ᠬᠣᠪᠳᠣ ᠰᠤᠮᠤ (ᠤᠪᠰᠤ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠣᠪᠳᠣ ᠰᠤᠮᠤ
ᠬᠣᠪᠳᠤ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠤᠪᠰᠤ ᠠᠶᠢᠮᠠᠭ
ᠳᠣᠲᠣᠭᠠᠳᠤ ᠬᠤᠪᠢᠶᠠᠷᠢ ᠳᠥᠷᠪᠡᠨ ᠪᠠᠭ:
1. ᠬᠣᠪᠳᠣ
2. ᠰᠢᠪᠡᠷ
3. ᠠᠴᠢᠲᠤ
4. ᠬᠠᠯᠢᠭᠤᠨᠪᠤᠯᠠᠭ
ᠭᠠᠵᠠᠷ ᠨᠤᠲᠤᠭ 3.0 ᠮᠢᠩᠭᠠᠨ км² [1]
ᠬᠦᠮᠦᠨ ᠠᠮᠠ (2012) 2,200 ᠬᠦᠮᠦᠨ [1]
ᠰᠢᠤᠳᠠᠨ ᠳᠤᠭᠠᠷ 85230
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠪᠥᠬᠡᠮᠥᠶᠢᠷᠡᠨ
ᠲᠠᠷᠢᠶᠠᠯᠠᠩ
ᠨᠣᠭᠣᠭᠠᠨᠨᠠᠭᠤᠷ
ᠡᠮᠦᠨᠡᠭᠣᠪᠢ
ᠠᠯᠲᠠᠨᠴᠥᠭᠥᠴᠡ
ᠪᠠᠶᠠᠨᠨᠠᠭᠤᠷ
ᠭᠠᠵᠠᠷ ᠳᠠᠢ-
ᠳ ᠤᠨ ᠤᠷᠲᠤ
ᠤᠯᠠᠭᠠᠨᠠᠭᠠᠮ (177 ᠺᠢᠯᠣᠮᠧᠲ᠋ᠷ)
ᠤᠯᠠᠭᠠᠨᠪᠠᠭᠠᠲᠤᠷ (1455 ᠺᠢᠯᠣᠮᠧᠲ᠋ᠷ) [1]

ᠬᠣᠪᠳᠣ ᠨᠢ ᠤᠪᠰᠤ ᠠᠶᠢᠮᠠᠭ ᠤᠨ ᠰᠤᠮᠤ ᠶᠤᠮ᠃ ᠠᠶᠢᠮᠠᠭ ᠤᠨ ᠲᠥᠪ ᠤᠯᠠᠭᠠᠨᠠᠭᠠᠮᠣ ᠠᠴᠠ 200 ᠺᠢᠯᠣᠮᠧᠲ᠋ᠷ ᠵᠠᠶᠢᠲᠠᠢ ᠣᠷᠣᠰᠢᠳᠠᠭ ᠪᠥᠭᠡᠳ ᠪᠤᠭᠤ ᠳᠤ᠂ ᠰᠢᠪᠡᠷ᠂ ᠬᠣᠪᠳᠣ᠂ ᠠᠴᠢᠲᠤ ᠭᠡᠰᠡᠨ 4 ᠪᠠᠭ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1924 ᠣᠨ ᠳᠤ ᠬᠣᠪᠳᠣ ᠪᠠᠷᠠᠭᠤᠨ ᠭᠣᠣᠯ ᠰᠤᠮᠤ ᠨᠡᠷ᠎ᠡ ᠲᠡᠢ ᠪᠡᠷ ᠪᠠᠶᠢᠭᠤᠯᠤᠭᠳᠠᠭᠰᠠᠨ ᠮᠠᠨ ᠤ ᠤᠯᠤᠰ ᠤᠨ ᠤᠤᠭᠠᠨ ᠰᠤᠮᠤᠳ ᠤᠨ ᠨᠢᠭᠡ ᠪᠥᠭᠡᠳ ᠲᠤᠰ ᠰᠤᠮᠤ ᠠᠴᠠ 1956 ᠣᠨ ᠳᠤ ᠣᠳᠣ ᠶᠢᠨ ᠬᠣᠪᠳᠣ ᠠᠶᠢᠮᠠᠭ ᠤᠨ ᠮᠢᠩᠭᠠᠳ ᠰᠤᠮᠤ ᠷᠤ ᠴᠢᠴᠠᠷᠭᠠᠨ᠎ᠠ ᠳᠤ ᠪᠠᠭ ᠢ᠂ ᠤᠪᠰᠤ ᠠᠶᠢᠮᠠᠭ ᠤᠨ ᠡᠮᠦᠨᠡᠭᠣᠪᠢ ᠰᠤᠮᠤ ᠷᠤ ᠤᠯᠢᠶᠠᠰᠤᠲᠠᠢ᠂ ᠪᠠᠶᠠᠨᠭᠣᠣᠯ ᠪᠠᠭ ᠢ ᠲᠤᠰ ᠲᠤᠰ ᠰᠢᠯᠵᠢᠭᠦᠯᠵᠡᠢ᠃ ᠬᠠᠷᠢᠨ ᠤᠪᠰᠤ ᠠᠶᠢᠮᠠᠭ ᠤᠨ ᠪᠥᠬᠡᠮᠥᠶᠢᠷᠡᠨ ᠰᠤᠮᠤᠠ ᠠᠴᠠ ᠠᠴᠢᠲᠤ ᠪᠠᠭ ᠢ ᠲᠤᠰ ᠰᠤᠮᠤᠨ ᠳᠤ ᠰᠢᠯᠵᠢᠭᠦᠯᠦᠭᠰᠡᠨ ᠪᠠᠶᠢᠨ᠎ᠠ᠃

ᠰᠢᠯᠵᠢᠬᠦ ᠡᠴᠡ ᠡᠮᠦᠨᠡᠬᠢ ᠴᠢᠴᠠᠷᠭᠠᠨ᠎ᠠ ᠳᠤ ᠪᠠᠭ ᠤᠨ ᠪᠤᠶᠤ ᠲᠡᠷᠡ ᠦᠶ᠎ᠡ ᠶᠢᠨ ᠬᠣᠪᠳᠣ ᠰᠤᠮᠤ ᠶᠢᠨ 8 ᠍ ᠳᠦᠭᠡᠷ ᠪᠠᠭ ᠤᠨ ᠢᠷᠭᠡᠳ ᠡᠴᠡ ᠮᠣᠩᠭᠣᠯ ᠤᠯᠤᠰ ᠤᠨ ᠭᠠᠪᠢᠶᠠᠲᠤ ᠪᠠᠭᠰᠢ᠂ ШУ ᠍ ᠤ ᠳ᠋ᠣᠺᠲ᠋ᠣᠷ ᠭᠤᠨ-ᠠᠭᠠᠵᠢᠪᠠ᠂ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠮ᠃ᠪᠠᠳᠮ᠎ᠠ᠂ ᠤᠤᠯ ᠤᠨ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠭ᠃ᠰᠡᠷᠡᠩᠨᠠᠳᠮᠢᠳ᠂ ᠤᠯᠢᠶᠠᠰᠤᠲᠠᠢ᠂ ᠪᠠᠶᠠᠨᠭᠣᠣᠯ ᠪᠤᠶᠤ ᠲᠡᠷᠡ ᠦᠶ᠎ᠡ ᠶᠢᠨ ᠬᠣᠪᠳᠣ ᠰᠤᠮᠤ ᠶᠢᠨ 7,9 ᠍ ᠳᠦᠭᠡᠷ ᠪᠠᠭ ᠤᠨ ᠢᠷᠭᠡᠳ ᠡᠴᠡ ᠲᠥᠷᠥ ᠶᠢᠨ ᠰᠠᠶᠢᠳ᠂ ᠭᠧᠨᠧᠷᠠᠯ ᠪ᠃ᠳᠡᠵᠢᠳ᠂ ᠲᠥᠷᠥ ᠶᠢᠨ ᠱᠠᠩᠨᠠᠯᠲᠤ᠂ ᠳ᠋ᠣᠺᠲ᠋ᠣᠷ ᠬ᠃ᠴᠠᠭᠠᠨ᠂ ᠮᠣᠩᠭᠣᠯ ᠤᠯᠤᠰ ᠤᠨ ᠭᠠᠪᠢᠶᠠᠲᠤ ᠡᠳ᠋ ᠍ ᠦᠨ ᠵᠠᠰᠠᠭᠴᠢ᠂ ᠲᠥᠷᠥ ᠶᠢᠨ ᠰᠠᠶᠢᠳ᠂ ᠳ᠋ᠣᠺᠲ᠋ᠣᠷ᠎ᠡ᠃ᠪᠢᠮᠪᠠᠵᠠᠪ᠂ ᠲᠥᠷᠥ ᠶᠢᠨ ᠰᠠᠶᠢᠳ᠂ ᠳ᠋ᠣᠺᠲ᠋ᠣᠷ ᠪ᠃ᠡᠷᠳᠡᠨᠢᠰᠦ᠋ᠷᠦᠩ᠂ ШУ ᠍ ᠤ ᠳ᠋ᠣᠺᠲ᠋ᠣᠷ ᠬ᠃ᠴᠣᠭᠣᠬᠦ᠂ ᠲᠥᠷᠥ ᠶᠢᠨ ᠰᠠᠶᠢᠳ᠎ᠠ᠃ᠫᠦᠷᠪᠦᠵᠠᠪ᠂ ᠳ᠋ᠣᠺᠲ᠋ᠣᠷ ᠪ᠃ᠨᠠᠰᠠᠩᠵᠢᠷᠭᠠᠯ᠂ ᠴ᠃ᠳᠠᠰᠢ ᠨᠠᠷ ᠤᠨ ᠠᠯᠳᠠᠷᠲᠠᠨ ᠨᠤᠭᠤᠳ ᠲᠥᠷᠥᠨ ᠭᠠᠷᠴᠤ ᠬᠣᠪᠳᠣ ᠰᠤᠮᠤ ᠪᠠᠷ ᠢᠶᠠᠨ ᠣᠪᠤᠭᠯᠠᠵᠤ ᠪᠠᠶᠢᠴᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠢᠶᠠᠨ ᠪᠠᠷᠠᠭᠤᠨ ᠬᠡᠰᠡᠭ ᠲᠦ ᠪᠠᠶᠠᠨ-ᠥᠯᠥᠭᠡᠢ ᠠᠶᠢᠮᠠᠭ ᠤᠨ ᠨᠣᠭᠣᠭᠠᠨᠨᠠᠭᠤᠷᠪᠠᠶᠠᠨᠨᠠᠭᠤᠷ᠂ ᠥᠪᠡᠷ ᠦᠨ ᠠᠶᠢᠮᠠᠭ ᠤᠨ ᠡᠮᠦᠨᠡᠭᠣᠪᠢᠲᠠᠷᠢᠶᠠᠯᠠᠩᠲᠦᠷᠭᠡᠨᠪᠥᠬᠡᠮᠥᠶᠢᠷᠡᠨ ᠰᠤᠮᠤ ᠦᠳ ᠲᠠᠢ ᠬᠢᠯᠢᠯᠡᠨ ᠣᠷᠣᠰᠢᠳᠠᠭ᠃ ᠰᠤᠮᠤ ᠶᠢᠨ ᠲᠥᠪ ᠨᠢ ᠬᠣᠪᠳᠣ ᠭᠣᠣᠯ ᠤᠨ ᠢᠶᠠᠨ ᠡᠷᠭᠢ ᠳᠡᠭᠡᠷ᠎ᠡ ᠣᠷᠣᠰᠢᠳᠠᠭ ᠪᠥᠭᠡᠳ ᠵᠤᠨ ᠤ ᠤᠯᠠᠷᠢᠯ ᠳᠤ 50 ᠺᠢᠯᠣᠮᠧᠲ᠋ᠷ ᠨᠡᠭᠦᠵᠦ ᠨᠠᠭᠤᠷ ᠤᠨ ᠪᠤᠯᠠᠭ ᠬᠡᠮᠡᠬᠦ ᠭᠠᠵᠠᠷ ᠵᠤᠰᠠᠳᠠᠭ ᠣᠨᠴᠠᠯᠢᠭ ᠲᠠᠢ᠃ ᠪᠠᠶᠢᠭᠠᠯᠢ ᠶᠢᠨ ᠦᠵᠡᠰᠬᠦᠯᠡᠩᠲᠦ ᠭᠠᠵᠠᠷ ᠶᠡᠬᠡ ᠲᠡᠢ᠂ ᠬᠣᠪᠳᠣ ᠭᠣᠣᠯ ᠢᠶᠠᠨ ᠳᠠᠭᠠᠭᠰᠠᠨ ᠪᠤᠷᠭᠠᠰᠤ᠂ ᠤᠯᠢᠶᠠᠰᠤ᠂ ᠬᠤᠰᠤᠨ ᠰᠢᠭᠤᠢ ᠲᠠᠢ᠂ ᠠᠯᠲᠠᠢ ᠶᠢᠨ ᠰᠠᠯᠪᠤᠷᠢ ᠠᠤᠯᠠᠯᠠᠰ ᠪᠣᠯᠬᠤ ᠬᠠᠷᠬᠢᠷᠠᠭ᠎ᠠ-ᠲᠦᠷᠭᠡᠨ ᠦ ᠠᠤᠯᠠᠯᠠᠰ ᠲᠤ ᠪᠠᠨ ᠬᠠᠷ᠎ᠠ ᠮᠣᠳᠣᠨ ᠣᠢ ᠲᠠᠢ᠂ ᠮᠥᠩᠬᠡ ᠴᠠᠰᠤᠲᠤ ᠠᠤᠯᠠᠯᠠᠰ ᠲᠠᠢ᠂ ᠬᠣᠪᠳᠣ᠂ ᠰᠢᠪᠡᠷ᠂ ᠨᠠᠭᠤᠷ ᠤᠨ ᠪᠤᠯᠠᠭ᠎ᠠ ᠶᠢᠨ ᠭᠣᠣᠯ ᠤᠳ ᠲᠠᠢ᠂ ᠠᠴᠢᠲᠤ᠂ ᠱᠠᠭᠠᠵᠠᠭᠠᠢ ᠨᠠᠭᠤᠷ ᠲᠠᠢ᠂ ᠪᠤᠭᠤᠳᠤ ᠪᠠᠭ ᠤᠨ ᠨᠤᠲᠤᠭ ᠲᠤ 108 ᠰᠢᠷᠬᠡᠭ 5 ᠥᠩᠭᠡ ᠶᠢᠨ ᠨᠠᠭᠤᠷ ᠪᠠᠶᠢᠳᠠᠭ᠃ 18 ᠮᠧᠲ᠋ᠷ ᠦᠨ ᠥᠨᠳᠥᠷ ᠡᠴᠡ ᠤᠨᠠᠬᠤ ᠭᠣᠭᠣᠵᠢᠭᠤᠷ ᠤᠨ ᠬᠦᠷᠬᠢᠷ᠎ᠡ ᠡᠨᠡ ᠨᠤᠲᠤᠭ ᠲᠤ ᠪᠤᠢ᠃ ᠤᠪᠰᠤ ᠨᠠᠭᠤᠷ ᠤᠨ ᠠᠢ ᠰᠠᠪᠠ ᠳᠡᠯᠡᠬᠡᠢ ᠶᠢᠨ ᠥᠪ ᠳᠤ ᠪᠦᠷᠢᠳᠬᠡᠭᠳᠡᠭᠰᠡᠨ ᠲᠡᠢ ᠬᠣᠯᠪᠣᠭᠠᠲᠠᠢ ᠪᠠᠷ ᠡᠨᠡ ᠰᠤᠮᠤ ᠶᠢᠨ ᠵᠤᠰᠠᠯᠠᠩ ᠤᠨ ᠭᠠᠵᠠᠷ ᠨᠤᠲᠤᠭ ᠲᠤᠰᠬᠠᠢ ᠬᠠᠮᠠᠭᠠᠯᠠᠯᠲᠠ ᠲᠠᠢ ᠪᠣᠯᠤᠭᠰᠠᠨ᠃ ᠶᠠᠩᠭᠢᠷ᠂ ᠢᠷᠪᠢᠰ᠂ ᠵᠡᠷᠯᠢᠭ ᠭᠠᠬᠠᠢ᠂ ᠬᠣᠶᠢᠯᠣᠭ᠂ ᠠᠯᠲᠠᠨᠭᠤᠷᠭᠤᠤᠯᠳᠠᠢ᠂ ᠲᠠᠷᠪᠠᠭ᠎ᠠ ᠵᠡᠷᠭᠡ ᠬᠣᠪᠣᠷᠳᠠᠵᠤ ᠪᠤᠢ ᠠᠮᠢᠲᠠᠳ ᠡᠨᠡ ᠨᠤᠲᠤᠭ ᠲᠤ ᠪᠤᠢ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠠᠴᠠ ᠲᠦᠷᠦᠭᠰᠡᠨ ᠠᠯᠳᠠᠷᠲᠠᠨ ᠨᠤᠭᠤᠳ:

ᠬᠥᠳᠡᠯᠮᠦᠷᠢ ᠶᠢᠨ ᠪᠠᠭᠠᠲᠤᠷ ᠷ᠃ᠫᠦᠷᠪᠦ ᠪᠡᠨ᠂ ᠲᠥᠷᠥ ᠶᠢᠨ ᠰᠣᠶᠣᠷᠬᠠᠯ ᠳᠤ ᠠᠭᠤᠷᠬᠠᠶᠢᠴᠢᠨ ᠴ᠃ᠳᠣᠷᠵᠢ᠂ ᠲᠥᠷᠥ ᠶᠢᠨ ᠰᠣᠶᠣᠷᠬᠠᠯ ᠳᠤ᠂ ᠮᠣᠩᠭᠣᠯ ᠤᠯᠤᠰ ᠤᠨ ХАА ᠍ ᠦᠨ ᠭᠠᠪᠢᠶᠠᠲᠤ᠂ ᠳ᠋ᠣᠺᠲ᠋ᠣᠷ ᠪ᠃ᠪᠠᠯᠭᠠᠩ᠂ ᠰᠤᠶᠤᠯ ᠤᠨ ᠭᠠᠪᠢᠶᠠᠲᠤ ᠵᠢᠳᠬᠦᠯᠲᠡᠨ ᠥ᠃ᠨᠠᠷᠠᠨᠭᠡᠷᠡᠯ᠂ МУГБагш ᠫ᠃ᠪᠠᠲᠤ ᠪᠠᠨ᠂ МУГБагш, ШУ ᠍ ᠤ ᠳ᠋ᠣᠺᠲ᠋ᠣᠷ᠂ ᠫᠷᠣᠹᠧᠰᠰᠣᠷ᠂ ᠬᠤᠷᠠᠨᠳᠠ ᠭ᠃ᠮᠢᠭᠮᠠᠷᠵᠠᠪ᠂ ХТАЗүтгэлтэн᠂ ᠲᠥᠷᠥ ᠶᠢᠨ ᠵᠢᠳᠬᠦᠯᠲᠡᠨ ᠴᠤᠯᠳᠠᠭᠠᠨ᠂ ᠲᠥᠷᠥ ᠶᠢᠨ ᠰᠠᠶᠢᠳ᠂ ШУ ᠍ ᠤ ᠳ᠋ᠣᠺᠲ᠋ᠣᠷ ᠵ᠃ᠴᠤᠭᠳᠠᠨ᠂ ᠲᠥᠷᠥ ᠶᠢᠨ ᠰᠠᠶᠢᠳ᠂ ОББЭЭСайд ᠳ᠃ᠶᠣᠩᠳᠣᠩ᠂ ОББЭЭСайд ᠪ᠃ᠯᠣᠴᠢᠨ᠂ "ᠲᠡᠷᠢᠭᠦᠨ ᠰᠢᠳᠠᠷ" ᠳ᠋ᠢᠫᠯᠣᠮᠠᠲ᠋ᠢᠴ ᠪ᠃ᠨᠠᠴᠤᠭᠳᠣᠷᠵᠢ᠂ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤ ᠤ ᠲᠤᠰᠬᠠᠢ ᠭᠠᠵᠠᠷ ᠤᠨ ᠳᠠᠷᠤᠭ᠎ᠠ᠂ ᠴᠧᠺᠢᠰᠲ᠂ ᠬᠤᠷᠠᠨᠳᠠ ᠴᠤ᠃ᠡᠷᠳᠡᠨᠢ᠂ ᠮᠣᠩᠭᠣᠯ ᠤᠯᠤᠰ ᠤᠨ ᠠᠪᠤᠷᠭᠤ ᠮᠠᠯᠴᠢᠨ ᠪ᠃ᠵᠠᠭᠢᠷᠵᠠᠪ᠂ ᠰᠡᠷᠡᠩᠴᠢᠮᠡᠳ᠂ ᠪᠠᠭᠠᠲᠤᠷᠵᠠᠪ᠂ ᠥᠯᠵᠡᠶᠢᠪᠠᠲᠤ᠂ ᠤᠯᠤᠰ ᠤᠨ ᠰᠠᠶᠢᠨ ᠮᠠᠯᠴᠢᠨ᠎ᠠ᠃ᠳᠠᠩᠰᠠᠷᠠᠨ᠂ ᠴ᠃ᠨᠢᠩᠭᠠᠷ᠂ ᠳ᠃ᠫᠦᠷᠪᠦ᠂ ᠳ᠃ᠰᠢᠪᠠᠭᠠᠨᠴᠠ᠂ ᠣ᠃ᠮᠢᠨᠢᠵᠢᠨ᠂ ᠪ᠃ᠶᠠᠩᠵᠢᠪ᠂ ᠪ᠃ᠮᠠᠨᠢᠮ᠎ᠠ᠂ ᠲ᠃ᠳᠠᠮᠪᠠ᠂ ᠪᠠᠯᠵᠢᠨᠨᠢᠮ᠎ᠠ᠂ ᠪᠤᠶᠠᠨᠵᠢᠷᠭᠠᠯ᠂ ᠤᠯᠤᠰ ᠤᠨ ᠬᠠᠷᠴᠠᠭ᠎ᠠ ᠭ᠃ᠨᠠᠮᠰᠠᠷᠠᠶᠢᠵᠠᠪ᠂ ᠤᠯᠤᠰ ᠤᠨ ᠨᠠᠴᠢᠨ ᠵ᠃ᠭᠡᠯᠡᠭ᠂ ᠤᠯᠤᠰ ᠤᠨ ᠨᠠᠴᠢᠨ᠂ ᠳ᠋ᠣᠺᠲ᠋ᠣᠷ ᠭ᠃ᠳᠠᠸᠠᠰᠠᠮᠪᠤᠤ᠂ ᠪᠠᠶᠢᠭᠠᠯᠢ ᠣᠷᠴᠢᠨ ᠤ ᠶᠠᠮᠤ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ᠂ МНН ᠍ ᠢ ᠡᠭᠦᠰᠬᠡᠨ ᠪᠠᠶᠢᠭᠤᠯᠤᠭᠴᠢ ᠠᠩᠬᠠᠨ ᠤ ᠳᠠᠷᠤᠭ᠎ᠠ᠂ ᠳ᠋ᠣᠺᠲ᠋ᠣᠷ ᠳ᠃ᠪᠠᠰᠠᠩᠳᠣᠷᠵᠢ᠂ ᠤᠯᠤᠰ ᠤᠨ ᠮᠥᠷᠳᠡᠨ ᠪᠠᠶᠢᠴᠠᠭᠠᠬᠤ ᠭᠠᠵᠠᠷ ᠪᠣᠯᠤᠨ ᠨᠡᠶᠢᠰᠯᠡᠯ ᠦᠨ ᠴᠠᠭᠳᠠᠨ ᠤ ᠭᠠᠵᠠᠷ ᠤᠨ ᠳᠠᠷᠤᠭ᠎ᠠ ᠠᠰᠠᠨ ᠬᠤᠷᠠᠨᠳᠠ ᠵ᠃ᠪᠤᠮᠨᠠᠨᠵᠢ ᠳᠤ᠂ ᠳ᠋ᠣᠺᠲ᠋ᠣᠷ ᠶᠡ᠃ᠮᠣᠭᠣᠯᠴᠣᠭ᠂ ᠳ᠃ᠫᠦᠷᠪᠦ᠂ ᠭ᠃ᠡᠷᠳᠡᠨᠢᠴᠢᠮᠡᠭ᠂ ᠤᠪᠰᠤ ᠠᠶᠢᠮᠠᠭ ᠤᠨ ᠣᠷᠣᠯᠠᠭᠴᠢ ᠳᠠᠷᠤᠭ᠎ᠠ ᠮ᠃ᠫᠦᠨᠴᠠᠭ᠂ ᠮ᠃ᠪᠠᠲᠤᠵᠢᠷᠭᠠᠯ᠂ᠴᠢᠯᠦᠭᠡᠲᠦ ᠪᠥᠬᠡ ᠶᠢᠨ ᠠᠽᠢᠶ᠎ᠠ ᠲᠢᠪ ᠦᠨ ᠠᠪᠤᠷᠭᠤ᠂ ᠮᠣᠩᠭᠣᠯ ᠤᠯᠤᠰ ᠶᠢᠨ 5 ᠤᠳᠠᠭ᠎ᠠ ᠶᠢᠨ ᠠᠪᠤᠷᠭᠤ᠂ ᠠᠶᠢᠮᠠᠭ ᠤᠨ ᠠᠷᠰᠯᠠᠨ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠨ᠃ᠪᠠᠶᠠᠷᠮᠠᠩᠨᠠᠢ᠂ ᠰᠠᠮᠪᠣ ᠪᠥᠬᠡ ᠶᠢᠨ ᠠᠽᠢᠶ᠎ᠠ ᠲᠢᠪ ᠦᠨ ᠠᠪᠤᠷᠭᠤ᠂ ᠵᠢᠦ᠋ᠳᠣ᠋ ᠪᠣᠯᠤᠨ ᠰᠠᠮᠪᠣ ᠪᠥᠬᠡ ᠶᠢᠨ ᠤᠯᠤᠰ ᠤᠨ ᠠᠪᠤᠷᠭᠤ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠳ᠃ᠰᠡᠷᠡᠩᠳᠤᠯᠮ᠎ᠠ᠂ ᠵᠢᠦ᠋ᠳᠣ᠋ ᠪᠥᠬᠡ ᠶᠢᠨ ᠮᠣᠩᠭᠣᠯ ᠤᠯᠤᠰ ᠶᠢᠨ 2 ᠤᠳᠠᠭ᠎ᠠ ᠶᠢᠨ ᠠᠪᠤᠷᠭᠤ᠂ ᠵᠢᠦ᠋ᠳᠣ᠋ ᠪᠥᠬᠡ ᠶᠢᠨ ᠳᠡᠯᠡᠬᠡᠢ ᠶᠢᠨ ᠴᠣᠮᠣ ᠶᠢᠨ 2 ᠬᠦᠷᠡᠯ ᠮᠧᠳᠠᠯ ᠳᠤ᠂ᠣᠯᠠᠨ ᠤᠯᠤᠰ ᠤᠨ ᠬᠡᠮᠵᠢᠶᠡᠨ ᠦ ᠮᠠᠰᠲ᠋ᠸᠷ᠂ ᠤᠯᠤᠰ ᠤᠨ ᠠᠷᠰᠯᠠᠨ ᠨ᠃ᠪᠠᠲᠤᠰᠠᠭᠤᠷᠢ᠂ ᠠᠶᠢᠮᠠᠭ ᠤᠨ ᠠᠷᠰᠯᠠᠨ᠎ᠠ᠃ᠲᠡᠰᠡᠬᠦ᠂ ᠵ᠃ᠣᠳᠬᠣᠨ᠂ СТА, ᠨᠢᠰᠪᠠᠨᠨᠢᠰ ᠬᠠᠮᠲᠤᠯᠢᠭ ᠤᠨ ᠠᠬᠠᠯᠠᠭᠴᠢ ᠯᠠ᠃ᠡᠩᠬᠡ-ᠠᠮᠤᠭᠤᠯᠠᠩ᠂ ᠤᠪᠰᠤ ᠠᠶᠢᠮᠠᠭ ᠤᠨ ᠪᠣᠯᠪᠠᠰᠤᠷᠠᠯ ᠤᠨ ᠬᠡᠯᠲᠡᠰ ᠦᠨ ᠳᠠᠷᠤᠭ᠎ᠠ ᠢ᠃ᠨᠣᠣᠰᠣᠭᠣᠢ᠂ ᠰᠠᠩᠬᠦᠦ ᠬᠡᠯᠲᠡᠰ ᠦᠨ ᠳᠠᠷᠤᠭ᠎ᠠ᠂ МБ ᠍ ᠤ ᠵᠠᠬᠢᠷᠤᠯ ᠮ᠃ᠰᠠᠷᠠᠯ᠂ ᠠᠷᠤᠬᠠᠩᠭᠠᠢ᠂ ᠤᠪᠰ᠂ ᠳᠠᠷᠬᠠᠨ-ᠠᠭᠤᠯᠠ ᠠᠶᠢᠮᠠᠭ ᠤᠨ ᠴᠠᠭᠳᠠᠭ᠎ᠠ ᠶᠢᠨ ᠭᠠᠵᠠᠷ ᠤᠨ ᠳᠠᠷᠤᠭ᠎ᠠ ᠬᠤᠷᠠᠨᠳᠠ ᠴ᠃ᠨᠠᠮᠰᠠᠷᠠᠶᠢᠵᠠᠪ᠂ ᠲᠦᠯᠡᠰᠢ ᠡᠷᠴᠢᠮ ᠬᠦᠴᠦᠨ ᠦ ᠶᠠᠮᠤ ᠤ ᠬᠡᠯᠲᠡᠰ ᠦᠨ ᠳᠠᠷᠤᠭ᠎ᠠ᠂ ᠮᠣᠩᠭᠣᠯ ᠤᠯᠤᠰ ᠤᠨ ᠵᠥᠪᠯᠡᠬᠦ ᠢᠨᠵᠧᠨᠧᠷ ᠵ᠃ᠴᠡᠭᠡᠯᠢᠶᠢᠰᠦ᠋ᠷᠦᠩ᠂ ТЕГ ᠍ ᠤᠨ ᠬᠡᠯᠲᠡᠰ ᠦᠨ ᠳᠠᠷᠤᠭ᠎ᠠ᠎ᠡ᠃ᠭᠦᠨᠴᠢᠨ᠂ ᠡᠷᠡᠭᠦᠯ ᠮᠡᠨᠳᠦ ᠶᠢᠨ ᠶᠠᠮᠤ ᠤ ᠬᠡᠯᠲᠡᠰ ᠦᠨ ᠳᠠᠷᠤᠭ᠎ᠠ ᠷ᠃ᠭᠣᠮᠪᠣᠵᠠᠪ᠂ УБЕХорооны(ᠣᠳᠣ ᠶᠢᠨ ᠮᠣᠩᠭᠣᠯᠪᠠᠩᠬᠢ) ᠬᠡᠯᠲᠡᠰ ᠦᠨ ᠳᠠᠷᠤᠭ᠎ᠠ ᠰ᠃ᠪᠤᠯᠠᠭᠠᠨ᠃ ᠲᠤᠰ ᠰᠤᠮᠤ ᠠᠴᠠ ᠴᠡᠷᠢᠭ᠂ ᠴᠠᠭᠳᠠᠭ᠎ᠠ ᠶᠢᠨ 23 ᠬᠤᠷᠠᠨᠳᠠ ᠲᠦᠷᠦᠭᠰᠡᠨ ᠣᠨᠴᠠᠯᠢᠭ ᠲᠠᠢ ᠰᠤᠮᠤ᠃

ᠰᠤᠮᠤ ᠶᠢᠨ ᠥᠨᠥ ᠶᠢᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠬ᠎ᠠ ᠵᠡᠭᠡᠯᠢ ᠶᠢᠨ ᠨᠡᠶᠢᠭᠡᠮ ᠳᠦ ᠰᠢᠯᠵᠢᠭᠰᠡᠨ ᠡᠴᠡ ᠬᠣᠶᠢᠰᠢ ᠤᠯᠤᠰ ᠣᠷᠣᠨ ᠳᠠᠶᠠᠭᠠᠷ ᠪᠤᠢ ᠪᠣᠯᠤᠭᠰᠠᠨ ᠲᠥᠪ ᠦᠨ ᠪᠥᠰᠡ ᠷᠦᠦ ᠰᠢᠯᠵᠢᠬᠦ ᠶᠡᠬᠡ ᠨᠡᠭᠦᠳᠡᠯ ᠲᠤᠰ ᠰᠤᠮᠤ ᠶᠢ ᠮᠥᠨ ᠯᠠ ᠳᠠᠭᠠᠷᠢᠵᠤ ᠲᠤᠰ ᠰᠤᠮᠤ ᠶᠢᠨ ᠢᠷᠭᠡᠳ ᠤᠯᠠᠭᠠᠨᠪᠠᠭᠠᠲᠤᠷ᠂ ᠳᠠᠷᠬᠠᠨ᠂ ᠡᠷᠳᠡᠨᠢᠲᠦ ᠬᠣᠲᠠ ᠨᠤᠭᠤᠳ ᠪᠣᠯᠤᠨ ᠲᠥᠪ᠂ ᠰᠡᠯᠡᠩᠭᠡ ᠠᠶᠢᠮᠠᠭ ᠤᠨ ᠰᠤᠮᠤᠳ ᠲᠤ ᠣᠯᠠᠨ ᠢᠶᠠᠷ ᠢᠶᠠᠨ ᠰᠢᠯᠵᠢᠨ ᠰᠠᠭᠤᠷᠢᠰᠢᠭᠠᠳ ᠪᠠᠶᠢᠨ᠎ᠠ᠃ ᠭᠡᠬᠦ ᠳᠦ ᠪᠡᠨ ᠰᠡᠭᠦᠯ ᠦᠨ ᠵᠢᠯ ᠤᠨᠳ ᠲᠤ ᠰᠤᠮᠤ ᠶᠢᠨ ᠬᠥᠭᠵᠢᠯᠳᠦ ᠠᠬᠢᠴᠠ ᠭᠠᠷᠴᠤ᠂ 24 ᠴᠠᠭ ᠤᠨ ᠡᠷᠴᠢᠮ ᠬᠦᠴᠦᠲᠡᠢ᠂ ᠭᠠᠷ ᠤᠲᠠᠰᠤᠨ ᠤ ᠳᠡᠳ᠋ ᠪᠦᠲᠦᠴᠡ᠂ ᠰᠢᠯᠢᠨ ᠺᠠᠪᠧᠯ ᠣᠷᠣᠭᠰᠠᠨ᠂ ᠰᠤᠮᠤ ᠣᠷᠣᠨ ᠨᠤᠲᠤᠭ ᠤᠨ ᠪᠠᠷᠢᠯᠭ᠎ᠠ ᠨᠤᠭᠤᠳ ᠢ ᠰᠢᠨᠡᠴᠢᠯᠡᠵᠦ ᠵᠠᠰᠠᠪᠤᠷᠢᠯᠠᠭᠰᠠᠨ᠂ ᠲᠥᠷᠥ ᠵᠠᠰᠠᠭ ᠠᠴᠠ ᠠᠯᠤᠰᠯᠠᠭᠳᠠᠭᠰᠠᠨ ᠪᠥᠰᠡ ᠨᠤᠲᠤᠭ ᠲᠤ ᠵᠥᠪ ᠪᠣᠳᠣᠯᠭ᠎ᠠ ᠪᠠᠷᠢᠵᠤ ᠠᠵᠢᠯᠯᠠᠵᠤ ᠡᠬᠢᠯᠡᠭᠰᠡᠨ ᠨᠢ ᠨᠡᠭᠦᠳᠡᠯ ᠢ ᠰᠠᠭᠠᠷᠠᠭᠤᠯᠵᠤ ᠪᠠᠶᠢᠨ᠎ᠠ᠃ ᠮᠠᠯ ᠰᠦᠷᠦᠭ ᠥᠰᠴᠢ᠂ ᠢᠰᠡᠭᠡᠶᠢᠨ ᠦ᠂ ᠵᠢᠭᠠᠰᠤᠨ ᠤ ᠭᠡᠬᠦ ᠮᠡᠲᠦ ᠵᠢᠵᠢᠭ ᠦᠢᠯᠡᠳᠪᠦᠷᠢ ᠨᠦᠭᠦᠳ ᠪᠤᠢ ᠪᠣᠯᠵᠤ᠂ ᠴᠢᠴᠠᠷᠭᠠᠨ᠎ᠠ᠂ ᠬᠦᠨᠡᠰᠦᠨ ᠦ ᠨᠣᠭᠣᠭ᠎ᠠ ᠲᠠᠷᠢᠳᠠᠭ ᠡᠷᠦᠬᠡ ᠶᠢᠨ ᠲᠣᠭ᠎ᠠ ᠡᠷᠡᠰ ᠶᠡᠬᠡᠰᠴᠢ ᠪᠠᠶᠢᠨ᠎ᠠ᠃

ᠰᠤᠮᠤ ᠮᠠᠨᠢ 2011 ᠣᠨ ᠳᠤ ᠤᠯᠤᠰ ᠤᠨ ᠲᠡᠷᠢᠭᠦᠨ ᠦ ᠰᠤᠮᠤ ᠪᠠᠷ᠂ ᠰᠤᠶᠤᠯ ᠤᠨ ᠲᠥᠪ 2012 ᠣᠨ ᠳᠤ ᠤᠯᠤᠰ ᠤᠨ ᠲᠡᠷᠢᠭᠦᠨ ᠦ ᠰᠤᠶᠤᠯ ᠤᠨ ᠲᠥᠪ ᠢᠶᠡᠷ ᠰᠢᠯᠭᠠᠷᠴᠢ᠂ ᠲᠥᠷᠥᠯᠬᠢ ᠨᠤᠲᠤᠭ ᠲᠤ ᠪᠠᠨ ᠪᠤᠢ ᠬᠣᠪᠳᠣᠴᠤᠳ ᠰᠡᠳᠬᠢᠯ ᠰᠠᠨᠠᠭ᠎ᠠ ᠥᠭᠡᠳᠡᠷᠡᠭ ᠢᠶᠡᠷ ᠠᠵᠢᠯᠯᠠᠵᠤ᠂ ᠠᠮᠢᠳᠤᠷᠠᠵᠠᠭᠠᠵᠤ ᠪᠠᠶᠢᠨ᠎ᠠ᠃2014 ᠣᠨ ᠤ 7 ᠍ ᠳᠦᠭᠡᠷ ᠰᠠᠷ᠎ᠠ ᠶᠢᠨ 26, 27 ᠨᠳ ᠰᠤᠮᠤ ᠶᠢᠨ ᠲᠡᠦᠬᠡᠲᠦ 90 ᠵᠢᠯ ᠦᠨ ᠣᠢ ᠶᠢᠨ ᠪᠠᠶᠠᠷ ᠨᠠᠭᠠᠳᠤᠮ ᠪᠣᠯᠤᠨ᠎ᠠ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. 1.0 1.1 1.2 ᠤᠪᠰᠤ ᠠᠶᠢᠮᠠᠭ ᠤᠨ ᠪᠦᠷᠢᠳᠭᠡᠯ ᠤᠨ ᠬᠡᠯᠲᠡᠰ᠃ «2012 ᠣᠨ ᠤ ᠵᠢᠯ ᠦᠨ ᠡᠮᠬᠢᠳᠬᠡᠯ».

ᠪᠢᠴᠢᠭᠡᠰᠦ