ᠬᠣᠱᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠣᠱᠤᠳ ᠪᠣᠯ ᠣᠶᠢᠷᠠᠳ ᠤᠨ ᠨᠢᠭᠡᠨ ᠠᠶᠢᠮᠠᠭ ᠶᠤᠮ᠃ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠬᠠᠰᠠᠷ ᠍ ᠤᠨ ᠤᠭᠰᠠᠭᠠᠨ ᠤ ᠥᠷᠥᠭᠲᠡᠮᠦᠷ ᠨᠣᠶᠠᠨ ᠬᠠᠷᠢᠶᠠᠲᠤ ᠠᠯᠪᠠᠲᠤ ᠪᠠᠨ ᠳᠠᠭᠠᠭᠤᠯᠤᠨ ᠣᠶᠢᠷᠠᠳ ᠤᠨ ᠲᠣᠭᠣᠭᠠᠨ ᠲᠠᠶᠢᠰᠢᠢᠳᠡ ᠳᠠᠭᠠᠷ᠎ᠠ ᠣᠷᠣᠰᠣᠨ ᠢᠶᠠᠷ ᠬᠣᠱᠤᠳ ᠠᠶᠢᠮᠠᠭ ᠡᠭᠦᠰᠴᠡᠢ᠃ Xᠵᠢᠷᠭᠤᠳᠤᠭᠠᠷ ᠵᠠᠭᠤᠨ ᠤ ᠦᠶ᠎ᠡ ᠳᠦ ᠳᠥᠷᠪᠡᠨ ᠣᠶᠢᠷᠠᠳ ᠤᠨ ᠬᠣᠯᠪᠣᠭ᠎ᠠ ᠶᠢ ᠬᠣᠱᠤᠳ ᠤᠨ ᠨᠣᠶᠠᠳ ᠵᠠᠬᠢᠷᠴᠢ ᠪᠠᠶᠢᠯ᠎ᠠ᠃ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠬᠣᠱᠤᠳ ᠤᠨ ᠵᠠᠷᠢᠮ ᠬᠡᠰᠡᠭ ᠬᠥᠬᠡ ᠨᠠᠭᠤᠷᠢᠵᠢᠯ ᠮᠥᠷᠡᠨ ᠦ ᠡᠷᠭᠢ ᠳᠦ ᠣᠴᠢᠵᠤ ᠰᠠᠭᠤᠴᠠᠢ᠃ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠬᠣᠱᠤᠳ ᠤᠨ ᠨᠣᠶᠠᠳ ᠣᠶᠢᠷᠠᠳ ᠤᠨ ᠲᠥᠷᠥ ᠶᠢᠨ ᠳᠡᠭᠡᠳᠦ ᠡᠷᠬᠡ ᠶᠢ ᠴᠢᠷᠣᠰ ᠠᠶᠢᠮᠠᠭ ᠤᠨ ᠬᠢᠨ ᠳᠤ ᠠᠯᠠᠳᠠᠭᠰᠠᠨ ᠪᠣᠯᠪᠠᠴᠤ ᠬᠥᠬᠡ ᠨᠠᠭᠤᠷ᠂ ᠲᠦᠪᠡᠳᠡᠶᠢᠭ ᠵᠠᠬᠢᠷᠤᠭᠰᠠᠨ ᠬᠣᠱᠤᠳ ᠤᠨ ᠬᠠᠨᠲᠠ ᠤᠯᠤᠰ ᠍ ᠢ ᠪᠠᠶᠢᠭᠤᠯᠵᠤ᠂ ᠣᠷᠣᠰᠢᠨ ᠲᠣᠭᠲᠠᠨᠢᠭᠰᠠᠭᠠᠷ ᠪᠠᠶᠢᠴᠠᠢ᠃ XVIII ᠵᠠᠭᠤᠨ ᠤ ᠦᠶ᠎ᠡ ᠳᠦ ᠬᠣᠱᠤᠳ ᠤᠨ ᠬᠠᠨᠲᠠ ᠤᠯᠤᠰ ᠵᠦᠩᠭᠠᠷ ᠤᠨ ᠬᠠᠭᠠᠨᠲᠤ ᠤᠯᠤᠰ ᠍ ᠤᠨ ᠴᠡᠷᠢᠭ ᠲᠦ ᠴᠣᠬᠢᠭᠳᠠᠵᠤ ᠮᠥᠬᠦᠭᠰᠡᠨ ᠪᠥᠭᠡᠳ ᠮᠠᠨᠵᠤ ᠶᠢᠨ ᠴᠢᠩ ᠤᠯᠤᠰ ᠲᠦᠪᠡᠳ ᠡᠴᠡ ᠵᠦᠩᠭᠠᠷ ᠤᠨ ᠴᠡᠷᠢᠭ ᠢ ᠬᠥᠭᠡᠭᠡᠨ ᠭᠠᠷᠭᠠᠭᠰᠠᠨ ᠢᠶᠠᠷ ᠬᠥᠬᠡ ᠨᠠᠭᠤᠷ᠂ ᠲᠦᠪᠡᠳ ᠦᠨ ᠭᠠᠵᠠᠷ ᠨᠤᠲᠤᠭ ᠮᠠᠨᠵᠤ ᠶᠢᠨ ᠴᠢᠩ ᠤᠯᠤᠰ ᠤᠨ ᠵᠠᠬᠢᠷᠭᠠᠨ ᠳᠤ ᠣᠷᠣᠵᠠᠢ᠃ ᠲᠡᠭᠦᠨ ᠦ ᠳᠠᠷᠠᠭ᠎ᠠ ᠬᠣᠱᠤᠳ᠂ ᠲᠦᠪᠡᠳ ᠦᠳ ᠮᠠᠨᠵᠤ ᠶᠢᠨ ᠡᠰᠡᠷᠬᠦ ᠪᠣᠰᠤᠯᠭ᠎ᠠ ᠭᠠᠷᠭᠠᠭᠰᠠᠨ ᠪᠣᠯᠪᠠᠴᠤ ᠳᠠᠷᠤᠭᠳᠠᠵᠠᠢ᠃ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠬᠣᠱᠤᠳ ᠤᠳ ᠬᠢᠲᠠᠳ ᠤᠨ ᠳᠤᠮᠳᠠᠳᠤ ᠢᠷᠭᠡᠨ ᠤᠯᠤᠰ ᠪᠣᠯᠤᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠬᠢᠷᠭᠠᠨ ᠳᠤ ᠣᠷᠣᠭᠰᠠᠨ ᠶᠤᠮ᠃ ᠬᠣᠱᠤᠳ ᠤᠳ ᠣᠳᠣ ᠦᠶ᠎ᠡ ᠳᠦ ᠬᠥᠬᠡ ᠨᠠᠭᠤᠷ᠂ ᠲᠦᠪᠡᠳ᠂ ᠠᠯᠠᠱᠠ᠂ ᠡᠵᠡᠨ ᠦ ᠭᠣᠣᠯ ᠵᠡᠷᠭᠡ ᠭᠠᠵᠠᠷ ᠲᠤ ᠭᠣᠣᠯᠯᠠᠨ ᠨᠤᠲᠤᠭᠯᠠᠬᠤ ᠪᠥᠭᠡᠳ ᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠬᠠᠯᠢᠮᠠᠭ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠨ-ᠤᠶᠢᠭᠤᠷ ᠤᠨ ᠠᠦ᠋ᠲ᠋ᠣᠨᠣᠮᠢᠲᠤ ᠨᠤᠲᠤᠭᠮᠣᠩᠭᠣᠯ ᠤᠯᠤᠰ ᠍ ᠤᠨ ᠬᠣᠪᠳᠣ ᠠᠶᠢᠮᠠᠭ ᠲᠤ ᠴᠥᠭᠡᠨ ᠲᠣᠭ᠎ᠠ ᠪᠠᠷ ᠣᠷᠣᠰᠢᠨ ᠰᠠᠭᠤᠳᠠᠭ᠃

Literature[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠬᠣᠱᠤᠳ&oldid=400996》 ᠍  ᠡᠴᠡ ᠠᠪᠤᠭᠰᠠᠨ

ᠪᠢᠴᠢᠭᠡᠰᠦ