ᠮᠣᠩᠭᠣᠯ ᠤᠨ ᠡᠵᠡᠨᠲᠦ ᠭᠦᠷᠦᠨ ᠢ ᠰᠢᠨ᠎ᠡ ᠴᠢᠭᠯᠡᠯ ᠳᠦ ᠬᠠᠨᠳᠤᠭᠤᠯᠤᠭᠰᠠᠨ ᠠᠵᠡᠢ᠃ ᠲᠡᠷᠡ ᠪᠡᠷ ᠮᠠᠷᠭᠤᠭᠠᠨ ᠲᠠᠢ ᠪᠠᠶᠢᠳᠠᠯ ᠢᠶᠠᠷ ᠬᠠᠭᠠᠨ ᠰᠢᠷᠡᠭᠡᠨ ᠳᠦ ᠰᠠᠭᠤᠭᠰᠠᠨ ᠪᠣᠯᠪᠠᠴᠤ ᠲᠡᠭᠦᠨ ᠦ ᠦᠶ᠎ᠡ ᠳᠦ ᠮᠣᠩᠭᠣᠯᠴᠤᠳ ᠤᠨ ᠬᠥᠭᠵᠢᠯ ᠬᠤᠷᠳᠤᠰᠴᠢ ᠳᠡᠯᠡᠬᠡᠢ ᠲᠡᠢ ᠬᠠᠷᠢᠯᠴᠠᠵᠤ ᠪᠠᠶᠢᠭᠰᠠᠨ ᠲᠡᠳᠦᠢ ᠦᠭᠡᠢ ᠮᠣᠩᠭᠣᠯ ᠤᠨ ᠡᠵᠡᠨᠲᠦ ᠭᠦᠷᠦᠨ ᠢ ᠬᠢᠲᠠᠳ ᠤᠨ ᠰᠤᠶᠤᠯ ᠢᠷᠭᠡᠨᠰᠢᠯ ᠲᠡᠢ ᠬᠣᠯᠪᠣᠵᠤ ᠥᠭᠰᠥᠨᠢ ᠪᠡᠷ ᠡᠵᠡᠨ ᠳᠦ ᠭᠦᠷᠦᠨ ᠦ ᠬᠦᠮᠦᠨ ᠠᠮᠠ ᠰᠠᠶᠢᠨ ᠰᠠᠶᠢᠬᠠᠨ ᠠᠮᠢᠳᠤᠷᠠᠬᠤ ᠨᠥᠬᠥᠴᠡᠯ ᠢ ᠬᠠᠩᠭᠠᠵᠤ ᠥᠭᠭᠦᠭᠰᠡᠨ ᠪᠠᠶᠢᠨ᠎ᠠ᠃ ᠬᠤᠪᠢᠯᠠᠢ ᠪᠣᠯᠤᠨ ᠲᠡᠭᠦᠨ ᠦ ᠡᠮᠦᠨᠡᠬᠢ ᠬᠠᠭᠠᠳ ᠤᠨ ᠪᠠᠶᠢᠯᠳᠤᠨ ᠳᠠᠭᠠᠭᠤᠯᠤᠯ ᠬᠦᠴᠦᠷᠬᠡᠭ ᠬᠢᠲᠠᠳ ᠢ ᠴᠡᠷᠢᠭ ᠦᠨ ᠬᠦᠴᠦ ᠪᠡᠷ ᠪᠠᠶᠢᠯᠳᠤᠨ ᠡᠵᠡᠯᠡᠵᠦ᠂ ᠪᠦᠲᠦᠭᠡᠨ ᠪᠠᠶᠢᠭᠤᠯᠤᠯᠲᠠᠨ ᠳᠤ ᠳᠠᠬᠢᠨ ᠣᠷᠣᠭᠤᠯᠤᠭᠰᠠᠨ ᠢᠶᠠᠷ ᠢᠶᠠᠨ ᠡᠵᠡᠨ ᠳᠦ ᠭᠦᠷᠦᠨ ᠦ ᠬᠥᠭᠵᠢᠯᠳᠦ ᠮᠠᠰᠢ ᠲᠣᠮᠣ ᠡᠭᠦᠷᠭᠡ ᠭᠦᠢᠴᠡᠳᠭᠡᠭᠰᠡᠨ᠃ ᠣᠳᠣ ᠦᠶ᠎ᠡ ᠶᠢᠨ ᠪᠡᠭᠡᠵᠢᠩ ᠬᠣᠲᠠ ᠶᠢᠨ ᠣᠷᠴᠢᠮ ᠲᠥᠪᠯᠡᠷᠡᠵᠦ ᠪᠠᠶᠢᠭᠰᠠᠨ ᠨᠡᠶᠢᠰᠯᠡᠯ ᠬᠣᠲᠠ ᠠᠴᠠ ᠪᠠᠨ ᠲᠦᠪᠡᠳ᠂ ᠰᠢᠨᠵᠢᠶᠠᠩ ᠪᠠ ᠮᠣᠩᠭᠣᠯ ᠤᠨ ᠵᠢᠩᠬᠢᠨᠢ ᠬᠠᠤᠯᠢ ᠳᠦᠷᠢᠮ ᠢ ᠠᠯᠲᠠᠨ ᠤᠯᠤᠰ ᠤᠨ᠂ ᠳᠣᠲᠣᠭᠠᠳᠤ ᠠᠽᠢᠶ᠎ᠠ ᠶᠢᠨ ᠡᠵᠡᠨ ᠳᠦ ᠭᠦᠷᠦᠨ ᠦ ᠬᠤᠪᠢ ᠳᠤ ᠲᠦᠷᠦᠭᠦᠴᠢ ᠶᠢᠨ ᠬᠠᠭᠠᠳ ᠤᠨ ᠪᠠᠷᠢᠵᠤ ᠪᠠᠶᠢᠭᠰᠠᠨ ᠳᠦᠷᠢᠮ ᠦᠳ ᠢ ᠰᠠᠬᠢᠭᠤᠯᠵᠤ ᠴᠢᠳᠠᠭᠰᠠᠨ ᠪᠠᠶᠢᠨ᠎ᠠ᠃

ᠭᠡᠷ ᠪᠦᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠲᠦᠷᠦᠭᠦᠨ ᠳᠦ ᠬᠤᠪᠢᠯᠠᠢ ᠬᠠᠭᠠᠨ ᠲᠡᠭᠦᠯᠦᠨ ᠲᠡᠢ ᠭᠡᠷᠯᠡᠭᠰᠡᠨ ᠪᠥᠭᠡᠳ ᠲᠡᠭᠦᠯᠡᠨ ᠮᠠᠰᠢ ᠡᠷᠲᠡ ᠨᠠᠰᠤ ᠪᠠᠷᠠᠵᠠᠢ᠃ ᠲᠡᠭᠦᠨ ᠦ ᠳᠠᠷᠠᠭ᠎ᠠ ᠬᠤᠪᠢᠯᠠᠢ ᠬᠠᠭᠠᠨ ᠬᠣᠩᠭᠢᠷᠠᠳ ᠠᠶᠢᠮᠠᠭ ᠤᠨ ᠴᠠᠪᠢ ᠬᠠᠲᠤᠨ ᠲᠠᠢ ᠭᠡᠷᠯᠡᠵᠡᠢ᠃ ᠴᠠᠪᠢ ᠲᠡᠭᠦᠨ ᠦ ᠬᠠᠮᠤᠭ ᠤᠨ ᠬᠠᠶᠢᠷᠠᠲᠠᠢ ᠡᠬᠡᠨᠡᠷ ᠪᠠᠶᠢᠴᠠᠢ᠃ ᠴᠠᠪᠢ ᠪᠤᠶᠤ ᠴᠢᠮᠪᠠᠢ ᠬᠠᠲᠤᠨ ᠲᠥᠷᠥ ᠶᠢᠨ ᠪᠣᠳᠣᠯᠭ᠎ᠠ ᠳᠤ ᠣᠷᠣᠯᠴᠠᠵᠤ ᠪᠠᠶᠢᠭᠰᠠᠨ ᠤ ᠵᠡᠷᠭᠡᠴᠡᠭᠡ ᠬᠢᠲᠠᠳ ᠤᠨ ᠲᠣᠷᠭᠠᠨ ᠤ ᠤᠷᠠᠯᠠᠯ ᠢ ᠰᠢᠨ᠎ᠡ ᠲᠦᠪᠰᠢᠨ ᠳᠦ ᠬᠥᠭᠵᠢᠭᠦᠯᠬᠦ ᠳᠤ ᠶᠡᠬᠡ ᠡᠭᠦᠷᠭᠡ ᠭᠦᠢᠴᠡᠳᠭᠡᠵᠡᠢ᠃ 1286 ᠣᠨ ᠳᠤ ᠴᠠᠪᠢ ᠬᠠᠲᠤᠨ ᠢ ᠨᠠᠰᠤ ᠪᠠᠷᠠᠭᠰᠠᠨ ᠤ ᠬᠢ ᠨᠢ ᠳᠠᠷᠠᠭ᠎ᠠ ᠬᠤᠪᠢᠯᠠᠢ ᠨᠠᠮᠪᠤᠢ ᠬᠡᠮᠡᠬᠦ ᠵᠠᠯᠠᠭᠤᠬᠠᠨ ᠦᠶᠡᠯᠢ ᠳᠡᠭᠦᠦ ᠲᠡᠢ ᠪᠡᠨ ᠴᠠᠪᠢᠭ ᠤᠨ ᠬᠦᠰᠡᠯ ᠦᠨ ᠳᠠᠭᠠᠤ ᠭᠡᠷᠯᠡᠵᠡᠢ᠃ ᠬᠤᠪᠢᠯᠠᠢ ᠪᠣᠯᠤᠨ ᠲᠡᠭᠦᠨ ᠦ ᠡᠬᠡᠨᠡᠷ ᠦᠨ ᠬᠡᠦᠬᠡᠳ ᠦᠳ ᠲᠦ ᠳᠠᠷᠠᠭᠠᠬᠢ ᠬᠦᠮᠦᠰ ᠪᠠᠭᠠᠳᠤᠨ᠎ᠠ᠃

 • ᠬᠠᠲᠤᠳ
  • ᠲᠡᠭᠦᠯᠡᠨ ᠨᠢ ᠬᠤᠪᠢᠯᠠᠢ ᠬᠠᠭᠠᠨ ᠤ ᠠᠩᠬᠠᠨ ᠤ ᠬᠠᠲᠤᠨ ᠪᠥᠭᠡᠳ ᠵᠠᠯᠠᠭᠤ ᠪᠠᠶᠢᠬᠤ ᠳᠤ ᠪᠠᠨ ᠨᠠᠰᠤ ᠪᠠᠷᠠᠭᠰᠠᠨ᠃ ᠲᠡᠷᠡ ᠪᠡᠷ ᠳᠣᠷᠵᠢ ᠬᠡᠮᠡᠬᠦ ᠬᠦᠦ ᠲᠥᠷᠦᠭᠦᠯᠦᠭᠰᠡᠨ᠃
  • ᠴᠠᠪᠢ ᠬᠠᠲᠤᠨ ᠨᠢ (1227-1281) ᠬᠣᠩᠭᠢᠷᠠᠳ ᠠᠶᠢᠮᠠᠭ ᠤᠨ ᠠᠩᠴᠢᠨ ᠨᠣᠶᠠᠨ ᠥᠬᠢᠨ ᠪᠥᠭᠡᠳ ᠬᠤᠪᠢᠯᠠᠢ ᠬᠠᠭᠠᠨᠢ 2 ᠳᠠᠬᠢ ᠬᠠᠲᠤᠨ᠃ ᠲᠡᠷᠡ ᠪᠡᠷ ᠬᠡᠵᠢᠶ᠎ᠡ ᠬᠤᠪᠢᠯᠠᠢ ᠬᠠᠭᠠᠨ ᠲᠠᠢ ᠭᠡᠷᠯᠡᠭᠰᠡᠨ ᠨᠢ ᠲᠣᠳᠣᠷᠬᠠᠢ ᠦᠭᠡᠢ ᠴᠤ ᠶᠡᠬᠡ ᠬᠠᠭᠠᠨ ᠳᠤᠴᠢᠩᠭᠢᠮ᠂ ᠮᠠᠩᠭᠠᠯ᠂ ᠨᠣᠮᠤᠭᠤᠨ᠂ ᠬᠥᠬᠦᠴᠢ ᠭᠡᠬᠦ 4 ᠬᠦᠦ ᠲᠥᠷᠥᠭᠦᠯᠦᠨ ᠥᠭᠭᠦᠭᠰᠡᠨ᠃
  • ᠨᠠᠮᠪᠤᠢ ᠬᠠᠲᠤᠨ ᠨᠢ 1283 ᠣᠨ ᠳᠤ ᠬᠤᠪᠢᠯᠠᠢ ᠬᠠᠭᠠᠨ ᠲᠠᠢ ᠤᠷᠤᠭᠯᠠᠨ ᠭᠠᠭᠴᠠ ᠬᠦ ᠲᠥᠷᠦᠭᠦᠯᠵᠦ ᠥᠭᠭᠦᠭᠰᠡᠨ᠃ ᠲᠡᠭᠦᠨ ᠦ ᠬᠡᠵᠢᠶ᠎ᠡ ᠲᠦᠷᠦᠭᠰᠡᠨ ᠪᠣᠯᠤᠭᠠᠳ ᠬᠡᠵᠢᠶ᠎ᠡ ᠨᠠᠰᠤ ᠪᠠᠷᠠᠭᠰᠠᠨ ᠵᠡᠷᠭᠡ ᠨᠢ ᠲᠡᠦᠬᠡᠨ ᠳᠦ ᠲᠡᠮᠳᠡᠭᠯᠡᠭᠳᠡᠭᠡ ᠦᠭᠡᠢ᠃
 • ᠬᠥᠪᠡᠭᠦᠳ
  • ᠳᠣᠷᠵᠢ (?-1263) ᠨᠢ ᠬᠤᠪᠢᠯᠠᠢ ᠬᠠᠭᠠᠨᠢ ᠠᠬᠠᠮᠠᠳ ᠬᠥᠪᠡᠭᠦᠨ ᠪᠥᠭᠡᠳ 1260 ᠣᠨ ᠳᠤ ᠬᠤᠪᠢᠯᠠᠢ ᠬᠠᠭᠠᠨ ᠢ ᠬᠠᠭᠠᠨ ᠰᠠᠭᠤᠬᠤ ᠳᠤ ᠬᠤᠩᠲᠠᠶᠢᠵᠢ ᠪᠠᠷ ᠡᠷᠭᠦᠮᠵᠢᠯᠡᠭᠳᠡᠵᠦ᠂ ᠲᠥᠪᠯᠡᠨ ᠵᠠᠰᠠᠬᠤ ᠶᠠᠮᠤᠨ ᠤ ᠡᠷᠬᠢᠯᠡᠭᠰᠡᠨ ᠰᠠᠶᠢᠳ ᠪᠣᠯᠤᠭᠰᠠᠨ᠃ 1263 ᠣᠨ ᠳᠤ ᠡᠪᠡᠳᠴᠢᠨ ᠢᠶᠡᠷ ᠲᠩᠷᠢ ᠳᠦ ᠬᠠᠯᠢᠭᠰᠠᠨ᠃
  • ᠴᠢᠩᠭᠢᠮ (1243-1286) ᠬᠤᠪᠢᠯᠠᠢ ᠬᠠᠭᠠᠨ ᠤ ᠳᠡᠳ᠋ ᠬᠥᠪᠡᠭᠦᠨ᠃
  • ᠮᠠᠩᠭᠠᠯ ᠪᠣᠯ ᠬᠤᠪᠢᠯᠠᠢ ᠬᠠᠭᠠᠨᠢ ᠭᠤᠲᠠᠭᠠᠷ ᠬᠥᠪᠡᠭᠦᠨ ᠪᠥᠭᠡᠳ ᠠᠨᠢ ᠰᠢ ᠸᠠᠩ ᠴᠣᠯᠠ ᠲᠠᠢ ᠪᠠᠶᠢᠭᠰᠠᠨ᠃
  • ᠨᠣᠮᠤᠭᠤᠨ ᠬᠤᠪᠢᠯᠠᠢ ᠬᠠᠭᠠᠨ ᠤ ᠳᠥᠲᠦᠭᠡᠷ ᠬᠥᠪᠡᠭᠦᠨ᠃ ᠪᠡᠢ ᠠᠨᠢ ᠸᠠᠩ ᠴᠣᠯᠠ ᠲᠠᠢ ᠪᠠᠶᠢᠭᠰᠠᠨ᠃ ᠬᠠᠶᠢᠳᠤ ᠬᠠᠨ ᠤ ᠡᠰᠡᠷᠬᠦ ᠲᠡᠮᠡᠴᠡᠵᠦ ᠪᠠᠶᠢᠭᠰᠠᠨ ᠪᠥᠭᠡᠳ ᠰᠡᠭᠦᠯ ᠳᠦ 1280 ᠠᠭ᠎ᠠ ᠳᠤ ᠣᠨ ᠤ ᠦᠶ᠎ᠡ ᠳᠦ ᠨᠠᠰᠤ ᠪᠠᠷᠠᠭᠰᠠᠨ᠃
  • ᠬᠥᠬᠦᠴᠢ ᠨᠢ ᠶᠦᠩᠢᠨ ᠠᠢ ᠸᠠᠩ ᠴᠣᠯᠠᠲᠠᠢ ᠪᠠᠷ ᠶᠦᠨᠨᠠᠨᠡᠶᠢᠭ ᠵᠠᠬᠢᠷᠴᠢ ᠪᠠᠶᠢᠭᠰᠠᠨ᠃
  • ᠠᠶ᠋ᠢᠴᠢ ᠨᠢ ᠬᠤᠪᠢᠯᠠᠢ ᠬᠠᠭᠠᠨ ᠤ 6 ᠍ ᠳᠦᠭᠡᠷ ᠬᠥᠪᠡᠭᠦᠨ ᠪᠥᠭᠡᠳ ᠳᠠ ᠸᠠᠩ ᠴᠣᠯᠠ ᠲᠠᠢ ᠪᠠᠶᠢᠭᠰᠠᠨ᠃
  • ᠤᠷᠤᠴᠢ ᠨᠢ ᠬᠤᠪᠢᠯᠠᠢ ᠬᠠᠭᠠᠨ ᠤ 7 ᠍ ᠳᠦᠭᠡᠷ ᠬᠦᠦ ᠶᠤᠮ᠃ ᠰᠢ ᠫᠧᠩ ᠸᠠᠩ ᠴᠣᠯᠠ ᠲᠠᠢ ᠪᠠᠶᠢᠭᠰᠠᠨ᠃
  • ᠬᠡᠭᠡᠴᠦ ᠨᠢ ᠬᠤᠪᠢᠯᠠᠢ ᠬᠠᠭᠠᠨ ᠤ 8 ᠍ ᠳᠦᠭᠡᠷ ᠬᠦᠦ ᠠᠭᠠᠳ ᠨᠢᠩ ᠶᠤᠸᠠᠨ ᠸᠠᠩ ᠴᠣᠯᠠ ᠬᠡᠷᠭᠡᠮ ᠲᠡᠢ ᠪᠠᠶᠢᠭᠰᠠᠨ᠃
  • ᠲᠣᠭᠣᠭᠠᠨ ᠪᠣᠯ ᠬᠤᠪᠢᠯᠠᠢ ᠬᠠᠭᠠᠨ ᠤ 9 ᠍ ᠳᠦᠭᠡᠷ ᠬᠡᠦ᠃ ᠡᠮᠦᠨᠡᠲᠦ ᠶᠢ ᠲᠣᠬᠣᠨᠢᠭᠤᠯᠤᠭᠴᠢ ᠴᠵᠢᠨᠢ ᠨᠠᠨᠢ ᠸᠠᠩ ᠴᠣᠯᠠᠲᠠᠢ ᠪᠠᠷ ᠸᠢᠶᠧᠲ᠋ᠨᠠᠮᠪᠢᠷᠮ ᠍ ᠤᠨ ᠡᠰᠡᠷᠬᠦ ᠠᠶᠠᠨ ᠳᠠᠶᠢᠨ ᠳᠤ ᠣᠷᠣᠯᠴᠠᠵᠤ ᠪᠠᠶᠢᠭᠠᠳ ᠰᠡᠭᠦᠯ ᠳᠦ ᠶᠠᠩᠵᠢᠤ ᠬᠣᠲᠠ ᠶᠢᠨ ᠵᠠᠬᠢᠷᠤᠭᠴᠢ ᠪᠣᠯᠤᠭᠰᠠᠨ᠃
  • ᠬᠠᠳᠠᠯᠲᠡᠮᠦᠷ ᠨᠢ ᠬᠤᠪᠢᠯᠠᠢ ᠶᠢᠨ 10 ᠍ ᠳᠦᠭᠡᠷ ᠬᠡᠦ᠃
  • ᠲᠡᠮᠦᠴᠢ ᠨᠢ ᠬᠤᠪᠢᠯᠠᠢ ᠬᠠᠭᠠᠨᠢ ᠨᠠᠮᠪᠤᠢ ᠬᠠᠲᠤᠨ ᠠᠴᠠ ᠲᠦᠷᠦᠭᠰᠡᠨ᠃[9]
 • ᠥᠬᠢᠳ
  • ᠵᠢᠣ ᠭᠤᠣ ᠳᠠ ᠵᠠᠩ ᠭᠦᠨᠵᠡ ᠢᠯᠶᠡ ᠨᠢ ᠵᠢᠣ ᠤ ᠰᠢᠨᠢ ᠸᠠᠩ ᠠᠶᠤᠪᠤᠬ᠎ᠠ ᠲᠠᠢ ᠭᠡᠷᠯᠡᠪᠡ᠃
  • ᠴᠢᠨ ᠭᠤᠣ ᠭᠦᠨᠵᠡ ᠤᠯᠤᠴᠢᠨ ᠨᠢ ᠪᠡᠶᠢᠪᠤᠬ᠎ᠠ ᠲᠠᠢ ᠭᠡᠷᠯᠡᠪᠡ᠃
  • ᠴᠢᠨ ᠭᠤᠣ ᠳᠠ ᠵᠠᠩ ᠭᠦᠨᠵᠡ ᠴᠠᠯᠤᠨ ᠨᠢ ᠲᠠᠵᠢᠩᠬᠠᠨ ᠲᠠᠢ ᠭᠡᠷᠯᠡᠪᠡ᠃
  • ᠯᠤ᠋ ᠭᠤᠣ ᠳᠠ ᠵᠠᠩ ᠭᠦᠨᠵᠡ ᠥᠯᠵᠡᠢ ᠨᠢ ᠥᠷᠥᠭᠵᠢᠨ ᠲᠡᠢ ᠭᠡᠷᠯᠡᠪᠡ
  • ᠯᠤ᠋ ᠭᠤᠣ ᠳᠠ ᠵᠠᠩ ᠭᠦᠨᠵᠡ ᠨᠠᠩᠭᠢᠶᠠᠵᠢᠨ ᠨᠢ ᠲᠡᠮᠦᠷ ᠲᠡᠢ ᠭᠡᠷᠯᠡᠪᠡ᠃[10]
  • ᠴᠢ ᠭᠤᠣ ᠳᠠ ᠵᠠᠩ ᠭᠦᠨᠵᠡ ᠬᠤᠲᠤᠭᠪᠡᠬᠢ ᠨᠢ ᠬᠤᠪᠢᠯᠠᠢ ᠬᠠᠭᠠᠨ ᠤ ᠥᠬᠢᠨ ᠪᠥᠭᠡᠳ ᠭᠦᠷᠦᠶ᠎ᠠ ᠤᠯᠤᠰ ᠤᠨ ᠴᠦᠩ ᠨᠸᠯ ᠸᠠᠩ ᠤᠨ ᠬᠠᠲᠤᠨ ᠪᠣᠯᠤᠭᠰᠠᠨ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. Matthew Bennett, Peter - The Hutchinson Dictionary of Ancient & Medieval Warfare, p.332
 2. 2.0 2.1 Christopher Pratt Atwood - Encyclopedia of Mongolia and the Mongol empire, p.579
 3. M.Kutlukov, Mongol rule in Eastern Turkestan. Article in collection Tataro-Mongols in Asia and Europe. Moscow, 1970
 4. René Grousset-The empire of the steppes, p.290
 5. 5.0 5.1 René Grousset-The empire of the steppes, p.291
 6. C.P.Atwood-Encyclopedia of Mongolia and the Mongol Empire, p.72
 7. Mark Hudson-Ruins of Identity, p.226
 8. Brett L. Walker-The Conquest of Ainu Lands, p.133
 9. ᠴᠤ᠃ᠰ ᠲᠤᠪᠢᠯᠢᠭ᠂ ᠮᠣᠩᠭᠣᠯ ᠤᠨ ᠶᠤᠸᠠᠨ ᠤᠯᠤᠰ ᠤᠨ ᠲᠡᠦᠬᠡ᠃ ᠬ᠃261 ISBN 99929-78-81-3
 10. https://zh.wikipedia.org/wiki/%E5%BF%BD%E5%BF%85%E7%83%88
ᠡᠮᠦᠨᠡᠬᠢ
ᠮᠥᠩᠬᠡ ᠬᠠᠭᠠᠨ
ᠶᠡᠬᠡ ᠮᠣᠩᠭᠣᠯ ᠤᠯᠤᠰ ᠍ ᠤᠨ ᠬᠠᠭᠠᠨ
{{{on}}}
ᠳᠠᠷᠠᠭᠠᠬᠢ
ᠥᠯᠵᠡᠶᠢᠲᠦ ᠲᠡᠮᠦᠷ ᠬᠠᠭᠠᠨ
ᠡᠮᠦᠨᠡᠬᠢ
ᠰᠢᠨ᠎ᠡ ᠪᠡᠷ ᠪᠠᠶᠢᠭᠤᠯᠤᠭᠳᠠᠭᠰᠠᠨ
ᠶᠤᠸᠠᠨ ᠤᠯᠤᠰ ᠍ ᠤᠨ ᠬᠠᠭᠠᠨ
{{{on}}}
ᠳᠠᠷᠠᠭᠠᠬᠢ
ᠥᠯᠵᠡᠶᠢᠲᠦ ᠲᠡᠮᠦᠷ ᠬᠠᠭᠠᠨ
ᠡᠮᠦᠨᠡᠬᠢ
ᠰᠦᠨ ᠤᠯᠤᠰ ᠤᠨ ᠪᠢᠩ ᠬᠤᠸᠠᠩᠳᠢ
ᠬᠢᠲᠠᠳ ᠤᠨ ᠬᠠᠭᠠᠨ
{{{on}}}
ᠳᠠᠷᠠᠭᠠᠬᠢ
ᠥᠯᠵᠡᠶᠢᠲᠦ ᠲᠡᠮᠦᠷ ᠬᠠᠭᠠᠨ

ᠪᠢᠴᠢᠭᠡᠰᠦ