ᠬᠣᠩᠭᠢᠷᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠣᠩᠭᠢᠷᠠᠳ ᠨᠢ ᠢᠵᠠᠭᠤᠷ ᠤᠨ ᠮᠣᠩᠭᠣᠯ ᠠᠶᠢᠮᠠᠭ᠂ ᠳᠠᠷᠯᠢᠭᠢᠨ ᠮᠣᠩᠭᠣᠯᠴᠤᠳ ᠤᠨ ᠨᠢᠭᠡ ᠰᠠᠯᠪᠤᠷᠢ ᠶᠤᠮ᠃ ᠲᠡᠳᠡ ᠬᠥᠯᠥᠨᠪᠤᠶᠢᠷ ᠨᠠᠭᠤᠷ ᠍ ᠤᠨ ᠰᠠᠪᠠ ᠭᠠᠵᠠᠷ ᠢᠶᠠᠷ ᠨᠤᠲᠤᠭᠯᠠᠵᠤ ᠪᠠᠶᠢᠭᠰᠠᠨ ᠡᠷᠲᠡᠨ ᠦ ᠮᠣᠩᠭᠣᠯ ᠠᠶᠢᠮᠠᠭ᠃ ᠴᠢᠩᠭᠢᠰ ᠬᠠᠭᠠᠨᠢ ᠡᠬᠡᠨᠡᠷ ᠪᠥᠷᠲᠡ ᠦᠵᠢᠨ ᠨᠢ ᠬᠣᠩᠭᠢᠷᠠᠳ ᠤᠨ ᠳᠠᠢ ᠰᠡᠴᠡᠨ ᠦ ᠥᠬᠢᠨ ᠪᠣᠯᠤᠨ᠎ᠠ᠃ ᠮᠣᠩᠭᠣᠯ ᠤᠨ ᠬᠢᠶᠠᠳ ᠪᠣᠷᠵᠢᠭᠢᠨ (ᠠᠯᠲᠠᠨ ᠤᠷᠤᠭ ᠤᠨ ᠬᠢᠨ) ᠲᠡᠳᠦᠢ ᠦᠭᠡᠢ ᠣᠯᠠᠨ ᠮᠣᠩᠭᠣᠯ ᠣᠪᠤᠭ ᠠᠶᠢᠮᠠᠭ ᠬᠣᠩᠭᠢᠷᠠᠳ ᠠᠴᠠ ᠪᠡᠷᠢ ᠭᠤᠶᠤᠵᠤ/ᠪᠠᠭᠤᠯᠭᠠᠵᠤ ᠪᠠᠶᠢᠴᠠᠢ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠳ (ᠣᠢ ᠶᠢᠨ ᠠᠷᠠᠳ) ᠭᠡᠰᠡᠨ ᠲᠡᠢ ᠠᠳᠠᠯᠢ ᠬᠤᠩ ᠤᠨ ᠠᠷᠠᠳ - ᠬᠤᠩ ᠤᠨ ᠠᠷᠤ ᠳᠤ - ᠬᠤᠩ ᠦᠨᠷᠠᠳ - ᠬᠤᠩᠭᠡᠶᠢᠷ᠎ᠠ ᠳᠤ - ᠬᠤᠩᠭᠢᠷᠠᠳ - ᠬᠣᠩᠭᠢᠷᠠᠳ ᠭᠡᠵᠦ ᠡᠭᠦᠰᠦᠭᠰᠡᠨ ᠭᠡᠵᠦ ᠦᠵᠡᠳᠡᠭ᠃

ᠬᠣᠩᠭᠢᠷᠠᠳ ᠠᠶᠢᠮᠠᠭ ᠤᠨ ᠲᠣᠲ᠋ᠧᠮ ᠰᠢᠲᠦᠯᠭᠡ ᠨᠢ ᠬᠤᠨ ᠰᠢᠪᠠᠭᠤ ᠪᠥᠭᠡᠳ ᠲᠡᠳᠡ ᠥᠪᠡᠷᠰᠡᠳ ᠢ ᠪᠡᠨ ᠬᠤᠨ ᠰᠢᠪᠠᠭᠤᠨ ᠠᠴᠠ ᠡᠭᠦᠰᠦᠭᠰᠡᠨ ᠭᠡᠬᠦ ᠠᠯᠲᠠᠨᠴᠥᠭᠴᠥᠶᠢᠨ ᠳᠣᠮᠣᠭ ᠪᠠᠶᠢᠳᠠᠭ᠃ ᠵᠥᠷᠢᠯᠭᠡ ᠮᠡᠷᠭᠡᠨ ᠦ ᠦᠷ᠎ᠡ ᠰᠠᠳᠤ ᠪᠣᠯ ᠬᠣᠩᠭᠢᠷᠠᠳ ᠤᠳ᠃ ᠬᠣᠩᠭᠢᠷᠠᠳ ᠤᠳ ᠲᠠᠢ ᠨᠢᠭᠡ ᠭᠠᠷᠤᠯ ᠡᠭᠦᠰᠦᠯ ᠲᠡᠢ ᠣᠯᠠᠬᠠᠨ ᠨᠤᠭᠤᠳ᠂ ᠢᠬᠢᠷ ᠡᠴᠡ᠂ ᠬᠠᠷᠠᠩ ᠤᠳ᠂ ᠬᠣᠩᠬᠣᠯᠠᠭᠤᠲᠠ᠂ ᠡᠯᠵᠢᠭᠢᠨ᠂ ᠭᠣᠷᠯᠣᠰ᠂ ᠬᠢᠩᠭᠢᠶᠠᠳᠠᠢ ᠭᠡᠬᠦ ᠮᠡᠲᠦ ᠣᠯᠠᠨ ᠣᠪᠤᠭ ᠪᠤᠢ᠃

ᠡᠳᠦᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠭᠤᠨ ᠮᠣᠩᠭᠣᠯ᠂ ᠬᠠᠯᠬ᠎ᠠ ᠮᠣᠩᠭᠣᠯ᠂ ᠬᠢᠲᠠᠳ ᠤᠨ ᠭᠠᠩᠰᠦ ᠮᠤᠵᠢ᠂ ᠬᠠᠰᠠᠭᠰᠲ᠋ᠠᠨ ᠤ ᠪᠠᠭ᠎ᠠ ᠵᠤᠵᠠ᠂ ᠦᠽᠪᠧᠺᠢᠰᠲᠠᠨ ᠳᠤ ᠬᠣᠩᠭᠢᠷᠠᠳ ᠤᠳ ᠲᠠᠷᠬᠠᠨ ᠰᠠᠭᠤᠷᠢᠰᠢᠵᠠᠢ᠃

ᠪᠢᠴᠢᠭᠡᠰᠦ