ᠬᠣᠪᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠬᠣᠪᠳᠣ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠬᠣᠪᠳᠣ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠬᠣᠪᠳᠣ ᠠᠶᠢᠮᠠᠭ
ᠠᠶᠢᠮᠠᠭ
ᠬᠠᠷ᠎ᠠ ᠨᠠᠭᠤᠷ ᠤᠨ ᠡᠷᠭᠢ

ᠰᠦᠯᠳᠡ ᠲᠤᠭ

ᠰᠦᠯᠳᠡ ᠲᠡᠮᠳᠡᠭ
ᠬᠣᠴᠢ: ︽ᠣᠯᠠᠨ ᠶᠠᠰᠤᠲᠠᠨ ᠤ ᠥᠯᠥᠭᠡᠢ︾
ᠮᠣᠩᠭᠣᠯ ᠣᠷᠣᠨ ᠳᠡᠬᠢ ᠬᠣᠪᠳᠣ ᠠᠶᠢᠮᠠᠭ
ᠤᠯᠤᠰ ᠣᠷᠣᠨ Flag of Mongolia.svg ᠮᠣᠩᠭᠣᠯ
ᠠᠶᠢᠮᠠᠭ ᠬᠣᠪᠳᠣ
ᠰᠤᠮᠤ (16) ᠨᠡᠷ᠎ᠡ ᠪᠦᠬᠦᠢ 16 ᠰᠤᠮᠤ
ᠭᠠᠵᠠᠷ ᠨᠤᠲᠤᠭ 76,060.38 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 76,869 ᠬᠦᠮᠦᠨ [1]
- ᠮᠣᠩᠭᠣᠯ ᠤᠯᠤᠰ ᠶᠢᠨ ᠢᠷᠭᠡᠨ 76,677 ᠬᠦᠮᠦᠨ (99.8%) [2]
ᠬᠦᠮᠦᠨ ᠠᠮᠠ (ᠲᠣᠭᠠᠴᠠ᠃) 2011 ᠣᠨ ᠳᠤ 82,333 ᠬᠦᠮᠦᠨ [3]
ᠨᠢᠭᠲᠠᠴᠠ ᠰᠡᠶᠢᠷᠡᠭ 2011 ᠣᠨ ᠳᠤ 1.26 ᠬᠦᠮᠦᠨ/км²
ᠠᠷᠠᠳ ᠲᠦᠮᠡᠨ ᠣᠶᠢᠷᠠᠳ ᠭᠣᠣᠯᠴᠠᠭᠤ ᠣᠯᠠᠨ ᠮᠣᠩᠭᠣᠯ᠂ ᠴᠥᠭᠡᠨ
ᠬᠠᠰᠠᠭ᠂ 2000 ᠣᠨ ᠤ ᠲᠣᠭᠠᠯᠠᠯᠭ᠎ᠠ ᠪᠠᠷ
27.4% - ᠬᠠᠯᠬ᠎ᠠ᠂ 24.9% - ᠵᠠᠬᠠᠴᠢᠨ
11.5% - ᠬᠠᠰᠠᠭ᠂ 8.1% - ᠲᠣᠷᠭᠤᠳ
7.9% - ᠤᠷᠢᠶᠠᠩᠬᠠᠢ᠂ 7.6% - ᠥᠭᠡᠯᠡᠳ ...
ᠨᠤᠲᠤᠭ ᠤᠨ ᠣᠯᠠᠨ ᠬᠣᠪᠳᠣ ᠶᠢᠨ ᠬᠢᠨ
1925-1931 ᠣᠨ ᠪᠠᠶᠠᠨᠴᠢᠨᠳᠠᠮᠠᠨᠢ ᠤᠤᠯ ᠤᠨ
ᠠᠶᠢᠮᠠᠭ ᠲᠤ ᠪᠠᠭᠳᠠᠵᠣ ᠪᠠᠶᠢᠪᠠ
1931 ᠣᠨ ᠬᠣᠪᠳᠣ ᠠᠶᠢᠮᠠᠭ ᠡᠭᠦᠰᠦᠭᠰᠡᠨ
ᠵᠠᠰᠠᠭ ᠳᠠᠷᠤᠭ᠎ᠠ ᠳᠠᠮᠳᠢᠨᠳᠣᠷᠵᠢ ᠶᠢᠨ
ᠰᠡᠸᠡᠩᠷᠠᠪᠳᠠᠨ (ᠠᠷᠠᠳᠴᠢᠯᠠᠭᠰᠠᠨ ᠨᠠᠮ)
ᠴᠠᠭ ᠤᠨ ᠪᠥᠰᠡ ᠬᠣᠪᠳᠣ ᠶᠢᠨ ᠴᠠᠭ (ГЦ+7)
ᠤᠲᠠᠰᠤᠨ ᠳ᠋ᠣᠭᠠᠷ +976 143
ᠰᠢᠤᠳᠠᠨ ᠳᠤᠭᠠᠷ 84000
ᠮᠠᠰᠢᠨ ᠤ ᠳ᠋ᠣᠭᠠᠷ ᠬᠣᠪᠳᠣ
ᠴᠠᠬᠢᠮ ᠭᠠᠵᠠᠷ khovd.gov.mn (ᠮᠣᠩᠭᠣᠯ ᠢᠶᠠᠷ)

ᠬᠣᠪᠳᠣ (ᠠᠶᠢᠮᠠᠭ) ᠨᠢ ᠮᠣᠩᠭᠣᠯ ᠤᠯᠤᠰ ᠍ ᠤᠨ ᠠᠶᠢᠮᠠᠭ ᠶᠤᠮ᠃ ᠠᠶᠢᠮᠠᠭ ᠤᠨ ᠲᠥᠪ ᠨᠢ ᠬᠣᠪᠳᠣ ᠬᠣᠲᠠ ᠤᠯᠠᠭᠠᠨᠪᠠᠭᠠᠲᠤᠷ ᠠᠴᠠ 1,580 ᠺᠢᠯᠣᠮᠧᠲ᠋ᠷ ᠦᠨ ᠵᠠᠢ ᠳᠤ ᠣᠷᠣᠰᠢᠳᠠᠭ᠃ ᠥᠨᠥ ᠶᠢᠨ ᠪᠠᠶᠢᠳᠠᠯ ᠢᠶᠠᠷ ᠬᠣᠪᠳᠣ ᠠᠶᠢᠮᠠᠭ ᠨᠢ 17 ᠰᠤᠮᠤ᠂ 91 ᠪᠠᠭ ᠲᠠᠢ᠂ ᠬᠦᠮᠦᠨ ᠠᠮᠠ 7.84 ᠍ᠲᠦᠮᠡ᠂ 2.00 ᠲᠦᠮᠡᠨ ᠡᠷᠦᠬᠡ ᠲᠡᠢ ᠵᠢᠯ ᠳᠦ ᠪᠡᠨ 91.6 ᠲᠡᠷᠪᠤᠮ ᠲᠥᠭᠥᠷᠢᠭ ᠦᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦᠢᠯᠡᠳᠪᠦᠷᠢᠯᠡᠵᠦ᠂ ᠨᠢᠭᠡ ᠬᠦᠮᠦᠨ ᠳᠦ ᠳᠤᠮᠳᠠᠴᠢ ᠪᠠᠷ 1.2 ᠰᠠᠶ᠎ᠠ ᠲᠥᠭᠥᠷᠢᠭ ᠪᠤᠶᠤ 1100 ᠭᠠᠷᠤᠢ ᠳ᠋ᠣᠯᠯᠠᠷ ᠨᠣᠭᠳᠠᠵᠤ ᠪᠠᠶᠢᠨ᠎ᠠ᠃ ᠠᠶᠢᠮᠠᠭ ᠤᠨ ᠡᠳ᠋ ᠍ ᠦᠨ ᠵᠠᠰᠠᠭ ᠤᠨ ᠭᠣᠣᠯ ᠰᠠᠯᠪᠤᠷᠢ ᠪᠣᠯᠬᠤ ᠬᠥᠳᠡᠭᠡ ᠠᠵᠤ ᠠᠬᠤᠢ ᠍ ᠦᠨ ᠰᠠᠯᠪᠤᠷᠢ ᠨᠢ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ ᠦᠢᠯᠡᠳᠪᠦᠷᠢᠯᠡᠯ ᠦᠨ 56.5 % ᠪᠤᠶᠤ 64.8 ᠲᠡᠷᠪᠤᠮ ᠲᠥᠭᠥᠷᠢᠭ ᠦᠨ ᠦᠢᠯᠡᠳᠪᠦᠷᠢᠯᠡᠯ ᠡᠵᠡᠯᠡᠵᠦ ᠪᠠᠶᠢᠨ᠎ᠠ᠃ 7320 ᠮᠠᠯᠴᠢᠨ ᠡᠷᠦᠬᠡ ᠮᠠᠯ ᠠᠵᠤ ᠠᠬᠤᠢ ᠶᠢᠨ ᠦᠢᠯᠡᠳᠪᠦᠷᠢᠯᠡᠯ ᠡᠷᠬᠢᠯᠡᠵᠦ 15269 ᠮᠠᠯᠴᠢᠳ ᠮᠠᠯ ᠠᠵᠤ ᠠᠬᠤᠢ ᠍ ᠦᠨ ᠰᠠᠯᠪᠤᠷᠢ ᠳᠤ ᠠᠵᠢᠯᠯᠠᠵᠤ ᠪᠠᠶᠢᠨ᠎ᠠ᠃ ᠶᠡᠷᠦᠩᠬᠡᠢ ᠪᠣᠯᠪᠠᠰᠤᠷᠠᠯ ᠤᠨ 23 ᠰᠤᠷᠭᠠᠭᠤᠯᠢ᠂ 27 ᠴᠡᠴᠡᠷᠯᠢᠭ ᠲᠦ 2.43 ᠲᠦᠮᠡᠨ ᠬᠡᠦᠬᠡᠳ᠂ ᠰᠤᠷᠤᠭᠴᠢᠳ ᠰᠤᠷᠤᠯᠴᠠᠵᠤ᠂ 1161 ᠰᠤᠷᠭᠠᠨ ᠬᠦᠮᠦᠵᠢᠭᠦᠯᠦᠭᠴᠢ ᠠᠵᠢᠯᠯᠠᠵᠤ ᠪᠠᠶᠢᠨ᠎ᠠ᠃ ᠬᠣᠪᠳᠣ ᠶᠡᠬᠡ ᠰᠤᠷᠭᠠᠭᠤᠯᠢ᠂ ᠬᠥᠭᠵᠢᠯ ᠫᠣᠯᠢᠲ᠋ᠧᠭᠨᠢᠭ ᠺᠣᠯᠯᠧᠵᠢ ᠳᠤ ᠨᠡᠶᠢᠲᠡ 300 ᠭᠠᠷᠤᠢ ᠪᠠᠭᠰᠢ ᠠᠵᠢᠯᠯᠠᠵᠤ᠂ 4000 ᠭᠠᠷᠤᠢ ᠣᠶᠤᠲᠠᠨ ᠰᠤᠷᠤᠯᠴᠠᠵᠤ ᠪᠠᠶᠢᠨ᠎ᠠ᠃

ᠬᠣᠪᠳᠣ ᠭᠡᠳᠡᠭ ᠨᠡᠷ᠎ᠡ ᠶᠢᠨ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠬᠣᠪᠣᠭᠣ ᠬᠣᠪᠢᠯ ᠬᠣᠲᠣᠭᠣᠷ ᠬᠥᠨᠳᠡᠢ ᠶᠢ ᠬᠣᠪᠳᠣ ᠭᠡᠨ᠎ᠡ᠃ ᠵᠢᠷᠦᠬᠡᠨ ᠦ ᠬᠣᠪᠳᠣ᠂ ᠬᠢᠲᠤᠭᠠᠨ ᠤ ᠬᠣᠪᠳᠣ᠂ ᠨᠢᠴᠦᠭᠦᠨ ᠬᠣᠪᠳᠣ ᠭᠡᠵᠦ ᠪᠠᠶᠢᠨ᠎ᠠ᠃ /ᠯ ∙ ᠲᠦᠳᠦᠪ/
  • ᠤᠷᠲᠤ ᠨᠠᠷᠢᠨ ᠶᠤᠮ ᠠᠭᠤᠯᠬᠤ ᠬᠠᠶᠢᠷᠴᠠᠭ᠂ ᠰᠠᠪᠠ᠂ ᠰᠤᠮᠤᠨ ᠤ ᠬᠣᠪᠳᠣ᠂ ᠮᠥᠩᠭᠥᠨ ᠦ ᠬᠣᠪᠳᠣ᠂ ᠬᠦᠴᠦᠨ ᠦ ᠬᠣᠪᠳᠣ ᠭᠡᠰᠡᠨ ᠦᠭᠡ᠃

ᠮᠠᠯ ᠤᠨ ᠨᠣᠣᠰᠣ ᠶᠢ ᠮᠤᠰᠬᠢᠵᠤ᠂ ᠬᠡᠰᠡᠭ ᠬᠡᠰᠡᠭ ᠢᠶᠡᠷ ᠨᠢ ᠡᠷᠴᠢᠯᠡᠭᠡᠳ ᠬᠠᠮᠲᠤᠳᠬᠠᠨ ᠨᠢᠭᠡ ᠤᠷᠲᠤ ᠮᠤᠰᠬᠢᠮᠠᠯ ᠨᠣᠣᠰᠣ ᠣᠷᠢᠶᠠᠵᠤ ᠬᠢᠭᠰᠡᠨ ᠪᠥᠭᠡᠮ ᠬᠡᠰᠡᠭ ᠢ ᠬᠣᠪᠳᠣ ᠤᠩᠭᠠᠰᠤ ᠭᠡᠨ᠎ᠡ᠃ /ᠶᠠ᠊ ∙ ᠴᠡᠪᠡᠯ ᠦᠨ ᠲᠣᠯᠢ ᠠᠴᠠ/

  • ᠠᠷᠪᠠᠨ ᠳᠤᠯᠤᠭᠠᠳᠤᠠᠷ ᠵᠠᠭᠤᠨ ᠤ ᠡᠴᠦᠰ᠂ ᠲᠡᠭᠦᠨ ᠡᠴᠡ ᠬᠣᠶᠢᠰᠢᠬᠢ ᠦᠶ᠎ᠡ ᠶᠢᠨ ᠰᠤᠷᠪᠤᠯᠵᠢ ᠪᠢᠴᠢᠭ ᠦᠳ᠂ ᠲᠤᠬᠠᠶᠢᠯᠠᠪᠠᠯ ᠵᠠᠶ᠎ᠠ ᠪᠠᠨᠳᠢᠳᠠ ᠶᠢᠨ ᠨᠠᠮᠲᠠᠷ ᠪᠠ ᠡᠩᠬᠡ-ᠠᠮᠤᠭᠤᠯᠠᠩ ᠬᠠᠭᠠᠨ ᠤ ᠪᠣᠳᠣᠯᠭ᠎ᠠ ᠶᠢᠨ ᠪᠢᠴᠢᠭ᠂ ᠵᠡᠭᠦᠨᠭᠠᠷ ᠤᠨ ᠪᠣᠳᠣᠯᠭ᠎ᠠ ᠶᠢᠨ ᠪᠢᠴᠢᠭ᠂ ᠭᠠᠯᠳᠠᠩ ᠤᠨ ᠡᠷᠳᠡᠨᠢ ᠶᠢᠨ ᠡᠷᠡᠬᠢ ᠵᠡᠷᠭᠡ ᠮᠣᠩᠭᠣᠯ᠂ ᠮᠠᠨᠵᠤ ᠰᠤᠷᠪᠤᠯᠵᠢ ᠳᠤ 《ᠬᠣᠪᠳᠣ ᠶᠢᠨ ᠭᠠᠵᠠᠷ》 ᠭᠡᠵᠦ ᠰᠢᠭᠤᠳ ᠲᠣᠪᠯᠠᠨ ᠨᠡᠷᠡᠯᠡᠵᠡᠢ᠃

ᠳᠡᠭᠡᠷ᠎ᠡ ᠳᠤᠷᠠᠳᠠᠰᠤᠨ ᠠᠴᠠ ᠬᠠᠷᠠᠬᠤ ᠳᠤ 《ᠬᠣᠪᠳᠣ》 ᠬᠡᠮᠡᠬᠦ ᠦᠭᠡ ᠭᠠᠵᠠᠷ ᠤᠰᠤᠨ ᠤ ᠨᠡᠷ᠎ᠡ ᠪᠣᠯᠵᠤ ᠬᠤᠪᠢᠷᠠᠭᠰᠠᠨ ᠨᠢ ᠠᠷᠪᠠᠨ ᠳᠤᠯᠤᠭᠠᠳᠤᠠᠷ ᠵᠠᠭᠤᠨ ᠤ ᠡᠴᠦᠰ ᠲᠦ ᠨᠣᠭᠳᠠᠬᠤ ᠪᠥᠭᠡᠳ ᠲᠡᠭᠦᠨ ᠡᠴᠡ ᠬᠣᠶᠢᠰᠢᠬᠢ ᠲᠡᠦᠬᠡ ᠶᠢᠨ ᠡᠬᠢ ᠰᠤᠷᠪᠤᠯᠵᠢ ᠳᠤ ᠡᠶᠢᠨᠬᠦᠦ ᠨᠡᠷᠡᠯᠡᠨ ᠳᠡᠯᠭᠡᠷᠡᠭᠦᠯᠦᠨ ᠪᠢᠴᠢᠭ ᠲᠦ ᠬᠢ ᠪᠣᠯᠵᠠᠢ᠃ /ᠳ ∙ ᠭᠣᠩᠭᠣᠷ. 《ᠬᠣᠪᠳᠣ ᠶᠢᠨ ᠬᠤᠷᠢᠶᠠᠩᠭᠤᠢ ᠲᠡᠦᠬᠡ ᠡᠴᠡ》/

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1755 ᠣᠨ ᠳᠤ ᠮᠠᠨᠵᠤ ᠨᠠᠷ ᠵᠡᠭᠦᠨᠭᠠᠷ ᠤᠨ ᠬᠠᠭᠠᠨᠲᠤ ᠤᠯᠤᠰ ᠢ ᠡᠵᠡᠯᠡᠵᠦ ᠠᠪᠤᠭᠰᠠᠨ ᠤ ᠳᠠᠷᠠᠭ᠎ᠠ ᠵᠡᠭᠦᠨᠭᠠᠷ ᠤᠨ ᠤᠯᠠᠮᠵᠢᠯᠠᠯᠲᠤ ᠵᠠᠰᠠᠭ ᠵᠠᠬᠢᠷᠭᠠᠨ ᠤ ᠬᠡᠯᠪᠡᠷᠢ ᠶᠢ ᠡᠪᠳᠡᠨ ᠮᠠᠨᠵᠤ ᠴᠢᠩ ᠤᠯᠤᠰ ᠤᠨ ᠬᠣᠪᠳᠣ ᠶᠢᠨ ᠬᠢᠵᠠᠭᠠᠷ ᠬᠡᠮᠡᠬᠦ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠶᠢ ᠪᠤᠢ ᠪᠣᠯᠭᠠᠵᠠᠢ᠃ ᠬᠣᠪᠳᠣ ᠬᠢᠵᠠᠭᠠᠷ ᠭᠡᠳᠡᠭ ᠲᠦ ᠳᠥᠷᠪᠡᠳ ᠦᠨ ᠨᠢᠭᠡ ᠴᠢᠭᠤᠯᠭᠠᠨ ᠬᠣᠶᠠᠷ ᠠᠶᠢᠮᠠᠭ᠂ 16 ᠬᠣᠰᠢᠭᠤ᠂ ᠲᠣᠷᠭᠤᠳ ᠤᠨ ᠴᠢᠭᠤᠯᠭᠠᠨ ᠭᠤᠷᠪᠠᠨ ᠬᠣᠰᠢᠭᠤ᠂ ᠠᠯᠲᠠᠢ ᠶᠢᠨ ᠤᠷᠢᠶᠠᠩᠬᠠᠢ ᠶᠢᠨ 7 ᠬᠣᠰᠢᠭᠤ᠂ ᠵᠠᠬᠠᠴᠢᠨ ᠤ ᠬᠣᠶᠠᠷ ᠬᠣᠰᠢᠭᠤ᠂ ᠥᠭᠡᠯᠡᠳ᠂ ᠮᠢᠩᠭᠠᠳ ᠤᠨ ᠨᠢᠭᠡ ᠨᠢᠭᠡ ᠬᠣᠰᠢᠭᠤ ᠲᠤᠰ ᠲᠤᠰ ᠪᠠᠭᠳᠠᠵᠣ ᠪᠠᠶᠢᠪᠠ᠃ ᠪᠣᠭᠳᠠ ᠬᠠᠭᠠᠨᠲᠤ ᠤᠯᠤᠰ ᠤᠨ ᠦᠶ᠎ᠡ ᠳᠦ ᠬᠣᠪᠳᠣ ᠶᠢᠨ ᠬᠢᠵᠠᠭᠠᠷ ᠨᠢ ᠮᠣᠩᠭᠣᠯ ᠤᠯᠤᠰ ᠤᠨ ᠵᠢᠷᠭᠤᠭᠠᠨ ᠠᠶᠢᠮᠠᠭ ᠤᠨ ᠬᠣᠶᠠᠷ ᠨᠢ ᠪᠣᠯᠵᠠᠢ᠃ ᠳᠥᠷᠪᠡᠳ ᠦᠨ ᠵᠡᠭᠦᠨ ᠭᠠᠷ ᠤᠨ ᠪᠠᠲᠤ-ᠢᠷᠦᠭᠡᠯᠲᠦ ᠲᠡᠭᠦᠰ ᠬᠦᠯᠦᠭ ᠳᠠᠯᠠᠶ ᠬᠠᠨ ᠠᠶᠢᠮᠠᠭ 12 ᠬᠣᠰᠢᠭᠤ ᠲᠠᠢ ᠬᠥᠪᠡᠭᠡᠲᠦ ᠴᠠᠭᠠᠨ ᠥᠩᠭᠡᠲᠦ ᠲᠤᠭ ᠲᠠᠢ᠂ ᠪᠠᠷᠠᠭᠤᠨ ᠭᠠᠷ ᠤᠨ ᠵᠣᠷᠢᠭᠲᠤ ᠬᠠᠨ ᠠᠶᠢᠮᠠᠭ ᠨᠢ 15 ᠬᠣᠰᠢᠭᠤ᠂ ᠬᠥᠪᠡᠭᠡᠲᠦ ᠰᠢᠷ᠎ᠠ ᠲᠤᠭ ᠲᠠᠢ ᠪᠠᠶᠢᠴᠠᠢ᠃ 1921 ᠣᠨ ᠤ ᠬᠤᠪᠢᠰᠬᠠᠯ ᠤᠨ ᠳᠠᠷᠠᠭ᠎ᠠ ᠪᠠᠷᠠᠭᠤᠨ ᠬᠢᠵᠠᠭᠠᠷ ᠤᠨ ᠠᠷᠤ ᠲᠦᠮᠡᠨ ᠦ ᠠᠩᠬᠠᠳᠤᠭᠠᠷ ᠬᠤᠷᠠᠯ 《ᠳᠥᠷᠪᠡᠳ》 ᠬᠡᠮᠡᠬᠦ ᠶᠠᠰᠤ ᠤᠭᠰᠠᠭ᠎ᠠ ᠪᠠᠷ ᠢᠯᠭᠠᠭ᠎ᠠ ᠲᠠᠢ ᠬᠠᠭᠤᠴᠢᠨ ᠨᠡᠷ᠎ᠡ ᠶᠢ ᠬᠠᠯᠠᠵᠤ᠂ ᠴᠢᠨᠳᠠᠮᠠᠨᠢ ᠤᠤᠯ ᠤᠨ ᠠᠶᠢᠮᠠᠭ ᠬᠡᠮᠡᠨ ᠨᠡᠷᠡᠯᠡᠬᠦ ᠪᠡᠷ ᠰᠢᠢᠳᠪᠦᠷᠢᠯᠡᠵᠡᠢ᠃ ᠡᠯ᠎ᠡ ᠠᠶᠢᠮᠠᠭ ᠲᠤ ᠴᠠᠮᠪᠠᠭᠠᠷᠠᠪᠠ ᠠᠭᠤᠯᠠ ᠶᠢᠨ᠂ ᠲᠡᠭᠦᠰ ᠪᠤᠶᠠᠨᠲᠤ ᠬᠠᠨ ᠠᠭᠤᠯᠠ ᠶᠢᠨ ᠂ ᠪᠠᠶᠠᠨ ᠴᠢᠨᠳᠠᠮᠤᠨᠢ ᠠᠭᠤᠯᠠ ᠶᠢᠨ᠂ ᠬᠠᠨᠪᠠᠭᠠᠲᠤᠷ ᠬᠠᠶᠢᠷᠬᠠᠨ ᠠᠭᠤᠯᠠ ᠶᠢᠨ 8 ᠬᠣᠰᠢᠭᠤ᠂ 41 ᠰᠤᠮᠤ᠂ 115 ᠪᠠᠭ ᠬᠠᠮᠤᠷᠤᠭᠳᠠᠵᠤ ᠪᠠᠶᠢᠪᠠ᠃ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠵᠠᠰᠠᠭ ᠤᠨ ᠭᠠᠵᠠᠷ ᠠᠴᠠ 1931 ᠣᠨ ᠤ 02 ᠳ᠋ᠤᠭᠠᠷ ᠰᠠᠷ᠎ᠠ ᠳᠤ ᠬᠤᠰᠢᠭᠤᠳ ᠢ ᠥᠭᠡᠷᠡᠴᠢᠯᠡᠵᠦ ᠡᠳ᠋ ᠍ ᠦᠨ ᠵᠠᠰᠠᠭ ᠤᠨ ᠲᠠᠯ᠎ᠠ ᠪᠠᠷ ᠠᠶᠢᠮᠠᠭᠴᠢᠯᠠᠬᠤ ᠬᠠᠤᠯᠢ ᠭᠠᠷᠭᠠᠵᠠᠢ᠃ ᠨᠤᠲᠤᠭ ᠳᠡᠪᠢᠰᠬᠡᠷ ᠢ ᠰᠢᠨᠡᠴᠢᠯᠡᠨ ᠠᠩᠭᠢᠯᠠᠬᠤ ᠲᠤᠬᠠᠢ ᠬᠠᠤᠯᠢ ᠶᠢ ᠪᠠᠷᠢᠮᠲᠠᠯᠠᠨ ᠴᠢᠨᠳᠠᠮᠤᠨᠢ ᠠᠭᠤᠯᠠ ᠶᠢᠨ ᠠᠶᠢᠮᠠᠭ ᠢ ᠬᠣᠪᠳᠣ᠂ ᠤᠪᠰᠤ ᠬᠣᠶᠠᠷ ᠠᠶᠢᠮᠠᠭ ᠪᠣᠯᠭᠠᠨ ᠪᠠᠶᠢᠭᠤᠯᠵᠠᠢ᠃ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠍ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ 1931 ᠣᠨ ᠤ 02 ᠳ᠋ᠤᠭᠠᠷ ᠰᠠᠷ᠎ᠠ ᠶᠢᠨ 07 ᠍ ᠤ ᠡᠳᠦᠷ ᠦᠨ 05 ᠳ᠋ᠤᠭᠠᠷ ᠬᠤᠷᠠᠯ ᠤᠨ ᠲᠣᠭᠲᠠᠭᠠᠯ ᠢᠶᠠᠷ ᠵᠢᠷᠭᠠᠯᠠᠩᠲᠤ ᠲᠥᠪ ᠲᠡᠢ ᠬᠣᠪᠳᠣ ᠠᠶᠢᠮᠠᠭ ᠢ ᠠᠯᠲᠠᠢ᠂ ᠠᠯᠲᠠᠨ ᠲᠡᠯ᠂ ᠮᠠᠩᠬᠠᠨ᠂ ᠦᠶᠡᠩᠴᠢ᠂ ᠪᠤᠯᠠᠭᠠᠨ᠂ ᠴᠠᠭᠠᠨᠪᠤᠯᠤᠩ (ᠮᠢᠩᠭᠠᠳᠤ)᠂ ᠪᠤᠶᠠᠨᠲᠤ᠂ ᠡᠷᠳᠡᠨᠢᠪᠦᠷᠡᠨ᠂ ᠳᠠᠷᠪᠢ᠂ ᠴᠢᠨᠳᠠᠮᠦᠨᠢ᠂ ᠬᠠᠶᠢᠷᠬᠠᠨ᠂ ᠴᠡᠴᠡᠭ᠂ ᠮᠥᠩᠬᠡ ᠬᠠᠶᠢᠷᠬᠠᠨ ᠭᠡᠰᠡᠨ 13 ᠰᠤᠮᠤ ᠲᠠᠢ ᠪᠠᠶᠢᠭᠤᠯᠵᠠᠢ᠃

ᠵᠠᠰᠠᠭ ᠵᠠᠬᠢᠷᠭᠠᠨ ᠤ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠪᠳᠣ ᠠᠶᠢᠮᠠᠭ ᠲᠤ 4 ᠬᠠᠯᠬ᠎ᠠ ᠰᠤᠮᠤ᠂ 1 ᠥᠭᠡᠯᠡᠳ᠂ 1 ᠲᠣᠷᠭᠤᠳ ᠰᠤᠮᠤ ᠪᠤᠢ᠃

ᠬᠣᠪᠳᠣ ᠠᠶᠢᠮᠠᠭ ᠤᠨ ᠰᠤᠮᠤ ᠤᠳ ᠤᠨ ᠬᠦᠮᠦᠨ ᠠᠮᠠ ᠶᠢᠨ ᠲᠣᠭᠠᠨ ᠤ ᠥᠭᠡᠷᠡᠴᠢᠯᠡᠯᠲᠡ (1969-2011)᠂ ᠭᠠᠵᠠᠷ ᠨᠤᠲᠤᠭ ᠤᠨ ᠬᠡᠮᠵᠢᠶ᠎ᠡ[4]
ᠨᠡᠷ᠎ᠡ ᠠᠶᠢᠮᠠᠭ ᠤᠨ ᠪᠦᠷᠢᠳᠭᠡᠯ ᠤᠨ ᠬᠡᠯᠲᠡᠰ ᠦᠨ ᠲᠣᠭᠠᠴᠠᠭᠰᠠᠨ ᠬᠦᠮᠦᠨ ᠠᠮᠠ ᠶᠢᠨ ᠲᠣᠭ᠎ᠠ ᠭᠠᠵᠠᠷ ᠨᠤᠲᠤᠭ
(км²)
ᠨᠢᠭᠲᠠᠴᠠ ᠰᠡᠶᠢᠷᠡᠭ
(ᠬᠦᠮᠦᠨ/км²)
ᠤᠭᠰᠠᠭᠠᠲᠠᠨ ᠤ ᠪᠦᠲᠦᠴᠡ
ᠰᠤᠮᠤ ᠲᠥᠪ ᠰᠠᠭᠤᠷᠢᠨ
(ᠬᠣᠲᠠ ᠶᠢ ᠲᠣᠳᠤ ᠪᠠᠷ)
1969 ᠣᠨ 1979 ᠣᠨ 1989 ᠣᠨ 2000 ᠣᠨ 2011 ᠣᠨ[3]
1 ᠠᠯᠲᠠᠢ ᠪᠣᠷᠣ-ᠦᠵᠦᠭᠦᠷ 1,700 2,141 2,312 3,234 3,127 13,144 ᠺᠦᠸᠠᠳ᠋ ᠺᠢᠯᠣᠮᠧᠲ᠋ᠷ 0.25
2 ᠪᠤᠯᠠᠭᠠᠨ ᠪᠦᠷᠢᠨᠬᠠᠶᠢᠷᠬᠠᠨ 6,955 7,052 8,279 9,374 9,266 8,104 ᠺᠦᠸᠠᠳ᠋ ᠺᠢᠯᠣᠮᠧᠲ᠋ᠷ 1.19 ᠭᠣᠣᠯᠴᠢᠯᠠᠨ ᠲᠣᠷᠭᠤᠳ
3 ᠪᠤᠶᠠᠨᠲᠤ ᠪᠤᠶᠠᠨᠲᠤ 1,965 3,361 3,611 3,362 2,875 3,759 ᠺᠦᠸᠠᠳ᠋ ᠺᠢᠯᠣᠮᠧᠲ᠋ᠷ 0.96
4 ᠳᠠᠷᠪᠢ ᠪᠤᠯᠠᠭᠠᠨ 1,896 2,402 2,540 3,061 2,710 5,604 ᠺᠦᠸᠠᠳ᠋ ᠺᠢᠯᠣᠮᠧᠲ᠋ᠷ 0.47 ᠭᠣᠣᠯᠴᠢᠯᠠᠨ ᠬᠠᠯᠬ᠎ᠠ
5 ᠳᠥᠷᠦᠭᠡᠨ ᠰᠡᠭᠡᠷ - 1,715 2,555 2,199 2,873 4,128 ᠺᠦᠸᠠᠳ᠋ ᠺᠢᠯᠣᠮᠧᠲ᠋ᠷ 0.73
6 ᠳᠠᠭᠤᠲᠤ ᠪᠣᠰᠬ᠎ᠠ 1,281 1,675 1,757 2,257 2,041 2,146 ᠺᠦᠸᠠᠳ᠋ ᠺᠢᠯᠣᠮᠧᠲ᠋ᠷ 0.98
7 ᠵᠢᠷᠭᠠᠯᠠᠩᠲᠤ ᠬᠣᠪᠳᠣ 10,728 17,620 24,146 26,418 27,538 70 ᠺᠦᠸᠠᠳ᠋ ᠺᠢᠯᠣᠮᠧᠲ᠋ᠷ 417.24
8 ᠵᠡᠷᠭᠡ ᠠᠯᠲᠠᠨᠲᠡᠯ 2,298 2,388 2,563 3,583 3,131 2,524 ᠺᠦᠸᠠᠳ᠋ ᠺᠢᠯᠣᠮᠧᠲ᠋ᠷ 1.23
9 ᠮᠠᠩᠬᠠᠨ ᠲᠥᠭᠥᠷᠢᠭ 3,273 3,273 3,752 5,042 4,004 4,330 ᠺᠦᠸᠠᠳ᠋ ᠺᠢᠯᠣᠮᠧᠲ᠋ᠷ 1.05
10 ᠮᠥᠩᠬᠡᠢᠬᠠᠶᠢᠷᠬᠠᠨ ᠴᠡᠩᠬᠡᠷ 1,248 1,811 2,085 2,673 2,225 2,554 ᠺᠦᠸᠠᠳ᠋ ᠺᠢᠯᠣᠮᠧᠲ᠋ᠷ 1.06
11 ᠮᠥᠰᠦᠲᠦ ᠤᠯᠠᠭᠠᠨᠲᠣᠯᠣᠭᠠᠢ 3,068 3,239 3,603 4,244 3,289 3,927 ᠺᠦᠸᠠᠳ᠋ ᠺᠢᠯᠣᠮᠧᠲ᠋ᠷ 0.91
12 ᠮᠢᠩᠭᠠᠳ ᠪᠠᠶᠠᠨᠬᠣᠰᠢᠭᠤ 4,087 2,940 3,621 4,015 3,541 3,258 ᠺᠦᠸᠠᠳ᠋ ᠺᠢᠯᠣᠮᠧᠲ᠋ᠷ 1.12
13 ᠦᠶᠡᠩᠴᠢ ᠬᠥᠬᠡ-ᠦᠵᠦᠭᠦᠷ 2,151 2,575 3,345 4,604 4,440 7,476 ᠺᠦᠸᠠᠳ᠋ ᠺᠢᠯᠣᠮᠧᠲ᠋ᠷ 0.64
14 ᠬᠣᠪᠳᠣ ᠳᠤᠮᠳᠠ-ᠤᠰᠤ 3,727 3,927 4,510 4,834 3,131 2,830 ᠺᠦᠸᠠᠳ᠋ ᠺᠢᠯᠣᠮᠧᠲ᠋ᠷ 1.63
15 ᠴᠢᠨᠳᠠᠮᠠᠨᠢ ᠤᠷᠳᠣᠭᠣᠯ 2,310 2,311 2,486 3,417 3,001 6,016 ᠺᠦᠸᠠᠳ᠋ ᠺᠢᠯᠣᠮᠧᠲ᠋ᠷ 0.52 ᠭᠣᠣᠯᠴᠢᠯᠠᠨ ᠬᠠᠯᠬ᠎ᠠ
16 ᠴᠡᠴᠡᠭ ᠴᠡᠴᠡᠭᠢᠨᠠᠭᠤᠷ 1,908 2,189 2,358 2,759 2,585 3,491 ᠺᠦᠸᠠᠳ᠋ ᠺᠢᠯᠣᠮᠧᠲ᠋ᠷ 0.72 ᠭᠣᠣᠯᠴᠢᠯᠠᠨ ᠬᠠᠯᠬ᠎ᠠ
17 ᠡᠷᠳᠡᠨᠢᠪᠦᠷᠡᠨ ᠬᠠᠷ᠎ᠠ-ᠤᠰᠤ 2,490 2,258 2,655 3,414 2,556 2,772 ᠺᠦᠸᠠᠳ᠋ ᠺᠢᠯᠣᠮᠧᠲ᠋ᠷ 1.22 ᠭᠣᠣᠯᠴᠢᠯᠠᠨ ᠥᠭᠡᠯᠡᠳ
ᠠᠶᠢᠮᠠᠭ ᠤᠨ ᠳ᠋ᠦᠩ 51,155 62,877 75,822 89,326 82,333 76,133 ᠺᠦᠸᠠᠳ᠋ ᠺᠢᠯᠣᠮᠧᠲ᠋ᠷ 1.22

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

Mongolia Khovd sum map.png
ᠬᠣᠪᠳᠣ ᠠᠶᠢᠮᠠᠭ ᠤᠨ ᠶᠠᠰᠤᠲᠠᠨ ᠤᠭᠰᠠᠭᠠᠲᠠᠨ ᠨᠤᠭᠤᠳ[5]
ᠶᠠᠰᠤᠲᠠᠨ ᠤᠭᠰᠠᠭᠠᠲᠠᠨ ᠡᠵᠡᠯᠡᠬᠦ ᠬᠤᠪᠢ
ᠬᠠᠯᠬ᠎ᠠ 24.7%
ᠵᠠᠬᠠᠴᠢᠨ 24.9%
ᠬᠠᠰᠠᠭ 11.5%
ᠲᠣᠷᠭᠤᠳ 8.1%
ᠤᠷᠢᠶᠠᠩᠬᠠᠢ 7.6%
ᠥᠭᠡᠯᠡᠳ 7.5%
ᠳᠥᠷᠪᠡᠳ 6.0%
ᠮᠢᠩᠭᠠᠳ 4.9%
ᠪᠤᠰᠤᠳ 2.0%

ᠡᠳᠡᠭᠡᠷ ᠶᠠᠰᠤᠲᠠᠨᠦᠨᠳᠦᠰᠦᠲᠡᠨ ᠨᠦᠭᠦᠳ ᠨᠢ ᠪᠦᠭᠦᠳᠡ ᠥᠪᠡᠷᠰᠡᠳ ᠦᠨ ᠤᠯᠠᠮᠵᠢᠯᠠᠯᠲᠤ ᠰᠠᠭᠤᠷᠢᠨ ᠭᠠᠵᠠᠷ᠂ ᠲᠡᠭᠦᠨ ᠦ ᠬᠡᠪ ᠮᠠᠶ᠋ᠢᠭ᠂ ᠤᠯᠠᠮᠵᠢᠯᠠᠯᠲᠤ ᠬᠤᠪᠴᠠᠰᠤ ᠵᠡᠷᠭᠡ ᠰᠤᠶᠤᠯ ᠤᠨ ᠢᠯᠭᠠᠭ᠎ᠠ ᠨᠤᠭᠤᠳ᠂ ᠮᠥᠨ ᠤᠷᠠᠨ ᠵᠣᠬᠢᠶᠠᠯ ᠤᠨ᠂ ᠤᠷᠠᠯᠢᠭ ᠤᠨ᠂ ᠳᠠᠭᠤᠤ ᠬᠥᠭᠵᠢᠮ ᠦᠨ ᠤᠯᠠᠮᠵᠢᠯᠠᠯ ᠤᠳ ᠲᠠᠢ ᠶᠤᠮ᠃ ᠬᠣᠪᠳᠣ ᠠᠶᠢᠮᠠᠭ ᠤᠨ ᠣᠯᠠᠨ ᠶᠠᠰᠤᠲᠠᠨ ᠢᠷᠭᠡᠳ ᠥᠪᠡᠷ ᠥᠪᠡᠷ ᠦᠨ ᠣᠨᠴᠠᠯᠢᠭ ᠠᠮᠠᠨ ᠠᠶᠠᠯᠠᠭ᠎ᠠ ᠪᠦᠬᠦᠢ ᠮᠣᠩᠭᠣᠯ ᠬᠡᠯᠡ ᠍ ᠪᠡᠷ ᠬᠠᠷᠢᠯᠴᠠᠬᠤ ᠪᠠ ᠵᠢᠷᠭᠠᠯᠠᠩᠲᠤ ᠰᠤᠮᠤ᠂ ᠬᠣᠪᠳᠣ ᠰᠤᠮᠤ᠂ ᠪᠤᠶᠠᠨᠲᠤ ᠰᠤᠮᠤ᠂ ᠪᠤᠯᠠᠭᠠᠨ ᠰᠤᠮᠤ ᠵᠡᠷᠭᠡ ᠵᠠᠷᠢᠮ ᠰᠤᠮᠤᠳ ᠲᠤ ᠣᠯᠠᠨ ᠢᠶᠠᠷ ᠰᠠᠭᠤᠷᠢᠰᠢᠭᠰᠠᠨ ᠬᠠᠰᠠᠭ ᠤᠳ ᠮᠣᠩᠭᠣᠯ ᠬᠡᠯᠡ ᠪᠠ ᠬᠠᠰᠠᠭ ᠬᠡᠯᠡ ᠍ ᠪᠡᠷ ᠬᠠᠷᠢᠯᠴᠠᠳᠠᠭ᠃

ᠬᠣᠪᠳᠣ ᠠᠶᠢᠮᠠᠭ ᠤᠨ ᠬᠦᠮᠦᠨ ᠠᠮᠠ ᠶᠢᠨ ᠥᠰᠦᠯᠲᠡ ᠨᠢ 1991 ᠣᠨ ᠳᠤ ᠵᠣᠭᠰᠣᠵᠠᠢ᠃ ᠡᠭᠦᠨ ᠦ ᠳᠠᠷᠠᠭ᠎ᠠ ᠠᠶᠢᠮᠠᠭ ᠠᠴᠠ ᠭᠠᠷᠬᠤ ᠬᠥᠳᠡᠯᠭᠡᠭᠡᠨ (1992-2004 ᠣᠨ ᠨᠤᠭᠤᠳ ᠲᠤ ᠣᠶᠢᠷᠠᠯᠴᠠᠭ᠎ᠠ ᠪᠠᠷ 20,000) ᠨᠢ ᠪᠠᠶᠢᠭᠠᠯᠢ ᠶᠢᠨ ᠥᠰᠦᠯᠲᠡ ᠶᠢ ᠪᠣᠯᠢᠭᠤᠯᠵᠤ ᠠᠶᠢᠮᠠᠭ ᠤᠨ ᠬᠦᠮᠦᠨ ᠠᠮᠠ ᠶᠢ 87,000 – 92,000 ᠪᠠᠶᠢᠯᠭᠠᠬᠤ ᠳᠤ ᠬᠦᠷᠴᠡᠢ᠃

ᠬᠣᠪᠳᠣ ᠠᠶᠢᠮᠠᠭ ᠤᠨ ᠬᠦᠮᠦᠨ ᠠᠮᠠ [6][7] [8][9]
1956
ᠣᠨ ᠤ ᠲᠣᠭᠠᠯᠠᠯ
1960
ᠣᠨ ᠤ ᠲᠣᠭᠠᠯᠠᠯ
1963
ᠣᠨ ᠤ ᠲᠣᠭᠠᠯᠠᠯ
1969
ᠣᠨ ᠤ ᠲᠣᠭᠠᠯᠠᠯ
1975
ᠣᠨ ᠤ ᠲᠣᠭᠠᠯᠠᠯ
1979
ᠣᠨ ᠤ ᠲᠣᠭᠠᠯᠠᠯ
1981
ᠣᠨ ᠤ ᠲᠣᠭᠠᠯᠠᠯ
1989
ᠣᠨ ᠤ ᠲᠣᠭᠠᠯᠠᠯ
1991
ᠣᠨ ᠤ ᠲᠣᠭᠠᠯᠠᠯ
1993
ᠣᠨ ᠤ ᠲᠣᠭᠠᠯᠠᠯ
1995
ᠣᠨ ᠤ ᠲᠣᠭᠠᠯᠠᠯ
1997
ᠣᠨ ᠤ ᠲᠣᠭᠠᠯᠠᠯ
1999
ᠣᠨ ᠤ ᠲᠣᠭᠠᠯᠠᠯ
2000
ᠣᠨ ᠤ ᠲᠣᠭᠠᠯᠠᠯ
2002
ᠣᠨ ᠤ ᠲᠣᠭᠠᠯᠠᠯ
2004
ᠣᠨ ᠤ ᠲᠣᠭᠠᠯᠠᠯ
42,300 48,000 47,300 54,000 59,200 62,600 64,500 86,831 89,365 87,171 88,494 91,339 91.490 89,326 89,664 91,770

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠪᠳᠣ ᠠᠶᠢᠮᠠᠭ ᠨᠢ ᠠᠯᠲᠠᠢ ᠶᠢᠨ ᠨᠢᠷᠤᠭᠤ ᠮᠣᠩᠭᠣᠯ ᠠᠯᠲᠠᠢ ᠶᠢᠨ ᠶᠡᠬᠡ ᠠᠭᠤᠯᠠᠰ ᠲᠤ ᠣᠷᠣᠰᠢᠨ᠎ᠠ᠂ ᠡᠨᠳᠡ ᠮᠥᠩᠬᠡᠢᠬᠠᠶᠢᠷᠬᠠᠨ᠂ ᠬᠥᠬᠡᠰᠦᠷᠬᠡ᠂ᠪᠠᠭᠠᠲᠤᠷ ᠬᠠᠶᠢᠷᠬᠠᠨ᠂ ᠮᠢᠩᠭᠠᠨ ᠤᠭᠠᠯᠵᠠᠲ ᠵᠡᠷᠭᠡ ᠲᠣᠮᠣ ᠠᠭᠤᠯᠠ ᠨᠤᠭᠤᠳ ᠪᠤᠢ ᠪᠥᠭᠡᠳ ᠠᠶᠢᠮᠠᠭ ᠤᠨ ᠨᠤᠲᠤᠭ ᠤᠨ 20 ᠣᠷᠴᠢᠮ ᠬᠤᠪᠢ ᠶᠢ ᠭᠣᠪᠢ ᠲᠠᠯ᠎ᠠ ᠡᠵᠡᠯᠡᠨ᠎ᠡ᠃ ᠠᠭᠤᠯᠠᠷᠬᠠᠭ ᠨᠤᠲᠤᠭ ᠢᠶᠠᠷ ᠺᠧᠮᠪᠷ ᠤᠨ ᠡᠮᠦᠨᠡᠬᠢ ᠦᠶ᠎ᠡ ᠶᠢᠨ ᠰᠠᠭᠤᠷᠢ ᠴᠢᠯᠠᠭᠤᠯᠢᠭ᠂ ᠨᠤᠲᠤᠭ ᠤᠨ ᠡᠮᠦᠨ᠎ᠡ ᠵᠠᠬ᠎ᠠ ᠪᠠᠷ ᠳᠥᠷᠪᠡᠳᠡᠭᠴᠢ ᠶᠢᠨ ᠬᠤᠷᠠᠳᠠᠰᠤ ᠲᠠᠷᠬᠠᠵᠠᠢ᠃ ᠨᠡᠭᠦᠷᠡᠰᠦ (ᠬᠥᠨᠳᠡᠯᠡᠨ)᠂ ᠭᠢᠨᠲᠠ ᠭᠠᠨᠠᠭᠤᠷ (ᠪᠣᠳᠣᠨᠴᠢ)᠂ ᠪᠣᠯᠣᠷ (ᠣᠣᠰᠢᠭ ᠤᠨ ᠤᠰᠤ᠂ ᠴᠠᠭᠠᠨᠲᠣᠯᠣᠭᠠᠢ) ᠪᠤᠢ ᠪᠥᠭᠡᠳ ᠪᠠᠷᠢᠯᠭ᠎ᠠ ᠶᠢᠨ ᠮᠠᠲ᠋ᠧᠷᠢᠶᠠᠯ ᠤᠨ ᠪᠠᠶᠠᠯᠢᠭ ᠪᠤᠢ᠃

ᠬᠣᠪᠳᠣ ᠠᠶᠢᠮᠠᠭ ᠤᠨ ᠨᠤᠲᠤᠭ ᠢᠶᠠᠷ ᠬᠣᠪᠳᠣ ᠭᠣᠣᠯ ᠂ ᠪᠤᠶᠠᠨᠲᠤ ᠭᠣᠣᠯ᠂ ᠪᠤᠯᠠᠭᠠᠨ ᠭᠣᠣᠯ᠂ ᠴᠢᠨᠤᠬᠠᠷᠠᠶᠢᠬᠤ ᠭᠣᠣᠯ᠂ ᠴᠡᠩᠬᠡᠷ ᠭᠣᠣᠯ ᠵᠡᠷᠭᠡ ᠲᠣᠮᠣ ᠭᠣᠣᠯ ᠤᠳ ᠤᠷᠤᠰᠬᠤ ᠪᠥᠭᠡᠳ ᠬᠠᠷ᠎ᠠ-ᠤᠰᠤ ᠨᠠᠭᠤᠷ᠂ ᠬᠠᠷ᠎ᠠ ᠨᠠᠭᠤᠷ᠂ ᠳᠥᠷᠦᠭᠡᠨ ᠨᠠᠭᠤᠷ᠂ ᠴᠡᠴᠡᠭ ᠨᠠᠭᠤᠷ ᠵᠡᠷᠭᠡ ᠲᠣᠮᠣ᠂ ᠵᠢᠵᠢᠭ ᠨᠠᠭᠤᠷ ᠤᠳ ᠣᠷᠣᠰᠢᠳᠠᠭ᠃ᠨᠡᠪᠲᠡ ᠶᠢᠨ ᠷᠠᠰᠢᠶᠠᠨ᠂ ᠪᠤᠯᠠᠭᠠᠨ ᠤ ᠷᠠᠰᠢᠶᠠᠨ᠂ ᠶᠡᠨᠳᠡᠷᠲᠦ ᠶᠢᠨ ᠷᠠᠰᠢᠶᠠᠨ ᠵᠡᠷᠭᠡ ᠷᠠᠰᠢᠶᠠᠨ ᠤᠰᠤ ᠣᠯᠠᠨ ᠪᠤᠢ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠥᠷ ᠠᠭᠤᠯᠠ ᠪᠠᠷ ᠬᠠᠳᠠ ᠠᠰᠬ᠎ᠠ᠂ ᠲᠠᠭ ᠤᠨ ᠪᠥᠰᠡ ᠶᠢᠨ ᠬᠥᠷᠥᠰᠥ᠂ ᠨᠤᠲᠤᠭ ᠤᠨ ᠬᠣᠶᠢᠳᠤ ᠬᠡᠰᠡᠭ ᠢᠶᠡᠷ ᠬᠡᠭᠡᠷ᠎ᠡ ᠶᠢᠨ ᠴᠠᠶᠢᠪᠤᠷ ᠬᠦᠷᠡᠩ ᠬᠥᠷᠥᠰᠥ᠂ ᠡᠮᠦᠨᠡᠲᠦ ᠬᠡᠰᠡᠭ ᠢᠶᠡᠷ ᠨᠢ ᠭᠣᠪᠢ ᠶᠢᠨ ᠰᠠᠷᠠᠯ ᠬᠥᠷᠥᠰᠥ ᠲᠠᠷᠬᠠᠵᠠᠢ᠃ ᠠᠭᠤᠯᠠᠷᠬᠠᠭ ᠨᠤᠲᠤᠭ ᠢᠶᠠᠷ ᠲᠠᠭ ᠤᠨ ᠪᠥᠰᠡ ᠶᠢᠨ ᠪᠠ ᠤᠤᠯ ᠤᠨ ᠬᠡᠭᠡᠷ᠎ᠡ ᠶᠢᠨ ᠤᠷᠭᠤᠮᠠᠯ᠂ ᠡᠮᠦᠨᠡᠲᠦ ᠬᠡᠰᠡᠭ ᠢᠶᠡᠷ ᠨᠢ ᠭᠣᠪᠢ ᠶᠢᠨ ᠤᠷᠭᠤᠮᠠᠯ ᠤᠷᠭᠤᠨ᠎ᠠ᠃ ᠳᠡᠯᠡᠬᠡᠢ ᠳᠦ ᠬᠣᠪᠣᠷᠳᠠᠭᠰᠠᠨ ᠬᠤᠯᠠᠨᠬᠠᠪᠲᠠᠭᠠᠢᠪᠥᠬᠥᠨ ᠂ᠠᠽᠢᠶ᠎ᠠ ᠶᠢᠨ ᠰᠢᠷ᠎ᠠ ᠮᠢᠨᠵᠢ ᠵᠡᠷᠭᠡ ᠣᠯᠠᠨ ᠠᠨ ᠠᠮᠢᠲᠠᠨ ᠠᠮᠢᠳᠤᠷᠠᠨ᠎ᠠ᠃ ᠡᠶᠢᠮᠦ ᠤᠴᠢᠷ ᠠᠴᠠ ᠪᠤᠯᠠᠭᠠᠨ ᠭᠣᠣᠯᠬᠥᠬᠡᠰᠦᠷᠬᠢᠨ ᠨᠢᠷᠤᠭᠤ ᠶᠢ ᠳᠠᠷᠬᠠᠯᠠᠨ ᠬᠠᠮᠠᠭᠠᠯᠠᠵᠠᠢ᠃

ᠬᠣᠪᠳᠣ ᠠᠶᠢᠮᠠᠭ ᠢᠮᠠᠭ᠎ᠠ ᠣᠯᠠᠨ ᠲᠠᠢ᠃ ᠠᠶᠢᠮᠠᠭ ᠤᠨ ᠣᠯᠠᠨ ᠰᠤᠮᠤᠨ ᠳᠤ ᠬᠦᠨᠡᠰᠦᠨ ᠦ ᠨᠣᠭᠣᠭ᠎ᠠ ᠲᠤᠬᠠᠶᠢᠯᠠᠪᠠᠯ ᠠᠮᠲᠠᠲᠤ ᠭᠤᠸᠠ᠂ ᠲᠠᠷᠪᠤᠰ ᠲᠠᠷᠢᠶᠠᠯᠠᠳᠠᠭ᠃ᠪᠤᠯᠠᠭᠠᠨ ᠰᠤᠮᠤᠨ ᠳᠤ ᠮᠣᠩᠭᠣᠯ ᠳᠤ ᠪᠠᠨ ᠬᠣᠪᠣᠷ ᠵᠢᠮᠢᠰ ᠲᠠᠷᠢᠶᠠᠯᠠᠳᠠᠭ ᠃ ᠬᠣᠪᠳᠣ ᠠᠶᠢᠮᠠᠭ ᠲᠤ ᠳᠤᠮᠳᠠᠳᠤ ᠤᠯᠤᠰ ᠤᠷᠤᠭᠤ ᠭᠠᠷᠬᠤ ᠬᠢᠯᠢ ᠶᠢᠨ ᠪᠣᠭᠣᠮᠲᠠ ᠶᠠᠷᠠᠨ ᠳᠤᠪᠠᠶᠢᠲᠤᠭ ᠬᠣᠶᠠᠷ ᠪᠤᠯᠠᠭᠠᠨ ᠰᠤᠮᠤᠨ ᠳᠤ ᠪᠠᠶᠢᠳᠠᠭ ᠶᠤᠮ᠃


ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠪᠳᠣ ᠨᠢ ᠮᠠᠰᠢ ᠡᠷᠡᠰ ᠲᠡᠰᠦ ᠠᠭᠤᠷ ᠠᠮᠢᠰᠬᠤᠯ ᠲᠠᠢ. ᠵᠤᠨ +40O</sup>C ᠬᠦᠷᠴᠦ ᠪᠠᠶᠢᠬᠤ ᠳᠤ ᠡᠪᠦᠯ -35O</sup>C ᠬᠦᠷᠡᠳᠡᠭ᠃ ᠠᠭᠤᠷ ᠠᠮᠢᠰᠬᠤᠯ ᠨᠢ ᠬᠠᠭᠤᠷᠠᠢ

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠪᠳᠣ ᠠᠶᠢᠮᠠᠭ ᠨᠢ ᠮᠣᠩᠭᠣᠯ ᠳᠤ ᠲᠠᠷᠪᠤᠰ ᠠᠭᠠᠷᠠᠭ᠎ᠠ ᠠᠯᠳᠠᠷᠰᠢᠭᠰᠠᠨ᠃ ᠬᠣᠪᠳᠣᠳ ᠳᠥᠷᠦᠭᠡᠨ ᠦ ᠤᠰᠤᠨ ᠴᠠᠬᠢᠯᠭᠠᠨ ᠰᠲ᠋ᠠᠨᠼ ᠍ ᠢ ᠪᠠᠷᠢᠵᠤ ᠳᠠᠭᠤᠰᠤᠭᠰᠠᠨ ᠪᠥᠭᠡᠳ ᠤᠪᠰᠤᠪᠠᠶᠠᠨ-ᠥᠯᠥᠭᠡᠢ᠂ ᠬᠣᠪᠳᠣ ᠠᠶᠢᠮᠠᠭ ᠤᠳ ᠢ ᠴᠠᠬᠢᠯᠭᠠᠨ ᠢᠶᠠᠷ ᠬᠠᠩᠭᠠᠵᠤ ᠪᠠᠶᠢᠭ᠎ᠠ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠪᠳᠣ ᠨᠢᠰᠬᠦ ᠪᠠᠭᠤᠳᠠᠯ (HVD/ZMKD) ᠨᠢ 2 ᠵᠤᠷᠪᠤᠰ ᠲᠠᠢ ᠪᠠ ᠡᠭᠦᠨ ᠦ ᠨᠢᠭᠡ ᠨᠢ ᠵᠠᠰᠠᠮᠠᠯ᠃ ᠤᠯᠠᠭᠠᠨᠪᠠᠭᠠᠲᠤᠷᠮᠥᠷᠡᠨᠪᠤᠯᠠᠭᠠᠨ ᠬᠣᠲᠠ ᠨᠤᠭᠤᠳ ᠷᠤ ᠨᠢᠰᠦᠯᠭᠡ ᠲᠡᠢ᠃

ᠠᠯᠳᠠᠷᠲᠠᠢ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠳᠡᠮᠲᠡᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠲᠥᠷᠥ᠂ ᠨᠡᠶᠢᠭᠡᠮ ᠤᠨ ᠵᠢᠳᠬᠦᠯᠲᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠷᠢᠭ ᠦᠨ ᠵᠢᠳᠬᠦᠯᠲᠡᠨ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯᠢᠭ ᠤᠨ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠭᠤᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠭᠵᠢᠮᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪ᠂ ᠠᠪᠤᠷᠢᠮᠡᠳ᠂ ᠲᠥᠷᠥ ᠶᠢᠨ ᠰᠣᠶᠣᠷᠬᠠᠯ ᠳᠤ ᠲᠤᠤᠯᠢᠴᠢ᠂ ᠮᠥᠩᠬᠡᠢᠬᠠᠶᠢᠷᠬᠠᠨ ᠰᠤᠮᠤ
  • ᠫ᠂ ᠨᠠᠷᠠᠨᠴᠣᠭ ᠲᠤ - ᠪᠠᠷᠠᠭᠤᠨ ᠮᠣᠩᠭᠣᠯ ᠤᠨ ᠠᠯᠳᠠᠷᠲᠤ ᠴᠤᠭᠤᠷᠴᠢ᠂ ᠳᠠᠭᠤᠲᠤ ᠰᠤᠮᠤ
  • ᠳ᠂ ᠰᠡᠷᠡᠩᠳᠠᠪᠠ᠂ ᠰᠤᠶᠤᠯ ᠤᠨ ᠭᠠᠪᠢᠶᠠᠲᠤ ᠵᠢᠳᠬᠦᠯᠲᠡᠨ᠂ ᠬᠥᠭᠡᠭᠡᠮᠡᠶᠢᠴᠢ᠂ ᠮᠠᠭᠲᠠᠭᠠᠯᠴᠢ
  • ᠫ᠂ ᠰᠡᠩᠭᠡᠳᠣᠷᠵᠢ᠂ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ᠂ ᠬᠥᠭᠡᠮᠡᠶᠢᠴᠢ

ᠬᠥᠭᠵᠢᠮ ᠦᠨ ᠵᠣᠬᠢᠶᠠᠯᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠵᠦᠭᠡᠴᠢᠨ᠂ ᠨᠠᠶᠢᠷᠠᠭᠤᠯᠤᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠣᠬᠢᠶᠠᠯᠴᠢ᠂ ᠢᠷᠠᠭᠤ ᠨᠠᠶᠢᠷᠠᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳ᠂ ᠰᠣᠳᠨᠠᠮ᠂ ᠠᠷᠠᠳ ᠠᠶᠤᠱᠢ ᠺᠢᠨᠣᠨ ᠤ ᠵᠣᠬᠢᠶᠠᠯᠴᠢ᠂ ᠳᠠᠷᠪᠢ ᠰᠤᠮᠤ
  • ᠮᠠᠨᠠᠯᠵᠠᠪ ᠤᠨ ᠲᠣᠭᠮᠢᠳ᠂ ᠮᠣᠩᠭᠣᠯ ᠤᠨ ᠨᠢᠭᠤᠴᠠ ᠲᠣᠪᠴᠢᠶ᠎ᠠ ᠤ ᠲᠤᠬᠠᠢ ᠵᠡᠷᠭᠡ ᠣᠯᠠᠨ ᠰᠤᠳᠤᠯᠭᠠᠨ ᠤ ᠥᠭᠦᠯᠡᠯ ᠪᠢᠴᠢᠵᠦ ᠮᠥᠨ 1993 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ᠂ ᠶᠠᠫᠣᠨ ᠤ NHK ᠲᠧᠯᠧᠸᠢᠰ ᠦᠨ ᠬᠠᠮᠲᠤᠷᠠᠨ ᠬᠢᠭᠰᠡᠨ "ᠮᠣᠩᠭᠣᠯ ᠤᠨ ᠶᠡᠬᠡ ᠭᠦᠷᠦᠨ" (Storm from the East) ᠪᠠᠷᠢᠮᠲᠠᠲᠤ ᠺᠢᠨᠣᠨ ᠤ ᠵᠣᠬᠢᠶᠠᠭᠴᠢ᠂ ᠵᠥᠪᠯᠡᠬᠦ ᠪᠡᠷ ᠠᠵᠢᠯᠯᠠᠵᠠᠢ᠂ ᠴᠢᠨᠳᠠᠮᠠᠨᠢ ᠰᠤᠮᠤ

ᠰᠫᠣᠷᠲ ᠤᠨ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠬᠣᠪᠳᠣ&oldid=474026》 ᠍  ᠡᠴᠡ ᠠᠪᠤᠭᠰᠠᠨ

ᠪᠢᠴᠢᠭᠡᠰᠦ