ᠬᠣᠲᠠᠨ (ᠶᠠᠰᠤᠲᠠᠨ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠨᠡ ᠶᠠᠰᠤᠲᠠᠨ ᠢ ᠪᠤᠰᠤᠳ ᠬᠣᠲᠠᠨ ᠶᠢ ᠠᠴᠠ ᠢᠯᠭᠠᠨ ᠲᠠᠨᠢᠭᠠᠷᠠᠢ.

ᠬᠣᠲᠠᠨ ᠶᠠᠰᠤᠲᠠᠨ ᠨᠢ ᠤᠪᠰᠤ ᠨᠠᠭᠤᠷ ᠍ ᠤᠨ ᠪᠠᠷᠠᠭᠤᠨ ᠤᠷᠢᠳᠤ ᠲᠠᠯ᠎ᠠ ᠪᠠᠷ ᠨᠤᠲᠤᠭᠯᠠᠳᠠᠭ᠃ ᠬᠣᠲᠣᠩᠴᠢ ᠨᠤᠭᠤᠳ ᠨᠢ ᠲᠦᠷᠦᠭ ᠭᠠᠷᠤᠯᠲᠠᠢ ᠮᠣᠩᠭᠣᠯ ᠶᠠᠰᠤᠲᠠᠨ ᠶᠤᠮ᠃ ᠢᠰᠯᠠᠮ ᠤᠨ ᠱᠠᠰᠢᠨ ᠲᠠᠢ ᠴᠤ ᠲᠡᠳᠡᠨ ᠦ ᠱᠠᠰᠢᠨ ᠤ ᠶᠣᠰᠣᠨ ᠳᠤ ᠮᠣᠩᠭᠣᠯ ᠤᠨ ᠪᠤᠳ᠋ᠳ᠋ᠾᠠ ᠶᠢᠨ ᠱᠠᠰᠢᠨ ᠤ ᠨᠥᠯᠥᠭᠡ ᠨᠡᠪᠲᠡᠷᠡᠭᠰᠡᠨ ᠪᠠᠶᠢᠳᠠᠭ᠃ ᠲᠡᠳᠡ ᠥᠪᠡᠷᠰᠡᠳ ᠦᠨ ᠢᠶᠡᠨ ᠢᠲᠡᠭᠡᠯ ᠦᠨᠡᠮᠰᠢᠯ ᠢ ᠥᠭᠡᠷ᠎ᠡ ᠱᠠᠰᠢᠨ ᠬᠡᠮᠡᠨ ᠲᠣᠳᠣᠷᠬᠠᠶᠢᠯᠠᠳᠠᠭ ᠪᠠ ᠥᠪᠡᠷᠰᠡᠳ ᠢ ᠪᠡᠨ ᠮᠦᠰᠦ᠋ᠯᠮᠠᠨ ᠪᠤᠰᠤ ᠮᠦᠰᠦ᠋ᠷᠮᠠᠨ ᠬᠡᠮᠡᠳᠡᠭ᠃ ᠬᠣᠲᠠᠨ ᠶᠠᠰᠤᠲᠠᠨ ᠭᠣᠣᠯᠳᠠᠭᠤ ᠤᠪᠰᠤ ᠠᠶᠢᠮᠠᠭ ᠤᠨ ᠲᠠᠷᠢᠶᠠᠯᠠᠩ ᠰᠤᠮᠤ᠂ ᠨᠠᠷᠠᠨᠪᠤᠯᠠᠭ ᠰᠤᠮᠤ᠂ ᠤᠯᠠᠭᠠᠨᠠᠭᠠᠮ ᠬᠣᠳᠠ ᠳᠤ ᠭᠣᠣᠯᠴᠢᠯᠠᠨ ᠰᠠᠭᠤᠷᠢᠰᠢᠵᠠᠢ᠃[1] ᠠᠩᠬ᠎ᠠ ᠭᠠᠯᠳᠠᠨ ᠪᠣᠱᠤᠭᠳᠤ ᠲᠡᠳᠡᠨ ᠢ ᠤᠶᠢᠭᠤᠷ ᠍ ᠤᠨ ᠨᠤᠲᠤᠭ ᠠᠴᠠ 17 ᠍ ᠳᠦᠭᠡᠷ ᠵᠠᠭᠤᠨ ᠤ ᠰᠡᠭᠦᠯᠡᠷ ᠲᠠᠷᠢᠶ᠎ᠠ ᠲᠠᠷᠢᠭᠤᠯᠬᠤ ᠪᠠᠷ ᠠᠪᠴᠢᠷᠠᠵᠠᠢ᠃ ᠲᠡᠳᠡᠨ ᠦ ᠲᠦᠷᠦᠭ ᠤᠭᠰᠠᠭᠠᠲᠠᠨ ᠢ ᠪᠠᠲᠤᠯᠠᠬᠤ ᠴᠥᠭᠡᠨ ᠦᠭᠡᠢ ᠪᠠᠷᠢᠮᠲᠠ ᠪᠠᠶᠢᠳᠠᠭ ᠪᠠ ᠲᠡᠳᠡ ᠪᠢᠷᠢ ᠶᠧᠺᠢ᠂ ᠦᠰ ᠬᠡᠮᠡᠨ ᠲᠣᠭᠠᠯᠠᠬᠤ ᠨᠢ ᠡᠪᠦᠭᠡ ᠳᠡᠭᠡᠳᠦᠰ ᠡᠴᠡ ᠨᠢ ᠣᠳᠣ ᠶᠢ ᠬᠦᠷᠲᠡᠯ᠎ᠡ ᠤᠯᠠᠮᠵᠢᠯᠠᠭᠳᠠᠵᠠᠢ᠃ ᠮᠥᠨ ᠥᠪᠡᠷᠰᠡᠳ ᠦᠨ ᠨᠣᠮ ᠤᠩᠰᠢᠳᠠᠭ (ᠯᠠᠮᠠ) ᠬᠦᠮᠦᠨ ᠢ ᠮᠣᠯᠳᠠ ᠭᠡᠳᠡᠭ ᠪᠠ ᠡᠨᠡ ᠨᠢ ᠲᠦᠷᠦᠭ ᠬᠡᠯᠲᠡᠩ ᠦᠳ ᠡᠶᠢᠨ ᠬᠡᠯᠡᠯᠴᠡᠳᠡᠭ ᠶᠤᠮ᠃ ᠮᠣᠯᠳᠠ ᠨᠠᠷ ᠨᠠᠰᠤ ᠪᠠᠷᠠᠭᠰᠠᠨ ᠬᠦᠮᠦᠨ ᠦ ᠠᠷᠤ ᠠᠴᠠ ᠶᠠᠰ ᠤᠨ ᠲᠣᠭᠤᠪᠠᠤ ᠬᠡᠮᠡᠬᠦ ᠤᠩᠰᠢᠯᠭ᠎ᠠ ᠤᠩᠰᠢᠳᠠᠭ ᠨᠢ ᠮᠦᠰᠦ᠋ᠯᠮᠠᠨᠴᠤᠳ ᠤᠨ ᠺᠦ᠋ᠷᠠᠨ ᠰᠤᠳᠤᠷ ᠤᠨ ᠶᠠᠰᠤ ᠶᠢᠨ ᠪᠦᠯᠦᠭ ᠢ ᠨᠠᠰᠤ ᠪᠠᠷᠠᠭᠰᠠᠳ ᠲᠤ ᠤᠩᠰᠢᠳᠠᠭ ᠠᠴᠠ ᠦᠯᠡᠳᠡᠵᠡᠢ᠃ ᠲᠡᠳᠡᠨ ᠦ ᠡᠪᠦᠭᠡ ᠳᠡᠭᠡᠳᠦᠰ ᠮᠥᠰᠥᠶᠢᠯᠮᠡᠨ ᠪᠠᠶᠢᠭᠰᠠᠨ ᠭᠡᠬᠦ ᠨᠢᠭᠡ ᠪᠠᠷᠢᠮᠲᠠ ᠨᠢ ᠠᠪᠳᠤᠯ ᠤᠨ 13 ᠰᠠᠺᠢᠺ ᠭᠡᠳᠡᠭ ᠤᠩᠰᠢᠯᠭ᠎ᠠ ᠶᠤᠮ᠃ ᠠᠪᠳᠤᠯ ᠤᠨ 13 ᠰᠠᠺᠢᠺ ᠲᠤ ᠬᠠᠩᠭᠠᠯᠲᠠᠲᠠᠢ ᠮᠦᠰᠦ᠋ᠯᠮᠠᠨ ᠢᠲᠡᠭᠡᠯ ᠦᠨᠡᠮᠰᠢᠯ ᠦᠨ ᠲᠤᠬᠠᠢ ᠭᠠᠷᠳᠠᠭ᠃ ᠠᠪᠳᠤᠯ ᠤᠨ ᠭᠡᠳᠡᠭ ᠨᠢ ᠠᠪᠳᠤᠯᠠᠯᠠᠬᠤ ᠶᠢᠨ ᠭᠡᠰᠡᠨ ᠦᠭᠡᠨ ᠡᠴᠡ ᠭᠠᠷᠤᠯ ᠲᠠᠢ ᠪᠠ ᠠᠯᠯᠠᠾ ᠤᠨ ᠪᠣᠭᠣᠯ ᠭᠡᠰᠡᠨ ᠦᠭᠡ ᠶᠤᠮ᠃ ᠮᠥᠨ ᠢᠰᠯᠠᠮ ᠱᠠᠰᠢᠨ ᠤ ᠭᠡᠷᠡᠴᠢᠯᠡᠯ ᠦᠨ ᠦᠭᠡ ᠪᠤᠶᠤ ᠺᠠᠯᠢᠮᠠᠭ ᠤᠨ ᠬᠡᠰᠡᠭ ᠪᠠᠶᠢᠳᠠᠭ ᠪᠠ ᠡᠯ᠎ᠡ ᠮᠠᠮᠤᠭᠠᠳ ᠤᠷᠤᠰᠤᠯ ᠢᠶᠠᠨ ᠪᠤᠶᠤ ᠮᠤᠬᠠᠮ ᠢᠶᠠᠳᠤᠨ ᠷᠠᠰᠤᠯᠤᠯᠠᠯᠠᠬᠤ ᠪᠤᠶᠤ ᠮᠤᠬᠤᠮ ᠢᠶ᠎ᠡ ᠳᠦ ᠲᠡᠭᠦᠨ ᠦ ᠡᠯᠴᠢ (ᠠᠯᠯᠠᠾ ᠤᠨ) ᠭᠡᠰᠡᠨ ᠦᠭᠡ ᠶᠤᠮ᠃

ᠬᠣᠲᠠᠨ ᠨᠡᠷ᠎ᠡ ᠶᠢ ᠶᠠᠩᠵᠤ ᠪᠦᠷᠢ ᠪᠡᠷ ᠲᠠᠶᠢᠯᠪᠤᠷᠢᠯᠠᠳᠠᠭ᠃ ᠡᠭᠦᠨ ᠳᠦ- ᠬᠣᠲᠣᠩ ᠨᠢ ᠠᠩᠬ᠎ᠠ ᠳᠥᠷᠪᠡᠳ ᠦᠨ ᠨᠣᠶᠠᠳ ᠤᠨ ᠠᠯᠪᠠᠲᠤ ᠪᠣᠯᠵᠤ ᠢᠷᠡᠭᠰᠡᠨ ᠤᠴᠢᠷ ᠡᠷᠡᠴᠦᠦᠯ ᠨᠢ ᠭᠠᠳᠠᠭᠰᠢ ᠭᠠᠷᠬᠤ ᠳᠤ ᠪᠠᠨ ᠬᠠᠲᠤᠨ (ᠡᠮ᠎ᠡ) ᠬᠦᠮᠦᠨ ᠦ ᠬᠤᠪᠴᠠᠰᠤ ᠡᠮᠦᠰᠦᠨ ᠵᠢᠰᠦ ᠪᠡᠨ ᠪᠤᠷᠤᠭᠤᠯᠠᠵᠤ ᠶᠠᠪᠤᠭᠰᠠᠨ ᠠᠴᠠ ᠲᠡᠭᠡᠵᠦ ᠨᠡᠷᠡᠯᠡᠭᠰᠡᠨ ᠭᠡᠬᠦ᠂ ᠪᠠᠰᠠ ᠠᠩᠬ᠎ᠠ 20 ᠣᠷᠴᠢᠮ ᠡᠮᠡᠭᠲᠡᠶᠢᠴᠦᠳ ᠪᠠᠷᠢᠭᠳᠠᠵᠤ ᠢᠷᠡᠭᠰᠡᠨ ᠲᠤᠯᠠ ᠲᠡᠳᠡᠨ ᠦ ᠤᠳᠤᠮ ᠨᠢ ᠬᠠᠲᠤᠨ (ᠬᠣᠲᠠᠨ)ᠭᠡᠭᠡ ᠳᠦ ᠬᠢ ᠪᠣᠯᠤᠭᠰᠠᠨ ᠭᠡᠳᠡᠭ᠃ ᠮᠥᠨ ᠬᠠᠭᠠᠳ ᠨᠣᠶᠠᠳ ᠤᠨ ᠭᠡᠷ ᠢ ᠲᠣᠭᠣᠷᠢᠨ ᠬᠣᠲᠠ ᠮᠠᠶ᠋ᠢᠭ ᠢᠶᠠᠷ ᠪᠠᠶᠢᠷᠢᠯᠠᠨ ᠰᠠᠭᠤᠵᠤ ᠪᠠᠶᠢᠭᠰᠠᠨ ᠠᠴᠠ ᠲᠡᠶᠢᠮᠦ ᠨᠡᠷ᠎ᠡ ᠲᠡᠢ ᠪᠣᠯᠤᠭᠰᠠᠨ ᠭᠡᠯᠴᠡᠨ᠎ᠡ᠃ ᠬᠣᠲᠣᠩ ᠤᠳ ᠨᠢ ᠤᠭᠲᠤᠭ᠎ᠠ ᠬᠠᠰᠠᠭ ᠤᠨ ᠵᠠᠩᠲ᠋ᠧᠺᠧᠢ ᠣᠪᠤᠭ ᠤᠨ ᠳᠣᠲᠣᠷ᠎ᠠ ᠪᠠᠶᠢᠳᠠᠭ ᠺᠠᠽᠪᠧᠺ ᠶᠠᠰᠤᠨ ᠤ 20 ᠍ ᠢᠤᠳ᠋ ᠠᠶᠢᠯ ᠳᠥᠷᠪᠡᠳ ᠦᠨ ᠵᠠᠷᠤᠴᠠ ᠪᠣᠯᠤᠭᠰᠠᠨ ᠪᠥᠭᠡᠳ ᠠᠩᠬ᠎ᠠ 7 ᠠᠶᠢᠯ ᠢᠷᠡᠭᠰᠡᠨ ᠨᠢ 7 ᠣᠪᠤᠭ ᠪᠣᠯᠤᠭᠰᠠᠨ ᠭᠡᠳᠡᠭ᠃ ᠪᠠᠰᠠ ᠡᠷᠲᠡ ᠦᠶ᠎ᠡ ᠳᠦ ᠬᠣᠲᠠᠨ ᠭᠡᠳᠡᠭ ᠨᠢ "ᠣᠳᠣᠨ" ᠭᠡᠰᠡᠨ ᠲᠦᠷᠢᠭ ᠦᠭᠡ ᠡᠴᠡ ᠬᠤᠪᠢᠷᠠᠵᠤ ᠢᠷᠡᠭᠰᠡᠨ ᠪᠥᠭᠡᠳ ᠢᠰᠯᠠᠮ ᠤᠨ ᠰᠦᠮ᠎ᠡ ᠶᠢᠨ ᠣᠷᠣᠢ ᠳᠡᠭᠡᠷᠡᠬᠢ "ᠨᠠᠷᠠ ᠰᠠᠷᠠ" ᠍ ᠢ "ᠰᠦᠯᠳᠡ ᠣᠳᠣ" ᠬᠡᠮᠡᠬᠦ ᠲᠤᠯᠠ ᠡᠨᠡᠬᠦ ᠠᠭᠤᠯᠭ᠎ᠠ ᠠᠴᠠ ᠪᠣᠯᠵᠤ ᠢᠰᠯᠠᠮ ᠤᠨ ᠱᠠᠰᠢᠨ ᠢ ᠰᠢᠲᠦᠳᠡᠭ ᠬᠦᠮᠦᠰ ᠢ ᠬᠣᠲᠣᠩ ᠭᠡᠵᠦ ᠨᠡᠷᠡᠶᠢᠳᠴᠡᠢ ᠭᠡᠵᠦ ᠵᠠᠷᠢᠮ ᠰᠤᠳᠤᠯᠤᠭᠠᠴᠢᠳ ᠲᠠᠶᠢᠯᠪᠤᠷᠢᠯᠠᠵᠠᠢ᠃

ᠬᠣᠲᠠᠨ ᠬᠦᠮᠦᠨ ᠦ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠲᠠᠨ ᠬᠦᠮᠦᠨ ᠦ ᠲᠣᠭ᠎ᠠ᠂ ᠮᠣᠩᠭᠣᠯ ᠤᠯᠤᠰ ᠤᠨ ᠬᠦᠮᠦᠨ ᠠᠮᠠ ᠳᠤ ᠡᠵᠡᠯᠡᠬᠦ ᠬᠤᠪᠢ (%)[1]
ᠬᠦᠮᠦᠨ ᠠᠮᠠ ᠶᠢᠨ ᠲᠣᠭᠠᠯᠠᠭ ᠤᠨ ᠳᠠᠭᠠᠤ
1956 % 1963 % 1969 % 1979 % 1989 % 2000 % 2007
ᠲᠣᠭᠠᠴᠠ᠃[2]
% 2009 %
2 603 0,31 2 874 0,28 4 056 0,34 4 380 0,28 6 076 0,31 9 014 0,38 6 904 0,27 10 249 0,38

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ