ᠬᠣᠣᠷᠲᠤ ᠬᠠᠪᠤᠳᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠦᠬᠦ ᠡᠳ᠋ ᠡᠷᠬᠡᠲᠡᠨ ᠳᠦ ᠬᠠᠪᠤᠳᠠᠷ ᠡᠭᠦᠰᠴᠢ ᠪᠣᠯᠤᠨ᠎ᠠ᠃ ᠬᠦᠮᠦᠨ  ᠤ ᠪᠡᠶ᠎ᠡ ᠮᠠᠬᠠᠪᠤᠳ ᠮᠠᠰᠢ ᠣᠯᠠᠨ ᠲᠥᠷᠥᠯ ᠦᠨ ᠡᠳ᠋ ᠍ ᠡᠴᠡ ᠲᠣᠭᠲᠠᠬᠤ ᠪᠥᠭᠡᠳ ᠶᠠᠮᠠᠷ ᠡᠳ᠋ ᠍ ᠡᠴᠡ ᠡᠭᠦᠰᠦᠭᠰᠡᠨ ᠡᠴᠡ ᠰᠢᠯᠲᠠᠭᠠᠯᠠᠭᠠᠳ ᠬᠠᠪᠤᠳᠠᠷ ᠶᠠᠩᠵᠤ ᠪᠦᠷᠢ ᠪᠠᠶᠢᠳᠠᠭ᠃ ᠬᠦᠮᠦᠨ ᠦ ᠪᠡᠶ᠎ᠡ ᠶᠢᠨ ᠠᠯᠢ ᠨᠢᠭᠡ ᠬᠡᠰᠡᠭ ᠦᠨ ᠡᠰᠡ ᠬᠢᠨᠠᠯᠲᠠ ᠦᠭᠡᠢ ᠥᠰᠴᠦ᠂ ᠣᠯᠠᠰᠢᠷᠠᠭᠰᠠᠨ ᠢᠶᠠᠷ ᠬᠠᠪᠤᠳᠠᠷ ᠡᠭᠦᠰᠦᠨ᠎ᠡ᠃ ᠬᠣᠣᠷᠲᠤ ᠬᠠᠪᠤᠳᠠᠷ ᠢ ᠥᠮᠡᠨ ᠭᠡᠳᠡᠭ᠃ ᠬᠠᠪᠤᠳᠠᠷ ᠤᠨ ᠦᠶ᠎ᠡ ᠳᠦ ᠡᠰᠡ ᠶᠠᠮᠠᠷᠴᠤ ᠬᠢᠨᠠᠯᠲᠠ ᠦᠭᠡᠢ ᠦᠷᠡᠵᠢᠵᠦ᠂ ᠬᠤᠪᠢᠶᠠᠭᠳᠠᠨ ᠬᠡᠪ ᠦᠨ ᠡᠰ ᠦᠨ ᠣᠷᠣᠨ ᠳᠤ ᠭᠠᠵᠢ ᠡᠰ ᠦᠳ ᠡᠭᠦᠰᠦᠨ᠎ᠡ᠃ ᠡᠳᠡᠭᠡᠷ ᠭᠠᠵᠢ ᠡᠰ ᠦᠳ ᠨᠢ ᠬᠡᠪ ᠦᠨ ᠡᠰ ᠦᠨ ᠥᠰᠦᠯᠲᠡ ᠬᠥᠭᠵᠢᠯᠲᠡᠳ ᠱᠠᠭᠠᠷᠳᠠᠯᠭ᠎ᠠ ᠲᠠᠢ ᠴᠢᠰᠤᠨ ᠬᠠᠩᠭᠠᠮᠵᠢ᠂ ᠲᠡᠵᠢᠭᠡᠯ ᠦᠨ ᠪᠣᠳᠠᠰ ᠢ ᠪᠤᠯᠢᠶᠠᠯᠳᠤᠨ ᠲᠡᠵᠢᠭᠡᠭᠳᠡᠵᠦ ᠪᠠᠶᠢᠳᠠᠭ ᠲᠤᠯᠠ ᠬᠦᠮᠦᠨ ᠵᠢᠩᠭᠡᠨ ᠬᠤᠷᠳᠤᠨ ᠠᠯᠳᠠᠵᠤ ᠡᠬᠢᠯᠡᠨ᠎ᠡ᠃ ᠬᠠᠪᠤᠳᠠᠷ ᠤᠨ ᠡᠰ ᠪᠡᠶ᠎ᠡ ᠶᠢᠨ ᠪᠤᠰᠤᠳ ᠬᠡᠰᠡᠭ ᠦᠳ ᠢᠶᠡᠷ ᠲᠠᠷᠬᠠᠨ᠂ ᠬᠡᠪ ᠦᠨ ᠡᠰ ᠦᠳ ᠢ ᠭᠡᠮᠲᠦᠭᠡᠵᠦ᠂ ᠰᠢᠨ᠎ᠡ ᠭᠠᠵᠢ ᠡᠰ ᠦᠨ ᠤᠷᠭᠤᠯᠲᠠ ᠶᠢ ᠪᠤᠢ ᠪᠣᠯᠭᠠᠳᠠᠭ᠃ ᠡᠨᠡ ᠦᠢᠯᠡ ᠶᠠᠪᠤᠴᠠ ᠶᠢ ᠬᠠᠪᠤᠳᠠᠷ ᠤᠨ ᠦᠰᠦᠷᠬᠢᠯᠡᠯ (ᠮᠧᠲ᠋ᠠᠰᠲ᠋ᠠᠽ) ᠭᠡᠨ᠎ᠡ᠃ ᠬᠠᠪᠤᠳᠠᠷ ᠤᠨ ᠡᠰ ᠨᠢ ᠴᠢᠰᠤ ᠪᠠ ᠯᠢᠮᠹ ᠪᠤᠶᠤ ᠲᠤᠩᠭᠠᠯᠠᠭ ᠤᠨ ᠤᠷᠤᠰᠠᠬᠠᠯ ᠶᠢᠡᠷ ᠳᠠᠮᠵᠢᠨ ᠪᠡᠶ᠎ᠡ ᠶᠢᠨ ᠪᠤᠰᠤᠳ ᠬᠡᠰᠡᠭ ᠦᠳ ᠲᠦ ᠲᠠᠷᠬᠠᠳᠠᠭ᠃

ᠬᠠᠪᠤᠳᠠᠷ ᠤᠨ ᠡᠰ ᠥᠰᠴᠦ ᠣᠯᠠᠰᠢᠷᠠᠬᠤ ᠳᠤ ᠬᠦᠮᠦᠨ ᠦ ᠳᠠᠷᠬᠠᠯᠠᠭ᠎ᠠ ᠶᠢᠨ ᠲᠣᠭᠲᠠᠯᠴᠠᠭ᠎ᠠ ᠭᠣᠣᠯ ᠡᠭᠦᠷᠭᠡ ᠭᠦᠢᠴᠡᠳᠭᠡᠨ᠎ᠡ᠃ ᠳᠠᠷᠬᠠᠯᠠᠨ ᠤ ᠲᠣᠭᠲᠠᠯᠴᠠᠭ᠎ᠠ ᠬᠡᠪ ᠦᠨ ᠠᠵᠢᠯᠯᠠᠭ᠎ᠠ ᠲᠠᠢ ᠦᠶ᠎ᠡ ᠳᠦ ᠬᠠᠪᠤᠳᠠᠷ ᠤᠨ ᠡᠰ ᠢ ᠢᠯᠡᠷᠡᠭᠦᠯᠦᠨ ᠲᠤᠰᠠᠭᠠᠷᠯᠠᠵᠤ᠂ ᠤᠰᠠᠳᠬᠠᠵᠤ ᠪᠠᠶᠢᠳᠠᠭ᠃ ᠳᠠᠷᠬᠠᠯᠠᠨ ᠤ ᠲᠣᠭᠲᠠᠯᠴᠠᠭ᠎ᠠ ᠶᠠᠮᠠᠷ ᠨᠢᠭᠡ ᠰᠢᠯᠲᠠᠭᠠᠨ ᠤ ᠤᠯᠠᠮ ᠠᠴᠠ ᠭᠡᠮᠲᠦᠭᠰᠡᠨ᠂ ᠲᠤᠬᠠᠶᠢᠯᠠᠪᠠᠯ ᠳᠠᠷᠬᠠᠯᠠᠭ᠎ᠠ ᠳᠤᠲᠠᠯ ᠤᠨ ᠡᠪᠡᠳᠴᠢᠨ ᠢᠶᠡᠷ ᠡᠪᠡᠳᠦᠭᠰᠡᠨ᠂ ᠡᠷᠬᠡᠲᠡᠨ ᠰᠠᠭᠤᠯᠭᠠᠭᠰᠠᠨ᠂ ᠳᠠᠷᠬᠠᠯᠠᠭ᠎ᠠ ᠳᠠᠷᠤᠩᠭᠤᠶᠢᠯᠠᠬᠤ ᠦᠢᠯᠡᠴᠢᠯᠡᠭᠡ ᠲᠡᠢ ᠡᠮ ᠤᠤᠭᠤᠵᠤ ᠪᠠᠶᠢᠭ᠎ᠠ ᠵᠡᠷᠭᠡ ᠲᠣᠬᠢᠶᠠᠯᠳᠤᠯ ᠳᠤ ᠬᠠᠪᠤᠳᠠᠷᠲᠤ ᠥᠷᠢᠲᠥᠬᠦ ᠡᠷᠦᠰᠳᠡᠯ ᠨᠡᠮᠡᠭᠳᠡᠨ᠎ᠡ᠃ ᠬᠠᠪᠤᠳᠠᠷ ᠤᠨ ᠲᠥᠷᠥᠯ ᠪᠦᠷᠢ ᠬᠠᠷᠢᠯᠴᠠᠨ ᠠᠳᠠᠯᠢ ᠦᠭᠡᠢ ᠪᠠᠶᠢᠳᠠᠭ ᠪᠠᠶᠢᠨ᠎ᠠ᠃ᠵᠢᠱᠢᠶ ᠡ ᠤ ᠠᠭᠤᠰᠭᠢᠨ ᠤ ᠬᠣᠣᠷᠠᠲᠤ ᠬᠠᠪᠤᠳᠠᠷ᠂ᠬᠥᠬᠦᠨ ᠦ ᠬᠣᠣᠷᠲᠤ ᠬᠠᠪᠤᠳᠠᠷ ᠨᠢ ᠡᠰ ᠦᠨ ᠭᠠᠷᠤᠯ ᠡᠭᠦᠰᠦᠯ᠂ᠡᠮᠴᠢᠯᠡᠭᠡ ᠪᠡᠷ ᠢᠶᠡᠨ ᠢᠯᠭᠠᠭ᠎ᠠ ᠲᠠᠢ᠃ᠡᠶᠢᠮᠦ ᠳᠦ ᠬᠠᠪᠤᠳᠠᠷ ᠤᠨ ᠲᠥᠷᠥᠯ ᠡᠴᠡ ᠬᠠᠮᠢᠶᠠᠷᠴᠢ ᠡᠪᠡᠳᠴᠢᠲᠡᠨ ᠪᠦᠷᠢ ᠳᠦ ᠥᠪᠡᠮᠦᠴᠡ ᠡᠮᠴᠢᠯᠡᠭᠡ ᠱᠠᠭᠠᠷᠳᠠᠯᠭ᠎ᠠ ᠲᠠᠢ ᠪᠠᠶᠢᠳᠠᠭ᠃

ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠧᠽᠣᠺᠰᠢᠷᠢᠪᠨᠢᠺᠯᠧᠢᠨ ᠤ ᠬᠦᠴᠢᠯ ᠦᠨ (ᠳᠧᠽᠣᠺᠰᠢᠷᠢᠪᠨᠢᠺᠯᠧᠢᠨ ᠦ ᠬᠦᠴᠢᠯ) ᠪᠦᠲᠦᠴᠡ ᠶᠢᠨ ᠥᠭᠡᠷᠡᠴᠢᠯᠡᠯᠲᠡ ᠨᠢ ᠬᠡᠪ ᠦᠨ ᠡᠰ ᠢ ᠬᠠᠪᠤᠳᠠᠷ ᠤᠨ ᠡᠰ ᠲᠦ ᠬᠤᠪᠢᠷᠠᠭᠠᠳᠠᠭ᠃ ᠬᠠᠪᠤᠳᠠᠷ ᠤᠨ ᠮᠡᠳᠡᠭᠡᠯᠡᠯ ᠢ ᠠᠭᠤᠯᠠᠭᠰᠠᠨ ᠡᠨᠡᠬᠦ ᠳᠧᠽᠣᠺᠰᠢᠷᠢᠪᠨᠢᠺᠯᠧᠢᠨ ᠦ ᠬᠦᠴᠢᠯ ᠨᠢ ᠤᠳᠤᠮᠰᠢᠳᠠᠭ᠃ ᠳᠧᠽᠣᠺᠰᠢᠷᠢᠪᠨᠢᠺᠯᠧᠢᠨ ᠦ ᠬᠦᠴᠢᠯ ᠦᠨ ᠪᠦᠲᠦᠴᠡ ᠥᠭᠡᠷᠡᠴᠢᠯᠡᠭᠳᠡᠬᠦ ᠳᠦ ᠣᠷᠴᠢᠨ ᠤ ᠬᠣᠣᠷ ᠲᠠᠢ ᠨᠥᠯᠥᠭᠡ᠂ ᠲᠤᠬᠠᠶᠢᠯᠠᠪᠠᠯ: ᠬᠢᠮᠢ ᠶᠢᠨ ᠬᠣᠣᠷᠲᠤ ᠪᠣᠳᠠᠰ ᠤᠨ ᠦᠢᠯᠡᠴᠢᠯᠡᠯ᠂ᠰᠠᠴᠤᠷᠠᠭ ᠲᠤᠶᠠᠭ᠎ᠠᠸᠢᠷᠦᠰ ᠨᠥᠯᠦᠭᠡᠯᠡᠳᠡᠭ᠃ ᠬᠠᠪᠤᠳᠠᠷ ᠮᠠᠰᠢ ᠣᠯᠠᠨ ᠶᠠᠩᠵᠤ ᠶᠢᠨ ᠰᠢᠯᠲᠠᠭᠠᠨ᠂ ᠡᠷᠦᠰᠳᠡᠯ ᠳᠦ ᠬᠦᠴᠦᠨ ᠵᠦᠢᠯ ᠡᠴᠡ ᠬᠠᠮᠢᠶᠠᠷᠬᠤ ᠪᠥᠭᠡᠳ ᠣᠨᠣᠯ ᠤᠨ ᠰᠣᠨᠢᠷᠬᠠᠯ ᠲᠠᠲᠠᠭᠰᠠᠨ᠂ ᠰᠤᠳᠤᠯᠤᠭᠳᠠᠵᠤ ᠪᠤᠢ ᠠᠰᠠᠭᠤᠳᠠᠯ ᠶᠤᠮ᠃

ᠪᠢᠴᠢᠭᠡᠰᠦ