ᠬᠣᠲᠣᠩ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠤᠢ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠡᠨᠡ ᠦᠨᠳᠦᠰᠦᠲᠡᠨ ᠢ ᠪᠤᠰᠤᠳ ᠬᠣᠲᠠᠨ ᠶᠢ ᠠᠴᠠ ᠢᠯᠭᠠᠨ ᠲᠠᠨᠢᠭᠠᠷᠠᠢ.
ᠹᠠᠢᠢᠯ:ᠬᠣᠲᠠ ᠦᠨ ᠮᠪ᠃png
ᠬᠣᠲᠣᠩ ᠦᠨᠳᠦᠰᠦᠲᠡᠨ
HuiChineseMuslim3.jpg
ᠪᠦᠭᠦᠳᠡ ᠲᠣᠭ᠎ᠠ
10,586,087 (2010 ᠣᠨ ᠤ ᠲᠣᠭᠠᠯᠠᠯᠭ᠎ᠠ)
ᠲᠥᠪᠯᠡᠷᠡᠭᠰᠡᠨ ᠭᠠᠵᠠᠷ ᠣᠷᠣᠨ
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ ᠳᠠᠶᠠᠭᠠᠷ ᠵᠢᠭᠳᠡ ᠲᠠᠷᠬᠠᠭᠰᠠᠨ
ᠬᠡᠯᠡ ᠠᠶᠠᠯᠭᠤ

ᠬᠢᠲᠠᠳ ᠬᠡᠯᠡᠨᠢᠭᠢ ᠣᠯᠠᠨ ᠠᠶᠠᠯᠭᠤ

ᠱᠠᠰᠢᠨ ᠰᠢᠲᠦᠯᠭᠡ

ᠢᠰᠯᠠᠮ

ᠲᠥᠷᠥᠯ ᠠᠷᠠᠳ ᠲᠦᠮᠡᠨ

ᠳᠤᠩᠭᠠᠨ ᠶᠠᠰᠤᠲᠠᠨᠬᠢᠲᠠᠳ ᠦᠨᠳᠦᠰᠦᠲᠡᠨ

ᠬᠣᠲᠣᠩ (ᠠᠯᠢ ᠡᠰᠡᠪᠡᠯ ᠬᠤᠢ; ᠬᠣᠲᠣᠩ ᠬᠢᠲᠠᠳ᠂ ᠬᠢᠲᠠᠳ ᠬᠣᠲᠣᠩ᠂ ᠬᠤᠢ ᠬᠤᠢ; ᠬᠤᠳᠤᠮ ᠮᠣᠩᠭᠣᠯ ᠢᠶᠠᠷ qotong - ᠬᠣᠲᠣᠩ ᠢ; ᠬᠢᠲᠠᠳ ᠢᠶᠠᠷ 回族 - huí zú, ᠳᠠᠭᠤᠳᠠᠯᠭ᠎ᠠ ᠨᠢ ᠬᠤᠢ ᠵᠢᠦ; ᠠᠩᠭᠯᠢ ᠪᠠᠷ Hui) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠶᠢᠨ ᠢᠷᠭᠡᠨ᠂ ᠢᠰᠯᠠᠮ ᠰᠢᠲᠦᠯᠭᠡ ᠳᠦ᠂ ᠬᠢᠲᠠᠳ ᠬᠡᠯᠡ-ᠤᠭᠰᠠᠭᠠᠨ ᠤ ᠠᠷᠠᠳ ᠲᠦᠮᠡᠨ᠂ 10.6 ᠰᠠᠶ᠎ᠠ ᠬᠦᠮᠦᠨ ᠲᠡᠢ ᠦᠨᠳᠦᠰᠦᠲᠡᠨ. ᠬᠢᠲᠠᠳ ᠲᠤ ᠢᠯᠭᠠᠨ ᠪᠦᠷᠢᠳᠬᠡᠳᠡᠭ ᠨᠡᠷ᠎ᠡ ᠪᠦᠬᠦᠢ 56 ᠠᠷᠠᠳ ᠲᠦᠮᠡᠨ ᠦ ᠳᠤᠮᠳᠠ ᠠᠴᠠ 3 ᠍ ᠳᠦᠭᠡᠷ ᠣᠯᠠᠨ (ᠬᠢᠲᠠᠳᠵᠤᠨ ᠬᠣᠶᠠᠷ ᠠᠴᠠ ᠴᠥᠭᠡᠨ᠂ ᠮᠠᠨᠵᠤ ᠠᠴᠠ ᠣᠯᠠᠨ) ᠲᠣᠭ᠎ᠠ ᠲᠠᠢ ᠬᠣᠲᠣᠩ ᠦᠨᠳᠦᠰᠦᠲᠡᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠪᠦᠬᠦ ᠬᠦᠮᠦᠨ ᠠᠮᠠ ᠶᠢᠨ 0.79% ᠍ ᠢ ᠡᠵᠡᠯᠡᠵᠦ᠂ 2000-2010 ᠣᠨ ᠤ ᠬᠠᠷᠠᠨ ᠳᠤ 758 ᠮᠢᠩᠭ᠎ᠠ ᠪᠠᠷ ᠨᠡᠮᠡᠭᠳᠡᠵᠦ 10,586,087 ᠍ ᠪᠠᠷ ᠲᠣᠭᠠᠯᠠᠭᠳᠠᠵᠠᠢ᠃ ᠬᠣᠲᠣᠩᠭ᠎ᠠ ᠨᠤᠭᠤᠳ ᠤᠨ ᠲᠥᠷᠥᠯᠬᠢ ᠬᠡᠯᠡ ᠨᠢ ᠬᠢᠲᠠᠳ ᠬᠡᠯᠡ ᠪᠣᠯᠬᠣᠷ ᠲᠡᠳᠡᠨ ᠢ ᠬᠢᠲᠠᠳ ᠦᠨᠳᠦᠰᠦᠲᠡᠨ ᠦ ᠢᠰᠯᠠᠮ ᠱᠠᠰᠢᠨ ᠰᠢᠲᠦᠳᠡᠭ ᠢᠶᠡᠷ ᠢᠶᠡᠨ ᠢᠯᠭᠠᠷᠠᠳᠠᠭ ᠲᠠᠰᠤᠷᠬᠠᠢ ᠭᠡᠵᠦ ᠤᠶᠢᠯᠠᠭᠠᠬᠤ ᠪᠥᠭᠡᠳ ᠬᠣᠲᠣᠩ ᠬᠢᠲᠠᠳ ᠭᠡᠵᠦ ᠲᠣᠳᠣᠳᠬᠠᠨ ᠬᠡᠯᠡᠬᠦ ᠳᠦ ᠪᠤᠷᠤᠭᠤᠳᠠᠬᠤ ᠦᠭᠡᠢ᠃ ᠲᠡᠳᠡ ᠳᠤᠮᠳᠠᠳᠤ ᠤᠯᠤᠰ ᠍ ᠤᠨ ᠣᠯᠠᠨ ᠮᠤᠵᠢ᠂ ᠣᠷᠣᠨ ᠳᠤ ᠵᠢᠭᠳᠡ ᠣᠯᠠᠨ ᠢᠶᠠᠷ ᠲᠠᠷᠬᠠᠭᠰᠠᠨ᠃ ᠭᠡᠬᠦ ᠳᠦ ᠪᠡᠨ ᠥᠷᠥᠨ᠎ᠡ ᠤᠮᠠᠷ ᠬᠡᠰᠡᠭ ᠪᠤᠶᠤ ᠨᠢᠩᠱᠢᠶᠠ - ᠬᠣᠲᠣᠩ ᠤᠨ ᠥᠪᠡᠷᠲᠡᠭᠡᠨ ᠵᠠᠰᠠᠬᠤ ᠣᠷᠣᠨ (ᠪᠦᠬᠦ ᠬᠣᠲᠣᠩ ᠦᠨᠳᠦᠰᠦᠲᠡᠨ ᠦ 19% ᠪᠤᠶᠤ 2 ᠰᠠᠶ᠋ᠢ), ᠭᠠᠨᠰᠤ ᠮᠤᠵᠢ (1.2 ᠰᠠᠶ᠎ᠠ), ᠬᠥᠬᠡᠨᠠᠭᠤᠷ ᠮᠤᠵᠢ (760 ᠮᠢᠩᠭ᠎ᠠ), ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ (840 ᠮᠢᠩᠭ᠎ᠠ) ᠪᠣᠯᠤᠨ ᠾᠸᠨᠠᠨᠱᠠᠨᠳᠦ᠋ᠩᠾᠸᠪᠸᠢᠶᠦᠨᠨᠠᠨ ᠵᠡᠷᠭᠡ ᠮᠤᠵᠢ ᠳᠤ ᠣᠯᠠᠨ ᠲᠣᠭ᠎ᠠ ᠪᠠᠷ ᠣᠷᠣᠰᠢᠨ ᠰᠠᠭᠤᠵᠤ ᠪᠠᠶᠢᠨ᠎ᠠ᠃ ᠤᠶᠢᠭᠤᠷᠬᠠᠰᠠᠭᠳ᠋ᠦᠩᠰᠢᠶᠠᠩᠬᠢᠷᠭᠢᠰᠲᠠᠵᠢᠺᠢᠰᠲᠠᠨ ᠵᠡᠷᠭᠡ ᠬᠢᠲᠠᠳ ᠳᠠᠬᠢ ᠪᠤᠰᠤᠳ ᠬᠣᠲᠣᠩ (ᠮᠦᠰᠦ᠋ᠯᠮᠠᠨ) ᠠᠷᠠᠳ ᠲᠦᠮᠡᠨ ᠡᠨᠡᠬᠦ ᠬᠣᠲᠠᠨ ᠦᠨᠳᠦᠰᠦᠲᠡᠨ ᠡᠴᠡ ᠲᠤᠰ ᠲᠤ ᠪᠠᠨ ᠪᠦᠷᠢᠳᠬᠡᠭᠳᠡᠳᠡᠭ᠃ ᠲᠠᠨᠰᠦᠨᠶᠤᠸᠠᠨ ᠤᠯᠤᠰ ᠤᠨ ᠦᠶᠡᠰ ᠠᠷᠠᠪᠫᠧᠷᠰᠳᠤᠮᠳᠠᠳᠤ ᠠᠽᠢᠶ᠎ᠠᠠᠰ ᠬᠤᠳᠠᠯᠳᠤᠭ᠎ᠠ᠂ ᠨᠣᠶᠠᠨ᠂ ᠲᠦᠰᠢᠮᠡᠯ᠂ ᠲᠥᠷᠥ ᠶᠢᠨ ᠠᠯᠪᠠ ᠲᠠᠢ ᠢᠷᠡᠭᠰᠡᠨ ᠬᠦᠮᠦᠰ ᠨᠤᠲᠤᠭ ᠤᠨ ᠬᠢᠲᠠᠳ ᠭᠣᠣᠯᠳᠠᠭᠤ ᠤᠯᠤᠰ ᠲᠠᠢ ᠭᠡᠷ ᠪᠦᠯᠢ ᠪᠣᠯᠤᠨ ᠰᠠᠭᠤᠭᠰᠠᠭᠠᠷ ᠬᠣᠲᠣᠩ ᠦᠨᠳᠦᠰᠦᠲᠡᠨ ᠡᠭᠦᠰᠦᠭᠰᠡᠨ ᠭᠡᠵᠦ ᠲᠠᠳᠠᠭ᠃ ᠢᠰᠯᠠᠮ ᠱᠠᠰᠢᠨ ᠤ ᠵᠠᠩ ᠦᠢᠯᠡ ᠶᠢ ᠶᠣᠰᠣᠴᠢᠯᠠᠨ ᠳᠠᠭᠠᠳᠠᠭ ᠲᠤᠯᠠ ᠰᠤᠶᠤᠯ᠂ ᠢᠳᠡᠭᠡᠨ ᠤᠮᠳᠠᠭᠠᠨ᠂ ᠵᠠᠩ ᠵᠠᠩᠰᠢᠯ ᠤᠨ ᠬᠤᠪᠢ ᠳᠤ ᠶᠠᠭ ᠬᠢᠲᠠᠳ ᠤᠳ ᠠᠴᠠ ᠠᠷᠠᠢ ᠯᠠ ᠥᠭᠡᠷ᠎ᠡ ᠪᠠᠶᠢᠳᠠᠭ᠃ ᠳᠤᠮᠳᠠᠳᠤ ᠢᠷᠭᠡᠨ ᠤᠯᠤᠰ ᠍ ᠤᠨ ᠴᠡᠷᠢᠭ ᠦᠨ ᠡᠷᠬᠡᠲᠡᠨ ᠦ ᠲᠡᠮᠡᠴᠡᠯ ᠦᠨ ᠦᠶ᠎ᠡ ᠳᠦ ᠬᠥᠬᠡᠨᠠᠭᠤᠷ᠂ ᠭᠠᠨᠢᠰᠦ᠂ ᠨᠢᠩᠱᠢᠶᠠ ᠬᠠᠪᠤ ᠶᠢ ᠮᠠ (ᠮᠤᠬᠤᠮ ᠢᠶ᠎ᠡ ᠳᠦᠡᠶᠢᠭ ᠲᠥᠯᠦᠭᠡᠯᠡᠳᠡᠭ) ᠣᠪᠣᠭᠲᠤ ᠬᠡᠳᠦ ᠬᠡᠳᠦᠨ ᠬᠣᠲᠣᠩ ᠴᠡᠷᠢᠭ ᠦᠨ ᠳᠠᠷᠤᠭ᠎ᠠ ᠡᠵᠡᠨ ᠮᠡᠳᠡᠵᠦ ᠪᠠᠶᠢᠴᠠᠢ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ