ᠬᠣᠲᠣᠭᠣᠶᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠣᠲᠣᠭᠣᠶᠢᠳ («?») ᠶᠠᠰᠤᠲᠠᠨ
ᠥᠨᠥ ᠶᠢᠨ ᠪᠠᠶᠢᠳᠠᠯ
ᠨᠤᠲᠤᠭ ᠣᠷᠣᠨᠪᠦᠭᠦᠳᠡ — 15,460 ᠬᠦᠮᠦᠨ᠃ ᠡᠭᠦᠨ ᠡᠴᠡ:
ᠮᠣᠩᠭᠣᠯ ᠮᠣᠩᠭᠣᠯ (ᠮᠣᠩᠭᠣᠯ ᠤᠯᠤᠰ) — 15,460 (2010)
ᠬᠡᠯᠡ ᠠᠶᠠᠯᠭᠤᠮᠣᠩᠭᠣᠯ ᠬᠡᠯᠡ (ᠲᠥᠪ ᠠᠶᠠᠯᠭᠤ)
ᠪᠢᠴᠢᠭ ᠦᠰᠦᠭᠮᠣᠩᠭᠣᠯ ᠺᠢᠷᠢᠯ ᠦᠰᠦᠭ ᠦᠨ ᠮᠣᠩᠭᠣᠯ ᠪᠢᠴᠢᠭ
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ

ᠬᠣᠲᠣᠭᠣᠶᠢᠳ (ᠬᠣᠲᠣᠭᠣᠶᠢᠳ) ᠪᠣᠯ ᠮᠣᠩᠭᠣᠯ ᠤᠨ ᠨᠤᠲᠤᠭ ᠤᠨ ᠬᠣᠶᠢᠳᠤ ᠬᠡᠰᠡᠭ ᠬᠠᠩᠭᠠᠢ ᠶᠢᠨ ᠨᠢᠷᠤᠭᠤᠨ ᠤ ᠠᠷᠤ ᠪᠠᠷ ᠨᠤᠲᠤᠭᠯᠠᠵᠤ ᠢᠷᠡᠭᠰᠡᠨ ᠣᠪᠤᠭ ᠠᠶᠢᠮᠠᠭ ᠶᠤᠮ᠃ ᠤᠷᠢᠳᠤ ᠨᠢ ᠬᠣᠶᠢᠳᠤ ᠠᠶᠢᠮᠠᠭ ᠨᠡᠷ᠎ᠡ ᠲᠡᠢ ᠪᠠᠶᠢᠭᠰᠠᠨ ᠪᠣᠯᠤᠯᠲᠠᠢ᠃ ᠬᠠᠯᠬ᠎ᠠ ᠶᠢᠨ ᠣᠶᠢᠷᠠᠳ ᠷᠤ ᠬᠢᠭᠰᠡᠨ ᠳᠣᠪᠲᠣᠯᠭᠠᠨ ᠢᠶᠠᠷ ᠵᠠᠷᠢᠮ ᠬᠣᠶᠢᠳᠤ ᠬᠦᠮᠦᠰ ᠢ ᠬᠠᠯᠬ᠎ᠠ ᠶᠢᠨ ᠨᠤᠲᠤᠭ ᠲᠤ ᠠᠪᠴᠢᠷᠠᠨ ᠰᠠᠭᠤᠯᠭᠠᠭᠰᠠᠨ ᠨᠢ ᠣᠳᠣ ᠶᠢᠨ ᠬᠣᠲᠣᠭᠣᠶᠢᠳ ᠤᠳ ᠪᠣᠯᠵᠠᠢ᠃ ᠲᠡᠳᠡᠨ ᠦ ᠵᠠᠷᠢᠮ ᠬᠡᠰᠡᠭ ᠨᠢ ᠵᠦᠩᠭᠠᠷ ᠷᠤ ᠨᠡᠭᠦᠵᠦ ᠦᠯᠡᠳᠡᠭᠰᠡᠨ ᠨᠢ ᠬᠣᠶᠢᠳᠤ ᠬᠣᠶᠢᠳᠤ ᠪᠤᠶᠤ ᠰᠤᠨᠵᠢᠷᠠᠭᠰᠠᠭᠠᠷ ᠬᠣᠲᠣᠭᠣᠶᠢᠳ ᠪᠣᠯᠤᠭᠰᠠᠨ᠃ XVI-ᠠᠷᠪᠠᠨ ᠳᠣᠯᠤᠳᠤᠭᠠᠷ ᠵᠠᠭᠤᠨ ᠤ ᠦᠶ᠎ᠡ ᠳᠦ ᠬᠣᠲᠣᠭᠣᠶᠢᠳ ᠤᠨ ᠠᠯᠲᠠᠨ ᠬᠠᠨ ᠤ ᠤᠯᠤᠰ ᠣᠷᠣᠰᠢᠨ ᠲᠣᠭᠲᠠᠨᠢᠵᠤ ᠪᠠᠶᠢᠭᠰᠠᠨ᠃ ᠬᠣᠲᠣᠭᠣᠶᠢᠳ ᠤᠨ ᠠᠯᠲᠠᠨ ᠬᠠᠨ ᠤ ᠤᠯᠤᠰ ᠤᠨ ᠬᠣᠶᠢᠳᠤ ᠬᠢᠯᠢ ᠺᠷᠠᠰᠠᠨ ᠠᠢᠷᠰᠺ ᠬᠣᠲᠠ᠂ ᠡᠮᠦᠨᠡᠲᠦ ᠬᠢᠯᠢ ᠨᠢ ᠠᠯᠲᠠᠢ ᠶᠢᠨ ᠨᠢᠷᠤᠭᠤᠨ ᠤ ᠵᠡᠭᠦᠨ ᠬᠡᠰᠡᠭ ᠲᠦ ᠬᠦᠷᠴᠦ ᠪᠠᠶᠢᠭᠰᠠᠨ ᠪᠥᠭᠡᠳ ᠲᠡᠳᠡ ᠲᠤᠸᠠ᠂ ᠶᠡᠨᠢᠰᠧᠢᠨ ᠺᠢᠷᠭᠢᠽᠢ ᠨᠦᠭᠦᠳ ᠢ ᠨᠢᠭᠡ ᠬᠡᠰᠡᠭ ᠵᠠᠬᠢᠷᠴᠢ ᠪᠠᠶᠢᠪᠠ᠃ ᠣᠶᠢᠷᠠᠳ᠂ ᠬᠣᠲᠣᠭᠣᠶᠢᠳ ᠤᠳ ᠪᠠᠷᠠᠭᠤᠨ ᠮᠣᠩᠭᠣᠯ ᠳᠤ ᠨᠣᠶᠠᠷᠬᠠᠬᠤ ᠶᠢᠨ ᠲᠥᠯᠥᠭᠡ ᠲᠡᠮᠡᠴᠡᠯᠳᠦᠨ ᠬᠣᠲᠣᠭᠣᠶᠢᠳ ᠤᠳ ᠣᠶᠢᠷᠠᠳ ᠤᠳ ᠢ ᠪᠠᠷᠠᠭᠤᠨ ᠲᠡᠰᠢ ᠰᠢᠬᠠᠭᠰᠠᠨ ᠪᠣᠯᠪᠠᠴᠤ 17 ᠍ ᠳᠦᠭᠡᠷ ᠵᠠᠭᠤᠨ ᠤ ᠳᠤᠮᠳᠠ ᠠᠴᠠ ᠬᠣᠲᠣᠭᠣᠶᠢᠳ ᠤᠳ ᠤᠨ ᠬᠦᠴᠦ ᠪᠠᠭᠤᠷᠠᠵᠠᠢ᠃ ᠬᠣᠲᠣᠭᠣᠶᠢᠳ ᠤᠨ ᠤᠯᠤᠰ ᠢ ᠬᠠᠯᠬ᠎ᠠ ᠶᠢᠨ 3 ᠬᠠᠨᠯᠢᠭ ᠤᠨ ᠳᠠᠷᠠᠭᠠᠬᠢ 4 ᠳᠦ ᠬᠢ ᠬᠠᠨᠯᠢᠭ ᠭᠡᠵᠦ ᠦᠵᠡᠳᠡᠭ᠃

ᠵᠦᠩᠭᠠᠷ ᠤᠨ ᠬᠣᠶᠢᠳᠤ ᠤᠨ ᠨᠣᠶᠠᠨ ᠠᠮᠤᠷᠰᠠᠨᠠᠭ᠎ᠠ ᠪᠠᠨ ᠬᠣᠲᠣᠭᠣᠶᠢᠳ ᠤᠨ ᠴᠢᠩᠭᠦᠩᠵᠠᠪ ᠨᠠᠷ ᠠᠮᠠᠷᠬᠠᠨ ᠨᠥᠬᠥᠷᠯᠡᠭᠰᠡᠨ ᠦ ᠤᠴᠢᠷ ᠨᠢ ᠨᠢᠭᠡ ᠠᠶᠢᠮᠠᠭ ᠤᠨ ᠭᠠᠷᠤᠯ ᠳᠤ ᠪᠠᠨ ᠪᠠᠶᠢᠭᠰᠠᠨ ᠪᠣᠯᠪᠠ ᠤᠤ᠃ ᠣᠳᠣ ᠵᠠᠪᠬᠠᠨ ᠠᠶᠢᠮᠠᠭ ᠤᠨ ᠬᠣᠢ ᠳᠤ ᠲᠠᠯ᠎ᠠ ᠶᠢᠨ ᠰᠤᠮᠤ ᠳᠤ᠂ ᠬᠥᠪᠰᠥᠭᠥᠯ ᠠᠶᠢᠮᠠᠭ ᠤᠨ ᠣᠯᠠᠨ ᠰᠤᠮᠤᠨ ᠳᠤ ᠬᠣᠲᠣᠭᠣᠶᠢᠳ ᠤᠳ ᠰᠠᠭᠤᠳᠠᠭ᠃ ᠳᠠᠰᠢᠷᠠᠮ ᠳᠤ ᠳᠤᠷᠠᠳᠬᠤ ᠳᠤ 25 ᠳᠠᠬᠢ ᠶᠡᠷᠦᠩᠬᠡᠢ ᠰᠠᠶᠢᠳ ᠰᠠᠩᠵᠠ ᠶᠢᠨ ᠪᠠᠶᠠᠷ ᠍ ᠤᠨ ᠡᠴᠢᠭᠡ ᠨᠢ ᠬᠥᠪᠰᠥᠭᠥᠯ ᠠᠶᠢᠮᠠᠭ ᠤᠨ ᠲᠡᠮᠦᠷᠪᠤᠯᠠᠭ ᠰᠤᠮᠤ ᠍ ᠤᠨ ᠬᠣᠲᠣᠭᠣᠶᠢᠳ ᠭᠠᠷᠤᠯ ᠲᠠᠢ ᠬᠦᠮᠦᠨ ᠶᠤᠮ ᠪᠠᠶᠢᠨ᠎ᠠ᠃

ᠠᠯᠳᠠᠷ ᠲᠠᠢ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ