ᠬᠣᠲᠠᠨ ᠳᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Arhangai.gif ᠠᠷᠤᠬᠠᠩᠭᠠᠢ ᠠᠶᠢᠮᠠᠭ ᠤᠨ
ᠬᠣᠲᠠᠨ ᠳᠤ ᠰᠤᠮᠤ
2,200 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
4,440 ᠬᠦᠮᠦᠨ ᠣᠷᠣᠰᠢᠨ ᠰᠠᠭᠤᠳᠠᠭ
_______ ᠲᠣᠯᠣᠭᠠᠢ ᠮᠠᠯ ᠲᠠᠢ
ᠳᠣᠲᠣᠷ᠎ᠠ ᠪᠠᠨ ᠬᠣᠲᠠᠨ ᠳᠤ᠂ ᠬᠥᠪᠦᠷᠡ᠂ ᠪᠤᠷᠭᠠᠯᠲᠠᠢ᠂ ᠤᠯᠠᠭᠠᠨ ᠴᠢᠯᠠᠭᠤ᠂ ᠣᠷᠬᠣᠨ᠂ ᠥᠨᠳᠥᠷ ᠰᠠᠩ ᠳᠤ ᠭᠡᠬᠦ ᠵᠢᠷᠭᠤᠭᠠᠨ ᠪᠠᠭ ᠲᠠᠢ
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠠᠷᠤᠬᠠᠩᠭᠠᠢ ᠶᠢᠨ ᠴᠡᠩᠬᠡᠷᠲᠦᠪᠰᠢᠷᠡᠭᠦᠯᠬᠦᠥ ᠤᠨᠠᠭᠤᠷᠬᠠᠰᠢᠶ᠎ᠠ ᠳᠤ᠂ ᠥᠪᠦᠷᠬᠠᠩᠭᠠᠢ ᠶᠢᠨ ᠬᠠᠷᠠᠬᠣᠷᠢᠨᠬᠤᠵᠢᠷᠲᠤᠪᠠᠲᠤ-ᠥᠯᠵᠡᠢ ᠭᠡᠳᠡᠭ ᠳᠣᠯᠣᠭᠠᠨ ᠰᠤᠮᠤ ᠲᠠᠢ ᠬᠠᠶᠠᠭ᠎ᠠ ᠵᠠᠯᠭᠠᠨ᠎ᠠ᠃

ᠬᠣᠲᠠᠨ ᠳᠤ ᠰᠤᠮᠤ ᠨᠢ ᠠᠷᠤᠬᠠᠩᠭᠠᠢ ᠠᠶᠢᠮᠠᠭ ᠤᠨ ᠰᠤᠮᠤ ᠶᠤᠮ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠢ ᠡᠷᠲᠡ ᠳᠦ ᠬᠣᠲᠠᠨ ᠳᠤ ᠠᠭᠤᠯᠠ ᠳᠤᠯᠠᠭᠠᠨ ᠠᠭᠤᠯᠠ ᠨᠡᠷ᠎ᠡ ᠲᠡᠢ ᠪᠠᠶᠢᠵᠤ ᠬᠡᠮᠡᠨ᠎ᠡ᠃ ᠦᠨᠡᠬᠡᠷ ᠴᠤ ᠥᠪᠥᠷ ᠦᠨ ᠠᠮᠠ ᠵᠢᠯᠠᠭᠠᠨ ᠳᠤ ᠨᠢ ᠵᠢᠪᠠᠷ ᠰᠠᠯᠬᠢᠨ ᠠᠴᠠ ᠨᠥᠮᠥᠷᠦᠯᠡᠭᠰᠡᠨ ᠳᠤᠯᠠᠭᠠᠨ ᠲᠤᠬᠠᠲᠠᠢ ᠣᠯᠠᠨ ᠡᠪᠦᠯᠵᠢᠶ᠎ᠡ ᠪᠠᠶᠢᠳᠠᠭ᠃ ᠮᠣᠩᠭᠣᠯ ᠭᠠᠵᠠᠷ ᠲᠤ ᠲᠦᠷᠦᠭ ᠢᠵᠠᠭᠤᠷ ᠤᠨ ᠤᠶᠢᠭᠤᠷ ᠤᠯᠤᠰ ᠵᠡᠷᠭᠡᠯᠡᠳᠡᠭᠡ ᠨᠡᠭᠦᠳᠡᠯᠴᠢᠨ ᠶᠡᠨᠢᠰᠧᠢᠨ ᠺᠢᠷᠭᠢᠽᠡᠭᠦᠳᠡ ᠳᠦ ᠢᠯᠠᠭᠳᠠᠵᠤ ᠨᠡᠶᠢᠰᠯᠡᠯ ᠣᠷᠣᠳᠤᠪᠠᠯ ᠢᠺ (ᠣᠷᠣᠳᠤᠪᠤᠯᠢᠭ᠂ ᠪᠠᠯᠢᠭᠠᠯᠠᠭ) ᠬᠣᠲᠠ ᠪᠠᠨ ᠰᠢᠲᠠᠭᠠᠯᠭᠠᠨ ᠰᠡᠭᠦᠳᠬᠡᠭᠦᠯᠦᠭᠡᠳ ᠪᠠᠷᠠᠭᠤᠨ ᠵᠦᠭ ᠵᠢᠭᠤᠳᠠᠨ ᠵᠠᠶᠢᠯᠠᠵᠠᠢ᠃ ᠬᠠᠷᠢᠨ ᠵᠠᠷᠢᠮ ᠣᠪᠤᠭ ᠬᠡᠰᠡᠭ ᠨᠢ ᠥᠪᠡᠷ ᠦᠨ ᠭᠡᠬᠦ ᠨᠤᠲᠤᠭ ᠤᠰᠤ ᠪᠠᠨ ᠣᠷᠬᠢᠵᠤ ᠡᠰᠡ ᠲᠡᠪᠴᠢᠨ ᠬᠤᠴᠤᠷᠠᠵᠤ ᠬᠢᠷᠭᠢᠰ ᠦᠳ ᠦᠨ ᠡᠷᠬᠡᠰᠢᠶᠡᠯ ᠳᠦ ᠣᠷᠣᠭᠰᠠᠨ ᠤ ᠳᠣᠲᠣᠷ᠎ᠠ ᠤᠶᠢᠭᠤᠷ ᠤᠨ ᠨᠢᠭᠡᠨ ᠬᠠᠭᠠᠨ ᠤ ᠬᠠᠲ᠋ᠦᠶᠢᠨ᠂ ᠣᠢ ᠪᠢᠯᠢᠭ ᠲᠡᠭᠦᠰ᠂ ᠭᠣᠸ᠎ᠠ ᠦᠵᠡᠰᠬᠦᠯᠡᠩ ᠲᠡᠭᠰᠢ ᠳᠣᠢ ᠨᠡᠷᠡᠲᠦ ᠬᠠᠲ᠋ᠦᠶᠢᠨ ᠠᠬᠠᠶᠢᠲᠠᠨ ᠢ ᠬᠠᠷᠢ ᠰᠣᠯᠣᠭᠠᠢ ᠳᠠᠶᠢᠰᠤᠨ ᠨᠢ ᠬᠦᠷᠲᠡᠯ᠎ᠡ ᠬᠦᠨᠳᠦᠯᠡᠵᠦ ᠨᠡᠶᠢᠰᠯᠡᠯ ᠡᠴᠡ ᠨᠢ ᠬᠣᠶᠢᠰᠢ ᠬᠣᠷᠢ ᠰᠢᠬᠠᠮ ᠮᠣᠳᠣ ᠭᠠᠵᠠᠷ ᠤᠨ ᠵᠠᠢ ᠳᠤ ᠤᠷᠤᠰᠢᠬᠤ ᠨᠢᠭᠡᠨ ᠴᠠᠭᠠᠨ ᠨᠠᠭᠤᠷ ᠤᠨ ᠬᠥᠪᠡᠭᠡᠨ ᠳ᠋ᠡᠬᠢ ᠣᠷᠳᠣ ᠬᠠᠷᠰᠢ ᠳᠤ ᠨᠢ ᠰᠠᠭᠤᠯᠭᠠᠨ ᠦᠯᠡᠳᠡᠭᠡᠪᠡ ᠭᠡᠨ᠎ᠡ᠃ ᠣᠨ ᠵᠢᠯ ᠬᠠᠩᠭᠢᠷᠠᠵᠤ ᠳᠣᠢ ᠬᠠᠲ᠋ᠦᠶᠢᠨ ᠰᠡᠭᠦᠳᠡᠷ ᠣᠷᠬᠢᠭᠰᠠᠨ ᠠᠪᠴᠤ ᠲᠡᠭᠦᠨ ᠦ ᠨᠡᠷ᠎ᠡ ᠨᠥᠭᠥᠭᠡᠬᠢ ᠴᠠᠭᠠᠨ ᠨᠠᠭᠤᠷᠠᠨ ᠳᠤ ᠮᠥᠩᠬᠡᠷᠡᠴᠢ ᠳᠣᠶᠢᠲᠤ ᠶᠢᠨ ᠴᠠᠭᠠᠨ ᠨᠠᠭᠤᠷ ᠬᠡᠮᠡᠨ ᠨᠡᠷᠡᠰᠢᠮᠦᠢ᠃ ᠬᠠᠲ᠋ᠦᠶᠢᠨ ᠠᠬᠠᠢ ᠶᠢᠨ ᠱᠠᠷᠢᠯ ᠢ ᠣᠷᠴᠢᠨ ᠲᠣᠭᠣᠷᠢᠨ ᠳᠤ ᠪᠠᠨ ᠥᠨᠳᠥᠷ ᠲᠦ ᠲᠣᠭᠠᠴᠠᠭᠳᠠᠬᠤ ᠳᠤᠯᠠᠭᠠᠨ ᠠᠭᠤᠯᠠ ᠶᠢᠨ ᠵᠡᠭᠦᠨ ᠪᠠᠭ᠎ᠠ ᠣᠷᠭᠢᠯ ᠤᠨ ᠣᠷᠣᠢ ᠳᠤ ᠣᠷᠣᠰᠢᠭᠤᠯᠵᠤ᠂ ᠳᠡᠭᠡᠷ᠎ᠡ ᠨᠢ 5x6 ᠮᠧᠲ᠋ᠷ ᠦᠨ ᠬᠡᠮ ᠦᠨ ᠥᠷᠦᠯᠭᠡ ᠲᠡᠢ ᠨᠠᠶᠢᠮᠠᠨ ᠲᠠᠯ᠎ᠠ ᠲᠠᠢ ᠴᠢᠯᠠᠭᠤᠨ ᠪᠤᠩᠬᠤᠨ ᠣᠷᠣᠵᠤ ᠮᠥᠬᠥᠯᠡᠭᠰᠡᠨ ᠪᠠᠶᠢᠨ᠎ᠠ᠃ ᠲᠥᠶᠢᠨᠬᠦᠦ ᠳᠤᠯᠠᠭᠠᠨ ᠤᠤᠯ ᠨᠡᠷ᠎ᠡ ᠪᠡᠨ ᠰᠤᠯᠢᠵᠤ ᠬᠠᠲᠠᠨ ᠳᠤ ᠠᠭᠤᠯᠠ ᠬᠡᠮᠡᠬᠦ ᠪᠣᠯᠵᠠᠢ᠃ ᠴᠠᠭ ᠬᠤᠭᠤᠴᠠᠭ᠎ᠠ ᠬᠠᠭᠤᠴᠢᠷᠠᠬᠤ ᠶᠢᠨ ᠬᠢᠷᠢ ᠪᠡᠷ ᠬᠠᠲᠤᠩ ᠳᠤ ᠠᠭᠤᠯᠠ ᠶᠢᠨ ᠨᠡᠷ᠎ᠡ ᠠᠮᠠ ᠳᠠᠮᠵᠢᠨ ᠳᠠᠭᠤᠳᠠᠯᠭ᠎ᠠ ᠪᠦᠳᠡᠭᠢᠷᠡᠭᠰᠡᠭᠡᠷ ᠬᠣᠲᠤᠩ ᠳᠤ ᠪᠤᠶᠤ ᠬᠣᠲᠠᠨ ᠳᠤ ᠪᠣᠯᠤᠨ ᠨᠡᠷᠡᠰᠢᠨ ᠬᠡᠪᠰᠢᠵᠦ ᠡᠳᠦᠭᠡ ᠶᠢ ᠬᠦᠷᠦᠭᠰᠡᠨ ᠬᠡᠮᠡᠨ᠎ᠡ᠃[1]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠤᠬᠠᠩᠭᠠᠢ ᠠᠶᠢᠮᠠᠭ ᠤᠨ 1931 ᠣᠨ ᠤ ᠴᠣᠭᠴᠠ 35 ᠰᠤᠮᠤ ᠶᠢᠨ ᠨᠢᠭᠡ᠃ ᠠᠶᠢᠮᠠᠭ ᠪᠠᠶᠢᠭᠤᠯᠤᠭᠳᠠᠬᠤ ᠠᠴᠠ ᠡᠮᠦᠨ᠎ᠡ᠂ ᠬᠣᠶᠢᠨ᠎ᠠ ᠬᠡᠳᠦ ᠬᠡᠳᠦᠨ ᠤᠳᠠᠭ᠎ᠠ ᠥᠭᠡᠷᠡᠴᠢᠯᠡᠭᠳᠡᠭᠰᠡᠨ ᠡᠴᠡ ᠨᠤᠲᠤᠭ ᠤᠨ ᠬᠢᠯᠢ ᠵᠠᠭᠠᠭ ᠲᠤᠬᠠᠢ ᠪᠦᠷ ᠰᠢᠨᠡᠴᠢᠯᠡᠭᠳᠡᠭᠰᠡᠨ ᠪᠥᠭᠡᠳ ᠡᠳᠦᠭᠡ ᠰᠤᠮᠤ ᠶᠢᠨ ᠨᠤᠲᠤᠭ ᠳᠡᠪᠢᠰᠬᠡᠷ᠂ ᠬᠦᠮᠦᠨ ᠠᠮᠠ ᠨᠢ ᠬᠠᠭᠤᠴᠢᠨ ᠤ ᠳᠥᠷᠪᠡᠨ ᠬᠣᠰᠢᠭᠤ᠂ ᠰᠤᠮᠤ ᠶᠢᠨ ᠳᠥᠷᠪᠡᠨ ᠬᠡᠰᠡᠭ ᠡᠴᠡ ᠪᠥᠷᠢᠳᠦᠨ᠎ᠡ᠃ ᠡᠭᠦᠨ ᠳᠦ : 1. ᠰᠦᠵᠢᠭ ᠲᠦ ᠪᠡᠶᠢᠰᠡ ᠶᠢᠨ ᠬᠣᠰᠢᠭᠤ ᠪᠤᠶᠤ ᠬᠣᠲᠠᠨ ᠳᠤ ᠤᠤᠯ ᠤᠨ ᠬᠣᠰᠢᠭᠤᠨ ᠤ ᠨᠤᠲᠤᠭ ᠪᠦᠲᠦᠨ ᠢᠶᠡᠷ ᠢᠶᠡᠨ 2. ᠵᠣᠷᠢᠭᠲᠤ ᠵᠠᠰᠠᠭ ᠤᠨ ᠬᠣᠰᠢᠭᠤᠨ ᠤ ᠳᠡᠶᠢᠯᠦᠩᠬᠢ ᠨᠤᠲᠤᠭ ᠪᠤᠶᠤ ᠥᠨᠳᠥᠷ-ᠰᠠᠩᠲᠤ ᠰᠤᠮᠤ ᠶᠢᠨ ᠨᠤᠲᠤᠭ ᠤᠨ ᠬᠠᠭᠠᠰ 3. ᠢᠯᠳᠦᠨ ᠪᠡᠶᠢᠯᠡ ᠶᠢᠨ ᠬᠣᠰᠢᠭᠤᠨ ᠤ ᠬᠣᠶᠢᠲᠤ ᠬᠡᠰᠡᠭ ᠪᠤᠶᠤ ᠮᠥᠨ ᠥᠨᠳᠥᠷ-ᠰᠠᠩᠲᠤ ᠰᠤᠮᠤ ᠶᠢᠨ ᠨᠤᠲᠤᠭ ᠤᠨ ᠬᠠᠭᠠᠰ 4. ᠵᠠᠶ᠎ᠠ ᠶᠢᠨ ᠰᠢᠪ ᠦᠨ ᠡᠮᠦᠨ᠎ᠡ ᠳᠦ ᠵᠠᠬ᠎ᠠ ᠶᠢᠨ ᠬᠡᠰᠡᠭ ᠨᠤᠲᠤᠭ ᠲᠤᠰ ᠲᠤᠰ ᠪᠠᠭᠠᠳᠤᠨ᠎ᠠ᠃

ᠲᠡᠦᠬᠡ ᠰᠤᠶᠤᠯ ᠤᠨ ᠳᠤᠷᠠᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠶᠢᠭᠤᠷ ᠤᠨ ᠬᠠᠷ᠎ᠠ ᠪᠠᠯᠭᠠᠰᠤᠨ: ᠲᠥᠪ ᠠᠽᠢᠶ᠎ᠠ ᠶᠢᠨ ᠨᠡᠭᠦᠳᠡᠯ ᠳᠦ ᠠᠷᠠᠳ ᠲᠦᠮᠡᠨ ᠦ ᠳᠤᠮᠳᠠ VIII-Iᠲᠠᠪᠤᠳᠤᠭᠠᠷ ᠵᠠᠭᠤᠨ ᠤ ᠦᠶ᠎ᠡ ᠳᠦ ᠡᠭᠡᠯᠵᠢᠲᠦ ᠲᠥᠷᠥ ᠤᠯᠤᠰ ᠢᠶᠠᠨ ᠪᠠᠶᠢᠭᠤᠯᠤᠨ 100 ᠣᠷᠴᠢᠮ ᠵᠢᠯ ᠣᠷᠣᠰᠢᠨ ᠲᠣᠭᠲᠠᠨᠢᠵᠤ ᠪᠠᠶᠢᠭᠰᠠᠨ ᠤᠶᠢᠭᠤᠷ ᠤᠨ ᠬᠠᠭᠠᠨᠲᠤ ᠤᠯᠤᠰ ᠤᠨ ᠨᠡᠶᠢᠰᠯᠡᠯ ᠣᠷᠣᠳᠤᠪᠠᠯ ᠢᠺ ᠭᠡᠳᠡᠭ ᠶᠡᠬᠡ ᠬᠣᠲᠠ ᠶᠢᠨ ᠨᠤᠷᠠᠩᠬᠠᠢ ᠠᠷᠤᠬᠠᠩᠭᠠᠢ ᠠᠶᠢᠮᠠᠭ ᠤᠨ ᠬᠣᠲᠠᠨ ᠳᠤ ᠰᠤᠮᠤ ᠶᠢᠨ ᠨᠤᠲᠤᠭ ᠣᠷᠬᠣᠨ ᠤ ᠪᠠᠷᠠᠭᠤᠨ ᠬᠥᠨᠳᠡᠶᠢᠳᠡ ᠪᠤᠢ᠃ ᠡᠭᠦᠨ ᠢ ᠨᠤᠲᠤᠭ ᠤᠨ ᠠᠷᠠᠳ ᠤᠳ ᠬᠠᠷ᠎ᠠ ᠪᠠᠯᠭᠠᠰᠤ ᠭᠡᠳᠡᠭ᠃ ᠳᠣᠶᠢᠲᠤ ᠶᠢᠨ ᠲᠣᠯᠣᠭᠠᠢ ᠶᠢᠨ ᠲᠤᠶᠢᠷ: ᠰᠤᠮᠤ ᠶᠢᠨ ᠨᠤᠲᠤᠭ ᠲᠤ ᠱᠣᠷᠪᠣᠭ ᠨᠠᠭᠤᠷ᠂ ᠬᠤᠨᠲᠤ ᠨᠠᠭᠤᠷ᠂ ᠳᠣᠢ ᠳᠤ ᠨᠠᠭᠤᠷ᠂ ᠴᠠᠭᠠᠨ ᠨᠠᠭᠤᠷ ᠭᠡᠬᠦᠴᠢᠯᠡᠨ ᠲᠠᠪᠤᠨ ᠵᠢᠵᠢᠭ ᠨᠠᠭᠤᠷ ᠪᠤᠢ ᠶᠢᠨ ᠳᠤᠮᠳᠠ ᠬᠠᠰᠢ ᠬᠠᠮᠢᠭᠠᠰᠢ ᠪᠠᠨ ᠢ ᠪᠠᠨ ᠬᠣᠯᠠ ᠶᠢᠨ ᠪᠠᠷ᠎ᠠ ᠰᠠᠶᠢᠨ ᠬᠠᠷᠠᠭᠳᠠᠬᠤ ᠳᠣᠶᠢᠲᠤ ᠶᠢᠨ ᠲᠣᠯᠣᠭᠠᠢ ᠶᠢᠨ ᠣᠷᠣᠢ ᠶᠢᠨ ᠲᠡᠭᠰᠢ ᠲᠠᠯᠠᠪᠠᠢ ᠳᠤ ᠡᠨᠡ ᠨᠠᠭᠤᠷ ᠪᠤᠢ᠃ ᠭᠣᠣᠯ ᠪᠠᠷᠢᠯᠭ᠎ᠠ ᠶᠢᠨ ᠳᠥᠷᠪᠡᠨ ᠪᠤᠯᠤᠨ ᠳᠤ ᠵᠠᠰᠠᠮᠠᠯ ᠪᠣᠷᠵᠢᠨ ᠴᠢᠯᠠᠭᠤ ᠨᠢ ᠦᠯᠡᠳᠡᠭᠰᠡᠨ᠃ ᠮᠥᠨ ᠭᠣᠣᠯ ᠳᠤ ᠨᠢ ᠤᠬᠤᠵᠤ ᠨᠦᠬᠡ ᠭᠠᠷᠭᠠᠭᠰᠠᠨ ᠪᠠᠭᠠᠨ᠎ᠠ ᠶᠢᠨ ᠰᠠᠭᠤᠷᠢ ᠴᠢᠯᠠᠭᠤ ᠬᠡᠳᠦ ᠬᠡᠳᠦ ᠪᠤᠢ᠃ ᠳᠣᠶᠢᠲᠤ ᠶᠢᠨ ᠲᠣᠯᠣᠭᠠᠢ ᠶᠢᠨ ᠲᠤᠶᠢᠷ ᠢ ᠥᠭᠡᠳᠡᠢ ᠬᠠᠭᠠᠨ ᠤ 《ᠭᠡᠭᠢ- ᠴᠠᠭᠠᠨ ᠣᠷᠳᠣ》 ᠮᠥᠨ ᠪᠣᠯᠪᠠᠤ ᠭᠡᠵᠦ ᠮᠣᠩᠭᠣᠯ᠂ ᠶᠠᠫᠣᠨ ᠤ ᠠᠷᠬᠧᠣᠯᠣᠭᠴᠢᠳ ᠦᠵᠡᠭᠰᠡᠨ ᠪᠠᠶᠢᠨ᠎ᠠ᠃ ᠲᠥᠪ ᠦᠨ ᠪᠣᠯᠤᠨ ᠰᠡᠭᠦᠯ ᠲᠣᠯᠣᠭᠠᠢ ᠶᠢᠨ ᠪᠤᠭᠤᠨ ᠴᠢᠯᠠᠭᠤᠨ ᠬᠥᠰᠢᠶ᠎ᠡ: ᠰᠤᠮᠤ ᠶᠢᠨ ᠲᠥᠪ ᠲᠦ ᠨᠡᠯᠢᠶᠡᠳ ᠬᠡᠳᠦᠨ ᠬᠥᠰᠢᠶ᠎ᠡ ᠴᠢᠯᠠᠭᠤ᠂ ᠪᠠᠷᠢᠮᠠᠯ᠂ ᠬᠢᠲᠠᠳ ᠪᠢᠴᠢᠭᠡᠰᠦᠲᠡᠢ ᠬᠥᠰᠢᠶ᠎ᠡ ᠪᠣᠯᠤᠨ ᠬᠡᠳᠦ ᠬᠡᠳᠦᠨ ᠪᠤᠭᠤᠨ ᠬᠥᠰᠢᠶ᠎ᠡ ᠪᠠᠶᠢᠳᠠᠭ᠃ ᠳᠥᠷᠪᠡᠯᠵᠢᠩ ᠦᠨ ᠠᠮᠠᠨ ᠤ ᠲᠤᠶᠢᠷ: ᠤᠯᠠᠭᠠᠨ ᠴᠢᠯᠠᠭᠤ ᠪᠠᠭ ᠤᠨ ᠨᠤᠲᠤᠭ᠂ ᠰᠤᠮᠤ ᠶᠢᠨ ᠲᠥᠪ ᠡᠴᠡ ᠵᠡᠭᠦᠨ ᠤᠷᠤᠭᠰᠢ 20 ᠺᠢᠯᠣᠮᠧᠲ᠋ᠷ ᠵᠠᠶᠢᠲᠠᠢ ᠬᠠᠷᠠᠬᠣᠷᠢᠨ-ᠬᠣᠲᠣᠨᠲ ᠤᠨ ᠲᠥᠪ ᠵᠠᠮ ᠤᠨ ᠪᠠᠷᠠᠭᠤᠨ ᠲᠠᠯ᠎ᠠ ᠳᠤ 2 ᠺᠢᠯᠣᠮᠧᠲ᠋ᠷ ᠣᠷᠴᠢᠮ ᠵᠠᠶᠢᠲᠠᠢ ᠳᠥᠷᠪᠡᠯᠵᠢᠩ ᠦᠨ ᠠᠮᠠ ᠬᠡᠮᠡᠬᠦ ᠤᠤᠯ ᠤᠨ ᠬᠠᠭᠤᠷᠠᠢ ᠠᠮᠠᠨ ᠳᠤ ᠨᠡᠶᠢᠲᠡ 8 ᠳᠥᠷᠪᠡᠯᠵᠢᠨ ᠬᠡᠯᠪᠡᠷᠢ ᠶᠢᠨ ᠰᠠᠭᠤᠷᠢ ᠪᠤᠢ ᠪᠥᠭᠡᠳ ᠡᠨᠳᠡ ᠬᠦᠷᠡᠯ ᠵᠡᠪᠰᠡᠭ ᠦᠨ ᠦᠶ᠎ᠡ ᠶᠢᠨ ᠬᠢᠷᠭᠢᠰᠬᠡᠭᠦᠷ ᠨᠡᠯᠢᠶᠡᠳ ᠪᠤᠢ᠃ ᠨᠤᠲᠤᠭ ᠤᠨ ᠬᠢᠨ ᠡᠭᠦᠨ ᠢ ᠲᠦᠷᠦᠭ ᠦᠨ ᠦᠶ᠎ᠡ ᠶᠢᠨ ᠬᠢ ᠬᠡᠮᠡᠨ ᠶᠠᠷᠢᠨ᠎ᠠ᠃ ᠡᠷᠳᠡᠨᠢ ᠠᠭᠤᠯᠠ ᠶᠢᠨ ᠬᠠᠳᠠᠨ ᠤ ᠵᠢᠷᠤᠭ: ᠰᠤᠮᠤ ᠶᠢᠨ ᠲᠥᠪ ᠡᠴᠡ ᠳᠣᠭᠣᠭᠰᠢ ᠵᠢᠷᠠᠨᠲᠠᠢ ᠶᠢᠨ ᠭᠣᠣᠯ ᠢ ᠤᠷᠤᠭᠤᠳᠠᠨ 10 ᠍ ᠊ᠭᠠᠳ ᠮᠣᠳᠣ ᠶᠠᠪᠤᠭᠠᠳ ᠭᠣᠣᠯ ᠤᠨ ᠬᠣᠶᠢᠳᠤᠬᠢ ᠦᠷᠭᠦᠯᠵᠢᠯᠡᠭᠰᠡᠨ ᠨᠢᠴᠦᠭᠦᠨ ᠨᠢᠷᠤᠭᠤᠨ ᠠᠴᠠ ᠲᠠᠰᠤᠷᠴᠢ ᠲᠤᠰᠠᠭᠠᠷᠯᠠᠭᠰᠠᠨ᠂ ᠨᠡᠯᠢᠶᠡᠳ ᠡᠭᠴᠡ ᠥᠨᠳᠥᠷ᠂ ᠵᠠᠮ ᠤᠨ ᠪᠠᠷᠲᠠᠭ᠎ᠠ ᠲᠠᠢ ᠲᠣᠯᠣᠭᠠᠢ ᠶᠢ ᠡᠷᠳᠡᠨᠢ ᠠᠭᠤᠯᠠ ᠭᠡᠨ᠎ᠡ᠃ ᠤᠤᠯ ᠤᠨ ᠣᠷᠣᠢ ᠶᠢᠨ ᠲᠣᠮᠣ ᠵᠢᠵᠢᠭ ᠶᠡᠬᠡ ᠬᠠᠳᠤᠨ ᠳᠣᠲᠣᠷ᠎ᠠ 10 ᠍ ᠊ᠭᠠᠳ ᠡᠯᠢᠭᠡᠨ ᠬᠠᠳᠠᠨ ᠤ ᠨᠢᠭᠤᠷᠠᠨ ᠳᠤ ᠬᠠᠳᠠᠨ ᠤ ᠡᠷᠲᠡᠨ ᠦ ᠵᠢᠷᠤᠭ ᠪᠤᠢ᠃ ᠳᠦᠪᠠᠬᠠᠨ ᠬᠡᠶᠢᠳ: ᠥᠨᠳᠥᠷ ᠰᠠᠩ ᠳᠤ ᠪᠠᠭ ᠤᠨ ᠲᠥᠪ ᠡᠴᠡ ᠪᠠᠷᠠᠭᠤᠨ ᠤᠷᠤᠭᠰᠢ 10 ᠍ ᠊ᠭᠠᠳ ᠮᠣᠳᠣ ᠭᠠᠵᠠᠷ ᠲᠤ ᠶᠡᠬᠡ ᠪᠤᠯᠠᠭ ᠤᠨ ᠠᠮᠠᠨ ᠤ ᠡᠬᠢᠨ ᠳᠦ ᠳᠦᠪᠠᠬᠠᠨ ᠬᠡᠮᠡᠬᠦ ᠪᠢᠲᠡᠭᠦᠦ ᠮᠣᠳᠣ ᠲᠠᠢ ᠦᠵᠡᠰᠬᠦᠯᠡᠩᠲᠦ ᠥᠨᠳᠥᠷ ᠠᠭᠤᠯᠠ ᠪᠤᠢ᠃ ᠲᠡᠭᠦᠨ ᠦ ᠲᠣᠷᠭᠠᠨ ᠣᠷᠣᠢ ᠨᠢ ᠲᠦᠰᠢᠯᠭᠡ ᠪᠦᠬᠦᠢ ᠰᠠᠭᠤᠳᠠᠯ ᠮᠡᠲᠦ ᠰᠣᠨᠢᠨ ᠲᠣᠭᠲᠠᠴᠠ ᠲᠠᠢ ᠪᠠᠶᠢᠴᠠ ᠬᠠᠳᠠᠨ ᠤ ᠥᠪᠥᠷ ᠲᠦ ᠳᠦᠪᠠᠬᠠᠨ ᠬᠡᠮᠡᠬᠦ ᠲᠥᠰᠥᠷᠬᠡᠨ ᠬᠡᠶᠢᠳ ᠪᠤᠢ᠃ ᠡᠭᠦᠨ ᠢ 1651 ᠣᠨ ᠳᠤ ᠥᠨᠳᠥᠷ ᠭᠡᠭᠡᠨ ᠵᠠᠨᠠᠪᠠᠽᠠᠷ ᠨᠣᠮ ᠤᠨ ᠪᠢᠰᠢᠯᠭᠠᠯ ᠦᠢᠯᠡᠳᠬᠦ ᠪᠡᠷ ᠴᠢᠯᠠᠭᠤᠨ ᠬᠠᠨ᠎ᠠ ᠲᠤᠭᠤᠷᠭ᠎ᠠ ᠲᠠᠢ ᠵᠢᠵᠢᠭ ᠰᠦᠮ᠎ᠡ ᠪᠣᠰᠬᠠᠭᠤᠯᠤᠭᠰᠠᠨ ᠢᠶᠠᠷ ᠡᠭᠦᠳᠦᠯᠲᠡᠢ ᠭᠡᠳᠡᠭ᠃ 1773 ᠣᠨ ᠠᠴᠠ ᠵᠠᠨᠠᠪᠠᠽᠠᠷ ᠭᠡᠭᠡᠨ ᠦ ᠳᠤᠷᠠᠰᠬᠠᠯ ᠳᠤ ᠵᠣᠷᠢᠭᠤᠯᠵᠤ ᠬᠤᠷᠠᠯ ᠨᠣᠮ ᠬᠤᠷᠠᠭᠤᠯᠵᠤ ᠡᠬᠢᠯᠡᠵᠡᠢ᠃ 1994 ᠣᠨ ᠳᠤ ᠨᠤᠷᠠᠵᠤ ᠡᠪᠳᠡᠷᠡᠭᠰᠡᠨ ᠡᠨᠡ ᠬᠡᠶᠢᠳ ᠢ ᠤᠯᠤᠰ ᠤᠨ ᠬᠠᠮᠠᠭᠠᠯᠠᠯᠲᠠᠨ ᠳᠤ ᠠᠪᠤᠭᠰᠠᠨ ᠪᠥᠭᠡᠳ 2001 ᠣᠨ ᠳᠤ ᠰᠡᠷᠭᠦᠭᠡᠨ ᠠᠰᠢᠭᠯᠠᠯᠲᠠᠨ ᠳᠤ ᠣᠷᠣᠭᠤᠯᠵᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠰᠦᠵᠢᠭ ᠲᠦ ᠪᠡᠶᠢᠰᠡ ᠶᠢᠨ ᠬᠣᠰᠢᠭᠤᠨ ᠤ ᠠᠷᠠᠳ ᠢᠷᠭᠡᠳ ᠨᠢ ᠴᠢᠷᠣᠰ᠂ ᠥᠭᠡᠯᠡᠳ᠂ ᠮᠣᠩᠭᠣᠯ᠂ ᠬᠠᠷᠴᠤ᠂ ᠥᠨᠳᠥᠷᠦᠶᠢᠬᠦ ᠵᠡᠷᠭᠡ ᠴᠥᠭᠡᠨ ᠬᠡᠳᠦᠨ ᠣᠪᠤᠭ ᠲᠠᠢ ᠪᠠᠶᠢᠴᠠᠢ᠃ ᠡᠯ᠎ᠡ ᠬᠡᠳᠦᠨ ᠣᠪᠤᠭ ᠪᠣᠯᠤᠨ ᠲᠡᠦᠬᠡ ᠱᠠᠰᠲᠢᠷ ᠠᠴᠠ ᠬᠠᠷᠠᠪᠠᠯ ᠬᠣᠰᠢᠭᠤᠨ ᠤ ᠨᠣᠶᠠᠳ ᠲᠠᠶᠢᠵᠢ ᠨᠠᠷ ᠥᠭᠡᠯᠡᠳ ᠤᠭᠰᠠᠭᠠᠨ ᠤ ᠢᠵᠠᠭᠤᠷᠲᠠᠨ ᠨᠠᠷ ᠠᠭᠠᠳ ᠠᠯᠪᠠᠲᠤ ᠢᠷᠭᠡᠳ ᠨᠢ ᠬᠠᠯᠬ᠎ᠠ ᠥᠭᠡᠯᠡᠳ ᠬᠣᠯᠢᠯᠳᠤᠭᠰᠠᠨ᠂ ᠬᠣᠵᠢᠮ ᠤᠨ ᠦᠶ᠎ᠡ ᠳᠦ ᠪᠣᠯ ᠪᠦᠷ ᠬᠠᠯᠬᠠᠵᠢᠭ᠌ᠰᠠᠨ ᠪᠣᠯᠬᠤ ᠨᠢ ᠢᠯᠡᠷᠬᠡᠢ᠃ 1931 ᠣᠨ ᠳᠤ ᠬᠦᠮᠦᠨ ᠠᠮᠠ᠂ ᠭᠠᠵᠠᠷ ᠨᠤᠲᠤᠭ ᠤᠨ ᠶᠡᠬᠡᠩᠬᠢ ᠨᠢ ᠬᠠᠭᠤᠴᠢᠨ ᠵᠣᠷᠢᠭᠲᠤ ᠵᠠᠰᠠᠭ ᠤᠨ ᠬᠣᠰᠢᠭᠤᠨ ᠤ ᠥᠨᠳᠥᠷ-ᠰᠠᠩᠲᠤ ᠰᠤᠮᠤ ᠶᠢᠨ ᠪᠦᠷᠢᠯᠳᠦᠬᠦᠨ ᠳᠦ ᠣᠷᠣᠭᠰᠠᠨ ᠬᠢᠭᠡᠳ 1938 ᠣᠨ ᠳᠤ ᠲᠥᠪᠰᠢᠷᠡᠭᠦᠯᠬᠦ ᠰᠤᠮᠤ ᠪᠠᠶᠢᠭᠤᠯᠤᠭᠳᠠᠬᠤ ᠳᠤ ᠲᠡᠨᠳᠡ ᠪᠠᠰᠠ ᠨᠡᠯᠢᠶᠡᠳ ᠬᠡᠰᠡᠭ ᠨᠢ ᠰᠢᠯᠵᠢᠨ ᠣᠷᠣᠵᠠᠢ᠃ ᠡᠨᠡ ᠨᠢ ᠤᠭ ᠬᠣᠰᠢᠭᠤ 1925 ᠣᠨ ᠠᠴᠠ ᠬᠣᠶᠢᠰᠢ᠂ ᠭᠤᠷᠪᠠᠨ ᠤᠳᠠᠭ᠎ᠠ ᠥᠭᠡᠷ᠎ᠡ ᠰᠤᠮᠤᠨ ᠳᠤ ᠬᠤᠪᠢᠶᠠᠭᠳᠠᠭᠰᠠᠨ ᠭᠡᠰᠡᠨ ᠦᠭᠡ ᠶᠤᠮ᠃

2008 ᠣᠨ ᠤ ᠡᠴᠦᠰ ᠲᠦ ᠬᠦᠮᠦᠨ ᠠᠮᠠ ᠶᠢᠨ ᠲᠣᠭᠠᠯᠠᠯᠭ᠎ᠠ ᠪᠠᠷ 4809 ᠬᠦᠮᠦᠨ ᠠᠮᠠ ᠲᠠᠢ᠂ ᠡᠷᠦᠬᠡ ᠶᠢᠨ ᠲᠣᠭ᠎ᠠ 1357, ᠨᠡᠶᠢᠲᠡ ᠮᠠᠯ 231909 ᠲᠣᠯᠣᠭᠠᠢ ᠮᠠᠯ ᠲᠠᠢ ᠪᠠ ᠡᠭᠦᠨ ᠡᠴᠡ 12 ᠲᠡᠮᠡᠭᠡ᠂ 23652 ᠠᠳᠤᠭᠤ᠂ 13993 ᠦᠬᠡᠷ᠂ 96110 ᠬᠣᠨᠢ᠂ 98142 ᠢᠮᠠᠭ᠎ᠠ ᠲᠠᠢ ᠪᠣᠯᠤᠭᠰᠠᠨ ᠪᠠᠶᠢᠨ᠎ᠠ᠃

ᠪᠠᠶᠢᠭᠠᠯᠢ᠂ ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠨᠤᠲᠤᠭ ᠨᠢ ᠮᠣᠩᠭᠣᠯ ᠤᠯᠤᠰ ᠤᠨ ᠲᠥᠪ᠂ ᠬᠠᠩᠭᠠᠢ ᠶᠢᠨ ᠶᠡᠬᠡ ᠠᠤᠯᠠᠯᠠᠰ ᠤᠨ ᠵᠡᠭᠦᠨ ᠤᠷᠢᠳᠤ ᠵᠠᠬ᠎ᠠ ᠶᠢᠨ ᠰᠢᠪᠲᠤᠷᠬᠤ ᠬᠡᠰᠡᠭ᠂ ᠵᠢᠷᠠᠨᠲᠠᠢ᠂ ᠣᠷᠬᠣᠨ ᠭᠣᠣᠯ ᠢ ᠬᠠᠪᠴᠢᠨ ᠣᠷᠣᠰᠢᠨ᠎ᠠ᠃ ᠭᠠᠵᠠᠷ ᠤᠨ ᠥᠨᠳᠥᠷ ᠨᠢ ᠳᠠᠯᠠᠢ ᠶᠢᠨ ᠲᠥᠪᠰᠢᠨ ᠡᠴᠡ ᠳᠡᠭᠡᠭᠰᠢ 1300-2400 ᠮ ᠶᠢᠨ ᠬᠣᠭᠣᠷᠣᠨᠳᠣ ᠭᠡᠵᠦ ᠦᠵᠡᠳᠡᠭ᠃ ᠨᠤᠲᠤᠭ ᠤᠨ ᠲᠥᠪ᠂ ᠵᠡᠭᠦᠨ᠂ ᠬᠣᠶᠢᠲᠤ ᠬᠠᠭᠠᠰ ᠪᠤᠶᠤ ᠳᠡᠪᠢᠰᠬᠡᠷ ᠦᠨ ᠳᠡᠶᠢᠯᠦᠩᠬᠢ ᠶᠢ ᠣᠷᠬᠣᠨ ᠭᠣᠣᠯ ᠤᠨ ᠶᠡᠬᠡ ᠬᠥᠨᠳᠡᠢ ᠲᠠᠯ᠎ᠠ᠂ ᠲᠡᠭᠦᠨ ᠦ ᠴᠢᠳᠬᠤᠯ ᠵᠢᠵᠢᠭ ᠭᠣᠣᠯ ᠭᠣᠷᠭᠢ᠂ ᠵᠢᠷᠠᠨᠲᠠᠢ ᠶᠢᠨ ᠭᠣᠣᠯ ᠤᠨ ᠰᠠᠪᠠ ᠭᠠᠵᠠᠷ᠂ ᠬᠥᠭᠡᠪᠦᠷ ᠦᠨ ᠬᠠᠪ ᠤᠨ ᠦᠷᠭᠦᠯᠵᠢᠯᠡᠭᠰᠡᠨ ᠨᠢᠴᠦᠭᠦᠨ ᠬᠤᠸᠠ ᠭᠦᠪ ᠢᠶᠡᠨ ᠡᠵᠡᠯᠡᠨ᠎ᠡ᠃ ᠭᠠᠵᠠᠷ ᠤᠨ ᠬᠥᠷᠦᠰᠦᠨ ᠦ ᠬᠤᠪᠢ ᠳᠤ ᠲᠠᠶᠢᠭ᠎ᠠ ᠶᠢᠨ ᠴᠡᠪᠳᠡᠭᠲᠦ ᠺᠠᠷᠪᠶᠢᠨᠲᠠᠯᠢᠭ ᠬᠦᠷᠡᠩ ᠠᠩᠬᠢᠯᠠᠯ ᠳᠤ ᠪᠠᠭᠠᠳᠤᠨ᠎ᠠ᠃ ᠴᠠᠭ ᠠᠭᠤᠷ ᠨᠢ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠂ 1 ᠳᠦᠭᠡᠷ ᠰᠠᠷ᠎ᠠ ᠶᠢᠨ ᠳᠤᠮᠳᠠᠴᠢ ᠬᠦᠢᠲᠡᠨ ᠨᠢ -200 ᠰ-210 ᠰ᠂ 7 ᠳ᠋ᠤᠭᠠᠷ ᠰᠠᠷ᠎ᠠ ᠶᠢᠨ ᠬᠠᠷᠢᠴᠠᠩᠭᠤᠢ ᠳᠤᠯᠠᠭᠠᠨ ᠨᠢ +160 ᠰ-+180 ᠰ ᠣᠷᠴᠢᠮ ᠪᠥᠭᠡᠳ ᠵᠢᠯ ᠳᠤ ᠳᠤᠮᠳᠠᠴᠢ ᠪᠠᠷ 300-400 ᠮᠢᠯᠯᠢᠮᠧᠲ᠋ᠷ ᠬᠤᠷ᠎ᠠ ᠲᠤᠨᠳᠠᠰᠤ ᠤᠨᠠᠳᠠᠭ᠃ ᠠᠶᠢᠮᠠᠭ ᠤᠨᠪᠠᠷᠠᠭᠤᠨ ᠬᠣᠶᠢᠲᠤ ᠲᠠᠯ᠎ᠠ ᠶᠢᠨ ᠬᠠᠩᠭᠠᠢ ᠶᠢᠨ ᠰᠤᠮᠤᠳ ᠲᠠᠢ ᠬᠠᠷᠢᠴᠠᠭᠤᠯᠪᠠᠯ ᠠᠷᠠᠢ ᠣᠷᠣᠢ ᠬᠦᠢᠲᠡᠷᠡᠴᠢ᠂ ᠡᠷᠲᠡ ᠴᠠᠰᠤ ᠬᠠᠨᠵᠠᠷᠠᠨ ᠳᠤᠯᠠᠭᠠᠷᠠᠳᠠᠭ᠃ ᠬᠠᠷᠢᠨ ᠬᠠᠪᠤᠷ ᠤᠨ ᠴᠠᠭ ᠲᠤ ᠬᠠᠪᠰᠤᠷᠭ᠎ᠠ ᠰᠠᠯᠬᠢ ᠶᠡᠬᠡᠳᠡᠵᠦ ᠮᠠᠯ ᠲᠤᠶᠢᠯᠳᠠᠭᠤᠯᠬᠤ ᠨᠢ ᠡᠯᠪᠡᠭ᠃

ᠰᠤᠮᠤ ᠶᠢ 1923 ᠣᠨ ᠠᠴᠠ ᠡᠬᠢᠯᠡᠨ ᠬᠣᠲᠠᠨ ᠳᠤ ᠠᠭᠤᠯᠠ ᠶᠢᠨ ᠨᠡᠷ᠎ᠡ ᠪᠡᠷ ᠳᠠᠭᠤᠳᠠᠨ ᠬᠠᠶ᠋ᠢᠭᠯᠠᠬᠤ ᠪᠣᠯᠵᠠᠢ᠃ ᠤᠭ ᠠᠭᠤᠯᠠ ᠨᠢᠭᠡ ᠶᠡᠬᠡ ᠨᠡᠷᠡᠲᠦ ᠭᠠᠷᠬᠤ ᠪᠠᠷ ᠲᠣᠮᠣ ᠰᠦᠷᠯᠢᠭ ᠠᠭᠤᠯᠠ ᠪᠤᠰᠤ ᠠᠪᠴᠤ ᠰᠤᠮᠤ ᠶᠢᠨ ᠨᠤᠲᠤᠭ ᠳᠡᠪᠢᠰᠬᠡᠷ ᠦᠨ ᠲᠥᠪ ᠣᠷᠴᠢᠮ ᠳᠤ ᠪᠤᠢ᠂ ᠲᠡᠷᠡ ᠣᠶᠢᠷ᠎ᠠ ᠲᠣᠭᠣᠷᠢᠨ ᠳᠤ ᠪᠠᠨ ᠥᠨᠳᠥᠷ ᠲᠦ ᠤᠷᠤᠬᠤ ᠳᠠᠯᠠᠢ ᠶᠢᠨ ᠲᠥᠪᠰᠢᠨ ᠡᠴᠡ ᠳᠡᠭᠡᠭᠰᠢ 1800 ᠮ ᠥᠨᠳᠥᠷ ᠲᠦ ᠣᠷᠣᠰᠢᠨ᠎ᠠ᠃ ᠰᠤᠮᠤ ᠶᠢᠨ ᠨᠤᠲᠤᠭ ᠤᠨ 11,7 ᠣᠷᠴᠢᠮ ᠬᠤᠪᠢ ᠶᠢ ᠣᠢ ᠮᠣᠳᠣ ᠡᠵᠡᠯᠡᠳᠡᠭ᠃ ᠭᠣᠣᠯ ᠲᠥᠯᠥᠪ ᠰᠢᠨᠡᠰᠦ ᠮᠣᠳᠣ ᠵᠣᠩᠬᠢᠯᠠᠭᠰᠠᠨ ᠰᠢᠯᠮᠦᠦᠰᠦᠲᠦ ᠣᠢ ᠲᠠᠢ᠂ ᠠᠭᠤᠯᠠ ᠶᠢᠨ ᠣᠷᠣᠢ ᠲᠠᠯ᠎ᠠ ᠪᠠᠷ ᠬᠤᠰᠢ ᠡᠯᠪᠡᠭ ᠤᠷᠭᠤᠬᠤ ᠠᠭᠠᠳ ᠬᠣᠷᠮᠣᠢ ᠪᠡᠯ ᠢᠶᠡᠷ ᠨᠢ ᠬᠤᠰᠤ᠂ ᠤᠯᠢᠶᠠᠰᠤ ᠵᠡᠷᠭᠡ ᠨᠠᠪᠴᠢᠲᠤ ᠮᠣᠳᠣ ᠪᠠᠭ᠎ᠠ ᠵᠡᠷᠭᠡ ᠲᠠᠭᠠᠷᠠᠯᠳᠤᠨ᠎ᠠ᠃ ᠨᠠᠪᠴᠢᠲᠤ ᠮᠣᠳᠣ ᠠᠭᠤᠯᠠᠨ ᠳᠤ ᠪᠠᠨ ᠪᠠᠭ᠎ᠠ ᠤᠷᠭᠤᠬᠤ ᠠᠪᠴᠤ ᠬᠠᠷᠢᠨ ᠣᠷᠬᠣᠨ᠂ ᠲᠡᠭᠦᠨ ᠦ ᠴᠢᠳᠬᠤᠯ ᠵᠢᠵᠢᠭ ᠭᠣᠣᠯ ᠭᠣᠷᠭᠢ ᠶᠢ ᠳᠠᠭᠠᠭᠰᠠᠨ ᠰᠢᠭᠤᠢ ᠳᠤ ᠪᠤᠷᠭᠠᠰᠤ᠂ ᠤᠯᠢᠶᠠᠰᠤ ᠰᠢᠭᠢᠭᠦᠦ ᠤᠷᠭᠤᠨ᠎ᠠ᠃ ᠠᠯᠠᠭ ᠡᠪᠡᠰᠦ᠂ ᠪᠣᠲᠤᠤᠯᠢ᠂ ᠵᠢᠵᠢᠭ ᠦᠶᠡᠲᠡᠨ᠂ ᠬᠢᠯᠭᠠᠨ᠎ᠠ᠂ ᠬᠢᠶᠠᠭ ᠵᠣᠩᠬᠢᠯᠠᠭᠰᠠᠨ ᠣᠶᠢᠲᠤ ᠬᠡᠭᠡᠷ᠎ᠡ ᠶᠢᠨ ᠡᠪᠡᠰᠦ ᠤᠷᠭᠤᠮᠠᠯ ᠲᠠᠢ᠂ ᠪᠠᠮᠪᠠᠢ᠂ ᠨᠣᠬᠠᠢ ᠶᠢᠨ ᠬᠣᠰᠢᠭᠤ᠂ ᠠᠨᠢᠰ᠂ ᠠᠯᠲᠠᠨ ᠬᠤᠨᠳᠠᠭ᠎ᠠ᠂ ᠠᠷᠴᠠ᠂ ᠠᠯᠲᠠᠨ ᠭᠠᠩᠨᠠᠭᠤᠷ᠂ ᠲᠠᠪᠤᠨ ᠰᠠᠯᠠᠭ᠎ᠠ᠂ ᠲᠠᠷᠪᠠᠭᠠᠨ ᠰᠢᠭᠢᠷ᠎ᠠ᠂ ᠴᠠᠷᠪᠠᠨ᠂ ᠵᠠᠮᠢᠶᠠᠩᠮᠢᠳᠤᠭ᠂ ᠲᠡᠬᠡ ᠶᠢᠨ ᠰᠢᠭᠡᠭ ᠵᠡᠷᠭᠡ ᠣᠯᠠᠨ ᠠᠷᠪᠠᠨ ᠡᠮ ᠦᠨ ᠤᠷᠭᠤᠮᠠᠯ ᠲᠠᠢ᠃ ᠮᠥᠨ ᠠᠭᠤᠯᠠ ᠬᠠᠳᠠᠨ ᠳᠤ ᠨᠢ ᠭᠦᠵᠡᠭᠡᠯᠵᠡᠭᠡᠨ᠎ᠡ᠂ ᠦᠬᠡᠷ ᠦᠨ ᠨᠢᠳᠦ᠂ ᠤᠯᠠᠭᠠᠯᠠᠵᠠᠭᠠᠨ᠎ᠠ᠂ ᠮᠣᠶᠢᠯ ᠵᠡᠷᠭᠡ ᠵᠢᠮᠢᠰᠦᠨ ᠦ ᠤᠷᠭᠤᠮᠠᠯ᠂ ᠬᠤᠰᠢᠨ ᠤ ᠰᠠᠮᠤᠷ᠂ ᠬᠠᠯᠢᠶᠠᠷ᠂ ᠬᠤᠶᠢᠴᠠ ᠵᠡᠷᠭᠡ ᠬᠦᠨᠡᠰᠦᠨ ᠦ ᠤᠷᠭᠤᠮᠠᠯ ᠡᠯᠪᠡᠭ᠃ ᠨᠠᠮ ᠴᠠᠭᠠᠨ ᠭᠠᠵᠠᠷ ᠬᠡᠭᠡᠷ᠎ᠡ ᠲᠠᠯ᠎ᠠ᠂ ᠨᠠᠮᠤᠭ ᠴᠢᠭᠢᠭᠡᠨ ᠳᠦ ᠴᠠᠭᠠᠨ ᠮᠥᠭᠥ᠂ ᠮᠠᠩᠭᠢᠷ᠂ ᠬᠦᠩᠬᠡᠯ ᠵᠡᠷᠭᠡ ᠬᠦᠨᠡᠰᠦᠨ ᠦ ᠤᠷᠭᠤᠮᠠᠯ ᠠᠷᠪᠢᠨ ᠤᠷᠭᠤᠨ᠎ᠠ᠃ ᠨᠤᠲᠤᠭ ᠤᠨ ᠪᠠᠷᠠᠭᠤᠨ ᠲᠠᠯ᠎ᠠ ᠶᠢᠨ ᠠᠭᠤᠯᠠ ᠨᠢᠷᠤᠭᠤ᠂ ᠣᠢ ᠬᠥᠪᠴᠢᠳᠡ ᠬᠠᠯᠢᠭᠤᠨ ᠪᠤᠭᠤ᠂ ᠭᠠᠬᠠᠢ᠂ ᠪᠣᠷᠣ ᠭᠥᠷ ᠡᠴᠡ᠂ ᠬᠥᠳᠡᠷ᠂ ᠬᠡᠷᠡᠮ᠂ ᠴᠢᠨᠳᠠᠭ᠎ᠠ᠂ ᠲᠠᠤᠯᠠᠢ᠂ ᠵᠢᠷᠬᠡ᠂ ᠰᠣᠯᠣᠩᠭ᠎ᠠ᠂ ᠦᠶᠡᠨ ᠪᠣᠯᠤᠨ ᠴᠢᠨᠣ᠎ᠠ᠂ ᠰᠢᠯᠦᠭᠦᠰᠦ᠂ ᠨᠣᠬᠠᠢ ᠵᠢᠭᠡᠬᠡ᠂ ᠳᠣᠷᠣᠭᠣ᠂ ᠮᠠᠨᠤᠤᠯ ᠵᠡᠷᠭᠡ ᠮᠢᠬᠠᠯᠢᠭ ᠦᠰᠦᠯᠢᠭ ᠠᠨ ᠭᠥᠷᠥᠭᠡᠰᠦ᠂ ᠠᠷᠢᠶᠠᠲᠠᠨ ᠠᠮᠢᠲᠠᠨ ᠪᠠᠶᠢᠳᠠᠭ ᠬᠢᠭᠡᠳ 40 ᠍ ᠊ᠭᠡᠳ ᠣᠨ ᠬᠦᠷᠲᠡᠯ᠎ᠡ ᠬᠡᠭᠡᠷ᠎ᠡ ᠲᠠᠯ᠎ᠠ ᠳᠤ ᠨᠢ ᠴᠠᠭᠠᠨ ᠭᠥᠷ ᠡᠴᠡ ᠢᠳᠡᠭᠡᠰᠢᠵᠦ ᠪᠠᠶᠢᠭᠰᠠᠨ ᠭᠡᠳᠡᠭ᠃

ᠰᠤᠮᠤ ᠶᠢᠨ ᠶᠡᠬᠡᠩᠬᠢ ᠨᠤᠲᠤᠭ ᠨᠢ ᠭᠣᠣᠯ ᠤᠰᠤ᠂ ᠪᠤᠯᠠᠭ ᠭᠣᠷᠭᠢ ᠡᠯᠪᠡᠭ ᠤᠴᠢᠷ ᠪᠡᠯᠴᠢᠭᠡᠷ ᠦᠨ ᠤᠰᠤ ᠪᠠᠷ ᠳᠤᠲᠠᠭᠳᠠᠬᠤ ᠠᠶᠤᠯ ᠪᠠᠭ᠎ᠠ ᠲᠠᠢ᠃ ᠬᠠᠷᠢᠨ ᠬᠣᠶᠢᠲᠤ ᠲᠠᠯ᠎ᠠ ᠶᠢᠨ ᠳᠣᠢ ᠳᠤ᠂ ᠬᠥᠪᠦᠷᠡ ᠨᠠᠭᠤᠷ ᠣᠷᠴᠢᠮ ᠤᠨ ᠭᠠᠵᠠᠷ ᠨᠢ ᠤᠷᠤᠰᠬᠠᠯ ᠭᠣᠣᠯ ᠭᠣᠷᠭᠢ ᠦᠭᠡᠢ ᠲᠤᠯᠠ ᠤᠮᠳᠠᠨ ᠤ ᠤᠰᠤ ᠪᠠᠷ ᠳᠤᠲᠠᠬᠤ ᠠᠪᠴᠤ ᠬᠤᠳᠳᠤᠭ ᠤᠨ ᠤᠰᠤ ᠪᠠᠷ ᠠᠬᠤᠢ ᠶᠢᠨ ᠬᠡᠷᠡᠭᠴᠡᠭᠡ ᠪᠡᠨ ᠬᠠᠩᠭᠠᠨ᠎ᠠ᠃ ᠰᠤᠮᠤ ᠶᠢᠨ ᠨᠤᠲᠤᠭ ᠢᠶᠠᠷ ᠤᠷᠤᠰᠬᠤ ᠬᠠᠮᠤᠭ ᠤᠨ ᠲᠣᠮᠣ ᠭᠣᠣᠯ ᠨᠢ ᠣᠷᠬᠣᠨ᠂ ᠨᠤᠲᠤᠭ ᠤᠨ ᠵᠡᠭᠦᠨ ᠵᠠᠬ᠎ᠠ ᠪᠠᠷ 40 ᠍ ᠊ᠭᠡᠳ km ᠵᠠᠢ ᠳᠤ ᠤᠷᠤᠰᠤᠭᠠᠳ ᠥᠩᠭᠡᠷᠡᠬᠦ ᠳᠦ ᠪᠡᠨ ᠡᠯ᠎ᠡ ᠪᠣᠭᠣᠨᠢ ᠵᠠᠮ ᠳᠤ ᠣᠯᠠᠨ ᠮᠢᠩᠭᠠᠨ ᠮᠠᠯ ᠰᠦᠷᠦᠭ᠂ ᠬᠦᠮᠦᠨ ᠠᠮᠠ ᠶᠢ ᠴᠡᠩᠭᠡᠭ ᠲᠤᠩᠭᠠᠯᠠᠭ ᠠᠷᠢᠭᠤᠨ ᠤᠰᠤ ᠪᠠᠷ ᠤᠮᠳᠠᠭᠠᠯᠠᠭᠠᠳ ᠵᠣᠭᠰᠣᠬᠤ ᠦᠭᠡᠢ ᠣᠷᠴᠢᠮ ᠤᠨ ᠠᠭᠤᠷ ᠠᠮᠢᠰᠬᠤᠯ ᠢ ᠵᠥᠭᠡᠯᠡᠷᠡᠭᠦᠯᠳᠡᠭ ᠡᠷᠳᠡᠨᠢ ᠶᠢᠨ ᠥᠭᠭᠢᠶᠡᠮᠦᠷ ᠭᠣᠣᠯ᠃ ᠬᠠᠷᠠᠬᠣᠷᠢᠨ ᠰᠤᠮᠤ ᠲᠠᠢ ᠬᠢᠯᠢ ᠵᠠᠯᠭᠠᠬᠤ ᠪᠠᠶᠠᠩ ᠢᠶᠠᠯ᠂ ᠲᠡᠭᠦᠨ ᠡᠴᠡ ᠬᠣᠶᠢᠰᠢᠬᠢ ᠲᠡᠮᠡᠭᠡᠨ ᠬᠦᠵᠦᠭᠦᠨ ᠦ ᠭᠣᠣᠯ ᠪᠡᠶ᠎ᠡ ᠳᠠᠩ ᠤᠷᠤᠰᠴᠤ ᠣᠷᠬᠣᠨ ᠭᠣᠣᠯ ᠳᠤ ᠴᠢᠳᠬᠤᠳᠠᠭ᠃ ᠬᠠᠷᠢᠨ ᠰᠤᠮᠤ ᠶᠢᠨ ᠨᠤᠲᠤᠭ ᠲᠤ ᠪᠠᠭᠳᠠᠵᠣ ᠪᠠᠷᠤᠭ ᠪᠦᠷᠢᠨ ᠤᠷᠤᠰᠠᠬᠠᠯ ᠶᠢᠡᠷ ᠢᠶᠠᠨ ᠤᠷᠤᠰᠬᠤ ᠬᠠᠮᠤᠭ ᠤᠨ ᠤᠷᠲᠤ ᠭᠣᠣᠯ ᠨᠢ ᠵᠢᠷᠠᠨᠲᠠᠢ ᠶᠢᠨ ᠭᠣᠣᠯ᠃ ᠡᠷᠲᠡᠨ ᠦ ᠶᠢᠨ ᠲᠡᠦᠬᠡ ᠱᠠᠰᠲᠢᠷ ᠲᠤ ᠪᠣᠯ ᠡᠨᠡ ᠭᠣᠣᠯ ᠢ ᠵᠢᠷᠤᠮ ᠲᠠᠢ ᠬᠡᠮᠡᠨ ᠨᠡᠷᠡᠯᠡᠭᠰᠡᠨ ᠪᠠᠶᠢᠬᠤ ᠪᠥᠭᠡᠳ ᠳᠠᠭᠤᠳᠠᠯᠭ᠎ᠠ ᠨᠢ ᠰᠤᠨᠵᠢᠷᠠᠵᠤ ᠥᠭᠡᠷᠡᠴᠢᠯᠡᠭᠳᠡᠭᠰᠡᠭᠡᠷ ᠵᠢᠷᠠᠨᠲᠠᠢ ᠭᠡᠬᠦ ᠪᠣᠯᠤᠭᠰᠠᠨ ᠪᠣᠯᠤᠯᠲᠠᠢ᠃ ᠥᠨᠳᠥᠷ ᠰᠠᠩ ᠳᠤ ᠪᠠᠭ ᠤᠨ ᠨᠤᠲᠤᠭ ᠲᠤ ᠤᠷᠤᠰᠬᠤ ᠴᠠᠭᠠᠨ ᠰᠦᠮ᠎ᠡ ᠶᠢᠨ ᠭᠣᠣᠯ ᠨᠢ ᠰᠤᠪᠤᠷᠭ᠎ᠠ ᠬᠠᠶᠢᠷᠬᠠᠨ ᠠᠭᠤᠯᠠ ᠶᠢᠨ ᠵᠡᠭᠦᠨ ᠰᠠᠯᠪᠤᠷᠢ ᠶᠢᠨ ᠦᠷᠭᠦᠯᠵᠢᠯᠡᠭᠰᠡᠨ ᠣᠢ ᠮᠣᠳᠣ ᠲᠠᠢ ᠠᠤᠯᠠᠯᠠᠰ ᠠᠴᠠ ᠡᠬᠢ ᠠᠪᠤᠭᠰᠠᠨ ᠬᠢᠭᠡᠳ ᠬᠣᠶᠢᠨ᠎ᠠ ᠠᠴᠠ ᠬᠡᠶᠢᠳ ᠦᠨ ᠭᠣᠣᠯ ᠢᠷᠡᠵᠦ ᠨᠡᠶᠢᠯᠡᠨ᠎ᠡ᠃ ᠲᠡᠭᠦᠨ ᠡᠴᠡ ᠳᠣᠭᠣᠭᠰᠢ ᠪᠠᠷᠠᠭᠤᠨ ᠤᠷᠢᠳᠤ ᠠᠴᠠ ᠨᠢ ᠶᠡᠬᠡ ᠪᠤᠯᠠᠭ ᠤᠨ ᠭᠣᠣᠯ ᠢᠷᠡᠵᠦ ᠥᠨᠳᠥᠷ ᠰᠠᠩ ᠳᠤ ᠪᠠᠭ ᠤᠨ ᠣᠷᠴᠢᠮ ᠢᠶᠠᠷ ᠵᠢᠷᠠᠨᠲᠠᠢ ᠳᠤ ᠨᠡᠶᠢᠯᠡᠨ᠎ᠡ᠃ ᠴᠠᠭᠠᠨ ᠰᠦᠮ᠎ᠡ ᠶᠢᠨ ᠭᠣᠣᠯ ᠠᠴᠠ ᠨᠡᠶᠢᠯᠡᠭᠡᠳ ᠬᠣᠶᠢᠭᠤᠷ ᠶᠡᠬᠡ ᠪᠤᠷᠭᠠᠰᠤ ᠳᠤ᠂ ᠪᠠᠭ᠎ᠠ ᠪᠤᠷᠭᠠᠰᠤ ᠳᠤ 2 ᠭᠣᠣᠯ ᠨᠡᠶᠢᠯᠡᠵᠦ ᠬᠥᠬᠡ ᠰᠦᠮ᠎ᠡ ᠶᠢᠨ ᠭᠣᠣᠯ ᠪᠣᠯᠬᠤ ᠪᠥᠭᠡᠳ ᠴᠠᠭᠠᠨ ᠬᠣᠰᠢᠭᠤ ᠬᠠᠪᠢᠶᠠᠷᠠ ᠮᠥᠨ ᠵᠢᠷᠠᠨᠲᠠᠢ ᠳᠤ ᠴᠢᠳᠬᠤᠨ᠎ᠠ᠃ ᠪᠠᠷᠠᠭᠤᠨ ᠢᠶᠠᠷ ᠮᠥᠨ ᠴᠠᠭᠠᠨ ᠰᠦᠮ᠎ᠡ- ᠵᠢᠷᠠᠨᠲᠠᠢ ᠳᠤ ᠨᠡᠶᠢᠯᠡᠨ᠎ᠡ᠃ ᠰᠤᠮᠤ ᠶᠢᠨ ᠲᠥᠪ ᠦᠨ ᠪᠠᠷᠠᠭᠤᠨ ᠤᠷᠳᠤ ᠲᠠᠯ᠎ᠠ ᠶᠢᠨ ᠠᠯᠤᠰ ᠤᠨ ᠠᠤᠯᠠᠯᠠᠰ ᠠᠴᠠ ᠡᠬᠢ ᠠᠪᠤᠭᠰᠠᠨ ᠬᠤᠵᠢᠷ ᠤᠨ ᠭᠣᠣᠯ᠂ ᠤᠯᠠᠭᠠᠨ ᠴᠢᠯᠠᠭᠤᠨ ᠤ ᠭᠣᠣᠯ ᠪᠠᠶᠠᠨ ᠬᠣᠰᠢᠭᠤᠨ ᠤ ᠳᠡᠭᠡᠬᠡᠨ ᠨᠡᠶᠢᠯᠡᠵᠦ᠂ ᠴᠢᠨᠳᠠᠭᠠᠨ ᠤ ᠠᠮᠠᠨ ᠤ ᠴᠠᠭᠠᠨ ᠡᠷᠭᠢ ᠣᠷᠴᠢᠮ ᠳᠤ ᠵᠢᠷᠠᠨᠲᠠᠢ ᠶᠢᠨ ᠭᠣᠣᠯ ᠳᠤ ᠴᠢᠳᠬᠤᠨ᠎ᠠ᠃ ᠪᠠᠷ᠎ᠠ ᠭᠣᠣᠯᠲᠣᠷᠢᠭ ᠢᠶᠠᠷ ᠢᠶᠠᠨ ᠪᠠᠭᠠᠬᠠᠨ ᠳᠤ ᠤᠷᠤᠬᠤ ᠵᠢᠷᠠᠨᠲᠠᠢ ᠶᠢᠨ ᠭᠣᠣᠯ ᠥᠨᠳᠥᠷ ᠰᠠᠩ ᠳᠤ᠂ ᠬᠣᠲᠠᠨ ᠳᠤ᠂ ᠬᠥᠪᠦᠷᠡ᠂ ᠪᠤᠷᠭᠠᠯᠲᠠᠢ ᠳᠥᠷᠪᠡᠨ ᠪᠠᠭ ᠤᠨ ᠨᠤᠲᠤᠭ ᠳᠠᠮᠨᠠᠨ ᠤᠷᠤᠰᠴᠤ ᠨᠡᠶᠢᠲᠡ ᠳᠦ ᠪᠡᠨ ᠵᠤᠤ ᠰᠢᠬᠠᠮ km ᠤᠷᠲᠤ ᠵᠠᠮ ᠢ ᠲᠤᠭᠤᠯᠵᠤ ᠣᠷᠬᠣᠨ ᠭᠣᠣᠯ ᠳᠤ ᠴᠢᠳᠬᠤᠨ᠎ᠠ᠃ ᠰᠤᠮᠤ ᠶᠢᠨ ᠨᠤᠲᠤᠭ ᠳᠡᠪᠢᠭᠡᠷ ᠲᠦ ᠨᠠᠭᠤᠷ ᠴᠥᠭᠦᠷᠦᠮ ᠴᠥᠭᠡᠨ᠂ ᠳᠣᠶᠢᠲᠤ ᠶᠢᠨ ᠴᠠᠭᠠᠨ ᠨᠠᠭᠤᠷ᠂ ᠬᠥᠪᠦᠷᠡ ᠭᠡᠬᠦ 2 ᠱᠣᠷᠪᠣᠭ ᠨᠠᠭᠤᠷ ᠨᠤᠲᠤᠭ ᠲᠤ ᠪᠠᠨ ᠲᠣᠮᠣ ᠭᠡᠭᠡ ᠳᠦ ᠬᠢ ᠠᠭᠠᠳ ᠪᠠᠰᠠ ᠰᠢᠷᠭᠢᠳᠡᠭ᠂ ᠰᠡᠷᠭᠦᠳᠡᠭ ᠤᠯᠠᠭᠠᠨ ᠬᠤᠵᠢᠷ᠂ ᠪᠠᠭ᠎ᠠ ᠨᠠᠭᠤᠷ ᠵᠡᠷᠭᠡ ᠬᠡᠳᠦᠨ ᠵᠢᠵᠢᠭ ᠨᠠᠭᠤᠷ ᠲᠣᠭᠣᠷᠢᠮ ᠪᠤᠢ᠃ ᠲᠥᠷᠥᠯ ᠪᠦᠷᠢ ᠶᠢᠨ ᠡᠪᠡᠳᠴᠢᠨ ᠡᠮᠭᠡᠭ ᠢ ᠠᠨᠠᠭᠠᠬᠤ ᠴᠢᠨᠠᠷᠲᠠᠢ ᠬᠠᠯᠠᠭᠤᠨ᠂ ᠬᠦᠢᠲᠡᠨ ᠬᠡᠳᠦ ᠬᠡᠳᠦᠨ ᠷᠠᠰᠢᠶᠠᠨ ᠪᠤᠯᠠᠭ ᠪᠤᠢ᠃ ᠡᠭᠦᠨ ᠡᠴᠡ ᠬᠠᠮᠤᠭ ᠤᠨ ᠲᠣᠮᠣ ᠨᠢ ᠴᠠᠭᠠᠨ ᠰᠦᠮ᠎ᠡ ᠪᠤᠶᠤ ᠵᠢᠷᠠᠨᠲᠠᠢ ᠶᠢᠨ ᠭᠣᠣᠯ ᠤᠨ ᠳᠡᠭᠡᠳᠦ ᠡᠬᠢ ᠬᠠᠪ ᠤᠨ ᠨᠠᠮᠤᠭ ᠠᠴᠠ ᠤᠨᠳᠤᠷᠤᠨ ᠭᠠᠷᠬᠤ ᠵᠢᠷᠠᠨᠲᠠᠢ ᠶᠢᠨ ᠬᠠᠯᠠᠭᠤᠨ ᠤᠰᠤ᠃ ᠤᠰᠤᠨ ᠤ ᠳᠡᠭᠡᠳᠦ ᠬᠠᠯᠠᠭᠤᠨ ᠢ 60-70 ᠭᠷᠠᠳᠦᠶᠢᠰ ᠣᠷᠴᠢᠮ ᠭᠡᠵᠦ ᠪᠢᠴᠢᠳᠡᠭ᠃ ᠪᠠᠰᠠ ᠴᠢᠯᠠᠭᠤᠨ ᠳᠠᠪᠠᠭ᠎ᠠ᠂ ᠪᠠᠶᠢᠰᠢᠩ ᠤᠨ ᠪᠤᠯᠠᠭ᠂ ᠮᠤᠬᠤᠷ ᠪᠤᠯᠠᠭ ᠵᠡᠷᠭᠡ ᠭᠣᠣᠯ ᠲᠥᠯᠥᠪ ᠳᠣᠲᠣᠷ᠎ᠠ ᠶᠢᠨ ᠡᠪᠡᠳᠴᠢᠨ ᠢ ᠠᠨᠠᠭᠠᠬᠤ ᠴᠢᠨᠠᠷᠲᠠᠢ ᠬᠦᠢᠲᠡᠨ ᠷᠠᠰᠢᠶᠠᠨ ᠪᠤᠢ᠃ ᠨᠤᠲᠤᠭ ᠳᠡᠪᠢᠰᠬᠡᠷ ᠦᠨ ᠲᠠᠯᠠᠪᠠᠢ ᠶᠢᠨ 1,8 ᠬᠤᠪᠢ ᠶᠢ ᠡᠵᠡᠯᠡᠬᠦ ᠭᠣᠣᠯ ᠤᠰᠤ᠂ ᠨᠠᠭᠤᠷ ᠲᠣᠭᠣᠷᠢᠮ ᠨᠠᠮᠤᠭ ᠤᠨ ᠤᠰᠤᠨ ᠳᠤ ᠨᠢ ᠬᠤᠷᠮᠤᠰ ᠤᠨ ᠴᠠᠭᠠᠨ ᠬᠤᠨ᠂ ᠬᠠᠯᠲᠠᠷ ᠭᠠᠯᠠᠭᠤ᠂ ᠪᠣᠷᠣ ᠨᠤᠭᠤᠰᠤᠨ ᠠᠴᠠ ᠭᠠᠳᠠᠨ᠎ᠠ ᠳᠡᠯᠡᠬᠡᠢ ᠶᠢᠨ ᠤᠯᠠᠭᠠᠨ ᠨᠣᠮᠣᠨ ᠳᠤ ᠣᠷᠣᠭᠰᠠᠨ ᠴᠡᠨ ᠲᠣᠭᠣᠷᠤᠤ ᠬᠦᠷᠲᠡᠯ᠎ᠡ ᠢᠷᠡᠵᠦ ᠵᠤᠰᠠᠳᠠᠭ᠃ ᠲᠠᠯ᠎ᠠ ᠬᠡᠭᠡᠷ᠎ᠡ ᠶᠢᠨ ᠭᠠᠵᠠᠷ ᠲᠤ ᠨᠢ ᠪᠥᠮᠪᠥᠭᠡᠷ ᠪᠣᠷᠣ ᠰᠢᠪᠠᠭᠤᠨ ᠠᠴᠠ ᠡᠬᠢᠯᠡᠭᠡᠳ ᠦᠭᠡᠯᠡᠭᠡ ᠱᠠᠭᠠᠵᠠᠭᠠᠢ᠂ ᠬᠠᠷ᠎ᠠ ᠬᠡᠷᠢᠶ᠎ᠡ᠂ ᠰᠠᠷ᠎ᠠ᠂ ᠡᠯᠢᠭᠡ᠂ ᠤᠯᠠᠭᠠᠨ ᠬᠣᠰᠢᠭᠤᠲᠤ᠂ ᠲᠠᠯ᠎ᠠ ᠶᠢᠨ ᠬᠠᠷ᠎ᠠ ᠠᠯᠠᠭ ᠲᠤᠷᠯᠠᠶᠢᠬᠤ ᠵᠡᠷᠭᠡ ᠵᠢᠰᠦᠮ ᠵᠦᠢᠯ ᠦᠨ ᠰᠢᠪᠠᠭᠤᠳ ᠡᠪᠦᠯᠵᠢᠵᠦ ᠵᠤᠰᠠᠳᠠᠭ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠨᠤᠲᠤᠭ ᠳᠡᠪᠢᠰᠬᠡᠷ ᠲᠦ ᠣᠷᠬᠣᠨ᠂ ᠵᠢᠷᠠᠨᠲᠠᠢ ᠭᠣᠣᠯ ᠤᠨ ᠶᠡᠬᠡ ᠬᠥᠨᠳᠡᠢ᠂ ᠲᠡᠭᠦᠨ ᠦ ᠣᠶᠢᠷ᠎ᠠ ᠣᠷᠴᠢᠮ ᠤᠨ ᠠᠮᠠ᠂ ᠡᠩᠭᠡᠷ ᠢ ᠲᠠᠷᠢᠶ᠎ᠠ ᠲᠠᠷᠢᠬᠤ ᠳᠤ ᠲᠣᠬᠢᠷᠠᠮᠵᠢᠲᠠᠢ ᠭᠠᠵᠠᠷ ᠬᠡᠮᠡᠨ ᠦᠵᠡᠳᠡᠭ ᠬᠢᠭᠡᠳ ᠦᠨᠡᠬᠡᠷ ᠴᠤ ᠤᠶᠢᠭᠤᠷ ᠤᠨ ᠦᠶᠡᠰ ᠲᠠᠷᠢᠶ᠎ᠠ ᠲᠠᠷᠢᠵᠤ ᠪᠠᠶᠢᠭᠰᠠᠨ ᠤᠯᠠ ᠮᠥᠷ ᠤᠰᠤᠯᠠᠭᠠᠨ ᠤ ᠳᠠᠯᠠᠨ ᠱᠤᠤᠳᠤᠤ ᠡᠯᠪᠡᠭ ᠲᠠᠭᠠᠷᠠᠯᠳᠤᠨ᠎ᠠ᠃ 1968 ᠣᠨ ᠠᠴᠠ ᠭᠠᠵᠠᠷ ᠲᠠᠷᠢᠶᠠᠯᠠᠩ ᠡᠷᠬᠢᠯᠡᠵᠦ ᠦᠯᠡᠳᠡᠭᠰᠡᠨ ᠲᠣᠬᠢᠷᠠᠮᠵᠢᠲᠠᠢ ᠭᠠᠵᠠᠷ ᠢᠶᠠᠨ ᠬᠠᠭᠠᠯᠵᠤ᠂ ᠦᠷ᠎ᠡ ᠲᠠᠷᠢᠶ᠎ᠠ᠂ ᠮᠠᠯ ᠤᠨ ᠲᠡᠵᠢᠭᠡᠯ ᠲᠦᠮᠵᠢ᠂ ᠬᠦᠨᠡᠰᠦᠨ ᠦ ᠨᠣᠭᠣᠭ᠎ᠠ ᠲᠠᠷᠢᠶᠠᠯᠠᠵᠤ ᠡᠬᠢᠯᠡᠵᠡᠢ᠃ ᠨᠢᠭᠡᠳᠦᠯ ᠦᠨ ᠲᠠᠷᠢᠶᠠᠯᠠᠩ ᠤᠨ ᠡᠷᠭᠢᠯᠲᠡ ᠶᠢᠨ ᠲᠠᠯᠠᠪᠠᠢ 80 ᠍ ᠊ᠭᠠᠳ ᠣᠨ ᠭᠡᠬᠦ ᠳᠦ 8,6 ᠭᠠ ᠳᠦ ᠬᠦᠷᠴᠦ ᠵᠢᠯ ᠳᠤ ᠳᠤᠮᠳᠠᠴᠢ ᠪᠠᠷ 5,5 ᠭᠠ ᠳᠦ ᠲᠠᠷᠢᠶᠠᠯᠠᠯᠲᠤ ᠬᠢᠵᠦ ᠪᠠᠶᠢᠭᠰᠠᠨ ᠨᠢ ᠤᠯᠤᠰ ᠤᠨ ᠬᠡᠮᠵᠢᠶᠡᠨ ᠳᠦ ᠲᠠᠷᠢᠶᠠᠯᠠᠩ ᠤᠨ ᠲᠣᠮᠣᠬᠠᠨ ᠦᠢᠯᠡᠳᠪᠦᠷᠢᠯᠡᠯ ᠲᠡᠢ ᠨᠢᠭᠡᠳᠦᠯ ᠦᠨ ᠲᠣᠭᠠᠨ ᠳᠤ ᠪᠠᠭᠠᠳᠬᠤ ᠪᠣᠯᠵᠠᠢ᠃ 1958 ᠣᠨ ᠠᠴᠠ ᠲᠥᠪ ᠦᠨ ᠡᠷᠴᠢᠮ ᠬᠦᠴᠦᠨ ᠦ ᠥᠨᠳᠥᠷ ᠬᠦᠴᠦᠳᠡᠯ ᠦᠨ ᠰᠢᠰᠲ᠋ᠧᠮ ᠳᠦ ᠬᠣᠯᠪᠣᠭᠳᠠᠭᠰᠠᠨ ᠢᠶᠠᠷ ᠰᠤᠶᠤᠯ᠂ ᠠᠵᠤ ᠠᠬᠤᠢ ᠳᠤ ᠨᠡᠯᠢᠶᠡᠳ ᠳᠡᠪᠰᠢᠯᠲᠡ ᠬᠢᠬᠦ ᠪᠣᠯᠤᠮᠵᠢ ᠣᠯᠭᠤᠭᠰᠡᠨ ᠦ ᠨᠢᠭᠡ ᠨᠢ ᠨᠢᠭᠡᠳᠦᠯ ᠲᠣᠮᠣᠬᠠᠨ ᠳᠤ ᠤᠷᠤᠬᠤ ᠦᠷ᠎ᠡ ᠲᠠᠷᠢᠶᠠᠨ ᠤ ᠮᠧᠬᠠᠨᠢᠭᠵᠢᠭ᠌ᠰᠠᠨ ᠦᠲᠦᠷᠮ᠎ᠡ ᠪᠠᠷᠢᠵᠤ ᠠᠰᠢᠭᠯᠠᠭᠰᠠᠨ ᠶᠠᠪᠤᠳᠠᠯ ᠶᠤᠮ᠃

ᠪᠣᠯᠪᠠᠰᠤᠷᠠᠯ᠂ ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

1923 ᠣᠨ ᠤ 1 ᠳᠦᠭᠡᠷ ᠰᠠᠷ᠎ᠠ ᠳᠤ ᠬᠣᠲᠠᠨ ᠳᠤ ᠤᠤᠯ ᠤᠨ ᠬᠣᠰᠢᠭᠤ᠂ ᠴᠠᠭᠠᠨ ᠰᠦᠮ᠎ᠡ ᠠᠭᠤᠯᠠ ᠶᠢᠨ ᠬᠣᠰᠢᠭᠤᠨ ᠳᠤ ᠣᠷᠣᠨ ᠨᠤᠲᠤᠭ ᠤᠨ ᠵᠠᠷᠤᠳᠠᠯ ᠢᠶᠠᠷ ᠠᠩᠬᠠᠨ ᠤ ᠪᠠᠭ᠎ᠠ ᠰᠤᠷᠭᠠᠭᠤᠯᠢ ᠪᠠᠶᠢᠭᠤᠯᠤᠭᠳᠠᠵᠠᠢ᠃ ᠲᠤᠰ ᠰᠤᠷᠭᠠᠭᠤᠯᠢ ᠶᠢᠨ ᠠᠩᠬᠠᠨ ᠤ ᠵᠠᠬᠢᠷᠤᠯ ᠨᠢ ᠳ᠃ᠡᠷᠳᠡᠨᠢ-ᠣᠴᠢᠷ᠃ ᠬᠠᠷᠢᠨ ᠤᠯᠤᠰ ᠤᠨ ᠬᠥᠷᠥᠩᠭᠡ ᠪᠡᠷ ᠪᠠᠶᠢᠭᠤᠯᠤᠭᠰᠠᠨ ᠠᠩᠬᠠᠨ ᠤ ᠪᠠᠭ᠎ᠠ ᠰᠤᠷᠭᠠᠭᠤᠯᠢ 1925 ᠣᠨ ᠳᠤ ᠪᠠᠶᠠᠨᠬᠣᠰᠢᠭᠤᠨ ᠤ ᠲᠡᠩᠬᠢᠮ ᠨᠡᠷ᠎ᠡ ᠲᠡᠢ 2 ᠪᠠᠭᠰᠢ᠂ 25 ᠰᠤᠷᠤᠭᠴᠢ᠂ 2 ᠭᠡᠷ ᠲᠡᠢ ᠪᠠᠶᠢᠭᠤᠯᠤᠭᠳᠠᠵᠤ ᠠᠩᠬᠠᠨ ᠤ ᠵᠠᠬᠢᠷᠤᠯ ᠨᠢ ᠵᠠᠮᠪᠠᠯᠴᠦᠯᠲᠦᠮ ᠪᠠᠶᠢᠪᠠ᠃ ᠬᠣᠲᠠᠨ ᠳᠤ ᠰᠤᠮᠤ ᠶᠢᠨ ᠲᠥᠪ ᠦᠨ ᠰᠤᠷᠭᠠᠭᠤᠯᠢ 1952 ᠣᠨ ᠳᠤ 8 ᠵᠢᠯ ᠦᠨ᠂ 1980 ᠣᠨ ᠳᠤ 10 ᠵᠢᠯ ᠦᠨ ᠰᠤᠷᠭᠠᠭᠤᠯᠢ ᠪᠣᠯᠤᠨ ᠥᠷᠭᠡᠵᠢᠪᠡ᠃ ᠲᠡᠷᠡ ᠵᠢᠯ ᠤᠨᠳ ᠲᠤ ᠰᠤᠷᠭᠠᠭᠤᠯᠢ ᠶᠢᠨ ᠵᠠᠬᠢᠷᠤᠯ ᠢᠶᠠᠷ ᠳ᠃ᠼᠧᠳᠡᠩᠰᠣᠳᠨᠠᠮ᠂ ᠣ᠃ᠳᠠᠭᠪᠠᠳᠣᠷᠵᠢ᠂ ᠴᠤ᠃ᠳᠣᠷᠵᠢᠪᠢᠮᠪᠠ᠂ ᠪ᠃ᠳᠠᠮᠳᠢᠨᠪᠠᠽᠠᠷ ᠨᠠᠷ ᠠᠵᠢᠯᠯᠠᠵᠤ ᠪᠠᠶᠢᠴᠠᠢ᠃ ᠡᠳᠦᠭᠡ ᠲᠤᠰ ᠰᠤᠷᠭᠠᠭᠤᠯᠢ 22 ᠠᠩᠭᠢ᠂ 700 ᠭᠠᠷᠤᠢ ᠰᠤᠷᠤᠭᠴᠢᠳ ᠲᠠᠢ᠂ 35 ᠪᠠᠭᠰᠢ ᠲᠠᠢ᠂ ᠵᠠᠬᠢᠷᠤᠯ ᠢᠶᠠᠷ ᠨᠢ ᠪ᠃ᠳ᠋ᠠᠷᠢᠮ᠎ᠠ ᠠᠵᠢᠯᠯᠠᠵᠤ ᠪᠠᠶᠢᠨ᠎ᠠ᠃ ᠬᠠᠷᠢᠨ ᠥᠨᠳᠥᠷ ᠰᠠᠩᠲᠤ ᠪᠠᠭ ᠨᠢ ᠡᠳᠦᠭᠡ 8 ᠵᠢᠯ ᠦᠨ ᠳᠤᠮᠳᠠ ᠰᠤᠷᠭᠠᠭᠤᠯᠢ ᠲᠠᠢ᠂ ᠵᠠᠬᠢᠷᠤᠯ ᠢᠶᠠᠷ ᠨᠢ ᠭ᠃ᠫᠠᠭᠮᠠᠬᠠᠨ ᠳᠤ ᠠᠵᠢᠯᠯᠠᠳᠠᠭ᠃ ᠣᠳᠣ ᠶᠢᠨ ᠰᠤᠮᠤ ᠶᠢᠨ ᠲᠥᠪ᠂ ᠶᠡᠬᠡ ᠪᠤᠯᠠᠭ ᠤᠨ ᠠᠮᠠᠨ ᠳᠤ 1936 ᠣᠨ ᠳᠤ ᠳ᠃ᠲᠣᠭᠣᠭᠠᠴᠢ ᠬᠡᠮᠡᠬᠦ ᠰᠤᠪᠢᠯᠠᠭᠴᠢ ᠲᠠᠢ ᠨᠢᠭᠡ ᠭᠡᠷ ᠲᠡᠢ ᠪᠡᠷ ᠣᠷᠴᠢᠨ ᠦᠶ᠎ᠡ ᠶᠢᠨ ᠬᠦᠮᠦᠨ ᠡᠮᠨᠡᠯᠭᠡ ᠶᠢᠨ ᠡᠭᠦᠰᠦᠯ ᠲᠠᠯᠪᠢᠭᠳᠠᠵᠠᠢ᠃ 1941-1961 ᠣᠨ ᠤ ᠬᠣᠭᠣᠷᠣᠨᠳᠣ ᠨᠤᠲᠤᠭ ᠤᠨ ᠠᠭᠤᠭᠤᠯ ᠪᠠᠭ᠎ᠠ ᠡᠮᠴᠢ ᠥ᠃ᠮᠢᠳᠤᠭ ᠡᠷᠬᠢᠯᠡᠨ 20 ᠭᠠᠷᠤᠢ ᠵᠢᠯ ᠠᠵᠢᠯᠯᠠᠵᠠᠢ᠃ 1962 ᠣᠨ ᠳᠤ ᠶᠡᠬᠡ ᠡᠮᠴᠢ ᠶᠢᠨ ᠰᠠᠯᠪᠤᠷᠢ ᠨᠡᠭᠡᠭᠡᠭᠳᠡᠵᠦ ᠠᠩᠬᠠᠨ ᠤ ᠶᠡᠬᠡ ᠡᠮᠴᠢ ᠪᠡᠷ ᠰᠢᠷᠠᠪ ᠠᠵᠢᠯᠯᠠᠭᠰᠠᠨ ᠪᠥᠭᠡᠳ 1985 ᠣᠨ ᠬᠦᠷᠲᠡᠯ᠎ᠡ ᠡᠮᠴᠢᠯᠡᠭᠡ ᠪᠣᠯᠪᠠᠰᠤᠷᠠᠩᠭᠤᠢ ᠪᠣᠯᠵᠤ 15 ᠣᠷᠣ ᠲᠠᠢ ᠡᠮᠨᠡᠯᠭᠡ ᠪᠣᠯᠵᠠᠢ᠃ 1986 ᠣᠨ ᠳᠤ ᠶᠡᠬᠡ ᠡᠮᠴᠢ 3, ᠯᠠᠪᠷᠠᠲ᠋ᠣᠷᠢ 1, ᠪᠠᠭ ᠪᠦᠷᠢ ᠳᠦ ᠪᠠᠭ᠎ᠠ ᠡᠮᠴᠢ ᠶᠢᠨ ᠰᠠᠯᠪᠤᠷᠢ ᠠᠵᠢᠯᠯᠠᠬᠤ ᠪᠣᠯᠪᠠ᠃ ᠥᠨᠥᠳᠥᠷ ᠰᠤᠮᠤ ᠶᠢᠨ ᠬᠦᠮᠦᠨ ᠡᠮᠨᠡᠯᠭᠡ ᠶᠢᠨ ᠰᠠᠯᠪᠤᠷᠢ 4, ᠶᠡᠬᠡ ᠡᠮᠴᠢ ᠲᠡᠢ ᠲᠥᠷᠦᠯᠵᠢᠭᠰᠡᠨ ᠨᠠᠷᠢᠨ ᠮᠡᠷᠭᠡᠵᠢᠯ ᠦᠨ ᠲᠥᠪ ᠪᠣᠯᠤᠨ ᠥᠷᠭᠡᠵᠢᠭᠰᠡᠨ ᠪᠥᠭᠡᠳ 6 ᠪᠠᠭ ᠪᠦᠷᠢ ᠳᠦ ᠪᠠᠭ᠎ᠠ ᠡᠮᠴᠢ ᠲᠡᠢ᠂ ᠨᠡᠶᠢᠲᠡ 25 ᠬᠦᠮᠦᠨ ᠦ ᠣᠷᠣᠨ ᠲᠣᠭ᠎ᠠ ᠲᠠᠢ ᠠᠵᠢᠯᠯᠠᠵᠤ 5000 ᠭᠠᠷᠤᠢ ᠬᠦᠨᠳᠦ ᠡᠷᠡᠭᠦᠯ ᠮᠡᠨᠳᠦ ᠶᠢᠨ ᠦᠢᠯᠡᠴᠢᠯᠡᠭᠡ ᠦᠵᠡᠭᠦᠯᠵᠦ ᠪᠠᠶᠢᠨ᠎ᠠ᠃ ᠡᠨᠡ ᠨᠤᠲᠤᠭ ᠠᠴᠠ ᠮᠡᠰᠡ ᠵᠠᠰᠠᠯ ᠤᠨ ᠠᠯᠳᠠᠷᠲᠤ ᠶᠢᠨ 1, ᠭᠠᠪᠢᠶ᠎ᠠ ᠳᠤ ᠡᠮᠴᠢ ᠯᠠ᠃ᠵᠠᠮᠪᠠᠯᠵᠢᠪ᠂ ᠬᠦᠮᠦᠨ ᠡᠮᠨᠡᠯᠭᠡ ᠶᠢᠨ ᠲᠡᠷᠢᠭᠦᠨ ᠦ ᠠᠵᠢᠯᠲᠠᠨ ᠡᠮᠴᠢ ᠰ᠃ ᠳᠠᠰᠢᠵᠠᠮᠼᠤ ᠨᠠᠷ ᠤᠨ ᠨᠡᠷᠡᠲᠦ ᠬᠦᠮᠦᠰ ᠭᠠᠷᠴᠠᠢ᠃

  1. [1]

ᠪᠢᠴᠢᠭᠡᠰᠦ