ᠬᠣᠷᠯᠤ᠎ᠠ ᠶᠢᠨ ᠴᠣᠶᠢᠪᠠᠯᠰᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠣᠷᠯᠤ᠎ᠠ ᠶᠢᠨ ᠴᠣᠶᠢᠪᠠᠯᠰᠠᠩ


ᠮᠣᠩᠭᠣᠯ ᠮᠣᠩᠭᠣᠯ ᠤᠯᠤᠰ ᠤᠨ 12 ᠳᠠᠬᠢ ᠶᠡᠷᠦᠩᠬᠡᠢ ᠰᠠᠶᠢᠳ
ᠠᠯᠪᠠᠨ ᠲᠤᠰᠢᠶᠠᠯ ᠬᠠᠰᠢᠭᠰᠠᠨ
1939 ᠤᠨ ᠤ 3 ᠰᠠᠷ᠎ᠠ ᠶᠢᠨ 7 – 1952 ᠤᠨ ᠤ 1 ᠰᠠᠷ᠎ᠠ ᠶᠢᠨ 26
ᠡᠮᠦᠨᠡᠬᠢ ᠠᠨᠠᠨᠳ ᠤᠨ ᠠᠮᠤᠷ
ᠳᠠᠷᠠᠭᠠᠬᠢ ᠶᠠᠭᠤᠮᠠᠵᠢᠭ᠎ᠠ ᠶᠢᠨ ᠼᠡᠳᠡᠨᠪᠠᠯ

ᠲᠦᠷᠦᠭᠰᠡᠨ 1895 ᠤᠨ ᠤ 2 ᠰᠠᠷ᠎ᠠ ᠶᠢᠨ 8
Flag of the Qing Dynasty (1889-1912).svg ᠮᠠᠨᠵᠤ ᠴᠢᠩ ᠭᠦᠷᠦᠨᠰᠡᠴᠡᠨ ᠬᠠᠨ ᠠᠶᠢᠮᠠᠭ ᠤᠨ ᠠᠴᠢᠲᠤ ᠸᠠᠩ ᠤᠨ ᠬᠣᠰᠢᠭᠤ
ᠨᠠᠰᠤ ᠪᠠᠷᠠᠭᠰᠠᠨ 1952  ᠤᠨ ᠤ 1 ᠰᠠᠷ᠎ᠠ ᠶᠢᠨ 26
Flag of the Soviet Union.svg URSᠮᠣᠰᠺᠸᠠ ᠬᠣᠲᠠ
ᠤᠯᠤᠰ ᠲᠥᠷᠥ ᠶᠢᠨ ᠨᠠᠮ ᠮᠣᠩᠭᠣᠯ ᠠᠷᠠᠳ ᠤᠨ ᠨᠠᠮ
ᠭᠡᠷ ᠪᠦᠯᠢ ᠶᠢᠨ ᠬᠦᠮᠦᠨ ᠪᠣᠷᠲᠣᠯᠣᠭᠠᠢ (ᠰᠠᠯᠢᠰᠤᠨ)
ᠪ ∙ ᠭᠦᠨᠳᠡᠭᠮᠠ
ᠬᠡᠦᠬᠡᠳ ᠬᠦᠦ ᠨᠡᠷ᠎ᠡ ᠦᠭᠡᠢ ᠂ ᠤᠬᠢᠨ ᠰᠤᠪᠤᠳ (ᠡᠬᠢᠨ ᠦ ᠭᠡᠷᠯᠡᠯᠲᠡ ᠡᠴᠡ ᠬᠡᠦᠬᠡᠳ ᠦᠭᠡᠢ᠂ 2 ᠳᠠᠬᠢ ᠭᠡᠷᠯᠡᠯᠲᠡ ᠡᠴᠡ 2)
ᠲᠡᠭᠦᠰᠦᠭᠰᠡᠨ ᠰᠤᠷᠭᠠᠭᠤᠯᠢ ᠣᠷᠣᠰ᠂ ᠮᠣᠩᠭᠣᠯ ᠬᠡᠯᠡ ᠪᠢᠴᠢᠭ ᠦᠨ ᠰᠤᠷᠭᠠᠭᠤᠯᠢ
ᠡᠷᠡᠬᠦᠦ ᠬᠣᠲᠠ ᠶᠢᠨ ᠰᠤᠷᠭᠠᠭᠤᠯᠢ
ᠮᠡᠷᠭᠡᠵᠢᠯ ᠤᠯᠤᠰ ᠲᠥᠷᠦᠴᠢ᠂ ᠴᠡᠷᠢᠭ ᠦᠨ ᠵᠢᠳᠬᠦᠯᠲᠡᠨ
ᠴᠡᠷᠢᠭ ᠦᠨ ᠠᠯᠪᠠ
ᠱᠠᠩᠨᠠᠯ Hero of the Mongolian People's Republic Hero of the Mongolian People's Republic
Order of Sukhbaatar Order of Sukhbaatar Order of Sukhbaatar Order of Sukhbaatar
Order of the Red Banner (Mongolia) Order of the Red Banner (Mongolia) Order of the Red Banner (Mongolia) Order of the Red Banner (Mongolia)
Order of the Red Banner (Mongolia) The Labour Red Banner Polar Star (Mongolia) 25th Anniversary of Mongolian People's Revolution (1946

ᠭᠠᠳᠠᠭᠠᠳᠤ ᠤᠯᠤᠰ ᠤᠨ
Order of Lenin(Soviet Union) Order of Lenin(Soviet Union) Order of Red Banner(Soviet Union) Order of Red Banner(Soviet Union)
Order of Suvorov ribbon, class one(Soviet Union) "For Victory over Germany in the Great Patriotic War of 1941-1945(Soviet Union) Medal "For Victory over Japan"(Soviet Union) Jubilee Medal «XX years of the Workers 'and Peasants' Red Army"(Soviet Union)
Jubilee Medal "30 years of the Soviet Army and Navy"(Soviet Union)
KGB (USSR), insignia of honorary officer (1957)(Soviet Union)

ᠬᠣᠷᠯᠤ᠎ᠠ ᠶᠢᠨ ᠴᠣᠶᠢᠪᠠᠯᠰᠠᠩ
ᠬᠣᠷᠯᠤ᠎ᠠ ᠶᠢᠨ ᠴᠣᠶᠢᠪᠠᠯᠰᠠᠩ

ᠬᠣᠷᠯᠤ᠎ᠠ ᠶᠢᠨ ᠴᠣᠶᠢᠪᠠᠯᠰᠠᠩ (ᠵᠠᠮᠴᠤ ᠡᠴᠢᠭᠡ ᠶᠢᠨ ᠬᠦᠦ ᠪᠣᠯᠪᠠᠴᠤ ᠬᠣᠷᠯᠤ᠎ᠠ ᠭᠡᠵᠦ ᠡᠬᠡ ᠶᠢᠨ ᠢᠶᠡᠨ ᠨᠡᠷ᠎ᠡ ᠪᠡᠷ ᠣᠪᠣᠭᠯᠠᠭᠳᠠᠵᠠᠢ᠂ ᠲᠥᠷᠥᠬᠦ ᠳᠦ ᠪᠡᠨ ᠳᠤᠤᠭᠠᠷ ᠭᠡᠰᠡᠨ ᠨᠡᠷ᠎ᠡ ᠲᠡᠢ ᠪᠠᠶᠢᠭᠰᠠᠨ᠂ 1895 ᠤᠨ ᠤ 2 ᠰᠠᠷ᠎ᠠ ᠶᠢᠨ 81952 ᠤᠨ ᠤ 1 ᠰᠠᠷ᠎ᠠ ᠶᠢᠨ 26) 1930 ᠍ ᠊ᠭᠠᠳ ᠤᠨ ᠠᠴᠠ ᠨᠠᠰᠤ ᠪᠠᠷᠠᠬᠤ ᠬᠦᠷᠲᠡᠯ᠎ᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠢ ᠤᠳᠤᠷᠢᠳᠥᠵᠤ ᠪᠠᠶᠢᠯ᠎ᠠ᠃ ᠬ᠂ ᠴᠣᠶᠢᠪᠠᠯᠰᠠᠩ ᠣᠯᠠᠨ ᠬᠦᠮᠦᠨ ᠢ ᠬᠡᠯᠮᠡᠭᠳᠡᠭᠦᠯᠦᠨ ᠠᠯᠠᠭᠰᠠᠨ ᠪᠣᠯᠪᠠᠴᠤ ᠮᠣᠩᠭᠣᠯ ᠤᠯᠤᠰ ᠤᠨ ᠲᠤᠰᠠᠭᠠᠷ ᠲᠣᠭᠲᠠᠨᠢᠯ ᠢ ᠣᠯᠠᠨ ᠤᠯᠤᠰ ᠲᠤ ᠬᠦᠯᠢᠶᠡᠨ ᠵᠥᠪᠰᠢᠶᠡᠷᠡᠭᠦᠯᠦᠭᠰᠡᠨ ᠢᠶᠡᠷ ᠭᠠᠢ ᠭᠠᠪᠢᠶ᠎ᠠ ᠶᠡᠬᠡ ᠲᠡᠢ ᠬᠦᠮᠦᠨ ᠪᠠᠶᠢᠪᠠ᠃

ᠪᠠᠭ᠎ᠠ ᠨᠠᠰᠤᠨ ᠤ ᠶᠠᠪᠤᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠷᠯᠤ᠎ᠠ ᠶᠢᠨ ᠴᠣᠶᠢᠪᠠᠯᠰᠠᠩ 1895 ᠤᠨ ᠤ 2 ᠍ ᠳᠦᠭᠡᠷ ᠰᠠᠷ᠎ᠠ ᠶᠢᠨ 8 ᠍ ᠳᠦ ᠲᠡᠷᠡ ᠦᠶ᠎ᠡ ᠶᠢᠨ ᠰᠡᠴᠡᠨ ᠬᠠᠨ ᠠᠶᠢᠮᠠᠭ ᠤᠨ ᠠᠴᠢᠲᠤ ᠸᠠᠩ ᠤᠨ ᠬᠣᠰᠢᠭᠤᠨ ᠤ ᠵᠡᠭᠦᠨ ᠰᠤᠪᠤᠷᠭᠠᠴᠢᠨ ᠣᠲᠣᠭ ᠤᠨ ᠬᠠᠮᠵᠢᠯᠭ᠎ᠠ᠂ ᠮᠠᠯᠴᠢᠨ ᠡᠮᠡᠭᠲᠡᠢ ᠬᠣᠣᠷᠯᠠᠭ᠎ᠠ ᠶᠢᠨ 3 ᠳ᠋ᠤᠭᠠᠷ ᠬᠦᠦ ᠪᠣᠯᠤᠨ ᠲᠥᠷᠦᠵᠡᠢ᠃ ᠲᠡᠭᠦᠨ ᠦ ᠡᠴᠢᠭᠡ ᠨᠢ ᠵᠠᠮᠴᠤ ᠬᠡᠮᠡᠬᠦ ᠮᠠᠨᠵᠤᠤᠷ ᠳᠠᠬᠢ ᠳᠠᠭᠤᠷ ᠮᠣᠩᠭᠣᠯ ᠠᠴᠠ ᠴᠠᠭᠠᠴᠢᠯᠠᠵᠤ ᠢᠷᠡᠭᠰᠡᠨ ᠬᠦᠮᠦᠨ ᠪᠠᠶᠢᠪᠠ᠃ ᠭᠡᠪᠡᠴᠦ ᠲᠡᠷᠡ ᠨᠤᠲᠤᠭ ᠤᠰᠤᠨ ᠤ ᠬᠢᠨ᠂ ᠢᠯᠠᠩᠭᠤᠶ᠎ᠠ ᠬᠣᠰᠢᠭᠤ ᠲᠠᠮᠠᠭ᠎ᠠ ᠶᠢᠨ ᠭᠠᠵᠠᠷ ᠠᠴᠠ ᠵᠠᠮᠴᠤ ᠶᠢ ᠡᠯᠳᠡᠪ ᠢᠶᠡᠷ ᠬᠠᠪᠴᠢᠵᠤ ᠪᠠᠶᠢᠭᠰᠠᠨ ᠤᠴᠢᠷ ᠴᠣᠶᠢᠪᠠᠯᠰᠠᠩ ᠤᠨ ᠡᠬᠡ ᠬᠣᠷᠯᠤ᠎ᠠ ᠲᠠᠢ ᠭᠡᠷ ᠪᠦᠯᠢ ᠪᠣᠯᠵᠤ ᠴᠢᠳᠠᠯ ᠦᠭᠡᠢ᠂ ᠬᠦᠦ ᠪᠡᠨ ᠡᠬᠡ ᠶᠢᠨ ᠬᠡᠪᠡᠯᠢ ᠳᠦ ᠪᠠᠶᠢᠬᠤ ᠳᠤ ᠣᠷᠬᠢᠨ ᠶᠠᠪᠤᠭᠰᠠᠨ ᠪᠠᠶᠢᠨ᠎ᠠ᠃ ᠬᠠᠷᠢᠨ ᠬᠦᠦ ᠪᠡᠨ ᠲᠥᠷᠦᠭᠰᠡᠨ ᠦ ᠳᠠᠷᠠᠭ᠎ᠠ ᠪᠤᠴᠠᠵᠤ ᠢᠷᠡᠨ᠂ ᠬᠦᠦ ᠳᠦ ᠪᠡᠨ ᠳᠤᠤᠭᠠᠷ ᠭᠡᠳᠡᠭ ᠨᠡᠷ᠎ᠡ ᠥᠭᠴᠦ ᠡᠬᠡᠨᠡᠷ ᠬᠡᠦᠬᠡᠳ ᠲᠡᠢ ᠪᠡᠨ ᠬᠡᠰᠡᠭ ᠬᠤᠭᠤᠴᠠᠭᠠᠨ ᠳᠤ ᠬᠠᠮᠲᠤ ᠪᠠᠶᠢᠭᠰᠠᠨ ᠴᠤ ᠤᠳᠠᠯ ᠦᠭᠡᠢ ᠪᠤᠴᠠᠵᠤ ᠶᠠᠪᠤᠭᠠᠳ᠂ ᠡᠷᠭᠢᠵᠦ ᠢᠷᠡᠵᠦ ᠠᠮᠵᠢᠯ ᠦᠭᠡᠢ ᠥᠭᠡᠳᠡ ᠪᠣᠯᠵᠠᠢ᠃ ᠨᠤᠲᠤᠭ ᠤᠨ ᠬᠢᠨ ᠤ ᠳᠤᠮᠳᠠ:
《ᠳᠠᠭᠤᠷ ᠭᠠᠷᠤᠯ ᠲᠠᠢ ᠵᠠᠮᠴᠤ ᠴᠢᠨᠢ

ᠳᠠᠭᠠᠭᠤᠯᠬᠤ ᠬᠠᠨᠢ ᠲᠠᠢ ᠪᠣᠯᠤᠭᠰᠠᠨ ᠰᠢᠦ
ᠳᠠᠭᠠᠭᠠᠮᠠᠢ ᠠᠮᠠᠷᠠᠭ ᠬᠣᠷᠯᠤ᠎ᠠ ᠮᠢᠨᠢ

ᠰᠡᠳᠬᠢᠯ ᠢᠶᠡᠨ ᠲᠠᠶᠢᠯᠬᠤ ᠪᠣᠯᠤᠭᠰᠠᠨ ᠰᠢᠦ》
ᠬᠡᠮᠡᠨ ᠳᠠᠭᠤᠤ ᠭᠠᠷᠴᠤ ᠪᠠᠶᠢᠭᠰᠠᠨ ᠭᠡᠳᠡᠭ᠃

ᠳᠤᠤᠭᠠᠷ ᠬᠦᠦ ᠬᠣᠶᠠᠷ ᠠᠶᠢᠯ ᠳᠠᠮᠵᠢᠨ ᠦᠷᠡᠴᠢᠯᠡᠭᠳᠡᠵᠦ᠂ ᠡᠴᠦᠰ ᠲᠦ ᠨᠢ ᠲᠦᠷᠦᠭᠰᠡᠨ ᠡᠬᠡ ᠳᠡᠭᠡᠷ᠎ᠡ ᠪᠡᠨ ᠪᠤᠴᠠᠵᠤ ᠢᠷᠡᠭᠰᠡᠨ ᠦ ᠳᠠᠷᠠᠭ᠎ᠠ 7 ᠨᠠᠰᠤᠨ ᠠᠴᠠ ᠪᠠᠨ ᠡᠬᠢᠯᠡᠨ ᠲᠥᠪᠡᠳ ᠨᠣᠮ ᠦᠵᠡᠵᠦ᠂ ᠤᠯᠠᠮ ᠢᠶᠠᠷ 13 ᠨᠠᠰᠤᠨ ᠳᠤ ᠪᠠᠨ ᠰᠠᠨᠪᠡᠰ ᠦᠨ ᠬᠦᠷᠢᠶᠡᠨ ᠳᠦ ᠱᠠᠪᠢᠯᠠᠨ ᠰᠠᠭᠤᠵᠤ᠂ ᠰᠠᠬᠢᠯ ᠬᠦᠷᠢᠲᠦᠨ᠂ ᠴᠣᠶᠢᠪᠠᠯᠰᠠᠩ ᠬᠡᠮᠡᠬᠦ ᠨᠡᠷᠡᠲᠡᠢ ᠪᠣᠯᠤᠭᠰᠠᠨ ᠪᠠᠶᠢᠨ᠎ᠠ᠃ ᠴᠣᠶᠢᠪᠠᠯᠰᠠᠩ 1910 ᠤᠨ ᠤ ᠵᠤᠨ ᠬᠥᠳᠡᠭᠡ ᠭᠡᠷ ᠲᠦ ᠪᠡᠨ ᠬᠠᠷᠢᠭᠠᠳ᠂ ᠪᠤᠴᠠᠵᠤ ᠰᠠᠨᠪᠡᠶᠢᠰᠡ ᠶᠢᠨ ᠬᠦᠷᠢᠶᠡᠨ ᠳᠦ ᠣᠴᠢᠭᠰᠠᠨ ᠦᠭᠡᠢ᠃ ᠨᠠᠶᠢᠵᠠ ᠭᠡᠨᠳᠡᠩ-ᠶᠠᠷᠢᠨᠫᠢᠯ ᠤᠨ ᠬᠠᠮᠲᠤ ᠶᠡᠬᠡ ᠬᠦᠷᠢᠶ᠎ᠡ ᠳᠦ ᠢᠷᠡᠵᠦ᠂ ᠬᠠᠷ᠎ᠠ ᠪᠣᠷᠣ ᠠᠵᠢᠯ ᠬᠡᠢ ᠶᠢᠨ ᠠᠮᠢᠳᠤᠷᠠᠬᠤ ᠪᠣᠯᠪᠠ᠃

ᠣᠷᠣᠰ᠂ ᠮᠣᠩᠭᠣᠯ ᠬᠡᠯᠡ ᠪᠢᠴᠢᠭ ᠦᠨ ᠰᠤᠷᠭᠠᠭᠤᠯᠢ ᠳᠤ

ᠴᠣᠶᠢᠪᠠᠯᠰᠠᠩ 17 ᠨᠠᠰᠤᠨ ᠳᠤ ᠪᠠᠨ ᠮᠣᠩᠭᠣᠯ ᠤᠯᠤᠰ ᠤᠨ ᠭᠠᠳᠠᠭᠠᠳᠤ ᠶᠠᠮᠤᠨ ᠤ ᠪᠠᠶᠢᠭᠤᠯᠤᠭᠰᠠᠨ "ᠣᠷᠣᠰ᠂ ᠮᠣᠩᠭᠣᠯ ᠬᠡᠯᠡ ᠪᠢᠴᠢᠭ ᠦᠨ ᠰᠤᠷᠭᠠᠭᠤᠯᠢ ᠳᠤ" ᠲᠤᠰ ᠰᠤᠷᠭᠠᠭᠤᠯᠢ ᠶᠢᠨ ᠪᠠᠭᠰᠢ ᠪᠤᠷᠢᠶᠠᠳ ᠳᠠᠨᠴᠢᠨᠣᠸ ᠤᠨ ᠳᠡᠮᠵᠢᠯᠭᠡ ᠪᠡᠷ ᠣᠷᠣᠵᠤ ᠰᠤᠷᠤᠯᠴᠠᠨ᠂ ᠵᠢᠯ ᠦᠨ ᠳᠠᠷᠠᠭ᠎ᠠ ᠰᠤᠷᠤᠯᠭ᠎ᠠ᠂ ᠰᠠᠬᠢᠯᠭ᠎ᠠ ᠪᠠᠷ ᠢᠶᠠᠨ ᠰᠢᠯᠭᠠᠷᠠᠵᠤ᠂ 1914-1917 ᠤᠨ ᠳᠤ ᠣᠷᠣᠰ ᠤᠯᠤᠰ ᠍ ᠤᠨ ᠡᠷᠡᠬᠦᠦ ᠬᠣᠲᠠᠣᠳ ᠪᠤᠰᠤᠳ 8 ᠮᠣᠩᠭᠣᠯ ᠬᠡᠦᠬᠡᠳ ᠦᠨ ᠬᠠᠮᠲᠤ ᠰᠤᠷᠤᠯᠴᠠᠵᠠᠢ᠃

ᠭᠡᠷ ᠪᠦᠯᠢ᠂ ᠦᠷ᠎ᠡ ᠬᠡᠦᠬᠡᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠶᠢᠪᠠᠯᠰᠠᠩ ᠨᠢ ᠬᠣᠶᠠᠷ ᠤᠳᠠᠭ᠎ᠠ ᠭᠡᠷᠯᠡᠭᠰᠡᠨ ᠪᠥᠭᠡᠳ ᠠᠩᠬᠠᠨ ᠤ ᠡᠬᠡᠨᠡᠷ ᠪᠣᠷᠲᠣᠯᠣᠭᠠᠢ ᠲᠠᠢ 1921-1935 ᠤᠨ ᠤ ᠬᠣᠭᠣᠷᠣᠨᠳᠣ ᠠᠮᠢᠳᠤᠷᠠᠵᠤ ᠪᠠᠶᠢᠪᠠ᠃ ᠪ᠂ ᠭᠦᠨᠳᠡᠭᠮᠠ ᠪᠣᠯ ᠮᠠᠷᠱᠠᠯ ᠴᠣᠶᠢᠪᠠᠯᠰᠠᠩ ᠢ ᠨᠠᠰᠤᠨ ᠡᠴᠦᠰ ᠪᠣᠯᠲᠠᠯ᠎ᠠ ᠳᠡᠷᠭᠡᠳᠡ ᠨᠢ ᠪᠠᠶᠢᠭᠰᠠᠨ ᠲᠦᠰᠢᠭ ᠲᠡᠢ ᠬᠠᠨᠢ ᠨᠢ ᠪᠠᠶᠢᠯ᠎ᠠ᠃ ᠮᠠᠷᠱᠠᠯ ᠴᠣᠶᠢᠪᠠᠯᠰᠠᠩ ᠨᠡᠷ᠎ᠡ ᠦᠭᠡᠢ᠂ ᠰᠤᠪᠤᠳ ᠬᠡᠮᠡᠬᠦ ᠬᠦᠦ᠂ ᠥᠬᠢᠨ ᠬᠣᠶᠠᠷ ᠲᠠᠢ ᠪᠠᠶᠢᠭᠰᠠᠨ᠃ ᠮᠠᠷᠱᠠᠯ ᠥᠪᠡᠷ ᠦᠨ ᠲᠦᠷᠦᠭᠰᠡᠨ ᠬᠡᠦᠬᠡᠳ ᠦᠭᠡᠢ ᠲᠤᠯᠠ 2 ᠬᠡᠦᠬᠡᠳ ᠡᠷᠭᠦᠵᠦ ᠠᠪᠤᠭᠰᠠᠨ ᠶᠤᠮ ᠃

ᠲᠥᠷᠥ ᠶᠢᠨ ᠠᠯᠪᠠᠨ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠰᠬᠠᠯᠲᠤ ᠪᠦᠯᠬᠦᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠂ ᠰᠦᠬᠡᠪᠠᠭᠠᠲᠤᠷ᠂ ᠬ᠂ ᠴᠣᠶᠢᠪᠠᠯᠰᠠᠩ

ᠬ᠂ ᠴᠣᠶᠢᠪᠠᠯᠰᠠᠩ 1917 ᠤᠨ ᠤ ᠣᠷᠣᠰ ᠤᠨ ᠬᠤᠪᠢᠰᠬᠠᠯ ᠤᠨ ᠤᠯᠠᠮ ᠠᠴᠠ ᠡᠷᠡᠬᠦᠦ ᠬᠣᠲᠠ ᠠᠴᠠ ᠨᠤᠲᠤᠭ ᠲᠤ ᠪᠠᠨ ᠪᠤᠴᠠᠨ ᠢᠷᠡᠵᠦ "ᠴᠠᠬᠢᠯᠭᠠᠨ ᠮᠡᠳᠡᠭᠡᠨ ᠦ ᠲᠦᠷᠢ ᠰᠤᠷᠭᠠᠭᠤᠯᠢ" ᠳᠦᠭᠦᠷᠭᠡᠭᠰᠡᠨ ᠪᠠᠶᠢᠨ᠎ᠠ᠃ ᠴᠣᠶᠢᠪᠠᠯᠰᠠᠩ ᠣᠷᠣᠰ ᠲᠤ ᠪᠣᠯᠵᠤ ᠪᠤᠢ ᠦᠢᠯᠡ ᠶᠠᠪᠤᠳᠠᠯ ᠢ ᠨᠢᠳᠦ ᠪᠡᠷ ᠦᠵᠡᠭᠰᠡᠨ ᠮᠥᠨ ᠦᠨᠳᠦᠰᠦᠨ ᠦ ᠠᠷᠠᠳᠴᠢᠯᠠᠭᠰᠠᠨ ᠦᠵᠡᠯᠲᠡᠨ ᠪᠣᠳᠣᠲᠠᠢ ᠳᠣᠲᠣᠨᠣ ᠨᠥᠬᠥᠷᠯᠡᠭᠰᠡᠨ ᠨᠢ ᠲᠡᠭᠦᠨ ᠦ ᠴᠢᠨᠠᠭᠰᠢᠳᠠ ᠶᠢᠨ ᠬᠤᠪᠢ ᠵᠠᠶᠠᠭᠠᠨ ᠳᠤ ᠦᠨᠳᠦᠰᠦᠨ ᠡᠷᠭᠢᠯᠲᠡ ᠭᠠᠷᠭᠠᠪᠠ᠃ 23 ᠨᠠᠰᠤᠲᠠᠢ ᠵᠠᠯᠠᠭᠤ ᠴᠣᠶᠢᠪᠠᠯᠰᠠᠩ 1918 ᠤᠨ ᠳᠤ ᠡᠬᠢ ᠡᠭᠦᠰᠪᠦᠷᠢ ᠪᠡᠨ ᠲᠠᠯᠪᠢᠭᠰᠠᠨ ᠺᠣᠨᠰᠤᠶᠢᠯ ᠤᠨ ᠬᠤᠪᠢᠰᠬᠠᠯᠲᠤ ᠪᠦᠯᠦᠭ ᠦᠨ ᠨᠢᠭᠡ ᠭᠡᠰᠢᠭᠦᠨ ᠪᠣᠯᠤᠯ᠎ᠠ᠃ ᠤᠯᠠᠮ ᠢᠶᠠᠷ ᠠᠩᠬᠠᠨ ᠤ ᠳᠣᠯᠣᠭᠠᠨ ᠨᠥᠬᠥᠳ ᠦᠨ ᠪᠦᠷᠢᠯᠳᠦᠬᠦᠨ ᠳᠦ ᠣᠷᠣᠰ ᠬᠡᠯᠡ ᠲᠡᠢ ᠤᠴᠢᠷ ᠪᠠᠭᠠᠳᠴᠤ᠂ ᠡᠷᠡᠬᠦᠦ ᠬᠣᠲᠠᠨᠣᠭ᠎ᠠ ᠶᠡᠬᠡ ᠦᠢᠯᠡ ᠬᠡᠷᠡᠭ ᠢ ᠰᠡᠳᠡᠯᠴᠡᠵᠦ ᠡᠬᠢᠯᠡᠭᠰᠡᠨ ᠶᠤᠮ᠃ ᠲᠡᠷᠡ ᠪᠡᠷ ᠬᠤᠪᠢᠰᠬᠠᠯ ᠤᠨ ᠬᠡᠷᠡᠭ ᠲᠦ ᠢᠳᠡᠪᠬᠢᠯᠡᠨ ᠣᠷᠣᠯᠴᠠᠵᠤ᠂ ᠠᠷᠠᠳ ᠤᠨ ᠵᠢᠷᠤᠮᠲᠤ ᠴᠡᠷᠢᠭ ᠦᠨ ᠰᠤᠷᠲᠠᠯ ᠢ ᠨᠤᠮᠠᠯᠠᠭᠴᠤ᠂ ᠤᠯᠠᠮ ᠢᠶᠠᠷ 1921 ᠤᠨ ᠤ 5 ᠰᠠᠷ᠎ᠠ ᠶᠢᠨ ᠰᠡᠭᠦᠯᠴᠢ ᠪᠡᠷ ᠪᠠᠷᠠᠭᠤᠨ ᠵᠠᠮ ᠤᠨ ᠲᠤᠰᠬᠠᠢ ᠠᠩᠬᠢ ᠶᠢᠨ ᠴᠡᠷᠢᠭ ᠦᠨ ᠵᠠᠬᠢᠷᠤᠭᠴᠢ᠂ ᠠᠷᠠᠳ ᠤᠨ ᠵᠢᠷᠤᠮᠲᠤ ᠴᠡᠷᠢᠭ ᠦᠨ ᠳᠡᠳ᠋ ᠵᠠᠩᠵᠤᠨ ᠢᠶᠠᠷ ᠲᠤᠰ ᠲᠤᠰ ᠲᠣᠮᠢᠯᠠᠭᠳᠠᠨ ᠬᠦᠴᠦᠨ ᠵᠢᠳᠬᠦᠵᠡᠢ᠃ ᠡᠶᠢᠮᠦ ᠡᠴᠡ ᠴᠤ ᠲᠤᠬᠠᠢ ᠶᠢᠨ ᠦᠶ᠎ᠡ ᠳᠦ ᠮᠣᠩᠭᠣᠯ ᠣᠷᠣᠨ ᠳᠤ ᠡᠭᠦᠷᠯᠡᠭᠰᠡᠨ ᠣᠷᠣᠰ ᠤᠨ ᠴᠠᠭᠠᠨᠲᠠᠨ ᠢ ᠤᠰᠠᠳᠬᠠᠬᠤ ᠦᠢᠯᠡ ᠠᠵᠢᠯᠯᠠᠭ᠎ᠠ ᠶᠢ ᠤᠳᠤᠷᠢᠳᠬᠤ ᠳᠤ ᠣᠨᠴᠠᠭᠠᠢ ᠭᠠᠪᠢᠶ᠎ᠠ ᠪᠠᠶᠢᠭᠤᠯᠤᠭᠰᠠᠨ ᠭᠡᠵᠦ ᠵᠥᠪᠯᠡᠯᠲᠦ ᠵᠠᠰᠠᠭ ᠤᠨ ᠭᠠᠵᠠᠷ ᠠᠴᠠ ᠲᠡᠭᠦᠨ ᠢ ᠳ᠂ ᠰᠦᠬᠡᠪᠠᠭᠠᠲᠤᠷᠰ᠃ᠮᠠᠭᠰᠤᠷᠵᠠᠪ ᠨᠠᠷ ᠤᠨ ᠬᠠᠮᠲᠤ 1922 ᠤᠨ ᠳᠤ ᠤᠯᠠᠭᠠᠨ ᠲᠤᠭ ᠤᠨ ᠣᠳᠣᠨ ᠶᠢ ᠢᠶᠠᠷ ᠱᠠᠩᠨᠠᠵᠤ ᠪᠠᠶᠢᠪᠠ᠃

1921 ᠤᠨ ᠤ ᠬᠤᠪᠢᠰᠬᠠᠯ ᠤᠨ ᠳᠠᠷᠠᠭ᠎ᠠ ᠬ᠂ ᠴᠣᠶᠢᠪᠠᠯᠰᠠᠩ ᠤᠯᠤᠰ ᠣᠷᠣᠨ ᠢᠶᠠᠨ ᠥᠭᠡᠷᠡᠴᠢᠯᠡᠬᠦ᠂ ᠰᠢᠨᠡᠳᠬᠡᠬᠦ ᠦᠢᠯᠡᠰ ᠲᠦ ᠥᠪᠡᠷ ᠦᠨ ᠬᠤᠪᠢ ᠨᠡᠮᠡᠷᠢ ᠪᠡᠨ ᠣᠷᠣᠭᠤᠯᠵᠤ ᠡᠬᠢᠯᠡᠪᠡ᠃ ᠶᠠᠭᠤᠨ ᠤ ᠡᠮᠦᠨ᠎ᠡ 1921 ᠤᠨ ᠤ 8 ᠰᠠᠷ᠎ᠠ ᠶᠢᠨ 25 ᠍ ᠳᠦ ᠮᠣᠩᠭᠣᠯ ᠤᠨ ᠬᠤᠪᠢᠰᠬᠠᠯᠲᠤ ᠵᠠᠯᠠᠭᠤᠴᠤᠳ ᠤᠨ ᠡᠪᠯᠡᠯ ᠍ ᠢ ᠡᠭᠦᠰᠬᠡᠨ ᠪᠠᠶᠢᠭᠤᠯᠤᠯᠴᠠᠵᠤ᠂ ᠡᠪᠯᠡᠯ ᠦᠨ ᠲᠥᠪ ᠬᠣᠷᠢᠶᠠᠨ ᠤ ᠠᠩᠬᠠᠨ ᠤ ᠳᠠᠷᠤᠭ᠎ᠠ ᠪᠠᠷ ᠰᠣᠩᠭᠣᠭᠳᠠᠪᠠ᠃

1922-1931 ᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1922-1931 ᠤᠨ ᠪᠣᠯ ᠬ᠂ ᠴᠣᠶᠢᠪᠠᠯᠰᠠᠩ ᠤᠨ ᠠᠮᠢᠳᠤᠷᠠᠯ ᠤᠨ ᠲᠤᠩ ᠡᠭᠡᠳᠡᠷᠡᠭᠡᠲᠡᠢ ᠬᠡᠰᠡᠭ ᠪᠣᠯᠤᠨ᠎ᠠ᠃ ᠲᠡᠷᠡ ᠪᠡᠷ "ᠪᠣᠳᠣ ᠶᠢᠨ ᠬᠡᠷᠡᠭ ᠲᠤ" ᠬᠣᠯᠪᠣᠭᠳᠠᠨ ᠨᠠᠮ ᠤᠨ ᠣᠷᠣᠯᠠᠭᠴᠢ ᠭᠡᠰᠢᠭᠦᠨ ᠪᠣᠯᠤᠨ ᠰᠢᠳᠬᠡᠭᠳᠡᠵᠦ᠂ ᠵᠥᠪᠯᠡᠯᠲᠦ ᠬᠣᠯᠪᠣᠭᠠᠲᠤ ᠤᠯᠤᠰ ᠳᠦ ᠴᠡᠷᠢᠭ ᠦᠨ ᠰᠤᠷᠭᠠᠭᠤᠯᠢ ᠳᠤ ᠶᠠᠪᠤᠭᠰᠠᠨ ᠪᠣᠯᠪᠠᠴᠤ ᠡᠪᠡᠳᠴᠢᠨ ᠦ ᠤᠴᠢᠷ ᠠᠴᠠ ᠪᠤᠴᠠᠵᠤ ᠢᠷᠡᠵᠡᠢ᠃ ᠬᠠᠷᠢᠨ 1924 ᠤᠨ ᠤ ᠨᠠᠮᠤᠷ ᠠᠴᠠ 1928 ᠤᠨ ᠬᠦᠷᠲᠡᠯ᠎ᠡ ᠪᠦᠬᠦ ᠴᠡᠷᠢᠭ ᠦᠨ ᠵᠠᠩᠵᠤᠨ᠂ 1929-1930 ᠤᠨ ᠳᠤ ᠤᠯᠤᠰ ᠤᠨ ᠪᠠᠭ᠎ᠠ ᠬᠤᠷᠠᠯ ᠤᠨ ᠳᠠᠷᠤᠭ᠎ᠠ ᠪᠠᠶᠢᠵᠤ᠂ ᠪᠠᠰᠠ ᠹᠧᠣᠳᠠᠯ ᠤᠨ ᠬᠥᠷᠥᠩᠭᠡ ᠬᠤᠷᠢᠶᠠᠬᠤ ᠲᠥᠪ ᠺᠣᠮᠢᠰ ᠍ ᠢ ᠲᠣᠯᠣᠭᠠᠶᠢᠯᠠᠵᠤ ᠪᠠᠶᠢᠪᠠ᠃ ᠬᠠᠷᠢᠨ 1930 ᠤᠨ ᠳᠤ ᠬ᠂ ᠴᠣᠶᠢᠪᠠᠯᠰᠠᠩ 《ᠪᠠᠷᠠᠭᠤᠨ ᠤ ᠦᠵᠡᠯᠲᠡᠨ》 ᠮᠥᠨ ᠠᠷᠢᠬᠢᠨ ᠳᠤ ᠣᠷᠣᠭᠰᠠᠨ ᠭᠡᠬᠦ ᠵᠡᠷᠭᠡ ᠪᠡᠷ ᠰᠢᠭᠦᠨᠵᠢᠯᠡᠭᠳᠡᠵᠦ ᠨᠢᠭᠡ ᠬᠡᠰᠡᠭ ᠠᠵᠢᠯ ᠦᠭᠡᠢ ᠬᠦᠷᠲᠡᠯ᠎ᠡ ᠪᠠᠶᠢᠪᠠ᠃ 1931 ᠤᠨ ᠤ ᠡᠴᠦᠰ ᠢᠶᠡᠷ ᠲᠡᠷᠡ ᠪᠡᠷ ᠮᠠᠯ ᠲᠠᠷᠢᠶᠠᠯᠠᠩ ᠤᠨ ᠶᠠᠮᠤᠨ ᠤ ᠰᠠᠶᠢᠳ ᠢᠶᠠᠷ ᠲᠣᠮᠢᠯᠠᠭᠳᠠᠵᠤ᠂ ᠳᠠᠬᠢᠨ ᠲᠥᠷᠥ ᠶᠢᠨ ᠠᠯᠪᠠᠨ ᠳᠤ ᠭᠠᠷᠴᠤ ᠢᠷᠡᠭᠰᠡᠨ ᠪᠠᠶᠢᠨ᠎ᠠ᠃

ᠲᠥᠷᠥ ᠶᠢᠨ ᠡᠷᠬᠡᠨ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

1934 ᠤᠨ ᠳᠤ ᠮᠣᠰᠺᠸᠠ ᠳᠤ ᠣᠴᠢᠵᠤ ᠵᠢᠯ ᠰᠢᠬᠠᠮ ᠪᠣᠯᠵᠠᠢ᠃ ᠮᠥᠨ ᠡᠨᠡ ᠦᠶᠡᠳᠡᠭᠡ "ᡀᠦᠮᠪᠦᠶᠢᠨ ᠬᠡᠷᠡᠭ" ᠭᠡᠭᠴᠢ ᠳᠦ ᠨᠡᠷ᠎ᠡ ᠬᠣᠯᠪᠣᠭᠳᠠᠵᠤ ᠪᠠᠶᠢᠪᠠ᠃ ᠡᠨᠡ ᠮᠣᠰᠺᠸᠠ ᠳᠤ ᠥᠩᠭᠡᠷᠡᠭᠦᠯᠦᠭᠰᠡᠨ ᠵᠢᠯ ᠰᠢᠬᠠᠮ ᠤᠨ ᠬᠤᠭᠤᠴᠠᠭᠠᠨ ᠳᠤ ᠴᠣᠶᠢᠪᠠᠯᠰᠠᠩ ᠴᠤᠬᠤᠮ ᠶᠠᠭᠤ ᠬᠢᠵᠦ ᠪᠠᠶᠢᠭᠰᠠᠨ ᠨᠢ ᠲᠤᠩ ᠤᠴᠢᠷ ᠪᠢᠲᠡᠭᠦᠯᠢᠭ ᠪᠠᠶᠢᠳᠠᠭ᠃ ᠵᠠᠷᠢᠮ ᠰᠤᠳᠤᠯᠤᠭᠠᠴᠢᠳ ᠠᠷᠢᠬᠢᠨ ᠤ ᠡᠮᠴᠢᠯᠡᠭᠡᠨ ᠳᠦ ᠶᠠᠪᠤᠭᠰᠠᠨ ᠪᠠᠶᠢᠬᠤ ᠭᠡᠵᠦ ᠲᠠᠭᠠᠮᠠᠭᠯᠠᠬᠤ ᠠᠪᠴᠤ ᠣᠯᠠᠩᠬᠢ ᠨᠢ ᠵᠥᠪᠯᠡᠯᠲᠦ ᠶᠢᠨ ᠲᠤᠰᠬᠠᠢ ᠠᠯᠪᠠ ᠳᠤ ᠲᠡᠭᠦᠨ ᠢ ᠰᠡᠩᠬᠡᠷᠡᠭᠦᠯᠦᠨ᠂ ᠪᠣᠯᠪᠠᠰᠤᠷᠠᠭᠤᠯᠤᠭᠰᠠᠨ ᠪᠠᠶᠢᠬᠤ ᠭᠡᠵᠦ ᠦᠵᠡᠳᠡᠭ᠃ ᠤᠴᠢᠷ ᠨᠢ ᠲᠡᠭᠦᠨ ᠳᠦ 1935 ᠤᠨ ᠤ 3 ᠰᠠᠷ᠎ᠠ ᠳᠤ ᠵᠥᠪᠯᠡᠯᠲᠦ ᠬᠣᠯᠪᠣᠭᠠᠲᠤ ᠤᠯᠤᠰ ᠠᠴᠠ ᠰᠠᠭᠤᠳᠠᠯ ᠤᠨ 20 ᠠᠦ᠋ᠲ᠋ᠣᠮᠠᠰᠢᠨ ᠪᠡᠯᠭᠡᠨ ᠳᠦ ᠢᠷᠡᠵᠦ᠂ ᠤᠳᠠᠯ ᠦᠭᠡᠢ ᠮᠥᠨ ᠤᠨ ᠤ ᠡᠴᠦᠰ ᠢᠶᠡᠷ ᠰᠲ᠋ᠠᠯᠢᠨᠢ ᠰᠢᠭᠤᠳ ᠰᠠᠨᠠᠭᠠᠴᠢᠯᠠᠭ᠎ᠠ᠂ ᠣᠷᠣᠯᠴᠠᠭ᠎ᠠ ᠲᠠᠢ ᠪᠠᠷ ᠶᠡᠷᠦᠩᠬᠡᠢ ᠰᠠᠶᠢᠳ ᠤᠨ ᠣᠷᠣᠯᠠᠭᠴᠢ ᠪᠠᠷ ᠲᠣᠮᠢᠯᠠᠭᠳᠠᠪᠠ᠃ ᠡᠨᠡ ᠦᠶᠡᠰ ᠲᠡᠭᠦᠨ ᠦ ᠲᠠᠰᠤᠷᠠᠯᠲᠠ ᠦᠭᠡᠢ ᠥᠭᠰᠥᠬᠦ ᠵᠠᠮ ᠡᠬᠢᠯᠡᠭᠰᠡᠨ ᠪᠠᠶᠢᠨ᠎ᠠ᠃ ᠰᠲ᠋ᠠᠯᠢᠨ᠂ ᠲᠡᠭᠦᠨ ᠦ ᠭᠠᠷ ᠬᠥᠯ ᠪᠣᠯᠤᠭᠴᠢᠳ᠂ ᠺᠣᠮᠢᠨᠲ᠋ᠧᠷᠠᠨ ᠥᠪᠡᠷᠰᠡᠳ ᠦᠨ ᠢᠶᠡᠨ ᠪᠣᠳᠣᠯᠭ᠎ᠠ᠂ ᠦᠢᠯᠡ ᠠᠵᠢᠯᠯᠠᠭ᠎ᠠ ᠶᠢ ᠮᠣᠩᠭᠣᠯ ᠳᠤ ᠦᠭᠡ ᠳᠠᠭᠤ ᠦᠭᠡᠢ ᠬᠡᠷᠡᠭᠵᠢᠭᠦᠯᠬᠦ ᠬᠦᠮᠦᠨ ᠢ ᠬᠠᠶᠢᠰᠤ ᠪᠠᠷ ᠲᠡᠭᠦᠨ ᠢ ᠣᠯᠤᠭᠰᠠᠨ ᠪᠠᠶᠢᠨ᠎ᠠ᠃ ᠤᠳᠠᠯ ᠦᠭᠡᠢ ᠴᠣᠶᠢᠪᠠᠯᠰᠠᠩ ᠢ 1936 ᠤᠨ ᠳᠤ ᠳᠣᠲᠣᠭᠠᠳᠤ ᠶᠠᠮᠤᠨ ᠤ ᠰᠠᠶᠢᠳ ᠢᠶᠠᠷ ᠬᠠᠪᠰᠤᠷᠤᠨ ᠲᠤᠮᠢᠯᠠᠪᠠ᠃ 1930 ᠍ ᠊ᠭᠠᠳ ᠤᠨ ᠤ ᠰᠡᠭᠦᠯᠴᠢ ᠪᠡᠷ ᠴᠣᠶᠢᠪᠠᠯᠰᠠᠩ ᠤᠨ ᠭᠠᠷ ᠲᠤ ᠶᠡᠬᠡᠬᠡᠨ ᠡᠷᠬᠡ ᠮᠡᠳᠡᠯ ᠲᠥᠪᠯᠡᠷᠡᠵᠦ᠂ ᠤᠯᠠᠮ ᠢᠶᠠᠷ ᠲᠤᠰ ᠤᠯᠤᠰ ᠤᠨ ᠵᠠᠰᠠᠭ ᠤᠨ ᠭᠠᠵᠠᠷ ᠤᠨ ᠲᠡᠷᠢᠭᠦᠨ ᠪᠣᠯᠤᠨ᠂ ᠰᠲ᠋ᠠᠯᠢᠨ ᠤ ᠵᠢᠭᠠᠪᠤᠷᠢᠴᠢᠯᠠᠬᠤ᠎ᠠ ᠪᠠᠷ 30 ᠭᠠᠷᠤᠢ ᠮᠢᠩᠭᠠᠨ ᠬᠦᠮᠦᠨ ᠢ ᠬᠢᠯᠢᠰ ᠢᠶᠡᠷ ᠬᠡᠯᠮᠡᠭᠳᠡᠭᠦᠯᠵᠡᠢ᠃

 ᠶᠡᠬᠡ ᠬᠡᠯᠮᠡᠭᠳᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬ᠂ ᠴᠣᠶᠢᠪᠠᠯᠰᠠᠩ ᠤᠨ ᠲᠣᠯᠣᠭᠠᠶᠢᠯᠠᠭᠰᠠᠨ "ᠣᠨᠴᠠᠭᠠᠢ ᠪᠦᠷᠢᠨ ᠡᠷᠬᠡᠲᠦ ᠺᠣᠮᠢᠰ" ᠳᠣᠲᠣᠭᠠᠳᠤ ᠶᠠᠮᠤᠨ ᠠᠴᠠ ᠣᠷᠣᠭᠤᠯᠤᠭᠰᠠᠨ ᠨᠡᠷᠡᠰ ᠦᠨ ᠵᠢᠭ᠌ᠰᠠᠭᠠᠯᠳᠠ ᠪᠡᠷ ᠠᠰᠠᠭᠤᠳᠠᠯ ᠰᠢᠢᠳᠳᠡᠭ᠂ ᠵᠥᠪᠬᠡᠨ ᠨᠢᠭᠡ ᠡᠳᠦᠷ ᠦᠨ ᠬᠤᠷᠠᠯ ᠢᠶᠠᠷ 129-1,278 ᠬᠦᠨᠳᠦ ᠶᠠᠯ᠎ᠠ ᠣᠨᠣᠭᠠᠳᠠᠭ ᠪᠠᠶᠢᠴᠠᠢ᠃ ᠡᠳᠡᠭᠡᠷ ᠬᠦᠮᠦᠰ ᠬᠡᠷᠡᠭ ᠦᠨ ᠪᠦᠷᠢᠳᠦᠯ ᠭᠦᠢ᠂ ᠥᠮᠥᠭᠡᠯᠡᠭᠴᠢ ᠦᠭᠡᠢ ᠪᠡᠷ "ᠣᠨᠴᠠᠭᠠᠢ ᠪᠦᠷᠢᠨ ᠡᠷᠬᠡᠲᠦ ᠺᠣᠮᠢᠰ ᠤᠨ" ᠬᠤᠷᠠᠯ ᠢᠶᠠᠷ ᠰᠢᠳᠬᠡᠭᠳᠡᠳᠡᠭ ᠪᠠᠶᠢᠪᠠ᠃ 1935-1940 ᠤᠨ ᠳᠤ 《ᠶᠠᠫᠣᠨ ᠤ ᠲᠠᠩᠨᠠᠭᠤᠯ》 ᠬᠤᠪᠢᠰᠬᠠᠯ ᠤᠨ ᠡᠰᠡᠷᠭᠦᠦ ᠬᠡᠮᠡᠨ ᠬᠢᠯᠢᠰ ᠬᠡᠷᠡᠭ ᠲᠦ ᠪᠠᠷᠢᠭᠳᠠᠵᠤ ᠰᠢᠳᠬᠡᠭᠦᠯᠦᠭᠰᠡᠨ 70000 ᠬᠦᠮᠦᠨ ᠡᠴᠡ 90% ᠨᠢ ᠪᠤᠤᠳᠠᠭᠤᠯᠤᠭᠰᠠᠨ ᠪᠠᠶᠢᠨ᠎ᠠ᠃ ᠡᠭᠦᠨ ᠡᠴᠡ 36% ᠨᠢ ᠨᠠᠮ ᠪᠣᠯᠤᠨ ᠲᠥᠷᠥ ᠶᠢᠨ ᠠᠯᠪᠠᠨ ᠬᠠᠭᠠᠭᠴᠢᠳ᠂ ᠴᠡᠷᠢᠭ ᠦᠨ ᠬᠦᠮᠦᠰ᠂ ᠠᠵᠢᠯᠴᠢᠨ᠂ ᠡᠩ ᠦᠨ ᠠᠷᠠᠳ᠂ ᠦᠯᠡᠳᠡᠭᠰᠡᠨ ᠨᠢ ᠯᠠᠮᠠ ᠨᠠᠷ ᠪᠠᠶᠢᠯ᠎ᠠ᠃ ᠬᠡᠯᠮᠡᠭᠳᠡᠭᠦᠯᠦᠯᠲᠡ ᠶᠢᠨ ᠭᠣᠣᠯ ᠰᠢᠯᠲᠠᠭᠠᠨ ᠨᠢ ᠮᠣᠩᠭᠣᠯ ᠤᠨ ᠭᠧᠣᠫᠣᠯᠢᠲ᠋ᠢᠺ ᠤᠨ ᠤᠷᠴᠢᠨ ᠳᠤ ᠭᠠᠷᠤᠭᠰᠠᠨ ᠥᠭᠡᠷᠡᠴᠢᠯᠡᠯᠲᠡ᠂ ᠲᠡᠭᠦᠨ ᠳᠦ ᠦᠨᠳᠦᠰᠦᠯᠡᠭᠰᠡᠨ ᠣᠷᠣᠰ ᠤᠨ ᠪᠠᠶᠢᠯᠳᠣᠬᠣ ᠪᠣᠳᠣᠯᠭ᠎ᠠ ᠶᠢᠨ ᠰᠣᠨᠢᠷᠬᠠᠯ ᠪᠠᠶᠢᠭᠰᠠᠨ ᠪᠣᠯᠪᠠᠴᠤ ᠴᠣᠶᠢᠪᠠᠯᠰᠠᠩ ᠤᠨ ᠬᠠᠬᠢᠷ ᠬᠠᠲᠠᠭᠤ᠂ ᠬᠠᠷᠠᠳᠠᠮᠠᠲᠠᠭᠠᠢ ᠵᠠᠩ ᠠᠪᠤᠷᠢ ᠶᠡᠬᠡᠬᠡᠨ ᠨᠥᠯᠦᠭᠡᠯᠡᠵᠡᠢ᠃

ᠬᠠᠯᠬ᠎ᠠ ᠶᠢᠨ ᠭᠣᠣᠯ ᠤᠨ ᠪᠠᠶᠢᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠮᠺᠣᠷ ᠵᠢᠺᠣᠸ᠂ ᠮᠠᠷᠱᠠᠯ ᠴᠣᠶᠢᠪᠠᠯᠰᠠᠩ᠂ ᠬᠠᠯᠬ᠎ᠠ ᠶᠢᠨ ᠭᠣᠣᠯ

ᠮᠣᠩᠭᠣᠯ ᠤᠯᠤᠰ ᠤᠨ ᠭᠠᠳᠠᠭᠠᠳᠤᠪᠠᠶᠢᠳᠠᠯ ᠬᠤᠷᠴᠠᠳᠠᠭᠰᠠᠭᠠᠷ 1939 ᠤᠨ ᠳᠤ ᠬᠠᠯᠬ᠎ᠠ ᠶᠢᠨ ᠭᠣᠣᠯ ᠣᠷᠴᠢᠮ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠪᠣᠯᠤᠨ ᠶᠠᠫᠣᠨ ᠲᠤᠯᠤᠯᠳᠤᠬᠤ ᠳᠤ ᠬᠦᠷᠪᠡ᠃ ᠡᠨᠡ ᠪᠠᠶᠢᠯᠳᠤᠭᠠᠨ ᠳᠤ ᠮᠣᠩᠭᠣᠯ ᠠᠷᠠᠳ ᠤᠨ ᠬᠤᠪᠢᠰᠬᠠᠯᠲᠤ ᠴᠡᠷᠢᠭ ᠢ ᠮᠠᠷᠱᠠᠯ ᠬ᠂ ᠴᠣᠶᠢᠪᠠᠯᠰᠠᠩ ᠺᠣᠮᠠᠨᠳᠠᠯᠠᠵᠠᠢ᠃ ᠳᠥᠷᠪᠡᠨ ᠰᠠᠷ᠎ᠠ ᠭᠠᠷᠤᠢ ᠦᠷᠭᠦᠯᠵᠢᠯᠡᠭᠰᠡᠨ ᠬᠠᠯᠬ᠎ᠠ ᠶᠢᠨ ᠭᠣᠣᠯ ᠤᠨ ᠪᠠᠶᠢᠯᠳᠤᠭᠠᠨ ᠮᠣᠩᠭᠣᠯ-ᠵᠥᠪᠯᠡᠯᠲᠦ ᠶᠢᠨ ᠢᠯᠠᠯᠲᠠ ᠪᠠᠷ ᠲᠡᠭᠦᠰᠦᠭᠰᠡᠨ ᠪᠠ 《ᠶᠠᠫᠣᠨ ᠤ ᠲᠠᠩᠨᠠᠭᠤᠯ》᠂ 《ᠬᠤᠪᠢᠰᠬᠠᠯ ᠤᠨ ᠡᠰᠡᠷᠭᠦᠦ》 ᠭᠡᠰᠡᠨ ᠠᠶᠢᠳᠠᠰ ᠢ ᠮᠣᠩᠭᠣᠯᠴᠤᠳ ᠤᠨ ᠳᠤᠮᠳᠠ ᠳᠡᠪᠡᠷᠭᠡᠨ᠂ ᠤᠯᠤᠰ ᠲᠥᠷᠥ ᠶᠢᠨ ᠪᠤᠷᠠᠩᠭᠤᠢ ᠬᠡᠯᠮᠡᠭᠳᠡᠭᠦᠯᠦᠯᠲᠡ ᠶᠢ ᠵᠥᠪᠲᠦᠭᠡᠬᠦ ᠰᠢᠯᠲᠠᠭ ᠪᠣᠯᠪᠠ᠃ ᠡᠨᠡ ᠨᠢ ᠬᠣᠵᠢᠮ ᠴᠣᠶᠢᠪᠠᠯᠰᠠᠩ ᠢ ᠲᠠᠬᠢᠨ ᠰᠢᠲᠦᠬᠦ ᠨᠢᠭᠡ ᠰᠢᠯᠲᠠᠭᠠᠨ ᠪᠣᠯᠤᠭᠰᠠᠨ ᠪᠠᠶᠢᠨ᠎ᠠ᠃

ᠵᠠᠷᠢᠮ ᠰᠤᠳᠤᠯᠤᠭᠠᠴᠢᠳ 1939 ᠤᠨ ᠤ ᠬᠠᠯᠬ᠎ᠠ ᠶᠢᠨ ᠭᠣᠣᠯ ᠤᠨ ᠪᠠᠶᠢᠯᠳᠤᠭᠠᠨ ᠨᠢ ᠵᠥᠪᠯᠡᠯᠲᠦ ᠬᠣᠯᠪᠣᠭᠠᠲᠤ ᠤᠯᠤᠰ᠂ ᠺᠣᠮᠢᠨᠲ᠋ᠧᠷᠠᠨ ᠡᠴᠡ ᠪᠥᠰᠡ ᠨᠤᠲᠤᠭ ᠤᠨ ᠲᠠᠯ᠎ᠠ ᠪᠠᠷ ᠶᠠᠪᠤᠭᠤᠯᠤᠭᠰᠠᠨ ᠪᠠᠶᠢᠯᠳᠣᠬᠣ ᠪᠣᠳᠣᠯᠭ᠎ᠠ ᠶᠢᠨ ᠪᠣᠳᠣᠯᠭ᠎ᠠ ᠶᠢᠨ ᠨᠢᠭᠡ ᠬᠡᠰᠡᠭ ᠪᠠᠶᠢᠭᠰᠠᠨ ᠠᠴᠠ ᠪᠤᠰᠤ᠂ ᠮᠣᠩᠭᠣᠯ᠂ ᠶᠠᠫᠣᠨ ᠬᠣᠶᠠᠷ ᠵᠠᠶᠢᠯᠠᠰᠢ ᠦᠭᠡᠢ ᠪᠠᠶᠢᠯᠳᠤᠬᠤ ᠠᠴᠠ ᠥᠭᠡᠷ᠎ᠡ ᠠᠷᠭ᠎ᠠ ᠦᠭᠡᠢ ᠪᠣᠯᠤᠭᠰᠠᠨ ᠲᠡᠶᠢᠮᠦ ᠵᠡᠪᠰᠡᠭᠲᠦ ᠮᠥᠷᠭᠥᠯᠳᠦᠭᠡᠨ ᠬᠠᠷᠠᠬᠠᠨ Nba ᠪᠢᠰᠢ ᠪᠠᠶᠢᠭᠰᠠᠨ ᠭᠡᠵᠦ ᠲᠤᠶᠢᠯᠰᠢᠷᠠᠵᠤ ᠪᠠᠶᠢᠭ᠎ᠠ ᠨᠢ ᠲᠤᠩ ᠬᠠᠷᠠᠮᠰᠠᠯᠲᠠᠢ᠃

ᠴᠣᠶᠢᠪᠠᠯᠰᠠᠩ ᠢ ᠲᠠᠬᠢᠨ ᠰᠢᠲᠦᠬᠦ ᠡᠬᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬ᠂ ᠴᠣᠶᠢᠪᠠᠯᠰᠠᠩ 1940 ᠤᠨ ᠤ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠠᠪᠤᠳᠠᠬᠢ ᠶᠡᠬᠡ ᠬᠤᠷᠠᠯ᠂ ᠤᠯᠤᠰ ᠤᠨ ᠨᠠᠢᠮᠳᠠᠬᠢ ᠶᠡᠬᠡ ᠬᠤᠷᠠᠯ ᠤᠨ ᠪᠡᠯᠡᠳᠬᠡᠯ ᠢ ᠰᠠᠶᠢᠲᠤᠷ ᠬᠠᠩᠭᠠᠵᠤ᠂ ᠤᠯᠠᠮ ᠢᠶᠠᠷ ᠤᠭ ᠬᠤᠷᠠᠯ ᠤᠳ ᠠᠴᠠ ᠭᠠᠷᠭᠠᠬᠤ ᠰᠢᠢᠳᠪᠦᠷᠢ ᠨᠢ ᠣᠯᠠᠨ ᠲᠦᠮᠡᠨ ᠦ ᠤᠷᠮ᠎ᠠ ᠵᠣᠷᠢᠭ ᠢ ᠰᠡᠷᠭᠦᠭᠡᠵᠦ ᠴᠢᠳᠠᠬᠤᠶᠢᠴᠠ ᠪᠠᠶᠢᠬᠤ ᠶᠣᠰᠣᠲᠠᠢ ᠭᠡᠵᠦ ᠦᠵᠡᠯ᠎ᠡ᠃ ᠢᠩᠭᠢᠭᠡᠳ ᠡᠭᠦᠨ ᠳᠦ ᠪᠡᠨ ᠲᠤᠰᠠᠯᠠᠯᠴᠠᠭ᠎ᠠ ᠬᠦᠰᠡᠬᠦ ᠪᠡᠷ 1939 ᠤᠨ ᠤ 9 ᠰᠠᠷ᠎ᠠ ᠳᠤ ᠮᠣᠰᠺᠸᠠ ᠳᠤ ᠣᠴᠢᠪᠠ᠃ ᠤᠭ ᠠᠭᠤᠯᠵᠠᠯᠲᠠ ᠪᠠᠷ ᠵᠥᠪᠯᠡᠯᠲᠦ ᠶᠢᠨ ᠲᠠᠯ᠎ᠠ ᠨᠤᠱᠺ ᠠᠴᠠ ᠤᠯᠠᠭᠠᠨᠪᠠᠭᠠᠲᠤᠷ ᠬᠦᠷᠲᠡᠯ᠎ᠡ ᠲᠡᠮᠦᠷ ᠵᠠᠮ ᠲᠠᠯᠪᠢᠬᠤ᠂ ᠮᠢᠬ᠎ᠠ ᠺᠣᠮᠪᠢᠨᠠᠲ᠂ ᠠᠦ᠋ᠲ᠋ᠣᠲ᠋ᠧᠭᠨᠢᠭ ᠤᠨ ᠪᠣᠯᠤᠨ ᠼᠧᠮᠧᠨᠲ ᠦᠨ ᠵᠠᠪᠤᠳ᠋ ᠪᠠᠷᠢᠬᠤ ᠳᠤ ᠲᠤᠰᠠᠯᠠᠬᠤ ᠪᠣᠯᠤᠭᠰᠠᠨ ᠪᠠᠶᠢᠨ᠎ᠠ᠃ ᠮᠣᠩᠭᠣᠯ ᠠᠷᠠᠳ ᠤᠨ ᠬᠤᠪᠢᠰᠬᠠᠯᠲᠤ ᠨᠠᠮ ᠶᠢᠨ ᠲᠠᠪᠤᠳᠠᠬᠢ ᠂ ᠤᠯᠤᠰ ᠤᠨ ᠨᠠᠢᠮᠳᠠᠬᠢ ᠶᠡᠬᠡ ᠬᠤᠷᠠᠯ ᠠᠴᠠ ᠤᠯᠤᠰ ᠣᠷᠣᠨ ᠤ ᠬᠥᠭᠵᠢᠯ ᠦᠨ ᠲᠤᠯᠭᠠᠮᠳᠠᠭᠰᠠᠨ ᠵᠣᠷᠢᠯᠲᠠ ᠨᠤᠭᠤᠳ ᠢ ᠲᠣᠳᠣᠷᠬᠠᠶᠢᠯᠠᠨ ᠤᠯᠤᠰ ᠤᠨ ᠨᠠᠢᠮᠳᠠᠬᠢ ᠶᠡᠬᠡ ᠬᠤᠷᠠᠯ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠬᠣᠶᠠᠷ ᠳ᠋ᠡᠬᠢ ᠦᠨᠳᠦᠰᠦᠨ ᠬᠠᠤᠯᠢ ᠶᠢ ᠪᠠᠲᠤᠯᠠᠪᠠ᠃ ᠲᠤᠬᠠᠢ ᠶᠢᠨ ᠦᠶ᠎ᠡ ᠳᠦ ᠴᠣᠶᠢᠪᠠᠯᠰᠠᠩ ᠢ ᠲᠠᠬᠢᠨ ᠰᠢᠲᠦᠬᠦ ᠶᠠᠪᠤᠳᠠᠯ ᠭᠠᠵᠠᠷ ᠠᠪᠴᠤ ᠪᠠᠶᠢᠭᠰᠠᠨ ᠤᠴᠢᠷ ᠠᠴᠠ ᠡᠨᠡ ᠦᠨᠳᠦᠰᠦᠨ ᠬᠠᠤᠯᠢ ᠶᠢ "ᠮᠠᠷᠱᠠᠯ ᠴᠣᠶᠢᠪᠠᠯᠰᠠᠩ ᠤᠨ ᠦᠨᠳᠦᠰᠦᠨ ᠬᠠᠤᠯᠢ" ᠭᠡᠵᠦ ᠨᠡᠷᠡᠯᠡᠵᠦ ᠪᠠᠶᠢᠯ᠎ᠠ᠃

ᠤᠯᠤᠰ ᠤᠨ ᠪᠣᠯᠤᠨ ᠨᠠᠮ ᠤᠨ ᠬᠤᠷᠠᠯ ᠤᠨ ᠳᠠᠷᠤᠭ᠎ᠠ ᠠᠴᠠ ᠤᠯᠤᠰ ᠤᠨ ᠰᠠᠶᠢᠨ ᠮᠠᠯᠴᠢᠳ ᠤᠨ ᠵᠥᠪᠯᠡᠯᠭᠡᠨ ᠬᠢᠵᠦ᠂ ᠮᠠᠯ ᠤᠨ ᠲᠣᠭ᠎ᠠ ᠲᠣᠯᠣᠭᠠᠢ ᠠᠰᠢᠭ ᠰᠢᠮ᠎ᠡ ᠶᠢ ᠨᠡᠮᠡᠭᠳᠡᠭᠦᠯᠬᠦ᠂ ᠮᠠᠯᠴᠢᠨ ᠠᠷᠠᠳ ᠤᠳ ᠤᠨ ᠬᠤᠪᠢ ᠤᠨ ᠠᠵᠤ ᠠᠬᠤᠢ ᠶᠢ ᠪᠠᠨ ᠬᠥᠭᠵᠢᠭᠦᠯᠬᠦ ᠰᠣᠨᠢᠷᠬᠠᠯ ᠰᠠᠨᠠᠭᠠᠴᠢᠯᠭ᠎ᠠ ᠶᠢ ᠤᠷᠮᠠᠰᠢᠭᠤᠯᠬᠤ ᠲᠠᠯ᠎ᠠ ᠪᠠᠷ ᠵᠠᠷᠢᠮ ᠠᠷᠭ᠎ᠠ ᠬᠡᠮᠵᠢᠶ᠎ᠡ ᠠᠪᠴᠤ ᠡᠬᠢᠯᠡᠪᠡ᠃ ᠲᠤᠬᠠᠶᠢᠯᠠᠪᠠᠯ᠂ ᠮᠠᠯᠴᠢᠳ ᠲᠤ "ᠤᠯᠤᠰ ᠤᠨ ᠰᠠᠶᠢᠨ ᠮᠠᠯᠴᠢᠨ" ᠴᠣᠯᠠ ᠣᠯᠭᠤᠵᠤ᠂ ᠮᠠᠷᠱᠠᠯ ᠴᠣᠶᠢᠪᠠᠯᠰᠠᠩ ᠥᠪᠡᠷ ᠢᠶᠡᠨ ᠬᠥᠳᠡᠭᠡ ᠣᠷᠣᠨ ᠨᠤᠲᠤᠭ ᠲᠤ ᠶᠠᠪᠤᠵᠤ᠂ ᠭᠠᠵᠠᠷ ᠳᠡᠭᠡᠷ᠎ᠡ ᠨᠢ ᠣᠳᠣᠨ ᠮᠧᠳᠠᠯ᠂ ᠪᠠᠷᠠᠭ᠎ᠠ ᠲᠠᠸᠠᠷ ᠢᠶᠠᠷ ᠱᠠᠩᠨᠠᠵᠤ ᠪᠠᠶᠢᠯ᠎ᠠ᠃ ᠡᠨᠡ ᠨᠢ ᠨᠢᠭᠡ ᠲᠠᠯ᠎ᠠ ᠪᠠᠷ ᠰᠲ᠋ᠠᠯᠢᠨ ᠮᠣᠩᠭᠣᠯ ᠤᠨ ᠮᠠᠯ ᠤᠨ ᠲᠣᠭ᠎ᠠ ᠲᠣᠯᠣᠭᠠᠢ ᠶᠢ 200 ᠰᠠᠶ᠎ᠠ ᠳᠤ ᠬᠦᠷᠭᠡᠬᠦ ᠲᠤᠬᠠᠢ ᠦᠯᠦ ᠭᠦᠢᠴᠡᠯᠳᠦᠬᠦ ᠯᠣᠽᠦ᠋ᠩ ᠳᠡᠪᠰᠢᠭᠦᠯᠦᠭᠰᠡᠨ᠂ ᠮᠥᠨ ᠮᠣᠩᠭᠣᠯᠴᠤᠳ ᠵᠥᠪᠯᠡᠯᠲᠦ ᠶᠢᠨ ᠲᠤᠰᠠᠯᠠᠮᠵᠢ ᠶᠢᠨ ᠬᠠᠷᠢᠭᠤ ᠳᠤ ᠵᠢᠯ ᠳᠤ 40 ᠮᠢᠩᠭᠠᠨ ᠲᠣᠨ ᠨᠣᠣᠰᠣᠨᠣᠣᠯᠣᠭᠤᠷ ᠪᠡᠯᠡᠳᠬᠡᠵᠦ ᠥᠭᠬᠦ ᠡᠭᠦᠷᠭᠡ ᠬᠦᠯᠢᠶᠡᠭᠰᠡᠨ ᠲᠡᠢ ᠬᠣᠯᠪᠣᠭ᠎ᠠ ᠲᠠᠢ᠃ ᠤᠯᠤᠰ ᠣᠷᠣᠨ ᠳᠠᠶᠠᠭᠠᠷ "ᠨᠣᠣᠰᠣ ᠪᠣᠯ ᠠᠯᠲᠠ" ᠺᠣᠮᠫᠠᠨᠢ ᠳᠤ ᠠᠵᠢᠯ ᠥᠷᠨᠢᠭᠦᠯᠵᠦ᠂ ᠵᠥᠪᠯᠡᠯᠲᠦ ᠬᠣᠯᠪᠣᠭᠠᠲᠤ ᠤᠯᠤᠰ ᠳᠦ ᠨᠡᠶᠢᠯᠡᠭᠦᠯᠬᠦ ᠨᠣᠣᠰᠣᠨ ᠤ ᠬᠡᠮᠵᠢᠶ᠎ᠡ ᠶᠢ ᠬᠣᠶᠠᠷ ᠳᠠᠬᠢᠨ ᠨᠡᠮᠡᠭᠳᠡᠭᠦᠯᠪᠡ᠃

ᠡᠨᠡ ᠠᠵᠢᠯ ᠢ ᠵᠣᠬᠢᠶᠠᠨ ᠪᠠᠶᠢᠭᠤᠯᠬᠤ ᠶᠠᠪᠤᠴᠠ ᠳᠤ ᠪᠠᠨ ᠴᠣᠶᠢᠪᠠᠯᠰᠠᠩ ᠥᠪᠡᠷ ᠢᠶᠡᠨ ᠶᠠᠮᠤᠳ ᠤᠨ ᠰᠠᠶᠢᠳ᠂ ᠳᠠᠷᠤᠭ᠎ᠠ ᠨᠠᠷ ᠲᠤ ᠬᠡᠷᠬᠢᠨ ᠢᠮᠠᠭ᠎ᠠ ᠰᠠᠮᠨᠠᠬᠤ᠂ ᠬᠣᠨᠢ ᠬᠢᠷᠭᠠᠬᠤ ᠲᠠᠯ᠎ᠠ ᠪᠠᠷ ᠪᠡᠶᠡᠴᠢᠯᠡᠨ ᠦᠵᠡᠭᠦᠯᠵᠦ ᠵᠥᠪᠯᠡᠭᠡ᠂ ᠰᠧᠮᠢᠨᠠᠷ ᠥᠭᠴᠦ ᠪᠠᠶᠢᠪᠠ᠃ ᠡᠨᠡ ᠦᠶ᠎ᠡ ᠳᠦ ᠳᠡᠯᠡᠬᠡᠢ ᠶᠢᠨ ᠬᠣᠶᠠᠳᠤᠭᠠᠷ ᠳᠠᠶᠢᠨ ᠴᠠᠷ᠎ᠠ ᠬᠦᠷᠢᠶ᠎ᠡ ᠪᠡᠨ ᠲᠡᠯᠡᠵᠦ᠂ ᠣᠯᠠᠨ ᠤᠯᠤᠰ ᠤᠨ ᠪᠠᠶᠢᠳᠠᠯ ᠤᠯᠠᠮ ᠬᠦᠨᠳᠦᠷᠡᠵᠦ ᠪᠠᠶᠢᠪᠠ᠃

ᠳᠡᠯᠡᠬᠡᠢ ᠶᠢᠨ ᠬᠣᠶᠠᠳᠤᠭᠠᠷ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1941 ᠤᠨ ᠤ 6 ᠰᠠᠷ᠎ᠠ ᠶᠢᠨ 22 ᠍ ᠳᠦ ᠭᠧᠷᠮᠠᠨ ᠵᠥᠪᠯᠡᠯᠲᠦ ᠬᠣᠯᠪᠣᠭᠠᠲᠤ ᠤᠯᠤᠰ ᠍ ᠳᠦ ᠭᠡᠨᠡᠳᠲᠡ ᠳᠣᠪᠲᠣᠯᠤᠭᠰᠠᠨ ᠢᠶᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠭᠣᠣᠯ ᠬᠣᠯᠪᠣᠭᠠᠲᠠᠨ - ᠵᠥᠪᠯᠡᠯᠲᠦ ᠭᠦᠷᠦᠨ ᠳᠡᠯᠡᠬᠡᠢ ᠶᠢᠨ ᠬᠣᠶᠠᠳᠤᠭᠠᠷ ᠳᠠᠶᠢᠨ ᠳᠤ ᠲᠠᠲᠠᠭᠳᠠᠨ ᠣᠷᠣᠯ᠎ᠠ᠃ ᠳᠠᠶᠢᠨ ᠤ ᠡᠬᠢᠨ ᠦ ᠡᠳᠦᠷ ᠡᠴᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠵᠥᠪᠯᠡᠯᠲᠦ ᠶᠢᠨ ᠲᠠᠯ᠎ᠠ ᠳᠤ ᠪᠠᠲᠤ ᠲᠠᠢ ᠵᠣᠭᠰᠣᠵᠤ᠂ "ᠪᠦᠬᠦᠨ ᠢ ᠹᠷᠣᠨᠲᠣᠳ" ᠤᠷᠢᠨ ᠳᠣᠣᠷ᠎ᠠ ᠠᠵᠢᠯᠯᠠᠵᠤ᠂ ᠠᠮᠢᠳᠤᠷᠠᠵᠤ ᠡᠬᠢᠯᠡᠪᠡ᠃ ᠵᠥᠪᠯᠡᠯᠲᠦ ᠶᠢᠨ ᠠᠷᠠᠳ ᠲᠦᠮᠡᠨ ᠳᠦ ᠪᠣᠯᠤᠯᠴᠠᠭ᠎ᠠ ᠲᠠᠢ ᠪᠦᠬᠦᠨ ᠢᠶᠡᠷ ᠢᠶᠡᠨ ᠲᠤᠰᠠᠯᠠᠬᠤ ᠬᠥᠳᠡᠯᠭᠡᠭᠡᠨ ᠨᠡᠶᠢᠲᠡ ᠮᠣᠩᠭᠣᠯᠴᠤᠳ ᠤᠨ ᠳᠤᠮᠳᠠ ᠥᠷᠨᠢᠯ᠎ᠡ᠃ ᠨᠡᠶᠢᠲᠡ ᠳᠦ ᠪᠡᠨ ᠬᠠᠭᠠᠰ ᠰᠠᠶ᠎ᠠ ᠰᠢᠬᠠᠮ ᠠᠳᠤᠭᠤ ᠹᠷᠣᠨᠲᠣᠳ ᠵᠣᠷᠢᠭᠤᠯᠤᠨ ᠬᠢᠮᠳᠠ ᠦᠨ᠎ᠡ ᠪᠡᠷ ᠬᠤᠳᠠᠯᠳᠤᠵᠤ᠂ 32 ᠮᠢᠩᠭ᠎ᠠ ᠭᠠᠷᠤᠢ ᠮᠣᠷᠢ ᠪᠡᠯᠡᠭᠯᠡᠪᠡ᠃ ᠮᠥᠨ 938 ᠸᠠᠭᠣᠨ ᠳᠤᠯᠠᠭᠠᠨ ᠬᠤᠪᠴᠠᠰᠤ᠂ ᠬᠦᠨᠡᠰᠦᠨ ᠦ ᠵᠦᠢᠯ᠂ ᠬᠤᠪᠢ ᠤᠨ ᠪᠡᠯᠡᠭ ᠢ ᠬᠠᠨᠳᠢᠪᠯᠠᠭᠰᠠᠨ ᠤ ᠳᠡᠭᠡᠷ᠎ᠡ ᠮᠣᠩᠭᠣᠯᠴᠤᠳ ᠤᠨ ᠬᠥᠷᠥᠩᠭᠡ ᠪᠡᠷ "ᠬᠤᠪᠢᠰᠬᠠᠯᠲᠤ ᠮᠣᠩᠭᠣᠯ" ᠲᠠᠩᠺ ᠤᠨ ᠪᠠᠷᠢᠭᠠᠳᠠ"ᠮᠣᠩᠭᠣᠯ ᠠᠷᠠᠳ" ᠨᠢᠰᠬᠦ ᠣᠩᠭᠣᠴᠠᠨ ᠤ ᠡᠰᠺᠠᠳ᠋ᠷᠢᠯ ᠢ ᠪᠠᠶᠢᠭᠤᠯᠤᠨ᠂ ᠤᠯᠠᠭᠠᠨ ᠠᠷᠮᠢ ᠳᠤ ᠬᠦᠯᠢᠶᠡᠯᠭᠡᠨ ᠥᠭᠴᠦ᠂ ᠲᠠᠩᠺ ᠤᠨ ᠪᠠᠷᠢᠭᠠᠳᠠ ᠶᠢᠨ ᠪᠦᠬᠦ ᠬᠠᠩᠭᠠᠯᠲᠠ ᠶᠢ ᠳᠠᠶᠢᠨ ᠳᠠᠭᠤᠰᠲᠠᠯ᠎ᠠ ᠬᠠᠷᠢᠭᠤᠴᠠᠵᠤ ᠪᠠᠶᠢᠪᠠ᠃

ᠳᠡᠯᠡᠬᠡᠢ ᠶᠢᠨ ᠬᠣᠶᠠᠳᠤᠭᠠᠷ ᠳᠠᠶᠢᠨ ᠤ ᠰᠡᠭᠦᠯᠴᠢ ᠪᠡᠷ ᠪᠤᠶᠤ 1945 ᠤᠨ ᠤ 2 ᠰᠠᠷ᠎ᠠ ᠳᠤ ᠢᠯᠲᠠ ᠳᠤ ᠬᠤᠷᠠᠯᠳᠤᠭᠰᠠᠨ ᠵᠥᠪᠯᠡᠯᠲᠦ ᠬᠣᠯᠪᠣᠭᠠᠲᠤ ᠤᠯᠤᠰᠠᠮᠧᠷᠢᠺᠠ ᠶᠢᠨ ᠨᠢᠭᠡᠳᠦᠭᠰᠡᠨ ᠤᠯᠤᠰᠶᠡᠬᠡ ᠪᠷᠢᠲ᠋ᠠᠨ(ᠠᠩᠭᠯᠢ)ᠢ ᠵᠠᠰᠠᠭ ᠤᠨ ᠭᠠᠵᠠᠷ ᠤᠨ ᠲᠡᠷᠢᠭᠦᠨ ᠨᠠᠷ ᠤᠨ ᠪᠠᠭ᠎ᠠ ᠬᠤᠷᠠᠯ ᠢᠶᠠᠷ ᠳᠠᠶᠢᠨ ᠤ ᠳᠠᠷᠠᠭ᠎ᠠ ᠳᠡᠯᠡᠬᠡᠢ ᠳᠠᠬᠢᠨ ᠳᠤ ᠡᠩᠬᠡ ᠠᠮᠤᠭᠤᠯᠠᠩ ᠪᠠᠶᠢᠳᠠᠯ ᠲᠣᠭᠲᠠᠭᠠᠬᠤ᠂ ᠪᠠᠲᠤᠳᠬᠠᠬᠤ ᠠᠰᠠᠭᠤᠳᠠᠯ ᠬᠡᠯᠡᠯᠴᠡᠭᠰᠡᠨ᠎ᠡ ᠶᠢᠨ ᠵᠡᠷᠭᠡᠴᠡᠭᠡ ᠶᠠᠫᠣᠨ ᠳᠤ ᠳᠠᠶᠢᠨ ᠵᠠᠷᠯᠠᠬᠤ ᠲᠤᠬᠠᠢ ᠮᠥᠨ ᠲᠣᠬᠢᠷᠠᠯᠴᠠᠪᠠ᠃ ᠡᠨᠡ ᠬᠤᠷᠠᠯ ᠤᠨ ᠦᠶ᠎ᠡ ᠪᠡᠷ ᠭᠤᠷᠪᠠᠨ ᠶᠡᠬᠡ ᠭᠦᠷᠦᠨ ᠦ ᠵᠠᠰᠠᠭ ᠤᠨ ᠭᠠᠵᠠᠷ ᠤᠨ ᠲᠡᠷᠢᠭᠦᠨ ᠨᠠᠷ ᠵᠥᠪᠯᠡᠯᠲᠦ ᠬᠣᠯᠪᠣᠭᠠᠲᠤ ᠤᠯᠤᠰ ᠤᠨ ᠭᠠᠷᠭᠠᠭᠰᠠᠨ ᠰᠠᠨᠠᠯ ᠪᠣᠯᠬᠤ "ᠭᠠᠳᠠᠭᠠᠳᠤ ᠮᠣᠩᠭᠣᠯ ᠤᠨ ᠰᠲ᠋ᠠᠲ᠋ᠦ᠋ᠰ ᠺᠸ᠎ᠠ ᠶᠢ ᠬᠡᠪ ᠢᠶᠡᠷ ᠪᠠᠶᠢᠯᠭᠠᠬᠤ" ᠍ ᠢ ᠬᠦᠯᠢᠶᠡᠨ ᠵᠦᠪᠰᠢᠶᠡᠷᠡᠪᠡ᠃ ᠡᠨᠡ ᠨᠢ ᠮᠣᠩᠭᠣᠯ ᠤᠨ ᠲᠤᠰᠠᠭᠠᠷ ᠲᠣᠭᠲᠠᠨᠢᠯ ᠢ ᠣᠯᠠᠨ ᠤᠯᠤᠰ ᠤᠨ ᠬᠡᠮᠵᠢᠶᠡᠨ ᠳᠦ ᠵᠦᠪᠰᠢᠶᠡᠷᠡᠬᠦ ᠡᠬᠢᠯᠡᠯ ᠪᠣᠯᠪᠠ᠃ ᠲᠤᠬᠠᠢ ᠶᠢᠨ ᠦᠶ᠎ᠡ ᠳᠦ ᠳᠤᠮᠳᠠᠳᠤ ᠤᠯᠤᠰ ᠮᠣᠩᠭᠣᠯ ᠢ ᠥᠪᠡᠷ ᠦᠨ ᠰᠠᠯᠤᠰᠢ ᠦᠭᠡᠢ ᠬᠡᠰᠡᠭ ᠭᠡᠵᠦ ᠦᠵᠡᠵᠦ ᠪᠠᠶᠢᠭᠰᠠᠨ ᠴᠤ ᠰᠲ᠋ᠠᠯᠢᠨ ᠤ ᠰᠢᠬᠠᠯᠲᠠ ᠪᠠᠷ ᠵᠥᠪᠰᠢᠶᠡᠷᠡᠬᠦ ᠡᠴᠡ ᠠᠷᠭ᠎ᠠ ᠦᠭᠡᠢ ᠪᠠᠶᠢᠳᠠᠯ ᠳᠤ ᠣᠷᠣᠭᠰᠠᠨ ᠪᠠᠶᠢᠨ᠎ᠠ᠃ 1945 ᠤᠨ ᠤ 7 ᠰᠠᠷ᠎ᠠ ᠶᠢᠨ ᠡᠬᠢ ᠪᠡᠷ ᠴᠣᠶᠢᠪᠠᠯᠰᠠᠩ ᠢ ᠰᠲ᠋ᠠᠯᠢᠨ ᠮᠣᠰᠺᠸᠠ ᠳᠤ ᠤᠷᠢᠵᠤ᠂ ᠲᠤᠰᠠᠭᠠᠷ ᠤᠯᠤᠰ ᠤᠨ ᠵᠠᠰᠠᠭ ᠤᠨ ᠭᠠᠵᠠᠷ ᠤᠨ ᠲᠡᠷᠢᠭᠦᠨ ᠦ ᠬᠡᠮᠵᠢᠶᠡᠨ ᠳᠦ᠂ ᠬᠣᠶᠠᠷ ᠤᠯᠤᠰ ᠤᠨ ᠲᠥᠷᠥ ᠶᠢᠨ ᠳᠠᠯᠪᠠᠭ᠎ᠠ ᠶᠢ ᠮᠠᠨᠳᠤᠭᠤᠯᠤᠨ᠂ ᠬᠦᠨᠳᠦᠲᠦ ᠬᠠᠷᠠᠭᠤᠯ ᠵᠢᠭ᠌ᠰᠠᠭᠠᠨ ᠬᠦᠯᠢᠶᠡᠵᠦ ᠠᠪᠴᠠᠢ᠃

ᠳᠡᠯᠡᠬᠡᠢ ᠶᠢᠨ ᠬᠣᠶᠠᠳᠤᠭᠠᠷ ᠳᠠᠶᠢᠨ ᠤ ᠳᠠᠷᠠᠭᠠᠬᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ᠂ ᠲᠤᠰᠠᠭᠠᠷ ᠲᠣᠭᠲᠠᠨᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠲ᠋ᠠᠯᠢᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠢ ᠳᠡᠯᠡᠬᠡᠢ ᠶᠢᠨ ᠬᠣᠶᠠᠳᠤᠭᠠᠷ ᠳᠠᠶᠢᠨ ᠳᠠᠶᠢᠨ ᠤ ᠲᠡᠭᠦᠰᠬᠡᠯ ᠳᠦ ᠣᠷᠣᠯᠴᠠᠵᠤ᠂ ᠳᠣᠷᠣᠨ᠎ᠠ ᠳᠠᠬᠢᠨ ᠳᠤ ᠡᠩᠬᠡ ᠲᠠᠶᠢᠪᠤᠩ ᠪᠠᠶᠢᠳᠠᠯ ᠲᠣᠭᠲᠠᠭᠠᠬᠤ ᠳᠤ ᠬᠤᠪᠢ ᠨᠡᠮᠡᠷᠢ ᠤᠷᠤᠭᠤᠯᠬᠤ ᠰᠠᠨᠠᠯ ᠢ ᠴᠣᠶᠢᠪᠠᠯᠰᠠᠩ ᠳᠤ ᠲᠠᠯᠪᠢᠪᠠ᠃ ᠬᠣᠯᠪᠣᠭᠠᠲᠠᠨ ᠤ ᠡᠮᠦᠨ᠎ᠡ ᠬᠦᠯᠢᠶᠡᠭᠰᠡᠨ ᠡᠭᠦᠷᠭᠡ ᠶᠢᠨ ᠢᠶᠡᠨ ᠳᠠᠭᠠᠤ ᠵᠥᠪᠯᠡᠯᠲᠦ ᠬᠣᠯᠪᠣᠭᠠᠲᠤ ᠤᠯᠤᠰ 1945 ᠤᠨ ᠤ 8 ᠰᠠᠷ᠎ᠠ ᠶᠢᠨ 8 ᠍ ᠳᠦ ᠶᠠᠫᠣᠨ ᠳᠤ ᠳᠠᠶᠢᠨ ᠵᠠᠷᠯᠠᠭᠰᠠᠨ ᠪᠠ 2 ᠬᠣᠨᠣᠭ ᠤᠨ ᠳᠠᠷᠠᠭ᠎ᠠ ᠪᠤᠶᠤ ᠮᠥᠨ ᠰᠠᠷ᠎ᠠ ᠶᠢᠨ 10 ᠍ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠶᠠᠫᠣᠨ ᠳᠤ ᠳᠠᠶᠢᠨ ᠵᠠᠷᠯᠠᠪᠠ᠃ 1945 ᠤᠨ ᠤ 9 ᠰᠠᠷ᠎ᠠ ᠳᠤ ᠰᠲ᠋ᠠᠯᠢᠨ ᠤ ᠰᠢᠬᠠᠯᠲᠠᠨ ᠳᠤ ᠠᠪᠲᠠᠭᠰᠠᠨ ᠬᠢᠲᠠᠳ᠂ ᠮᠣᠩᠭᠣᠯᠴᠤᠳ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠤᠰᠠᠭᠠᠷ ᠲᠣᠭᠲᠠᠨᠢᠯ ᠤᠨ ᠲᠥᠯᠥᠭᠡ ᠰᠠᠨᠠᠯ ᠢᠶᠠᠨ ᠥᠭᠪᠡᠯ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠳᠦ ᠲᠤᠰᠠᠭᠠᠷ ᠲᠣᠭᠲᠠᠨᠢᠯ ᠢ ᠵᠥᠪᠰᠢᠶᠡᠷᠡᠴᠢ ᠪᠣᠯᠤᠨ᠎ᠠ ᠭᠡᠰᠡᠨ ᠰᠠᠨᠠᠯ ᠤᠨ ᠳᠠᠭᠠᠤ 10 ᠍ ᠳᠦᠭᠡᠷ ᠰᠠᠷ᠎ᠠ ᠶᠢᠨ 20 ᠍ ᠤ ᠡᠳᠦᠷ ᠪᠦᠬᠦ ᠨᠡᠶᠢᠲᠡ ᠶᠢᠨ ᠰᠠᠨᠠᠯ ᠬᠤᠷᠢᠶᠠᠯᠲᠠ ᠵᠣᠬᠢᠶᠠᠨ ᠪᠠᠶᠢᠭᠤᠯᠵᠤ᠂ ᠮᠣᠩᠭᠣᠯᠴᠤᠳ 100% ᠲᠤᠰᠠᠭᠠᠷ ᠲᠣᠭᠲᠠᠨᠢᠯ ᠤᠨ ᠲᠥᠯᠥᠭᠡ ᠰᠠᠨᠠᠯ ᠥᠭᠪᠡ᠃ ᠡᠨᠡᠬᠦ ᠰᠠᠨᠠᠯ ᠬᠤᠷᠢᠶᠠᠯᠲᠠ ᠶᠢᠨ ᠳᠠᠷᠠᠭ᠎ᠠ 1946 ᠤᠨ ᠤ 1 ᠍ ᠳᠦᠭᠡᠷ ᠰᠠᠷ᠎ᠠ ᠶᠢᠨ 6 ᠍ ᠳᠦ ᠳᠤᠮᠳᠠᠳᠤ ᠤᠯᠤᠰ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠤᠰᠠᠭᠠᠷ ᠲᠣᠭᠲᠠᠨᠢᠯ ᠢ ᠬᠦᠯᠢᠶᠡᠨ ᠵᠦᠪᠰᠢᠶᠡᠷᠡᠪᠡ᠃

ᠬ᠂ ᠴᠣᠶᠢᠪᠠᠯᠰᠠᠩ ᠢ ᠮᠣᠩᠭᠣᠯ ᠢ ᠤᠳᠤᠷᠢᠳᠥᠵᠤ ᠪᠠᠶᠢᠬᠤ ᠬᠤᠭᠤᠴᠠᠭᠠᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ 1939, 1945 ᠤᠨ ᠤ ᠬᠣᠶᠠᠷ ᠲᠣᠮᠣᠬᠠᠨ ᠳᠠᠶᠢᠨ ᠳᠤ ᠣᠷᠣᠯᠴᠠᠨ ᠢᠯᠠᠯᠲᠠ ᠪᠠᠶᠢᠭᠤᠯᠤᠭᠰᠠᠨ᠂ ᠮᠥᠨ 1945 ᠤᠨ ᠤ ᠲᠤᠰᠠᠭᠠᠷ ᠲᠣᠭᠲᠠᠨᠢᠯ ᠨᠢ ᠲᠡᠭᠦᠨ ᠢ ᠲᠠᠬᠢᠨ ᠰᠢᠲᠦᠬᠦ ᠶᠠᠪᠤᠳᠠᠯ ᠢ ᠤᠯᠠᠮ ᠯᠠᠪᠰᠢᠷᠠᠭᠤᠯᠵᠤ᠂ ᠳᠠᠷᠤᠩᠭᠤᠶᠢᠯᠠᠬᠤ ᠨᠡᠷ᠎ᠡ ᠬᠦᠨᠳᠦ ᠶᠢ ᠨᠢ ᠡᠷᠭᠦᠵᠡᠢ᠃ 1945 ᠤᠨ ᠳᠤ ᠮᠠᠷᠱᠠᠯ ᠴᠣᠶᠢᠪᠠᠯᠰᠠᠩ ᠤᠨ 50 ᠨᠠᠰᠤᠨ ᠤ ᠣᠢ ᠶᠢ ᠲᠡᠮᠳᠡᠭᠯᠡᠬᠦ ᠳᠦ ᠪᠦᠬᠦ ᠵᠣᠬᠢᠶᠠᠯᠴᠢ᠂ ᠢᠷᠠᠭᠤ ᠨᠠᠶᠢᠷᠠᠭᠴᠢᠳ ᠤᠷᠠᠨ ᠪᠦᠲᠦᠭᠡᠯ ᠢᠶᠡᠨ ᠵᠣᠷᠢᠭᠤᠯᠵᠤ ᠪᠠᠶᠢᠪᠠ᠃ ᠡᠷᠳᠡᠮᠲᠡᠨ ᠵᠣᠬᠢᠶᠠᠯᠴᠢ ᠴᠠᠩᠲᠠ ᠶᠢᠨ ᠳᠠᠮᠳᠢᠨᠰᠦ᠋ᠷᠦᠩ "ᠮᠠᠷᠱᠠᠯ ᠴᠣᠶᠢᠪᠠᠯᠰᠠᠩ ᠤᠨ 50 ᠨᠠᠰᠤᠨ ᠤ ᠣᠢ ᠳᠤ ᠵᠣᠷᠢᠭᠤᠯᠤᠭᠰᠠᠨ ᠢᠷᠦᠭᠡᠯ" ᠍ ᠳᠡᠭᠡᠨ:

ᠲᠠᠨ ᠤ ᠨᠠᠰᠤᠯᠠᠭᠰᠠᠨ

ᠲᠠᠪᠢᠨ ᠵᠢᠯ ᠪᠣᠯ
ᠲᠠᠶᠢᠪᠤᠩ ᠴᠠᠭ ᠤᠨ
ᠮᠢᠩᠭᠠᠨ ᠵᠢᠯ ᠲᠡᠢ ᠲᠡᠩᠴᠡᠨ᠎ᠡ
ᠬᠣᠶᠠᠷ ᠭᠤᠷᠪᠠᠨ ᠮᠢᠩᠭᠠᠨ ᠵᠢᠯ ᠦᠨ
ᠬᠣᠣᠰ ᠦᠭᠡᠢ ᠲᠡᠦᠬᠡᠲᠦ ᠶᠡᠬᠡ ᠬᠡᠷᠡᠭ ᠢ

ᠬᠣᠷᠯᠤ᠎ᠠ ᠶᠢᠨ ᠬᠦᠦ ᠴᠣᠶᠢᠪᠠᠯᠰᠠᠩ ᠪᠦᠲᠦᠭᠡᠯ ᠢᠶᠡᠨ!

ᠬᠡᠮᠡᠨ ᠪᠢᠴᠢᠵᠦ ᠪᠠᠶᠢᠪᠠ᠃ ᠳᠡᠶᠢᠯᠦᠩᠬᠢ ᠮᠣᠩᠭᠣᠯᠴᠤᠳ ᠬ᠂ ᠴᠣᠶᠢᠪᠠᠯᠰᠠᠩ ᠢ ᠪᠢᠰᠢᠷᠡᠵᠦ᠂ "ᠰᠢᠯᠭᠠᠷᠠᠭᠰᠠᠨ ᠵᠢᠯᠣᠭᠣᠳᠤᠭᠴᠢ" ᠬᠡᠮᠡᠨ ᠬᠦᠨᠳᠦᠳᠭᠡᠵᠦ ᠪᠠᠶᠢᠯ᠎ᠠ᠃

 ᠨᠡᠶᠢᠭᠡᠮ ᠤᠨ ᠪᠦᠲᠦᠭᠡᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬ᠂ ᠴᠣᠶᠢᠪᠠᠯᠰᠠᠩ ᠤᠨ ᠵᠠᠰᠠᠭ ᠤᠨ ᠡᠷᠬᠡ ᠪᠠᠷᠢᠭᠰᠠᠨ ᠬᠤᠭᠤᠴᠠᠭᠠᠨ ᠳᠤ ᠮᠣᠩᠭᠣᠯ ᠤᠨ ᠲᠡᠦᠬᠡᠨ ᠳᠦ ᠦᠯᠡᠳᠡᠭᠰᠡᠨ ᠡᠳ᠋ ᠍ ᠦᠨ ᠵᠠᠰᠠᠭ᠂ ᠰᠤᠶᠤᠯ ᠤᠨ ᠣᠯᠠᠨ ᠴᠢᠬᠤᠯᠠ ᠦᠢᠯᠡ ᠶᠠᠪᠤᠳᠠᠯ ᠤᠳ ᠪᠣᠯᠤᠭᠰᠠᠨ ᠶᠤᠮ᠃ ᠲᠤᠬᠠᠶᠢᠯᠠᠪᠠᠯ᠂ ᠨᠠᠯᠠᠶᠢᠬᠤ ᠶᠢᠨ ᠴᠢᠯᠠᠭᠤᠨ ᠨᠡᠭᠦᠷᠡᠰᠦᠨ ᠦ ᠠᠭᠤᠷᠬᠠᠢᠲᠥᠪ ᠴᠠᠬᠢᠯᠭᠠᠨ ᠰᠲ᠋ᠠᠨᠼ᠂ ᠮᠥᠨ ᠠᠵᠤ ᠦᠢᠯᠡᠳᠪᠦᠷᠢ ᠶᠢᠨ ᠺᠣᠮᠪᠢᠨᠠᠲ ᠍ ᠢ ᠦᠷᠭᠡᠳᠭᠡᠬᠦ ᠪᠠ ᠰᠢᠨᠡᠳᠭᠡᠬᠦ ᠠᠵᠢᠯ ᠡᠬᠢᠯᠡᠪᠡ᠃ ᠵᠡᠭᠦᠨ ᠪᠠᠶᠠᠩ ᠤᠨ ᠨᠧᠹᠲ ᠦᠨ ᠦᠢᠯᠡᠳᠪᠦᠷᠢ᠂ "ᠰᠣᠪᠣᠮᠣᠩᠭᠣᠮᠧᠲ᠋ᠠᠯ" ᠨᠡᠶᠢᠭᠡᠮᠯᠢᠭ ᠦᠨ ᠬᠠᠷᠢᠶ᠎ᠠ ᠠᠭᠤᠯᠠ ᠠᠭᠤᠷᠬᠠᠢ ᠶᠢᠨ ᠦᠢᠯᠡᠳᠪᠦᠷᠢ ᠨᠦᠭᠦᠳ᠂ ᠨᠤᠱᠺᠢ-ᠤᠯᠠᠭᠠᠨᠪᠠᠭᠠᠲᠤᠷ ᠤᠨ ᠬᠣᠭᠣᠷᠣᠨᠳᠣ ᠥᠷᠭᠡᠨ ᠲᠡᠮᠦᠷ ᠵᠠᠮ ᠠᠰᠢᠭᠯᠠᠯᠲᠠᠨ ᠳᠤ ᠣᠷᠣᠵᠤ᠂ ᠮᠣᠷᠢᠨ ᠥᠷᠲᠡᠭᠡ ᠶᠢ ᠬᠠᠯᠤᠨ᠂ ᠠᠦ᠋ᠲ᠋ᠣ᠋ ᠥᠷᠲᠡᠭᠡ ᠪᠠᠶᠢᠭᠤᠯᠪᠠ᠃

ᠮᠣᠩᠭᠣᠯ ᠤᠯᠤᠰ ᠤᠨ ᠶᠡᠬᠡ ᠰᠤᠷᠭᠠᠭᠤᠯᠢ ᠍ ᠦᠨ ᠡᠮᠦᠨ᠎ᠡ ᠪᠠᠶᠢᠬᠤ ᠬ᠂ ᠴᠣᠶᠢᠪᠠᠯᠰᠠᠩ ᠤᠨ ᠬᠥᠰᠢᠶ᠎ᠡ

ᠪᠣᠯᠪᠠᠰᠤᠷᠠᠯ᠂ ᠰᠤᠶᠤᠯ ᠤᠨ ᠲᠠᠯ᠎ᠠ ᠪᠠᠷ ᠭᠠᠷᠤᠭᠰᠠᠨ ᠲᠣᠮᠣ ᠥᠭᠡᠷᠡᠴᠢᠯᠡᠯᠲᠡ ᠪᠣᠯ ᠮᠣᠩᠭᠣᠯ ᠤᠶᠢᠭᠤᠷᠵᠢᠨ ᠪᠢᠴᠢᠭ ᠢ ᠺᠢᠷᠢᠯ ᠦᠰᠦᠭ ᠲᠤ ᠦᠨᠳᠦᠰᠦᠯᠡᠭᠰᠡᠨ ᠰᠢᠨ᠎ᠡ ᠪᠢᠴᠢᠭ ᠢᠶᠡᠷ ᠰᠤᠯᠢᠵᠤ᠂ ᠪᠢᠴᠢᠭ ᠦᠰᠦᠭ ᠦᠯᠦ ᠮᠡᠳᠡᠬᠦ ᠶᠠᠪᠤᠳᠠᠯ ᠢ ᠠᠷᠢᠯᠭᠠᠬᠤ ᠲᠠᠯ᠎ᠠ ᠪᠠᠷ ᠲᠣᠮᠣᠬᠠᠨ ᠠᠵᠢᠯ ᠤᠨᠳ ᠢ ᠬᠢᠪᠡ᠃ ᠠᠩᠬᠠᠨ ᠤ 10 ᠵᠢᠯ ᠦᠨ ᠳᠤᠮᠳᠠ ᠰᠤᠷᠭᠠᠭᠤᠯᠢ᠂ ᠢᠯᠠᠩᠭᠤᠶ᠎ᠠ 1942 ᠤᠨ ᠳᠤ ᠤᠯᠤᠰ ᠤᠨ ᠶᠡᠬᠡ ᠰᠤᠷᠭᠠᠭᠤᠯᠢ ᠶᠢ ᠪᠠᠶᠢᠭᠤᠯᠵᠤ ᠰᠤᠷᠭᠠᠭᠤᠯᠢ ᠶᠢᠨ ᠨᠠᠰᠤᠨ ᠤ ᠪᠦᠬᠦ ᠬᠡᠦᠬᠡᠳ ᠢ ᠪᠠᠭ᠎ᠠ ᠰᠤᠷᠭᠠᠭᠤᠯᠢ ᠶᠢᠨ ᠪᠣᠯᠪᠠᠰᠤᠷᠠᠯ ᠲᠠᠢ ᠪᠣᠯᠭᠠᠬᠤ ᠵᠣᠷᠢᠯᠲᠠ ᠶᠢ ᠬᠡᠷᠡᠭᠵᠢᠭᠦᠯᠵᠦ ᠪᠠᠶᠢᠭᠰᠠᠨ ᠨᠢ ᠪᠣᠯᠪᠠᠰᠤᠷᠠᠯ ᠤᠨ ᠰᠠᠯᠪᠤᠷᠢ ᠳᠤ ᠣᠯᠤᠭᠰᠠᠨ ᠦᠰᠦᠷᠦᠩᠭᠦᠢ ᠠᠮᠵᠢᠯᠲᠠ ᠪᠠᠶᠢᠪᠠ᠃ ᠮᠠᠷᠱᠠᠯ ᠴᠣᠶᠢᠪᠠᠯᠰᠠᠩ ᠥᠪᠡᠷ ᠢᠶᠡᠨ "ᠮᠣᠩᠭᠣᠯ ᠤᠨ ᠠᠷᠠᠳ ᠤᠨ ᠦᠨᠳᠦᠰᠦᠨ ᠦ ᠬᠤᠪᠢᠰᠬᠠᠯ ᠤᠨ ᠠᠩᠬ᠎ᠠ ᠡᠭᠦᠰᠴᠢ ᠪᠠᠶᠢᠭᠤᠯᠤᠭᠳᠠᠭᠰᠠᠨ ᠲᠣᠪᠴᠢ ᠲᠡᠦᠬᠡ", "ᠮᠣᠩᠭᠣᠯ ᠠᠷᠠᠳ ᠤᠨ ᠦᠨᠳᠦᠰᠦᠨ ᠦ ᠬᠤᠪᠢᠰᠬᠠᠯᠲᠤ ᠴᠡᠷᠢᠭ ᠦᠨ ᠠᠭᠤᠤ ᠬᠥᠭᠵᠢᠯ ᠦᠨ ᠲᠣᠪᠴᠢ ᠵᠠᠮ", "ᠠᠷᠠᠳ ᠤᠨ ᠬᠠᠲᠠᠨᠪᠠᠭᠠᠲᠤᠷ ᠮᠠᠭᠰᠤᠷᠵᠠᠪ ᠤᠨ ᠬᠤᠷᠢᠶᠠᠩᠭᠤᠢ ᠲᠡᠦᠬᠡ" ᠵᠡᠷᠭᠡ ᠵᠣᠬᠢᠶᠠᠯ ᠪᠢᠴᠢᠵᠦ᠂ ᠢᠯᠡᠳᠬᠡᠯ ᠥᠭᠦᠯᠡᠯᠭᠡ ᠨᠦᠭᠦᠳ ᠨᠢ 4 ᠪᠣᠲᠢ ᠪᠠᠷ ᠬᠡᠪᠯᠡᠭᠳᠡᠵᠦ ᠪᠠᠶᠢᠪᠠ᠃ ᠢᠷᠭᠡᠳ ᠦᠨ 1930 ᠍ ᠊ᠭᠠᠳ ᠤᠨ ᠤ ᠬᠡᠯᠮᠡᠭᠳᠡᠭᠦᠯᠦᠯᠲᠡ᠂ᠭᠠᠳᠠᠨ᠎ᠠ ᠠᠴᠠ ᠵᠠᠨᠤᠯᠬᠢᠯᠡᠵᠦ ᠪᠤᠢ ᠶᠠᠫᠣᠨ᠂ ᠭᠣᠮᠢᠨᠳᠠᠨ ᠤ ᠬᠢᠲᠠᠳ ᠤᠨ ᠴᠡᠷᠢᠭᠯᠡᠨ ᠬᠠᠯᠠᠳᠠᠬᠤ ᠳᠠᠶᠢᠨ ᠤ ᠠᠶᠤᠯ᠂1944,1945 ᠤᠨ ᠤ ᠴᠠᠰᠤ ᠵᠤᠳ ᠵᠡᠷᠭᠡ ᠡᠴᠡ ᠰᠢᠯᠲᠠᠭᠠᠯᠠᠨ ᠡᠭᠦᠰᠦᠭᠰᠡᠨ ᠠᠶᠢᠳᠠᠰ ᠬᠦᠢᠳᠡᠰᠦ᠂ᠣᠯᠠᠨ ᠨᠡᠶᠢᠲᠡ ᠶᠢᠨ ᠰᠠᠨᠠᠭ᠎ᠠ ᠰᠡᠳᠬᠢᠯ ᠤᠨᠠᠭᠰᠠᠨ ᠪᠠᠶᠢᠭ᠎ᠠ ᠶᠢ ᠬᠠᠷᠠᠭᠠᠯᠵᠠᠨ ᠦᠵᠡᠵᠦ ᠰᠢᠲᠦᠬᠦ ᠪᠢᠰᠢᠷᠡᠬᠦ ᠡᠷᠬᠡ ᠶᠢ ᠬᠦᠨᠳᠦᠳᠬᠡᠨ ᠦᠵᠡᠵᠦ᠂ ᠭᠠᠨᠳᠠᠩᠳᠡᠭᠴᠢᠯᠡᠨ ᠬᠡᠶᠢᠳᠡᠶᠢᠨ ᠬᠤᠷᠠᠯ᠂ ᠮᠥᠷᠭᠥᠯ ᠦᠨ ᠠᠵᠢᠯᠯᠠᠭ᠎ᠠ ᠶᠢ 1944 ᠤᠨ ᠳᠤ ᠳᠠᠬᠢᠨ ᠰᠡᠷᠭᠦᠭᠡᠵᠡᠢ᠃ 1944 ᠤᠨ ᠳᠤ ᠰᠣᠩᠭᠣᠭᠤᠯᠢ ᠶᠢᠨ ᠡᠷᠬᠡ ᠬᠠᠰᠤᠭᠳᠠᠭᠰᠠᠨ ᠬᠦᠮᠦᠰ ᠲᠦ ᠰᠣᠩᠭᠣᠭᠤᠯᠢ ᠶᠢᠨ ᠡᠷᠬᠡ ᠣᠯᠭᠤᠵᠤ᠂ 1949 ᠤᠨ ᠳᠤ ᠰᠣᠩᠭᠣᠭᠤᠯᠢ ᠶᠢᠨ ᠪᠦᠬᠦ ᠨᠡᠶᠢᠲᠡ ᠶᠢᠨ᠂ ᠰᠢᠭᠤᠳ᠂ ᠲᠡᠭᠰᠢ ᠪᠥᠭᠡᠳ ᠰᠠᠨᠠᠯ᠎ᠠ ᠨᠢᠭᠤᠴᠠ ᠪᠠᠷ ᠬᠤᠷᠢᠶᠠᠬᠤ ᠰᠢᠨ᠎ᠡ ᠰᠢᠰᠲ᠋ᠧᠮ ᠲᠣᠭᠲᠠᠭᠠᠵᠤ᠂ 1951 ᠤᠨ ᠳᠤ ᠤᠯᠤᠰ ᠤᠨ ᠶᠡᠬᠡ ᠬᠤᠷᠠᠯ ᠤᠨ ᠠᠩᠬᠠᠨ ᠤ ᠰᠣᠩᠭᠣᠭᠤᠯᠢ ᠶᠢ ᠶᠠᠪᠤᠭᠤᠯᠤᠭᠰᠠᠨ ᠪᠠᠶᠢᠨ᠎ᠠ᠃

ᠬ᠂ ᠴᠣᠶᠢᠪᠠᠯᠰᠠᠩ ᠶᠡᠬᠡ ᠭᠦᠷᠦᠨ ᠨᠦᠭᠦᠳ ᠦᠨ ᠵᠦᠭ ᠡᠴᠡ ᠪᠠᠭ᠎ᠠ ᠣᠷᠣᠨ ᠤ ᠤᠳᠤᠷᠢᠳᠤᠭᠴᠢ ᠳᠤ ᠦᠵᠡᠭᠦᠯᠳᠡᠭ ᠳᠠᠷᠤᠮᠲᠠ᠂ ᠰᠢᠬᠠᠯᠲᠠ ᠪᠦᠬᠦᠢ ᠠᠮᠠᠷ ᠦᠭᠡᠢ ᠬᠤᠪᠢ ᠲᠠᠪᠢᠯᠠᠩ ᠢ ᠠᠮᠰᠠᠭᠰᠠᠨ ᠴᠤ᠂ ᠮᠣᠩᠭᠣᠯ ᠤᠨ ᠲᠤᠰᠠᠭᠠᠷ ᠲᠣᠭᠲᠠᠨᠢᠯ ᠢ ᠲᠤᠤᠱᠲᠠᠢ ᠰᠠᠬᠢᠩ ᠬᠠᠮᠠᠭᠠᠯᠠᠬᠤ᠂ ᠭᠠᠳᠠᠭᠠᠳᠤ ᠪᠣᠳᠣᠯᠭ᠎ᠠ ᠶᠢᠨ ᠬᠠᠷᠢᠴᠠᠩᠭᠤᠢ ᠪᠡᠶ᠎ᠡ ᠳᠠᠭᠠᠭᠰᠠᠨ ᠴᠢᠭ ᠱᠤᠭᠤᠮ ᠪᠠᠷᠢᠮᠲᠠᠯᠠᠬᠤ ᠶᠢ ᠬᠢᠴᠢᠶᠡᠨ ᠣᠷᠣᠯᠳᠤᠵᠤ ᠪᠠᠶᠢᠪᠠ᠃ ᠢ᠃ᠸ᠃ᠰᠲ᠋ᠠᠯᠢᠨ ᠤ ᠮᠡᠨᠳᠦᠯᠡᠭᠰᠡᠨ ᠦ 70 ᠵᠢᠯ ᠦᠨ ᠣᠢ ᠶᠢᠨ ᠶᠣᠰᠣᠯᠠᠯ ᠤᠨ ᠠᠷᠭ᠎ᠠ ᠬᠡᠮᠵᠢᠶᠡᠨ ᠳᠦ ᠧᠦ᠋ᠷᠣᠫᠠᠠᠽᠢᠶ᠎ᠠ ᠍ ᠶᠢᠨ ᠣᠷᠣᠨ ᠨᠤᠭᠤᠳ ᠤᠨ ᠨᠠᠮ᠂ ᠲᠥᠷᠥ ᠶᠢᠨ ᠤᠳᠤᠷᠢᠳᠤᠭᠴᠢᠳ ᠪᠦᠭᠦᠳᠡ ᠮᠣᠰᠺᠸᠠ ᠳᠤ ᠣᠴᠢᠵᠤ ᠦᠨᠡᠨᠴᠢ ᠪᠡᠨ ᠬᠠᠷᠠᠭᠤᠯᠬᠤ ᠳᠤ᠂ ᠬ᠂ ᠴᠣᠶᠢᠪᠠᠯᠰᠠᠩ ᠥᠪᠡᠷ ᠦᠨ ᠪᠡᠶ᠎ᠡ ᠪᠡᠷ ᠣᠴᠢᠭ᠎ᠠ ᠦᠭᠡᠢ ᠪᠠᠶᠢᠨ᠎ᠠ᠃ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠲᠤᠸᠠ ᠤᠯᠤᠰ ᠤᠨ ᠲᠡᠷᠢᠭᠦᠨ ᠰᠠᠯᠵᠢᠭ ᠲᠣᠭᠣᠭ᠎ᠠ ᠮᠣᠩᠭᠣᠯ ᠳᠤ ᠠᠶᠢᠯᠴᠢᠯᠠᠬᠤ ᠦᠶᠡᠳᠡᠭᠡ ᠮᠣᠩᠭᠣᠯ ᠢ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ ᠳᠦ ᠣᠷᠣᠬᠤ ᠶᠢ ᠢᠳᠬᠠᠬᠤ ᠦᠭᠡ ᠬᠡᠯᠡᠬᠦ ᠳᠦ ᠴᠣᠶᠢᠪᠠᠯᠰᠠᠩ ᠶᠡᠬᠡᠳᠡ ᠠᠭᠤᠷᠯᠠᠨ᠂ ᠠᠯᠠᠭᠠᠳᠠᠭᠰᠠᠨ ᠭᠡᠳᠡᠭ ᠶᠠᠷᠢᠶ᠎ᠠ ᠲᠠᠷᠬᠠᠭᠰᠠᠨ ᠪᠠᠶᠢᠳᠠᠭ᠃ 1950 ᠤᠨ ᠳᠤ ᠮᠣᠩᠭᠣᠯ ᠤᠨ ᠬᠡᠳᠦᠨ ᠰᠡᠬᠡᠭᠡᠲᠡᠨ ᠤᠯᠤᠰ ᠣᠷᠣᠨ ᠤ ᠪᠠᠨ ᠬᠥᠭᠵᠢᠯ ᠢ ᠲᠦᠷᠭᠡᠳᠭᠡᠬᠦ ᠭᠣᠣᠯ ᠠᠷᠭ᠎ᠠ ᠵᠠᠮ ᠪᠣᠯ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ ᠳᠦ ᠳᠠᠷᠤᠢ ᠤᠷᠤᠬᠤ ᠶᠠᠪᠤᠳᠠᠯ ᠬᠡᠮᠡᠬᠦ ᠰᠠᠨᠠᠯ ᠡᠷᠭᠦᠬᠦ ᠳᠦ ᠲᠡᠷᠡᠪᠡᠷ ᠮᠥᠨ ᠠᠰᠠᠷ ᠳᠤᠷᠠᠭᠦᠶᠢᠴᠡᠨ᠂ ᠲᠡᠳᠡᠨ ᠢ ᠵᠢᠮᠡᠯᠡᠵᠦ ᠪᠠᠶᠢᠭᠰᠠᠨ ᠪᠠᠷᠢᠮᠲᠠ ᠮᠥᠨ ᠪᠤᠢ᠃

 ᠨᠠᠰᠤ ᠪᠠᠷᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

"ᠮᠣᠩᠭᠣᠯ ᠤᠨ ᠪᠦᠬᠦ ᠠᠷᠠᠳ ᠲᠦᠮᠡᠨ ᠦ ᠳᠣᠲᠣᠨ ᠤ ᠬᠠᠶᠢᠷᠠᠲᠤ ᠵᠢᠯᠣᠭᠣᠳᠤᠭᠴᠢ", "ᠬᠠᠶᠢᠷᠠᠲᠤ ᠡᠴᠢᠭᠡ" ᠬᠡᠮᠡᠨ ᠡᠷᠭᠦᠮᠵᠢᠯᠡᠭᠳᠡᠵᠦ ᠪᠠᠶᠢᠭᠰᠠᠨ ᠮᠣᠩᠭᠣᠯ ᠤᠨ ᠲᠥᠷᠥ ᠶᠢᠨ ᠵᠢᠳᠬᠦᠯᠲᠡᠨ ᠬ᠂ ᠴᠣᠶᠢᠪᠠᠯᠰᠠᠩ 1952 ᠤᠨ ᠤ 1 ᠰᠠᠷ᠎ᠠ ᠶᠢᠨ 26 ᠍ ᠳᠦ ᠲᠠᠭᠠᠯᠠᠯ ᠲᠡᠭᠦᠰᠴᠡᠢ᠃ ᠨᠠᠮ ᠤᠨ ᠲᠥᠪ ᠬᠣᠷᠢᠶ᠎ᠠ᠂ ᠶᠡᠬᠡ ᠬᠤᠷᠠᠯ ᠤᠨ ᠲᠡᠷᠢᠭᠦᠯᠡᠭᠴᠢᠳ᠂ ᠰᠠᠶᠢᠳ ᠨᠠᠷ ᠤᠨ ᠵᠥᠪᠯᠡᠯ ᠦᠨ ᠡᠮᠭᠡᠨᠢᠯ ᠦᠨ ᠪᠢᠴᠢᠭ ᠲᠦ
"...ᠮᠠᠨ ᠤ ᠤᠯᠤᠰ ᠤᠨ ᠪᠦᠬᠦ ᠲᠡᠦᠬᠡ ᠪᠣᠯ ᠠᠷᠠᠳ ᠤᠨ ᠬᠤᠪᠢᠰᠬᠠᠯ ᠢ ᠮᠠᠨᠳᠤᠭᠤᠯᠬᠤ ᠪᠠ ᠮᠠᠨ ᠤ ᠣᠷᠣᠨ ᠢ ᠴᠡᠴᠡᠭᠯᠡᠭᠦᠯᠬᠦ ᠦᠢᠯᠡ ᠬᠡᠷᠡᠭ ᠲᠦ ᠪᠦᠬᠦ ᠠᠮᠢᠳᠤᠷᠠᠯ ᠢᠶᠠᠨ ᠵᠣᠷᠢᠭᠤᠯᠤᠭᠰᠠᠨ ᠨᠥᠬᠥᠷ ᠴᠣᠶᠢᠪᠠᠯᠰᠠᠩ ᠤᠨ ᠨᠡᠷ᠎ᠡ ᠲᠡᠢ ᠬᠣᠯᠪᠣᠭ᠎ᠠ ᠲᠠᠢ ᠶᠤᠮ᠃.."
ᠭᠡᠵᠦ ᠲᠡᠮᠳᠡᠭᠯᠡᠭᠰᠡᠨ ᠪᠠᠶᠢᠳᠠᠭ᠃

ᠬᠡᠯᠡᠭᠰᠡᠨ ᠦᠭᠡ᠃

ᠡᠷᠬᠢᠮᠯᠡᠵᠦ ᠶᠠᠪᠤᠭᠠᠷᠠᠢ ᠬᠡᠮᠡᠨ ᠮᠠᠰᠢᠳᠠ ᠢᠲᠡᠭᠡᠨ ᠡᠷᠬᠡ ᠴᠢᠯᠦᠭᠡ᠂ ᠲᠤᠰᠠᠭᠠᠷ ᠲᠣᠭᠲᠠᠨᠢᠯ ᠢ ᠲᠠ ᠨᠠᠷ ᠲᠤ ᠦᠯᠡᠳᠡᠭᠡᠪᠡ᠃

ᠲᠡᠭᠦᠨᠴᠢᠯᠡᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠵᠠᠮᠴᠠᠩ ᠤᠨ ᠳᠠᠮᠳᠢᠨᠰᠦ᠋ᠷᠦᠩ
ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ
{{{on}}}
ᠳᠠᠷᠠᠭᠠᠬᠢ
{{{ᠳᠠᠷᠠᠭ᠎ᠠ}}}
ᠡᠮᠦᠨᠡᠬᠢ
ᠠᠨᠠᠨᠳ ᠤᠨ ᠠᠮᠤᠷ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠶᠠᠭᠤᠮᠠᠵᠢᠭ᠎ᠠ ᠶᠢᠨ ᠼᠡᠳᠡᠨᠪᠠᠯ

ᠵᠠᠭᠪᠤᠷ:ᠮᠣᠩᠭᠣᠯ ᠤᠯᠤᠰ ᠤᠨ ᠶᠡᠷᠦᠩᠬᠡᠢ ᠰᠠᠶᠢᠳ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ