ᠬᠢᠷᠭᠢᠰ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠢᠷᠭᠢᠰ ᠦᠨᠳᠦᠰᠦᠲᠡᠨ(ᠬᠢᠷᠭᠢᠰ)
Kyrgyz people.png
ᠪᠢᠴᠢᠭ ᠦᠨ ᠨᠡᠷ᠎ᠡ1. ᠮᠣᠩᠭᠣᠯ ᠢᠶᠠᠷ ᠬᠢᠷᠭᠢᠰ — ᠬᠢᠷᠭᠢᠰ ᠦᠳ
2. ᠣᠷᠣᠰ ᠶᠢᠡᠷ ᠺᠢᠷᠭᠢᠽ — ᠺᠢᠷᠭᠢᠽᠢ ᠨᠦᠭᠦᠳ
3. ᠬᠢᠷᠭᠢᠰ ᠶᠢᠡᠷ ᠺᠤᠭᠤᠽ — ᠺᠤᠭᠤᠽ ᠨᠤᠭᠤᠳ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — ᠪᠠᠷᠤᠭ 460 ᠲᠦᠮᠡ᠃ ᠡᠭᠦᠨ ᠳᠤ :

ᠬᠢᠷᠭᠢᠰ ᠤᠯᠤᠰ ᠬᠢᠷᠭᠢᠰ400 ᠲᠦᠮᠡ (2012)[1]
ᠦᠽᠡᠪᠸᠺᠢᠰᠲᠠᠨ ᠤᠯᠤᠰ ᠦᠽᠡᠪᠸᠺᠢᠰᠲᠠᠨ — 25 ᠲᠦᠮᠡ (ᠪᠠᠭᠴᠠᠭ᠎ᠠ)[2]
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ — 18.7 ᠲᠦᠮᠡ (2010)[3]
ᠣᠷᠣᠰ ᠣᠷᠣᠰ — 10.3 ᠲᠦᠮᠡ (2010)[4][5]
Flag of Tajikistan.svg ᠲᠠᠵᠢᠺᠢᠰᠲᠠᠨ — 6.1 ᠲᠦᠮᠡ (2010)[6]

ᠬᠠᠰᠠᠭ ᠬᠠᠰᠠᠭ — 2.7 ᠲᠦᠮᠡ (2011)[7]
ᠬᠡᠯᠡ ᠠᠶᠠᠯᠭᠤᠬᠢᠷᠭᠢᠰ ᠬᠡᠯᠡᠣᠷᠣᠰ ᠬᠡᠯᠡ
ᠪᠢᠴᠢᠭ ᠦᠰᠦᠭᠺᠢᠷᠢᠯ ᠦᠰᠦᠭᠠᠷᠠᠪ ᠦᠰᠦᠭ
ᠰᠢᠲᠦᠯᠭᠡᠰᠤᠩᠨᠢ ᠳᠤ ᠳᠡᠭᠲᠡ ᠯᠠᠯᠤ ᠶᠢᠨ ᠱᠠᠰᠢᠨ
ᠲᠥᠷᠥᠯ ᠬᠣᠯᠪᠣᠭ᠎ᠠ
ᠣᠶᠢᠷ᠎ᠠ ᠲᠥᠷᠥᠯᠠᠯᠲᠠᠢ ᠶᠠᠰᠤᠲᠠᠨ᠂ ᠱᠣᠷᠣ᠂ ᠬᠠᠺᠠᠰ ᠶᠠᠰᠤᠲᠠᠨ
ᠬᠡᠯᠡ ᠤᠭᠰᠠᠭ᠎ᠠᠲᠦᠷᠦᠭ ᠤᠭᠰᠠᠭᠠᠲᠠᠨ (ᠲᠦᠷᠦᠭ ᠲᠥᠷᠥᠯ ᠦᠨ ᠬᠡᠯᠡᠲᠡᠨ)
ᠡᠪᠦᠭᠡ ᠳᠡᠭᠡᠳᠦᠰᠶᠡᠨᠢᠰᠧᠢᠨ ᠬᠢᠷᠭᠢᠰᠤᠰᠤᠨᠢ

ᠬᠢᠷᠭᠢᠰ ᠦᠨᠳᠦᠰᠦᠲᠡᠨ ᠨᠢ (ᠠᠩᠭᠯᠢ ᠪᠠᠷ Kyrgyzᠬᠢᠲᠠᠳ ᠢᠶᠠᠷ 吉尔吉斯族) ᠬᠢᠷᠭᠢᠰ ᠤᠯᠤᠰ ᠍ ᠤᠨ ᠦᠨᠳᠦᠰᠦᠨ ᠬᠦᠮᠦᠨ ᠠᠮᠠ ᠪᠠᠶᠢᠵᠤ᠂ ᠲᠦᠷᠦᠭ ᠤᠭᠰᠠᠭ᠎ᠠ ᠲᠠᠢ ᠠᠷᠠᠳ ᠲᠦᠮᠡᠨ ᠪᠢᠯᠡ᠃ ᠪᠦᠷᠢᠳᠬᠡᠯ ᠢ ᠦᠨᠳᠦᠰᠦᠯᠡᠪᠡᠯ᠂ ᠬᠢᠷᠭᠢᠰ ᠦᠨᠳᠦᠰᠦᠲᠡᠨ ᠤ ᠬᠦᠮᠦᠨ ᠠᠮᠠ ᠨᠢ ᠬᠢᠷᠭᠢᠰ ᠤᠯᠤᠰ ᠲᠤ ᠪᠠᠷᠤᠭ 400 ᠲᠦᠮᠡ ᠪᠠᠶᠢᠵᠤ᠂ ᠪᠠᠰᠠ ᠬᠠᠵᠠᠭᠤ ᠬᠠᠪᠢ ᠶᠢᠨ ᠬᠠᠭᠤᠴᠢᠨ ᠵᠦᠪᠯᠡᠯᠲᠦ ᠬᠤᠯᠪᠤᠭᠠᠲᠤ ᠤᠯᠤᠰ᠂ ᠵᠢᠱᠢᠶᠡᠯᠡᠪᠡᠯ᠂ ᠦᠽᠡᠪᠸᠺᠢᠰᠲᠠᠨᠣᠷᠣᠰᠲᠠᠵᠢᠺᠢᠰᠲᠠᠨ ᠪᠠ ᠳᠤᠮᠳᠠᠳᠤ ᠤᠯᠤᠰ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠵᠡᠷᠭᠡ ᠭᠠᠵᠠᠷ ᠶᠢᠡᠷ ᠬᠡᠳᠤᠨ ᠠᠷᠪᠠᠨ ᠲᠦᠮᠡᠨ ᠬᠦᠮᠦᠨ ᠠᠮᠠ ᠲᠠᠷᠬᠠᠨ ᠠᠮᠢᠳᠤᠷᠠᠵᠤ᠂ ᠪᠦᠭᠦᠲᠡ ᠨᠠᠶᠢᠷᠠᠮᠳᠠᠲᠤ ᠳᠤᠮᠳᠠᠳᠤ ᠠᠷᠠᠳ ᠤᠯᠤᠰ ᠤᠨ ᠬᠢᠯᠢ ᠳᠤ ᠤᠷᠤᠰᠢᠨ ᠰᠠᠭᠤᠭ᠎ ᠠ ᠭᠢᠷᠭᠢᠰᠴᠤᠳ ᠨᠢ ᠳᠤᠮᠳᠠᠳᠤ ᠤᠯᠤᠰ ᠤᠨ ᠍56 ᠦᠨᠳᠦᠰᠦᠲᠡᠨ ᠤ ᠨᠢᠭᠡᠨ ᠭᠡᠰᠢᠭᠦᠨ ᠨᠢ ᠪᠤᠯᠳᠠᠭ᠃ ᠲᠥᠷᠥᠯᠬᠢ ᠬᠢᠷᠭᠢᠰ ᠬᠡᠯᠡ ᠨᠢ ᠠᠯᠲᠠᠢ ᠢᠵᠠᠭᠤᠷ ᠤᠨ ᠲᠦᠷᠦᠭ ᠰᠠᠯᠪᠤᠷᠢ ᠶᠢᠨ ᠺᠤᠫᠴᠠᠺ ᠪᠦᠯᠦᠭ ᠲᠦ ᠬᠠᠮᠢᠶᠠᠷᠳᠠᠭ᠃

ᠨᠡᠷ  ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠦᠭᠡ ᠮᠣᠩᠭᠣᠯ ᠬᠡᠯᠡ ᠪᠡᠷ ᠮᠣᠩᠭᠣᠯ ᠤᠯᠤᠰ ᠲᠤ «ᠬᠢᠷᠭᠢᠰ»᠂ «ᠺᠢᠷᠭᠢᠽ»᠂ «ᠺᠤᠭᠤᠽ» ᠭᠡᠵᠦ ᠭᠤᠷᠪᠠᠨ ᠶᠠᠩᠵᠤ ᠪᠠᠷ ᠪᠢᠴᠢᠵᠦ ᠪᠠᠶᠢᠨ᠎ᠠ᠃ ᠬᠠᠮᠤᠭ ᠤᠨ ᠳᠡᠯᠭᠡᠷ ᠨᠢ ᠵᠥᠪᠯᠡᠯᠲᠦ ᠬᠣᠯᠪᠣᠭᠠᠲᠤ ᠤᠯᠤᠰ ᠍ ᠤᠨ ᠬᠣᠵᠢᠭᠤ ᠦᠶᠡᠰ ᠮᠣᠩᠭᠣᠯ ᠳᠤ ᠲᠠᠨᠢᠭᠳᠠᠭᠰᠠᠨ ᠺᠢᠷᠭᠢᠽᠬᠠᠰᠠᠭ» ᠍ ᠲᠠᠢ ᠠᠳᠠᠯᠢ ᠲᠣᠬᠢᠶᠠᠯᠳᠤᠯ) ᠪᠤᠯᠤᠨ᠎ ᠠ᠃ ᠬᠢᠷᠭᠢᠰ ᠢᠶᠡᠷ «ᠺᠤᠭᠤᠽ»᠂ «ᠴᠤᠭᠤᠽ» ᠭᠡᠵᠦ ᠪᠢᠴᠢᠭᠰᠡᠨ ᠨᠢ ᠣᠷᠣᠰ ᠢᠶᠠᠷ «ᠺᠢᠷᠭᠢᠽ»᠂ «ᠴᠢᠩᠭᠢᠽ»᠂ ᠮᠣᠩᠭᠣᠯ ᠢᠶᠠᠷ «ᠬᠢᠷᠭᠢᠰ»᠂ «ᠴᠢᠩᠭᠢᠰ» ᠭᠡᠵᠦ ᠪᠢᠴᠢᠬᠦ ᠵᠦᠢ ᠲᠣᠭᠲᠠᠯ ᠪᠠᠶᠢᠨ᠎ᠠ᠃ ᠮᠣᠩᠭᠣᠯ ᠤᠯᠤᠰ ᠤᠨ ᠠᠩᠬᠠᠨ ᠤ ᠲᠣᠮᠣᠬᠠᠨ ᠭᠡᠬᠦ ᠲᠣᠯᠢ ᠪᠢᠴᠢᠭ ( 1982 ᠣᠨ ᠤ) ᠲᠦ ᠬᠦᠮᠦᠨ ᠳᠤ ᠨᠢ «ᠬᠢᠷᠭᠢᠰ» ᠍ ᠢ᠂ ᠤᠯᠤᠰ ᠲᠤ ᠨᠢ «ᠺᠢᠷᠭᠢᠽ» ᠍ ᠢ ᠬᠠᠮᠢᠶᠠᠷᠤᠭᠤᠯᠤᠭᠰᠠᠨ ᠤᠳᠠᠭ᠎ ᠠ ᠲᠠᠢ᠃[8] ᠦᠪᠦᠷ ᠮᠤᠩᠭᠤᠯ ᠳᠤ ᠮᠣᠩᠭᠣᠯ ᠢᠶᠠᠷ «ᠬᠢᠷᠭᠢᠰ» (ᠬᠢᠷᠭᠢᠰ)᠂ ᠣᠷᠣᠰ ᠲᠤ ᠪᠤᠷᠢᠶᠠᠳ ᠢᠶᠠᠷ «ᠬᠢᠷᠭᠢᠰ»᠂ ᠬᠠᠯᠢᠮᠠᠭ ᠢᠶᠠᠷ «ᠪᠤᠷᠤᠳ» (ᠪᠤᠷᠤᠭᠤᠳᠤ) ᠭᠡᠵᠦ ᠪᠢᠴᠢᠳᠡᠭ ᠪᠣᠯᠪᠠᠴᠤ ᠳᠠᠪᠲᠠᠮᠵᠢ ᠴᠥᠭᠡᠨ ᠪᠠᠶᠢᠳᠠᠭ᠃ [9]

ᠢᠵᠠᠭᠤᠷ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠨᠢᠰᠧᠢᠨ ᠬᠢᠷᠭᠢᠰ ᠡᠴᠡ ᠭᠠᠷᠤᠯ ᠲᠠᠢ ᠭᠡᠳᠡᠭ ᠪᠤᠯᠪᠠᠴᠤ᠂ ᠶᠡᠨᠢᠰᠧᠢᠨ ᠬᠢᠷᠭᠢᠰ ᠡᠴᠡ ᠭᠠᠷᠤᠯ ᠲᠠᠢ ᠭᠡᠳᠡᠭ ᠨᠢ ᠪᠠᠲᠤᠯᠠᠭᠳᠠᠭᠰᠠᠨ ᠬᠠᠺᠠᠰ ᠶᠠᠰᠤᠲᠠᠳ ᠨᠢ ᠥᠪᠡᠷ ᠪᠤᠶᠤ ᠺᠢᠫᠴᠠᠺ ᠪᠦᠯᠦᠭ ᠦᠨ ᠬᠡᠯᠡ ᠪᠡᠷ ᠶᠠᠷᠢᠳᠠᠭ ᠤᠴᠢᠷ ᠡᠴᠡ ᠶᠡᠨᠢᠰᠧᠢᠨ ᠪᠤᠯᠤᠨ ᠬᠢᠷᠭᠢᠰ ᠨᠢ ᠬᠤᠭᠤᠷᠤᠨᠳᠤ ᠪᠠᠨ ᠬᠠᠷᠢᠴᠠᠭ᠎ ᠠ ᠬᠣᠯᠪᠣᠭ᠎ᠠ ᠦᠭᠡᠢ ᠪᠠᠶᠢᠵᠤ ᠪᠣᠯᠬᠤ ᠶᠤᠮ ᠭᠡᠰᠡᠨ ᠲᠠᠭᠠᠮᠠᠭ ᠪᠤᠢ᠃ ᠶᠡᠨᠢᠰᠧᠢᠨ ᠬᠢᠷᠭᠢᠰ ᠦᠳ ᠲᠥᠪ ᠠᠽᠢᠶ᠎ᠠᠡᠮᠦᠨᠡᠲᠦ ᠰᠢᠪᠸᠷᠢᠶ ᠠᠶᠡᠨᠢᠰᠧᠢ ᠮᠥᠷᠡᠨ ᠦ ᠳᠠᠭᠠᠤ ᠨᠤᠲᠤᠭ ᠢᠶᠠᠷ ᠨᠤᠲᠤᠭᠯᠠᠵᠤ ᠪᠠᠶᠢᠪᠠ᠃

ᠡᠷᠳᠡᠮᠲᠡᠳ 2000-3000 ᠵᠢᠯ ᠦᠨ ᠡᠮᠦᠨ᠎ᠡ ᠬᠢᠷᠭᠢᠰ ᠦᠳ ᠶᠡᠨᠢᠰᠧᠢ ᠮᠥᠷᠡᠨ ᠦ ᠳᠠᠭᠠᠤ ᠪᠤᠶᠤ ᠮᠢᠨᠦ᠋ᠰ ᠤᠨ ᠬᠣᠲᠣᠭᠣᠷ ᠲᠤ ᠡᠰᠡᠪᠡᠯ ᠮᠣᠩᠭᠣᠯ ᠤᠨ ᠪᠠᠷᠠᠭᠤᠨ ᠬᠣᠶᠢᠳᠤ ᠬᠡᠰᠡᠭ ᠬᠢᠷᠭᠠᠰ ᠨᠠᠭᠤᠷ ᠣᠷᠴᠢᠮ᠂ ᠮᠥᠨ ᠵᠦᠩᠭᠠᠷ ᠤᠨ ᠨᠤᠲᠤᠭ ᠲᠤ ᠪᠠᠶᠢᠭᠰᠠᠨ ᠭᠡᠰᠡᠨ ᠭᠤᠷᠪᠠᠨ ᠬᠤᠪᠢᠯᠪᠤᠷᠢ ᠳᠡᠪᠰᠢᠭᠦᠯᠳᠡᠭ ᠴᠤ ᠶᠡᠬᠡᠩᠬᠢ ᠲᠤᠭᠠᠨ ᠤ ᠡᠷᠳᠡᠮᠲᠡᠳ ᠮᠢᠨᠦ᠋ᠰ ᠤᠨ ᠬᠣᠲᠣᠭᠣᠷ ᠲᠤ ᠠᠩᠬᠠᠨ ᠠᠴᠠ ᠪᠠᠨ ᠪᠠᠶᠢᠭᠰᠠᠨ ᠭᠡᠵᠦ ᠦᠵᠡᠳᠡᠭ ᠪᠠᠶᠢᠨ᠎ᠠ᠃

ᠨᠢᠺᠣᠯᠠᠢ ᠭᠤᠰᠧᠢᠨᠠᠪ᠂ ᠬᠢᠷᠭᠢᠰᠴᠤᠳ ᠨᠢ ᠨᠢᠷᠤᠨᠴᠤᠳ ᠲᠤ ᠲᠦᠷᠢᠭᠳᠡᠨ ᠲᠠᠪᠤ᠂ ᠵᠢᠷᠭᠤᠳᠤᠭᠠᠷ ᠵᠠᠭᠤᠨ ᠤ ᠦᠶ᠎ᠡ ᠳᠦ ᠮᠢᠨᠦ᠋ᠰ ᠤᠨ ᠬᠣᠲᠣᠭᠣᠷ ᠲᠤ ᠨᠡᠭᠦᠨ ᠣᠴᠢᠭᠰᠠᠨ ᠭᠡᠵᠦ ᠦᠵᠡᠵᠡᠢ᠃[10]

ᠭᠡᠪᠡᠴᠦ ᠶᠡᠬᠡᠩᠬᠢ ᠲᠤᠭᠠᠨ ᠤ ᠡᠷᠳᠡᠮᠲᠡᠳ ᠲᠡᠳᠡᠨ ᠢ ᠾᠸᠩᠨᠦ᠂ ᠰᠢᠶᠠᠨᠪᠢ ᠶᠢᠨ ᠦᠶ᠎ᠡ ᠳᠦ ᠮᠢᠨᠦ᠋ᠰ ᠤᠨ ᠬᠣᠲᠣᠭᠣᠷ ᠲᠤ ᠲᠥᠪᠯᠡᠷᠡᠨ ᠰᠠᠭᠤᠷᠢᠰᠢᠵᠤ ᠪᠠᠶᠢᠭᠰᠠᠨ ᠭᠡᠵᠦ ᠦᠵᠡᠳᠡᠭ᠃

ᠶᠡᠨᠢᠰᠧᠢᠨ ᠬᠢᠷᠭᠢᠰ ᠦᠳ ᠬᠢᠳᠠᠨ ᠤᠯᠤᠰ ᠍ ᠤᠨ ᠵᠠᠬᠢᠷᠭᠠᠨ ᠳᠤ 20 ᠳ᠋ᠤᠭᠠᠷ ᠵᠠᠭᠤᠨ ᠤ ᠰᠡᠭᠦᠯ ᠦᠨ ᠬᠠᠭᠠᠰ ᠲᠤ ᠪᠠᠶᠢᠭᠰᠠᠨ ᠪᠠᠶᠢᠵᠤ ᠪᠣᠯᠬᠤ ᠶᠤᠮ᠃[10] ᠡᠨᠡ ᠦᠶ᠎ᠡ ᠳᠦ ᠬᠢᠷᠭᠢᠰ ᠦᠨ ᠬᠠᠭᠠᠨᠲᠤ ᠤᠯᠤᠰ ᠳᠣᠲᠣᠭᠠᠳᠤ ᠶᠢᠨ ᠵᠥᠷᠢᠴᠡᠯᠳᠦᠭᠡᠨ ᠦ ᠤᠯᠠᠮ ᠠᠴᠠ ᠬᠦᠴᠦ ᠨᠢ ᠰᠤᠯᠠᠷᠠᠭᠰᠠᠨ ᠪᠠᠶᠢᠪᠠ᠃[10] ᠠᠷᠪᠠᠨ ᠳᠦᠷᠪᠡ ᠲᠠᠪᠤᠳᠤᠭᠠᠷ ᠵᠠᠭᠤᠨ ᠤ ᠲᠤᠷᠰᠢᠳᠠ ᠵᠠᠷᠢᠮ ᠬᠢᠷᠭᠢᠰ ᠣᠳᠣ ᠶᠢᠨ ᠬᠢᠷᠭᠢᠰ ᠪᠤᠶᠤ ᠲᠩᠷᠢ ᠠᠭᠤᠯᠠ ᠶᠢᠨ ᠪᠠᠷᠠᠭᠤᠨ ᠬᠡᠰᠡᠭ ᠲᠦ ᠢᠷᠡᠭᠰᠡᠨ ᠪᠣᠯᠪᠠᠴᠤ ᠶᠡᠬᠡᠩᠬᠢ ᠬᠡᠰᠡᠭ ᠨᠢ ᠤᠷᠢᠳᠤ ᠶᠢᠨ ᠠᠳᠠᠯᠢ ᠮᠢᠨᠦ᠋ᠰ ᠤᠨ ᠬᠣᠲᠣᠭᠣᠷ ᠲᠤ ᠦᠯᠡᠳᠡᠵᠡᠢ᠃[10] ᠵᠠᠷᠢᠮ ᠡᠷᠳᠡᠮᠲᠡᠳ ᠦᠨ ᠦᠵᠡᠵᠦ ᠪᠠᠶᠢᠬᠤ ᠪᠠᠷ ᠲᠡᠳᠡᠨ ᠢ ᠶᠡᠨᠢᠰᠧᠢ ᠮᠥᠷᠡᠨ ᠡᠴᠡ ᠨᠡᠭᠦᠨ ᠢᠷᠡᠬᠦ ᠳᠦ ᠲᠩᠷᠢ ᠠᠭᠤᠯᠠ ᠶᠢᠨ ᠪᠠᠷᠠᠭᠤᠨ ᠬᠡᠰᠡᠭ ᠲᠦ ᠥᠭᠡᠷ᠎ᠡ ᠨᠢᠭᠡ ᠪᠦᠯᠦᠭ ᠬᠢᠷᠭᠢᠰ ᠬᠦᠮᠦᠰ ᠪᠠᠶᠢᠭᠰᠠᠨ ᠭᠡᠵᠦ ᠦᠵᠡᠳᠡᠭ ᠪᠠ ᠠᠷᠪᠠᠨ ᠨᠠᠶᠮᠠᠳᠤᠭᠠᠷ ᠵᠠᠭᠤᠨ ᠠᠴᠠ ᠡᠮᠦᠨ᠎ᠡ ᠬᠢᠷᠭᠢᠰ ᠣᠷᠣᠨ ᠳᠤ ᠬᠢᠷᠭᠢᠰ ᠦᠳ ᠬᠡᠵᠢᠶ᠎ᠡ᠂ ᠬᠡᠷᠬᠢᠨ ᠣᠴᠢᠭᠰᠠᠨ ᠨᠢ ᠲᠣᠳᠣᠷᠬᠠᠢ ᠦᠭᠡᠢ ᠪᠠᠶᠢᠳᠠᠭ᠃ ᠡᠳᠡᠭᠡᠷ ᠬᠢᠷᠭᠢᠰ ᠦᠳ ᠪᠡᠶ᠎ᠡ ᠪᠡᠶᠡᠨ ᠢᠶᠡᠨ ᠣᠭᠲᠣ ᠮᠡᠳᠡᠬᠦ ᠦᠭᠡᠢ ᠪᠠᠶᠢᠭᠰᠠᠨ ᠪᠥᠭᠡᠳ ᠬᠢᠷᠭᠢᠰ ᠦᠨ ᠬᠠᠭᠠᠨᠲᠤ ᠤᠯᠤᠰ ᠤᠷᠳᠤ ᠵᠦᠭ ᠲᠤ ᠳᠣᠪᠲᠣᠯᠭᠠᠨ ᠬᠢᠭᠰᠡᠨ ᠦ ᠳᠠᠷᠠᠭ᠎ᠠ ᠵᠠᠷᠢᠮ ᠬᠡᠰᠡᠭ ᠨᠢ ᠦᠨᠳᠦᠰᠦᠨ ᠬᠡᠰᠡᠭ ᠡᠴᠡ ᠪᠡᠨ ᠰᠠᠯᠵᠤ ᠲᠩᠷᠢ ᠠᠭᠤᠯᠠᠨ ᠳᠤ ᠣᠴᠢᠭᠰᠠᠨ ᠪᠣᠯᠤᠯᠲᠠᠢ᠃

18 ᠍ ᠳᠦᠭᠡᠷ ᠵᠠᠭᠤᠨ ᠤ ᠡᠬᠢ ᠬᠦᠷᠲᠡᠯ᠎ᠡ ᠬᠢᠷᠭᠢᠰ ᠦᠳ ᠨᠢ ᠲᠩᠷᠢ ᠠᠭᠤᠯᠠ ᠍ ᠤᠨ ᠬᠢᠷᠭᠢᠰ᠂ ᠶᠡᠨᠢᠰᠧᠢᠨ ᠬᠢᠷᠭᠢᠰ ᠭᠡᠰᠡᠨ ᠬᠣᠶᠠᠷ ᠪᠦᠯᠦᠭ ᠲᠦ ᠬᠤᠪᠢᠶᠠᠭᠳᠠᠵᠤ ᠪᠠᠶᠢᠪᠠ᠃

15-18 ᠍ ᠳᠦᠭᠡᠷ ᠵᠠᠭᠤᠨ ᠳᠤ ᠮᠢᠨᠦ᠋ᠰ ᠤᠨ ᠬᠣᠲᠣᠭᠣᠷ ᠲᠤ ᠬᠢᠷᠭᠢᠰ ᠦᠨ ᠬᠣᠩᠭᠣᠷᠢᠶ᠎ᠠ ᠭᠡᠳᠡᠭ ᠠᠶᠢᠮᠠᠭ ᠤᠨ ᠬᠣᠯᠪᠣᠭ᠎ᠠ ᠣᠷᠣᠰᠢᠨ ᠲᠣᠭᠲᠠᠨᠢᠵᠤ ᠪᠠᠶᠢᠭᠰᠠᠨ ᠨᠢ ᠵᠤᠩᠭᠠᠷ ᠤᠨ ᠬᠠᠭᠠᠨᠲᠤ ᠤᠯᠤᠰ᠂ ᠬᠣᠲᠣᠭᠣᠶᠢᠳ ᠤᠨ ᠬᠠᠨᠯᠢᠭ᠂ ᠮᠣᠩᠭᠣᠯ ᠤᠯᠤᠰ ᠠᠴᠠ ᠭᠠᠳᠠᠨ᠎ᠠ ᠣᠷᠣᠰ ᠤᠳ ᠤᠨ ᠰᠢᠪᠸᠷᠢᠶ ᠠ ᠶᠢ ᠡᠵᠡᠯᠡᠬᠦ ᠵᠠᠮ ᠳᠤ ᠰᠠᠭᠠᠳ ᠪᠣᠯᠬᠤ ᠨᠢᠭᠡᠨ ᠴᠡᠷᠢᠭ ᠦᠨ ᠬᠦᠴᠦᠨ ᠪᠣᠯᠵᠠᠢ᠃[10]

18 ᠳ᠋ᠤᠭᠠᠷ ᠵᠠᠭᠤᠨ ᠤ ᠡᠬᠢᠨ ᠳᠦ ᠵᠤᠩᠭᠠᠷ ᠤᠨ ᠰᠡᠸᠡᠩᠷᠠᠪᠳᠠᠨ ᠬᠠᠭᠠᠨ ᠶᠡᠨᠢᠰᠧᠢ ᠳᠦ ᠪᠠᠶᠢᠭᠰᠠᠨ ᠬᠢᠷᠭᠢᠰᠴᠤᠳ ᠢ ᠣᠷᠣᠰ ᠤᠨ ᠵᠠᠬᠢᠷᠭᠠᠨ ᠳᠤ ᠣᠷᠣᠬᠤ ᠠᠴᠠ ᠪᠣᠯᠭᠣᠮᠵᠢᠯᠠᠨ ᠡᠮᠦᠨ᠎ᠡ ᠵᠦᠭ᠂ ᠳᠠᠷᠤᠢ ᠣᠳᠣ ᠶᠢᠨ ᠪᠠᠶᠢᠭ᠎ᠠ ᠨᠤᠲᠤᠭ ᠤᠷᠤᠭᠤ ᠨᠢ ᠨᠡᠭᠦᠯᠭᠡᠭᠰᠡᠨ ᠪᠠᠶᠢᠨ᠎ᠠ᠃[10] 1703 ᠣᠨ ᠤ 7 ᠰᠠᠷ᠎ᠠ ᠳᠤ 3000 ᠬᠦᠮᠦᠨ ᠲᠡᠢ ᠵᠤᠩᠭᠠᠷ ᠤᠨ ᠴᠡᠷᠢᠭ ᠬᠣᠩᠭᠣᠷᠢᠶ᠎ᠠ ᠶᠢᠨ ᠨᠤᠲᠤᠭ ᠲᠤ ᠣᠴᠢᠨ ᠨᠤᠲᠤᠭ ᠤᠨ ᠬᠢᠷᠭᠢᠰ ᠨᠣᠶᠠᠳ ᠤᠨ ᠲᠤᠰᠠᠯᠠᠮᠵᠢ ᠲᠠᠢ 1.5-2ᠲᠦᠮᠡᠨ ᠬᠦᠮᠦᠨ ᠪᠤᠶᠤ ᠬᠣᠩᠭᠣᠷᠢᠶ᠎ᠠ ᠶᠢᠨ ᠬᠦᠮᠦᠨ ᠠᠮᠠ ᠶᠢᠨ ᠶᠡᠬᠡᠩᠬᠢ ᠶᠢ ᠴᠤᠭᠯᠠᠭᠤᠯᠤᠨ 3 ᠵᠠᠮ ᠢᠶᠠᠷ ᠵᠤᠩᠭᠠᠷ ᠤᠨ ᠴᠡᠷᠢᠭ ᠦᠨ ᠬᠠᠮᠠᠭᠠᠯᠠᠯᠲᠠ ᠳᠣᠣᠷ᠎ᠠ ᠴᠦᠢ ᠭᠣᠣᠯ᠂ (ᠢᠰᠤᠺ-ᠺᠦᠶᠢᠯᠢ ᠨᠠᠭᠤᠷ ᠣᠷᠴᠢᠮ ᠠᠴᠠ ᠡᠬᠡ ᠠᠪᠳᠠᠭ ᠭᠣᠣᠯ) ᠡᠮᠢᠯ ᠭᠣᠣᠯ (ᠬᠠᠰᠠᠭ-ᠪᠦᠭᠦᠲᠡ ᠨᠠᠶᠢᠷᠠᠮᠳᠠᠳᠤ ᠳᠤᠮᠳᠠᠳᠤ ᠠᠷᠠᠳ ᠤᠯᠤᠰ ᠤᠨ ᠬᠢᠯᠢ ᠣᠷᠴᠢᠮ ᠤᠨ ᠭᠣᠣᠯ) ᠠᠯᠠᠺᠦᠯ ᠨᠠᠭᠤᠷ ᠤᠨ ᠣᠷᠴᠢᠮ ᠳᠤ ᠨᠡᠭᠦᠯᠭᠡᠨ ᠰᠢᠯᠵᠢᠭᠦᠯᠵᠡᠢ᠃[10] ᠨᠡᠭᠦᠨ ᠢᠷᠡᠭᠰᠡᠨ ᠬᠢᠷᠭᠢᠰᠴᠤᠳ ᠵᠤᠩᠭᠠᠷ ᠤᠨ ᠴᠡᠷᠢᠭ ᠦᠨ ᠪᠣᠯᠤᠨ ᠬᠢᠯᠢ ᠶᠢᠨ ᠠᠯᠪᠠᠨ ᠳᠤ ᠬᠦᠴᠦᠨ ᠵᠢᠳᠬᠦᠵᠦ ᠪᠠᠶᠢᠪᠠ᠃[10] ᠬᠣᠩᠭᠣᠷᠠᠶᠢᠴᠤᠳ ᠤᠨ ᠶᠡᠬᠡᠩᠬᠢ ᠶᠢ ᠨᠡᠭᠦᠭᠰᠡᠨ ᠢ ᠣᠷᠣᠰ ᠤᠳ ᠠᠰᠢᠭᠯᠠᠨ 1704-1706 ᠣᠨ ᠳᠤ ᠮᠢᠨᠦ᠋ᠰ ᠤᠨ ᠬᠣᠲᠣᠭᠣᠷ ᠲᠤ ᠦᠯᠡᠳᠡᠭᠰᠡᠨ ᠬᠢᠷᠭᠢᠰᠴᠤᠳ ᠤᠷᠤᠭᠤ ᠬᠡᠳᠦ ᠬᠡᠳᠦᠨ ᠤᠳᠠᠭᠠᠨ ᠤ ᠳᠣᠪᠲᠣᠯᠭᠠᠨ ᠬᠢᠵᠦ ᠮᠥᠨ ᠵᠤᠩᠭᠠᠷ ᠡᠴᠡ ᠪᠤᠴᠠᠨ ᠢᠷᠡᠭᠰᠡᠨ ᠴᠥᠭᠡᠨ ᠲᠣᠭᠠᠨ ᠤ ᠬᠢᠷᠭᠢᠰᠴᠤᠳ ᠢ ᠳᠣᠪᠲᠣᠯᠵᠠᠢ᠃[10] ᠬᠣᠩᠭᠣᠷᠢᠶ᠎ᠠ ᠶᠢᠨ ᠨᠤᠲᠤᠭ ᠢ ᠪᠤᠶᠤ ᠨᠤᠲᠤᠭ ᠤᠨ ᠬᠠᠺᠠᠰ ᠍ ᠢ 1707 ᠣᠨ ᠳᠤ ᠣᠷᠣᠰ ᠤᠳ ᠡᠵᠡᠯᠡᠭᠡᠳ ᠠᠪᠠᠺᠠᠨ ᠤ ᠴᠡᠷᠢᠭ ᠦᠨ ᠰᠢᠪᠡᠭᠡ ᠶᠢ ᠶᠠᠭᠠᠷᠠᠨ ᠪᠠᠶᠢᠭᠤᠯᠵᠤ ᠴᠢᠨᠠᠭᠰᠢᠳᠠ ᠶᠢᠨ ᠳᠣᠪᠲᠣᠯᠭᠠᠨ ᠳᠤ ᠪᠠᠨ ᠠᠰᠢᠭᠯᠠᠬᠤ ᠪᠣᠯᠵᠠᠢ᠃

ᠠ᠃ ᠠᠪ  ᠲᠤᠺᠠᠤᠺᠣᠸ᠂ 1703 ᠣᠨ ᠳᠤ ᠶᠡᠬᠡᠩᠬᠢ ᠬᠢᠷᠭᠢᠰᠴᠤᠳ ᠵᠤᠩᠭᠠᠷᠴᠤᠳ ᠡᠴᠡ ᠨᠢᠭᠤᠭᠳᠠᠨ ᠦᠯᠡᠳᠡᠭᠰᠡᠨ ᠪᠠᠶᠢᠵᠤ ᠪᠣᠯᠬᠤ ᠶᠤᠮ ᠭᠡᠵᠦ ᠦᠵᠡᠭᠰᠡᠨ ᠪᠠᠶᠢᠨ᠎ᠠ᠃[11]

16 ᠍ ᠳᠦᠭᠡᠷ ᠵᠠᠭᠤᠨ ᠤ ᠰᠢᠪᠢᠷᠢᠶ ᠠ᠃ ᠬᠢᠷᠭᠢᠰ ᠦᠳ ᠢ ᠶᠠᠭᠠᠨ᠂ ᠮᠣᠲ᠋ᠣᠷᠴᠢ ᠨᠤᠭᠤᠳ ᠤᠨ ᠪᠠᠶᠢᠷᠢᠰᠢᠯ ᠢ ᠪᠣᠷᠣ ᠥᠩᠭᠡ ᠪᠡᠷ ᠲᠡᠮᠳᠡᠭᠯᠡᠭᠰᠡᠨ ᠪᠠᠶᠢᠨ᠎ᠠ

ᠮᠥᠨ ᠲᠡᠷᠡ ᠪᠡᠷ 18 ᠍ ᠳᠦᠭᠡᠷ ᠵᠠᠭᠤᠨ ᠤ ᠡᠬᠢᠨ ᠤ ᠦᠶ᠎ᠡ ᠳᠦ ᠬᠢᠷᠭᠢᠰᠴᠤᠳ ᠢ ᠣᠯᠠᠨ ᠢᠶᠠᠷ ᠨᠢ ᠣᠳᠣ ᠶᠢᠨ ᠬᠢᠷᠭᠢᠰᠲ᠋ᠠᠨ ᠤ ᠨᠤᠲᠤᠭ ᠳᠡᠪᠢᠰᠬᠡᠷ ᠤᠷᠤᠭᠤ ᠨᠡᠭᠦᠯᠭᠡᠨ ᠰᠢᠯᠵᠢᠭᠦᠯᠦᠭᠰᠡᠨ ᠭᠡᠬᠦ ᠪᠠᠷᠢᠮᠲᠠ ᠣᠯᠳᠠᠬᠤ ᠦᠭᠡᠢ ᠪᠠᠶᠢᠭ᠎ᠠ ᠲᠤᠬᠠᠢ ᠪᠢᠴᠢᠭᠰᠡᠨ ᠡᠴᠡ ᠦᠵᠡᠬᠦ ᠳᠦ ᠬᠢᠷᠭᠢᠰᠴᠤᠳ ᠢ ᠬᠢᠷᠭᠢᠰᠰᠲ᠋ᠠᠨ ᠤ ᠨᠤᠲᠤᠭ ᠠᠴᠠ ᠬᠣᠶᠢᠳᠤ ᠵᠦᠭ ᠲᠤ ᠠᠯᠠᠺᠣᠯ ᠨᠠᠭᠤᠷ ᠣᠷᠴᠢᠮ ᠰᠠᠭᠤᠯᠭᠠᠭᠰᠠᠨ ᠪᠣᠯᠤᠯᠲᠠᠢ᠃

ᠰᠡᠸᠡᠩᠷᠠᠪᠳᠠᠨ ᠦᠯᠡᠳᠡᠭᠰᠡᠨ ᠬᠢᠷᠭᠢᠰ ᠬᠦᠮᠦᠰ ᠢ 1706 ᠣᠨ ᠳᠤ ᠵᠦᠩᠭᠠᠷ ᠤᠷᠤᠭᠤ ᠨᠡᠭᠦᠯᠭᠡᠭᠰᠡᠨ ᠪᠥᠭᠡᠳ ᠡᠨᠡ ᠨᠡᠭᠦᠳᠡᠯ ᠨᠢ ᠤᠷᠢᠳᠤ ᠶᠢᠨ ᠬᠢ ᠲᠠᠢ ᠬᠠᠷᠢᠴᠠᠭᠤᠯᠬᠤ ᠳᠤ ᠬᠡᠮᠵᠢᠶ᠎ᠡ ᠪᠡᠷ ᠲᠡᠶᠢᠮᠦ ᠶᠡᠬᠡ ᠪᠢᠰᠢ ᠪᠠᠶᠢᠪᠠ᠃[10] ᠡᠨᠡ ᠦᠶ᠎ᠡ ᠳᠦ ᠵᠠᠷᠢᠮ ᠬᠢᠷᠭᠢᠰᠴᠤᠳ ᠰᠠᠶᠠᠨ ᠤ ᠨᠢᠷᠤᠭᠤ ᠶᠢ ᠳᠠᠪᠠᠨ ᠬᠣᠲᠣᠭᠣᠶᠢᠳ ᠍ ᠤᠨ ᠪᠦᠪᠡᠢ ᠭᠦᠩ ᠳᠡᠭᠡᠷ᠎ᠡ ᠣᠴᠢᠨ ᠲᠡᠭᠦᠨ ᠳᠦ ᠳᠠᠭᠠᠷ᠎ᠠ ᠣᠷᠣᠵᠠᠢ᠃ ᠮᠥᠨ ᠨᠡᠯᠢᠶᠡᠳ ᠤᠯᠠᠨ ᠲᠣᠭᠠᠨ ᠤ ᠬᠢᠷᠭᠢᠰᠴᠤᠳ ᠠᠯᠲᠠᠶ ᠶᠠᠰᠤᠳᠠᠳᠲᠧᠯᠧᠦ᠋ᠲ ᠦᠳ ᠪᠠ ᠬᠠᠰᠠᠭ ᠦᠳ ᠤᠨ ᠳᠤᠮᠳᠠ ᠰᠠᠭᠤᠭᠰᠠᠨ ᠪᠠᠶᠢᠨ᠎ᠠ᠃[10]

ᠶᠡᠨᠢᠰᠧᠢ ᠳᠦ ᠦᠯᠡᠳᠡᠭᠰᠡᠨ ᠬᠢᠷᠭᠢᠰᠴᠦᠳ ᠦᠨ ᠭᠠᠵᠠᠷ ᠨᠤᠲᠤᠭ ᠢ ᠵᠠᠬᠢᠷᠬᠤ ᠶᠢᠨ ᠲᠥᠯᠥᠭᠡ ᠵᠤᠩᠭᠠᠷ᠂ ᠬᠣᠲᠣᠭᠣᠶᠢᠳ ᠤᠨ ᠠᠯᠲᠠᠨ ᠬᠠᠨ ᠤ ᠤᠭᠰᠠᠭᠠᠨ ᠤ ᠪᠦᠪᠡᠢ ᠭᠦᠩ ᠪᠤᠯᠤᠨ ᠣᠷᠣᠰᠴᠤᠳ ᠥᠷᠢᠰᠦᠯᠳᠦᠵᠦ ᠪᠠᠶᠢᠪᠠ᠃[12] ᠪᠦᠪᠡᠢ ᠭᠦᠩ ᠮᠢᠨᠦ ᠡᠪᠦᠭᠡ ᠡᠴᠢᠭᠡ ᠭᠡᠨᠳᠡᠩ ᠳᠠᠶᠢᠴᠢᠨ ᠬᠢᠷᠭᠢᠰ᠂ ᠲᠤᠸᠠ᠂ ᠮᠣᠲ᠋ᠣᠷ ᠦᠳ ᠢ (ᠮᠣᠲ᠋ᠣᠷ ᠪᠤᠶᠤ ᠮᠠᠲ᠋ᠣᠷ - ᠶᠡᠨᠢᠰᠧᠢᠨ ᠡᠬᠡ᠂ ᠰᠠᠶᠠᠨ ᠤ ᠨᠢᠷᠤᠭᠤᠨ ᠤ ᠬᠣᠶᠢᠳᠤ ᠬᠡᠰᠡᠭ ᠢᠶᠡᠷ ᠠᠮᠢᠳᠤᠷᠠᠵᠤ ᠪᠠᠶᠢᠭᠠᠳ 1840 ᠍ ᠊ᠭᠡᠳ ᠣᠨ ᠳᠤ ᠣᠷᠣᠰ᠂ ᠲᠦᠷᠦᠭ ᠦᠳ ᠲᠦ ᠮᠥᠬᠦᠭᠡᠭᠳᠡᠭᠰᠡᠨ ᠴᠥᠭᠡᠨ ᠬᠦᠮᠦᠨ ᠲᠡᠢ ᠰᠠᠮᠤᠧᠳᠢ ᠦᠨᠳᠦᠰᠦᠲᠡᠨ) ᠵᠠᠬᠢᠷᠴᠤ ᠪᠠᠶᠢᠭᠰᠠᠨ ᠬᠡᠮᠡᠨ ᠮᠡᠳᠡᠭᠳᠡᠵᠦ ᠪᠠᠶᠢᠭᠰᠠᠨ ᠪᠣᠯ ᠣᠷᠣᠰᠴᠤᠳ ᠲᠡᠭᠦᠨ ᠦ ᠮᠡᠳᠡᠭᠳᠡᠯ ᠢ ᠡᠰᠡᠷᠭᠦᠴᠡᠨ ᠣᠳᠣ ᠬᠢᠷᠭᠢᠰᠴᠦᠳ ᠣᠷᠣᠰ ᠤᠨ ᠬᠠᠷᠢᠶᠠᠲᠤ ᠪᠣᠯᠤᠭᠰᠠᠨ ᠲᠤᠯᠠ ᠬᠣᠲᠣᠭᠣᠶᠢᠳ ᠤᠨ ᠬᠠᠷᠢᠶᠠᠨ ᠤ ᠨᠤᠲᠤᠭ ᠪᠢᠰᠢ ᠭᠡᠵᠦ ᠦᠵᠡᠵᠦ ᠪᠠᠶᠢᠪᠠ᠃ ᠮᠥᠨ ᠮᠠᠨᠵᠤ ᠨᠠᠷ ᠣᠷᠣᠰᠴᠤᠳ ᠢ ᠠᠪᠠᠺᠠᠨ ᠤ ᠰᠢᠪᠡᠭᠡ ᠪᠡᠨ ᠤᠰᠠᠳᠬᠠᠬᠤ ᠶᠢ ᠱᠠᠭᠠᠷᠳᠠᠵᠤ ᠪᠠᠶᠢᠪᠠ᠃

ᠠᠷᠪᠠᠨ ᠨᠠᠶᠢᠮᠠᠳᠤᠭᠠᠷ ᠵᠠᠭᠤᠨ ᠤ ᠣᠷᠣᠰᠴᠤᠳ ᠬᠢᠷᠭᠢᠰᠴᠦᠳ ᠢ ᠡᠷᠭᠢᠨ ᠢᠷᠡᠬᠦ ᠡᠴᠡ ᠪᠣᠯᠭᠣᠮᠵᠢᠯᠠᠨ ᠮᠢᠨᠦ᠋ᠰ ᠤᠨ ᠬᠣᠲᠣᠭᠣᠷ ᠲᠤ ᠰᠠᠭᠤᠷᠢᠰᠢᠬᠤ ᠠᠴᠠ ᠪᠣᠯᠭᠣᠮᠵᠢᠯᠠᠵᠤ ᠪᠠᠶᠢᠪᠠ᠃[10] 1733-1736 ᠣᠨ ᠳᠤ ᠣᠷᠣᠰ ᠤᠨ ᠵᠥᠪᠰᠢᠶᠡᠷᠡᠯ ᠢᠶᠡᠷ ᠵᠠᠷᠢᠮ ᠬᠢᠷᠭᠢᠰᠴᠦᠳ ᠪᠤᠴᠠᠨ ᠢᠷᠡᠵᠡᠢ᠃[10] ᠡᠨᠡ ᠦᠶ᠎ᠡ ᠳᠦ ᠮᠠᠨᠵᠤ ᠶᠢᠨ ᠴᠡᠷᠢᠭ ᠬᠢᠷᠭᠢᠰᠴᠦᠳ ᠦᠨ ᠵᠠᠷᠢᠮ ᠬᠡᠰᠡᠭ ᠢ ᠮᠠᠨᠵᠤᠤᠷ ᠤᠷᠤᠭᠤ ᠨᠡᠭᠦᠯᠭᠡᠭᠰᠡᠨ ᠨᠢ ᠣᠳᠣ ᠳᠤᠮᠳᠠᠳᠤ ᠤᠯᠤᠰ ᠤᠨ ᠴᠢᠴᠢᠺᠠᠷ(ᠴᠠᠬᠠᠷ)᠂ ᠬᠠᠷᠪᠢᠨ ᠬᠣᠲᠠ ᠶᠢᠨ ᠣᠷᠴᠢᠮ ᠳᠤ ᠪᠠᠶᠢᠭ᠎ᠠ ᠹᠦᠦᠢ ᠶᠢᠨ ᠪᠠ ᠬᠠᠷᠪᠢᠨ ᠤ ᠬᠢᠷᠭᠢᠰ ᠦᠳ ᠪᠣᠯᠵᠠᠢ᠃[10] 1755-1757 ᠣᠨ ᠳᠤ ᠵᠤᠩᠭᠠᠷ ᠤᠨᠠᠬᠤ ᠦᠶ᠎ᠡ ᠳᠤ᠂ ᠣᠯᠠᠨ ᠲᠣᠭᠠᠨ ᠤ ᠬᠢᠷᠭᠢᠰ ᠡᠷᠡᠭᠲᠡᠶᠢᠴᠦᠳ ᠮᠠᠨᠵᠤ ᠶᠢᠨ ᠴᠡᠷᠢᠭ ᠲᠦ ᠠᠯᠠᠭᠳᠠᠵᠤ ᠴᠥᠭᠡᠨ ᠲᠣᠭᠠᠨ ᠤ ᠵᠤᠩᠭᠠᠷ᠂ ᠬᠢᠷᠭᠢᠰᠴᠦᠳ ᠬᠠᠯᠢᠮᠠᠭ ᠤᠨ ᠬᠠᠨᠲᠠ ᠤᠯᠤᠰ ᠤᠷᠤᠭᠤ ᠳᠦᠷᠪᠡᠨ ᠣᠴᠢᠵᠠᠢ᠃[10] ᠲᠡᠨᠳᠡ ᠣᠴᠢᠭᠰᠠᠨ ᠬᠢᠷᠭᠢᠰᠴᠦᠳ ᠬᠠᠯᠢᠮᠠᠭᠴᠤᠳ ᠲᠤ ᠠᠭᠤᠰᠤᠭᠰᠠᠨ ᠪᠣᠯ ᠰᠢᠪᠸᠷᠢᠶ ᠠ ᠳᠦ ᠦᠯᠡᠳᠡᠭᠰᠡᠨ ᠬᠡᠰᠡᠭ ᠨᠢ ᠱᠣᠷᠣ᠂ ᠠᠯᠲᠠᠶ ᠬᠦᠮᠦᠰ ᠤᠳ ᠤᠨ ᠪᠦᠷᠢᠯᠳᠦᠬᠦᠨ ᠳᠦ ᠣᠷᠣᠵᠠᠢ᠃ ᠵᠠᠷᠢᠮ ᠡᠷᠳᠡᠮᠲᠡᠳ ᠶᠡᠨᠢᠰᠧᠢᠨ ᠪᠤᠶᠤ ᠰᠢᠪᠸᠷᠢᠶ ᠠ ᠶᠢᠨ ᠬᠢᠷᠭᠢᠰᠴᠦᠳ ᠡᠴᠡ ᠦᠯᠡᠳᠡᠭᠰᠡᠨ ᠬᠡᠰᠡᠭ ᠨᠢ ᠣᠳᠣ ᠶᠢᠨ ᠬᠠᠺᠠᠰᠴᠤᠳ ᠪᠣᠯᠤᠭᠰᠠᠨ ᠭᠡᠵᠦ ᠦᠵᠡᠳᠡᠭ᠃ ᠮᠥᠨ ᠴᠥᠭᠡᠨ ᠲᠣᠭᠠᠨ ᠤ ᠬᠢᠷᠭᠢᠰᠴᠦᠳ ᠮᠣᠩᠭᠣᠯ ᠤᠨ ᠨᠤᠲᠤᠭ ᠲᠤ ᠢᠷᠡᠵᠦ ᠰᠡᠯᠡᠩᠭᠡ᠂ ᠢᠳᠡᠷ ᠭᠣᠣᠯ ᠳᠤ ᠰᠠᠭᠤᠷᠢᠰᠢᠨ ᠬᠠᠯᠬᠠᠴᠤᠳ ᠲᠤ ᠠᠭᠤᠰᠤᠭᠰᠠᠨ ᠪᠥᠭᠡᠳ ᠬᠢᠷᠭᠢᠰᠴᠦᠳ ᠡᠷᠡᠬᠦᠦ ᠮᠤᠵᠢ ᠡᠴᠡ ᠪᠤᠷᠢᠶᠠᠳ ᠤᠳ ᠤᠨ ᠪᠦᠷᠢᠯᠳᠦᠬᠦᠨ ᠳᠦ ᠴᠤ ᠣᠷᠣᠭᠰᠠᠨ ᠪᠠᠶᠢᠵᠤ ᠪᠣᠯᠬᠤ ᠶᠤᠮ᠃[10] ᠡᠶᠢᠨᠬᠦᠦ 18 ᠍ ᠳᠦᠭᠡᠷ ᠵᠠᠭᠤᠨ ᠳᠤ ᠬᠢᠷᠭᠢᠰᠴᠦᠳ ᠲᠩᠷᠢ ᠠᠭᠤᠯᠠ ᠡᠴᠡ ᠮᠠᠨᠵᠤᠤᠷ ᠬᠦᠷᠲᠡᠯᠡᠬᠢ ᠨᠤᠲᠤᠭ ᠲᠤ ᠬᠡᠰᠡᠭ ᠪᠦᠯᠦᠭ ᠢᠶᠡᠷ ᠢᠶᠡᠨ ᠰᠠᠯᠤᠨ ᠰᠠᠷᠨᠢᠭᠰᠠᠨ ᠴᠤ ᠬᠦᠮᠦᠨ ᠠᠮᠠ ᠶᠢᠨ ᠦᠨᠳᠦᠰᠦᠨ ᠬᠡᠰᠡᠭ ᠨᠢ ᠶᠠᠪᠤᠭᠠᠨ ᠳᠠᠭᠠᠨ ᠲᠩᠷᠢ ᠠᠭᠤᠯᠠᠨ ᠳᠤ ᠲᠥᠪᠯᠡᠷᠡᠵᠦ ᠣᠳᠣ ᠶᠢᠨ ᠬᠢᠷᠭᠢᠰ ᠤᠯᠤᠰ ᠢ ᠪᠠᠶᠢᠭᠤᠯᠵᠠᠢ᠃ ᠶᠡᠨᠢᠰᠧᠢᠨ ᠬᠢᠷᠭᠢᠰ ᠦᠨ ᠬᠠᠭᠠᠨᠲᠤ ᠤᠯᠤᠰ ᠢ ᠵᠠᠯᠭᠠᠮᠵᠢᠯᠠᠭᠴᠢ ᠨᠢ ᠬᠢᠷᠭᠢᠰᠰᠲ᠋ᠠᠨ ᠤᠯᠤᠰ᠂ ᠣᠷᠣᠰ ᠤᠨ ᠬᠣᠯᠪᠣᠭᠠᠨ ᠤ ᠤᠯᠤᠰ ᠤᠨ ᠪᠦᠷᠢᠯᠳᠦᠬᠦᠨ ᠳ᠋ᠡ᠋ᠬᠢ ᠬᠠᠺᠠᠰ ᠤᠯᠤᠰ ᠬᠣᠶᠠᠷ ᠭᠡᠵᠦ ᠦᠵᠡᠳᠡᠭ᠃

ᠬᠢᠷᠭᠢᠰᠴᠦᠳ 13 ᠍ ᠳᠦᠭᠡᠷ ᠵᠠᠭᠤᠨ ᠠᠴᠠ ᠮᠣᠩᠭᠣᠯᠴᠤᠳ ᠤᠨ ᠳᠠᠶᠢᠯᠠᠯᠲᠠ ᠳᠦ ᠠᠪᠲᠠᠨ ᠠᠯᠲᠠᠨ ᠣᠷᠳᠣ ᠪᠠ ᠴᠠᠭᠠᠳᠠᠢ ᠶᠢᠨ ᠤᠯᠤᠰ ᠤᠨ ᠪᠦᠷᠢᠯᠳᠦᠬᠦᠨ ᠳᠦ᠂ ᠬᠣᠵᠢᠮ ᠨᠢ ᠣᠶᠢᠷᠠᠳ ᠤᠨ ᠮᠡᠳᠡᠯ ᠳᠦ ᠪᠠᠶᠢᠭᠠᠳ᠂ 1510 ᠣᠨ ᠳᠤ ᠪᠡᠶ᠎ᠡ ᠪᠡᠨ ᠳᠠᠭᠠᠭᠰᠠᠨ ᠭᠡᠵᠦ ᠦᠵᠡᠳᠡᠭ᠃ ᠬᠢᠷᠭᠢᠰ ᠠᠶᠢᠮᠠᠭ ᠤᠳ 17 ᠍ ᠳᠦᠭᠡᠷ ᠵᠠᠭᠤᠨ ᠠᠴᠠ ᠬᠠᠯᠢᠮᠠᠭ ᠤᠳ ᠤᠨ ᠳᠣᠪᠲᠣᠯᠭᠠᠨ ᠳᠤ ᠥᠷᠲᠥᠨ᠂ ᠵᠤᠩᠭᠠᠷ ᠬᠦᠴᠦᠷᠬᠡᠭᠵᠢᠨ ᠭᠠᠷᠴᠤ ᠢᠷᠡᠭᠰᠡᠨ ᠢᠶᠡᠷ ᠣᠶᠢᠷᠠᠳ ᠤᠨ ᠮᠡᠳᠡᠯ ᠳᠦ ᠣᠷᠣᠵᠤ᠂ 18 ᠍ ᠳᠦᠭᠡᠷ ᠵᠠᠭᠤᠨ ᠤ ᠳᠤᠮᠳᠠ ᠦᠶᠡᠰ ᠮᠠᠨᠵᠤ ᠨᠤᠭᠤᠳ ᠵᠤᠩᠭᠠᠷ ᠢ ᠡᠵᠡᠯᠡᠭᠰᠡᠨ ᠢᠶᠡᠷ ᠮᠠᠨᠵᠤ ᠶᠢᠨ ᠵᠠᠬᠢᠷᠭᠠᠨ ᠳᠤ ᠣᠷᠣᠵᠠᠢ᠃ ᠮᠠᠨᠵᠤ ᠨᠤᠭᠤᠳ ᠤᠨ ᠬᠦᠴᠦ᠂ ᠬᠢᠨᠠᠯᠲᠠ ᠰᠤᠯᠠᠷᠠᠭᠰᠠᠨ 19 ᠍ ᠳᠦᠭᠡᠷ ᠵᠠᠭᠤᠨ ᠤ ᠡᠬᠢ ᠪᠡᠷ ᠺᠣᠺᠠᠨᠳ ᠤ ᠬᠠᠨᠯᠢᠭ ᠲᠤ (ᠲᠠᠷᠠᠨᠴᠢ᠂ ᠰᠠᠷᠠᠲᠤ ᠨᠤᠭᠤᠳ ᠪᠤᠶᠤ ᠲᠠᠵᠢᠺᠢᠰᠲᠠᠨ ᠪᠠ ᠦᠽᠡᠪᠸᠺᠢᠰᠲᠠᠨ ᠦᠳ ᠡᠴᠡ ᠪᠦᠷᠢᠳᠦᠭᠰᠡᠨ᠂ ᠳᠣᠭᠣᠯᠠᠩ ᠲᠡᠮᠦᠷ ᠦᠨ ᠬᠣᠶᠢᠴᠢᠰ ᠤᠨ ᠪᠠᠶᠢᠭᠤᠯᠤᠭᠰᠠᠨ ᠤᠯᠤᠰ ᠪᠥᠭᠡᠳ 1709-1876 ᠣᠨ ᠨᠤᠭᠤᠳ ᠲᠤ ᠣᠷᠣᠰᠢᠨ ᠪᠠᠶᠢᠵᠠᠢ) ᠠᠪᠲᠠᠵᠠᠢ᠃ 1876 ᠣᠨ ᠳᠤ ᠲᠤᠰ ᠪᠥᠰᠡ ᠨᠤᠲᠤᠭ ᠢ ᠬᠠᠭᠠᠨᠲᠤ ᠣᠷᠣᠰ ᠥᠪᠡᠷᠲᠡᠭᠡᠨ ᠨᠢᠭᠡᠳᠬᠡᠭᠰᠡᠨ ᠡᠴᠡ ᠡᠭᠦᠳᠦᠨ ᠣᠯᠠᠨ ᠪᠣᠰᠤᠯᠭ᠎ᠠ ᠲᠡᠮᠡᠴᠡᠯ ᠭᠠᠷᠴᠤ᠂ ᠣᠯᠠᠨ ᠣᠯᠠᠨ ᠬᠢᠷᠭᠢᠰᠴᠦᠳ ᠫᠠᠮᠢᠷ ᠪᠣᠯᠤᠨ ᠠᠹᠬᠠᠨᠨ ᠳᠤ ᠳᠦᠷᠪᠡᠨ ᠭᠠᠷᠴᠠᠢ᠃ 1916 ᠣᠨ ᠤ ᠲᠥᠪ ᠠᠽᠢᠶ᠎ᠠ ᠶᠢᠨ ᠪᠣᠰᠤᠯᠭ᠎ᠠ ᠳᠠᠷᠤᠭᠳᠠᠭᠰᠠᠨ ᠢᠶᠠᠷ ᠮᠥᠨ ᠣᠯᠠᠨ ᠬᠢᠷᠭᠢᠰᠴᠦᠳ ᠳᠤᠮᠳᠠᠳᠤ ᠤᠯᠤᠰ  ᠲᠤ ᠳᠦᠷᠪᠡᠨ ᠭᠠᠷᠴᠠᠢ᠃ ᠣᠳᠣ ᠳᠤᠮᠳᠠᠳᠤ ᠤᠯᠤᠰ  ᠲᠤ 14.5 ᠲᠦᠮᠡᠨ ᠬᠢᠷᠭᠢᠰᠴᠦᠳ ᠺᠢᠽᠢᠯ ᠬᠢᠷᠭᠢᠰ ᠦᠪᠡᠷᠲᠡᠭᠡᠨ ᠵᠠᠰᠠᠬᠤ ᠵᠸᠦ ᠳᠤ ᠭᠣᠣᠯᠯᠠᠨ ᠣᠷᠣᠰᠢᠨ ᠰᠠᠭᠤᠵᠤ ᠪᠠᠶᠢᠨ᠎ᠠ᠃

ᠬᠢᠷᠭᠢᠰ ᠢ 1919 ᠣᠨ ᠳᠤ ᠵᠥᠪᠯᠡᠯᠲᠦ ᠤᠨ ᠵᠠᠰᠠᠭ ᠲᠣᠭᠲᠠᠭᠰᠠᠨ ᠪᠠᠷ ᠵᠥᠪᠯᠡᠯᠲᠦ ᠨᠦᠭᠦᠳ ᠪᠥᠷᠢᠯᠳᠡᠬᠦᠨ ᠳᠦ ᠪᠡᠨ ᠣᠷᠣᠭᠤᠯᠵᠤ᠂ ᠺᠠᠷᠠ ᠬᠢᠷᠭᠢᠰ ᠦᠪᠡᠷᠲᠡᠭᠡᠨ ᠵᠠᠰᠠᠬᠤ ᠣᠪᠯᠠᠰᠲ ᠭᠡᠬᠦ ᠪᠣᠯᠵᠤ᠂ 1925 ᠣᠨ ᠳᠤ ᠬᠠᠰᠠᠭ ᠬᠢᠷᠭᠢᠰ ᠬᠣᠶᠠᠷ ᠢ ᠰᠠᠯᠭᠠᠨ᠂ 1936 ᠣᠨ ᠤ 12 ᠰᠠᠷ᠎ᠠ ᠳᠤ ᠵᠥᠪᠯᠡᠯᠲᠦ ᠨᠡᠶᠢᠭᠡᠮ ᠵᠢᠷᠤᠮᠲᠤ ᠪᠦᠭᠦᠳᠡ ᠨᠠᠶᠢᠷᠠᠮᠳᠠᠬᠤ ᠬᠢᠷᠭᠢᠰ ᠤᠯᠤᠰ ᠪᠣᠯᠭᠠᠭᠰᠠᠨ ᠪᠠᠶᠢᠨ᠎ᠠ᠃ 1991 ᠣᠨ ᠳᠤ ᠬᠢᠷᠭᠢᠰᠴᠦᠳ ᠲᠤᠰᠠᠭᠠᠷ ᠲᠣᠭᠲᠠᠨᠢᠯ ᠢᠶᠠᠨ ᠵᠠᠷᠯᠠᠨ ᠪᠦᠭᠦᠳᠡ ᠨᠠᠶᠢᠷᠠᠮᠳᠠᠬᠤ ᠬᠢᠷᠭᠢᠰ ᠤᠯᠤᠰ ᠢ ᠲᠤᠩᠬᠠᠭᠯᠠᠵᠠᠢ᠃ 2005 ᠣᠨ ᠤ 3 ᠰᠠᠷ᠎ᠠ ᠶᠢᠨ ᠫᠠᠷᠠᠯᠮᠧᠨᠲ ᠤᠨ ᠰᠣᠩᠭᠣᠭᠤᠯᠢ ᠶᠢᠨ ᠳᠠᠷᠠᠭ᠎ᠠ ᠪᠠᠷ 《ᠠᠯᠲᠠᠨ ᠵᠤᠯᠠ ᠶᠢᠨ ᠬᠤᠪᠢᠰᠬᠠᠯ》 ᠭᠠᠷᠴᠤ᠂ 4 ᠰᠠᠷ᠎ᠠ ᠳᠤ ᠠᠩᠬᠠᠨ ᠤ ᠶᠡᠷᠦᠩᠬᠡᠶᠢᠯᠡᠭᠴᠢ ᠠᠰᠺᠠᠷ ᠠᠺᠠᠸ ᠢ ᠣᠭᠴᠠᠷᠠᠭᠤᠯᠵᠠᠢ᠃ ᠤᠭ ᠬᠤᠪᠢᠰᠠᠬᠠᠯ ᠶᠢᠡᠷ ᠫᠠᠷᠯᠠᠮᠧᠨᠲ ᠤᠨ 75 ᠭᠡᠰᠢᠭᠦᠨ ᠦ 3 ᠨᠢ ᠠᠯᠠᠭᠳᠠᠭᠰᠠᠨ ᠪᠥᠭᠡᠳ ᠡᠭᠦᠨ ᠦ ᠳᠠᠷᠠᠭ᠎ᠠ ᠨᠥᠬᠥᠪᠦᠷᠢ ᠰᠣᠩᠭᠣᠭᠤᠯᠢ ᠪᠠᠷ ᠠᠬ᠎ᠠ ᠶᠢᠨ ᠢᠶᠠᠨ ᠣᠷᠣᠨ ᠳᠤ ᠭᠠᠷᠤᠭᠰᠠᠨ ᠪᠠᠰᠠ ᠨᠢᠭᠡᠨ ᠭᠡᠰᠢᠭᠦᠨ ᠠᠯᠠᠭᠳᠠᠭᠰᠠᠨ ᠪᠠᠶᠢᠨ᠎ᠠ᠃ ᠠᠯᠠᠭᠳᠠᠭᠰᠠᠨ 4 ᠭᠡᠰᠢᠭᠦᠨ ᠬᠠᠤᠯᠢ ᠪᠤᠰᠤ ᠪᠢᠽᠢᠨ᠋ᠧᠰ ᠦᠨ ᠪᠠᠶᠢᠭᠤᠯᠤᠯᠭ᠎ᠠ ᠲᠠᠢ ᠬᠣᠯᠪᠣᠭ᠎ᠠ ᠲᠠᠢ ᠪᠠᠶᠢᠵᠠᠢ᠃ ᠥᠩᠭᠡᠲᠦ ᠬᠤᠪᠢᠰᠬᠠᠯ ᠤᠨ ᠦᠷ᠎ᠡ ᠳ᠋ᠦᠩ ᠳᠦ ᠪᠠᠶᠢᠳᠠᠯ ᠨᠡᠯᠢᠶᠡᠳ ᠥᠭᠡᠷᠡᠴᠢᠯᠡᠭᠳᠡᠭᠰᠡᠨ ᠲᠡᠳᠦᠢ ᠴᠤ ᠤᠯᠤᠰ ᠣᠷᠣᠨ ᠤ ᠳᠣᠲᠣᠭᠠᠳᠤ ᠠᠮᠢᠳᠤᠷᠠᠯ ᠳᠤ ᠠᠪᠤᠯ ᠬᠡᠭᠡᠯ ᠬᠠᠬᠤᠭᠤᠯ ᠤᠨ ᠲᠥᠪᠰᠢᠨ ᠥᠨᠳᠥᠷ᠂ ᠬᠦᠮᠦᠨ ᠦ ᠡᠷᠬᠡ ᠶᠢᠨ ᠦᠵᠡᠭᠦᠯᠦᠯᠲᠡ ᠳᠣᠣᠷ᠎ ᠠ᠂ ᠬᠠᠤᠯᠢ ᠶᠢᠨ ᠬᠡᠷᠡᠭᠵᠢᠭᠦᠯᠦᠯᠲᠡ ᠮᠠᠭᠤ ᠵᠡᠷᠭᠡ ᠰᠥᠷᠭᠦ ᠦᠵᠡᠭᠳᠡᠯ  ᠶᠡᠬᠡ ᠪᠠᠶᠢᠨ᠎ᠠ᠃ ᠮᠥᠨ 2009 ᠣᠨ ᠳᠤ ᠲᠥᠪ ᠠᠽᠢᠶ᠎ᠠ ᠳ᠋ᠠᠬᠢ ᠠᠮᠧᠷᠢᠺᠠ ᠶᠢᠨ ᠴᠣᠷ ᠤᠨ ᠭᠠᠭᠴᠠ ᠴᠡᠷᠢᠭ ᠦᠨ ᠪᠠᠭᠠᠵᠢ ᠪᠣᠯᠬᠤ ᠮᠠᠨᠠᠰ ᠤᠨ ᠴᠡᠷᠢᠭ ᠦᠨ ᠠᠶᠢᠷᠣᠳᠣᠷᠤᠮ ᠢ ᠨᠤᠲᠤᠭ ᠠᠴᠠ ᠪᠠᠨ ᠭᠠᠷᠭᠠᠭᠰᠠᠨ ᠪᠥᠭᠡᠳ ᠢᠩᠭᠢᠭᠰᠡᠨ ᠢᠶᠡᠷ ᠢᠶᠡᠨ ᠵᠢᠯ ᠳᠤ ᠣᠷᠣᠵᠤ ᠢᠷᠡᠬᠦ ᠮᠢᠩᠭ᠎ᠠ ᠡᠴᠡ ᠵᠢᠷᠭᠤᠭᠠᠨ ᠮᠢᠩᠭᠠᠨ ᠲᠦᠮᠡᠨ ᠳ᠋ᠣᠯᠯᠠᠷ ᠤᠨ ᠣᠷᠣᠯᠭ᠎ᠠ ᠠᠴᠠ ᠲᠠᠲᠠᠭᠠᠯᠵᠠᠭᠰᠠᠨ ᠶᠠᠪᠤᠳᠠᠯ ᠢ ᠣᠷᠣᠰ ᠪᠣᠯᠤᠨ ᠳᠤᠮᠳᠠᠳᠤ ᠤᠯᠤᠰ ᠤᠨ ᠨᠥᠯᠥᠭᠡ ᠪᠠᠶᠢᠬᠤ ᠬᠡᠮᠡᠨ ᠰᠢᠨᠵᠢᠭᠴᠢᠳ ᠲᠠᠭᠠᠮᠠᠭᠯᠠᠳᠠᠭ᠃ 2007 ᠣᠨ ᠤ ᠪᠠᠶᠢᠳᠠᠯ ᠢᠶᠠᠷ᠂ 520 ᠲᠦᠮᠡᠨ ᠬᠦᠮᠦᠨ ᠠᠮᠠ ᠲᠠᠢ ᠠᠴᠠ 69% ᠨᠢ ᠬᠢᠷᠭᠢᠰ (9% ᠣᠷᠣᠰ᠂ ᠦᠽᠡᠪᠸᠺᠢᠰᠲᠠᠨ 14.5%᠂ ᠲᠠᠲ᠋ᠠᠷ 1.9%᠂ ᠤᠶᠢᠭᠤᠷ 1.1%᠂ ᠲᠠᠵᠢᠺᠢᠰᠲᠠᠨ 1.1%᠂ ᠬᠠᠰᠠᠭ 0.7%᠂ ᠦᠺᠷᠠᠶᠢᠨ 0.5%) ᠶᠤᠮ᠃ ᠲᠩᠷᠢ ᠠᠭᠤᠯᠠ ᠶᠢᠨ ᠪᠥᠰᠡ᠂ ᠥᠨᠳᠥᠷ ᠠᠭᠤᠯᠠᠰ  ᠤᠨ ᠰᠠᠷᠢᠳᠠᠭ ᠤᠳ᠂ ᠢᠰᠤᠺ-ᠺᠦᠶᠢᠯᠢ ᠨᠠᠭᠤᠷ᠂ ᠲᠦᠷᠹᠠᠨ ᠤ ᠬᠥᠨᠳᠡᠢ ᠭᠡᠳ ᠡᠨᠡ ᠣᠷᠣᠨ ᠤ ᠪᠠᠶᠢᠭᠠᠯᠢ ᠶᠢᠨ ᠰᠠᠶᠢᠬᠠᠨ ᠢ ᠭᠠᠶᠢᠬᠠᠨ ᠪᠢᠰᠢᠷᠡᠮ᠎ᠡ ᠪᠥᠭᠡᠳ ᠲᠦᠪ ᠠᠽᠢᠶ᠎ᠠ ᠶᠢᠨ ᠰᠸᠢᠰ ᠭᠡᠭᠳᠡᠳᠡᠭ᠃

ᠬᠢᠷᠭᠢᠰᠴᠦᠳ ᠦᠨ ᠲᠤᠬᠠᠢ ᠥᠭᠥᠯᠡᠬᠦ ᠳᠦ ᠮᠠᠨᠠᠰ ᠬᠡᠮᠡᠬᠦ ᠪᠠᠭᠠᠲᠤᠷᠯᠢᠭ ᠲᠤᠤᠯᠢ᠂ ᠲᠡᠭᠦᠨ ᠢ ᠤᠶᠠᠩᠭᠠᠯᠠᠭᠤᠯᠤᠨ ᠬᠠᠶᠢᠯᠠᠬᠤ ᠮᠠᠨᠠᠰᠴᠢ (ᠮᠠᠨᠠᠶᠢᠬᠢᠨ ᠤ ᠲᠤᠤᠯᠢᠴᠢ᠂ ᠬᠤᠭᠤᠷᠴᠢ᠂ ᠬᠤᠭᠤᠷᠴᠢᠨ ᠲᠠᠢ ᠠᠳᠠᠯᠢ) ᠪᠤᠶᠤ ᠮᠠᠨᠠᠰ ᠬᠠᠶᠢᠯᠠᠭᠴᠢ ᠶᠢᠨ ᠪᠣᠯᠤᠨ ᠬᠢᠷᠭᠢᠰ ᠦᠨ ᠠᠯᠳᠠᠷᠲᠤ ᠵᠣᠬᠢᠶᠠᠯᠴᠢ ᠴᠢᠩᠭᠢᠽ ᠠᠶᠤᠲᠠᠮᠠᠲ᠋ᠣᠸ ᠤ ᠲᠤᠬᠠᠢ ᠳᠤᠷᠠᠳᠬᠤ ᠦᠭᠡᠢ ᠪᠠᠶᠢᠵᠤ ᠴᠢᠳᠠᠬᠤ ᠦᠭᠡᠢ ᠶᠤᠮ᠃ ᠮᠠᠨᠠᠰ ᠲᠤᠤᠯᠢ ᠨᠢ ᠨᠡᠩ ᠡᠷᠲᠡᠨ ᠦ ᠠᠮᠠ ᠪᠠᠷ ᠳᠠᠮᠵᠢᠭᠤᠯᠠᠨ ᠢᠷᠡᠭᠰᠡᠨ ᠬᠢᠷᠭᠢᠰ ᠲᠦᠮᠡᠨ ᠦ ᠲᠡᠦᠬᠡ ᠰᠤᠶᠤᠯ ᠤᠨ ᠶᠡᠬᠡ ᠥᠪ ᠪᠢᠯᠡ᠃ 15 ᠳ᠋ᠤᠭᠠᠷ ᠵᠠᠭᠤᠨ ᠠᠴᠠ ᠡᠬᠢ ᠲᠡᠢ ᠬᠡᠮᠡᠨ ᠶᠠᠷᠢᠭᠳᠠᠬᠤ ᠡᠨᠡᠬᠦ ᠲᠤᠤᠯᠢ ᠶᠢ ᠵᠠᠷᠢᠮ ᠨᠢ 7 ᠍ ᠳᠦᠭᠠᠷ ᠵᠠᠭᠤᠨ ᠠᠴᠠ ᠴᠤ ᠡᠬᠢ ᠲᠡᠢ ᠬᠡᠮᠡᠳᠡᠭ ᠪᠠ 1885 ᠣᠨ ᠳᠤ ᠠᠩᠬ᠎ᠠ ᠪᠢᠴᠢᠭ ᠦᠨ ᠬᠡᠯᠡᠨ ᠳᠤ ᠪᠠᠭᠤᠯᠭᠠᠵᠠᠢ᠃

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠤᠯᠤᠰ ᠳᠤ 2012 ᠣᠨ ᠤ ᠡᠬᠢᠨ ᠦ ᠪᠠᠶᠢᠳᠠᠯ ᠢᠶᠠᠷ 400.6 ᠲᠦᠮᠡᠨ ᠬᠢᠷᠭᠢᠰ ᠬᠦᠮᠦᠨ ᠠᠮᠠ ᠪᠠᠶᠢᠵᠤ᠂ ᠤᠯᠤᠰ ᠤᠨ ᠪᠦᠬᠦ ᠬᠦᠮᠦᠨ ᠠᠮᠠ ᠶᠢᠨ 72.2% ᠪᠠᠶᠢᠵᠤ᠂[13] ᠤᠯᠤᠰ ᠳᠠᠶᠠᠭᠠᠷ ᠲᠤ ᠬᠢᠷᠭᠢᠰᠴᠦᠳ ᠲᠠᠷᠬᠠᠨ ᠰᠠᠭᠤᠷᠢᠰᠢᠳᠠᠭ᠃ ᠬᠠᠮᠤᠭ ᠤᠨ ᠣᠯᠠᠨ ᠪᠠᠶᠢᠳᠠᠭ ᠨᠢ ᠨᠠᠷᠢᠨ ᠮᠤᠵᠢ ᠳᠤ 99.2%᠂ ᠬᠠᠮᠤᠭ ᠴᠦᠬᠡᠨ ᠪᠠᠶᠢᠳᠠᠭ ᠨᠢ ᠴᠦᠢ ᠮᠤᠵᠢ ᠳᠤ 59.1% ᠪᠤᠶᠤ ᠤᠯᠤᠰ ᠤᠨ ᠢᠶᠠᠨ 9 ᠲᠣᠮᠣ ᠨᠢᠭᠡᠴᠡ ᠳᠦ ᠨᠢ ᠪᠦᠭᠦᠳᠡ ᠳᠦ ᠨᠢ ᠭᠢᠷᠭᠢᠰ ᠬᠦᠮᠦᠨ ᠠᠮᠠ ᠨᠢ ᠳᠡᠶᠢᠯᠦᠩᠬᠢ ᠲᠤᠭ᠎ᠠ ᠲᠠᠢ ᠪᠠᠶᠢᠨ᠎ ᠠ᠃ ᠵᠥᠪᠯᠡᠯᠲᠦ ᠬᠢᠷᠭᠢᠰ ᠦᠨ ᠦᠶ᠎ᠡ ᠳᠦ ᠪᠤᠶᠤ 1959 ᠣᠨ ᠳᠤ ᠬᠢᠷᠭᠢᠰᠴᠦᠳ ᠦᠨ ᠡᠵᠡᠯᠡᠬᠦ ᠬᠤᠪᠢ ᠲᠡᠦᠬᠡᠨ ᠳᠦ ᠬᠠᠮᠤᠭ ᠤᠨ ᠪᠠᠭ᠎ᠠ (40.5%᠂ ᠡᠨᠡ ᠦᠶ᠎ᠡ ᠳᠦ ᠣᠷᠣᠰ ᠤᠳ 30.2% ) ᠪᠣᠯᠵᠤ ᠪᠠᠭᠠᠰᠴᠣ ᠪᠠᠶᠢᠭᠰᠠᠨ ᠪᠢᠯᠡ᠃[14] ᠲᠡᠭᠦᠨ ᠡᠴᠡ ᠬᠣᠶᠢᠰᠢ ᠬᠢᠷᠭᠢᠰᠴᠦᠳ ᠦᠨ ᠡᠵᠡᠯᠡᠬᠦ ᠬᠤᠪᠢ ᠨᠡᠮᠡᠭᠳᠡᠭᠰᠡᠭᠡᠷ ᠪᠠᠶᠢᠨ᠎ ᠠ᠃

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠍ ᠤ ᠳᠣᠲᠣᠷᠠᠬᠢ ᠤᠶᠢᠭᠤᠷ (64%) ᠣᠯᠠᠩᠬᠢ  ᠲᠤᠭ᠎ ᠠ ᠲᠠᠢ ᠪᠠᠶᠢᠵᠤ᠂ ᠺᠤᠰᠤᠯᠰᠤᠭ ᠤᠨ ᠬᠢᠷᠭᠢᠰ ᠥᠪᠡᠷᠲᠡᠭᠡᠨ ᠵᠠᠰᠠᠬᠤ ᠵᠸᠦ ᠳᠤ ᠳᠤᠮᠳᠠᠳᠤ ᠤᠯᠤᠰ ᠳ᠋ᠠᠬᠢ ᠬᠢᠷᠭᠢᠰᠴᠤᠳ ᠦᠨ 78% ᠪᠤᠶᠤ 12.5 ᠲᠦᠮᠡᠨ (ᠲᠣᠭᠣᠷᠢᠭ ᠲᠤ ᠪᠠᠨ 28%) ᠬᠦᠮᠦᠨ ᠠᠮᠠ ᠠᠮᠢᠳᠤᠷᠠᠵᠤ ᠪᠠᠶᠢᠨ᠎ᠠ᠃ ᠡᠨᠡ ᠵᠸᠦ ᠨᠢ ᠬᠢᠷᠭᠢᠰ ᠤᠯᠤᠰ ᠤᠨ ᠨᠠᠷᠢᠨ ᠮᠤᠵᠢᠲᠠᠢ ᠬᠠᠶᠠᠭ᠎ᠠ ᠵᠠᠯᠭᠠᠳᠠᠭ᠃ 2000 ᠣᠨ ᠤ ᠲᠣᠭᠠᠯᠠᠯᠭ᠎ᠠ ᠪᠠᠷ ᠂ ᠳᠤᠮᠳᠠᠳᠤ ᠤᠯᠤᠰ ᠲᠤ 16 ᠲᠦᠮᠡᠨ ᠬᠦᠮᠦᠨ ᠠᠮᠠ ᠨᠢ ᠶᠠᠰᠤ ᠦᠨᠳᠦᠰᠦ ᠪᠡᠷ ᠢᠶᠡᠨ ᠬᠢᠷᠭᠢᠰ (ᠬᠢᠲᠠᠳ ᠢᠶᠠᠷ 柯尔克孜族 Kēěrkèzī zú) ᠪᠣᠯᠵᠤ ᠲᠠᠭᠠᠷᠠᠭᠰᠠᠨ ᠶᠤᠮ᠃

ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠠᠰ ᠲᠤᠤᠯᠢ ᠶᠢ ᠬᠠᠶᠢᠯᠠᠭᠴᠢ (ᠮᠠᠨᠠᠰᠴᠢ)

ᠬᠢᠷᠭᠢᠰ ᠠᠷᠠᠳ ᠤᠨ ᠤᠷᠠᠯᠢᠭ ᠤᠨ ᠨᠣᠶᠠᠨ ᠣᠷᠭᠢᠯ ᠨᠢ «ᠮᠠᠨᠠᠰ» ᠲᠤᠤᠯᠢ ᠪᠤᠯᠤᠨ᠎ ᠠ᠃ ᠡᠨᠡ ᠲᠤᠤᠯᠢ ᠨᠢ ᠬᠠᠮᠤᠭ ᠤᠨ ᠤᠷᠲᠤ ᠪᠤᠶᠤ 100 ᠲᠦᠮᠡ ᠢᠯᠡᠭᠦᠦ ᠮᠥᠷ ᠦᠨ ᠲᠣᠭ᠎ᠠ ᠲᠠᠢ ᠪᠠᠷ ᠶᠢᠡᠨ ᠭᠢᠨᠢᠰ ᠦᠨ ᠨᠣᠮ ᠳᠤ ᠲᠡᠮᠳᠡᠭᠯᠡᠭᠳᠡᠭᠰᠡᠨ ᠪᠥᠭᠡᠳ United Nations Educational Scientific and Cultural Organization ᠍ ᠶᠢᠨ ᠳᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠥᠪ ᠦᠨ ᠵᠢᠭ᠌ᠰᠠᠭᠠᠯᠳᠠᠨ ᠳᠤ ᠪᠠᠰᠠ ᠪᠦᠷᠢᠳᠬᠡᠭᠳᠡᠵᠡᠢ᠃ ᠮᠠᠨᠠᠰ ᠲᠤᠤᠯᠢ ᠨᠢ ᠬᠢᠷᠭᠢᠰ ᠬᠦᠮᠦᠰ ᠦᠨ ᠢᠲᠡᠭᠡᠯ ᠦᠨᠡᠮᠰᠢᠯ᠂ ᠠᠵᠤ ᠠᠬᠤᠢ᠂ ᠲᠡᠦᠬᠡ᠂ ᠭᠠᠵᠠᠷ ᠣᠷᠣᠨ ᠤ ᠨᠡᠷᠡᠰ ᠭᠡᠬᠦ ᠮᠡᠲᠦ ᠮᠠᠰᠢ ᠣᠯᠠᠨ ᠲᠠᠯ᠎ᠠ ᠶᠢᠨ ᠠᠴᠢ ᠬᠣᠯᠪᠣᠭᠳᠠᠯ ᠲᠠᠢ᠃ ᠲᠡᠭᠦᠨ ᠡᠴᠡ ᠭᠠᠳᠠᠨ᠎ᠠ ᠬᠢᠷᠭᠢᠰ ᠢᠶᠡᠷ ᠠᠺᠤᠨ ᠭᠡᠵᠦ ᠬᠡᠯᠡᠳᠡᠭ ᠦᠯᠢᠭᠡᠷᠴᠢ (ᠲᠤᠭᠤᠵᠢ᠂ ᠲᠡᠦᠬᠡ ᠥᠭᠦᠯᠡᠭᠴᠢ) ᠨᠢ ᠬᠦᠮᠦᠰ ᠤᠨ ᠳᠤᠮᠳᠠ ᠶᠡᠬᠡ ᠬᠦᠨᠳᠦᠳᠭᠡᠯ ᠲᠠᠢ᠃ ᠳᠣᠮᠪᠷᠠ (ᠲᠣᠪᠰᠢᠭᠤᠷ) ᠍ ᠪᠠᠷ ᠬᠥᠭᠵᠢᠮᠳᠡᠨ ᠳᠠᠭᠤᠯᠠᠳᠠᠭ ᠠᠴᠠ ᠦᠵᠡᠪᠡᠯ "ᠳᠣᠩᠪᠤᠷ ᠤᠨ ᠦᠯᠢᠭᠡᠷ" ᠭᠡᠯᠲᠡᠢ᠃ ᠠᠺᠤᠨ ᠨᠤᠭᠤᠳ ᠤᠨ ᠳᠤᠮᠳᠠ «ᠠᠲᠤᠰ» ᠭᠡᠵᠦ ᠲᠡᠮᠡᠴᠡᠭᠡᠨ ᠪᠣᠯᠳᠠᠭ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠨᠠᠼᠢᠣᠨᠠᠯᠢᠨᠢ ᠰᠣᠰᠲ᠋ᠠᠪ ᠨᠠᠰᠧᠯᠧᠨᠢᠶ᠎ᠠ (ᠣᠼᠧᠩᠺᠠ ᠨᠠ ᠨᠠᠴᠢᠯᠠ ᠭᠣᠳᠠ᠂ ᠴᠧᠯᠣᠸᠧᠺ)
  2. Censuses 1970–1989 show 0.9 % Kyrgyz population share in Uzbekistan total, 2000 estimates were also 0.9 % (Ethnic Atlas of Uzbekistan), actually Uzbekistan population is 27,767,100 (2009), so 0.9 % is appr. 250,000
  3. ᠫᠧᠷᠧᠫᠢᠰᠢ ᠨᠠᠰᠧᠯᠧᠨᠢᠶ᠎ᠠ ᠺᠢᠲ᠋ᠠᠶ᠎ᠠ 2010 ᠭᠷᠠᠮ᠃
  4. ᠣᠹᠢᠼᠢᠠᠯᠩ ᠤᠢ ᠰᠠᠶᠢᠲᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠷᠠᠮ ᠳᠤ᠃ ᠢᠨᠹᠷᠮᠠᠼᠢᠤᠨ ᠤᠧ ᠮᠠᠲ᠋ᠧᠷᠢᠠᠯ ᠤ ᠣᠪ ᠣᠺᠣᠨᠴᠠᠲ᠋ᠧᠯᠨ ᠤ ᠬᠢ ᠢᠲ᠋ᠣᠠᠬᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠷᠠᠮ ᠳᠤ
  5. ᠸᠰᠧᠷᠣᠰᠢᠰᠺᠠᠶ᠎ᠠ ᠫᠧᠷᠧᠫᠢᠰᠢ ᠨᠠᠰᠧᠯᠧᠨᠢᠶ᠎ᠠ 2010. ᠨᠠᠼᠢᠣᠨᠠᠯᠢᠨᠢ ᠰᠣᠰᠲ᠋ᠠᠪ ᠨᠠᠰᠧᠯᠧᠨᠢᠶ᠎ᠠ РФ 2010
  6. ᠲᠣᠮᠣ 3. ᠨᠠᠼᠢᠣᠨᠠᠯᠢᠨᠢ ᠰᠣᠰᠲ᠋ᠠᠪ ᠢ ᠸᠯᠠᠳᠧᠨᠧ ᠢᠵᠠ ᠤᠺᠠᠮᠢ᠂ ᠭᠷᠠᠵᠤᠳᠠᠩᠰᠠᠳᠪᠠ ᠨᠠᠰᠧᠯᠧᠨᠢᠶ᠎ᠠ ᠷᠧᠰᠫᠦᠪᠯᠢᠺᠢ ᠲᠠᠵᠢᠺᠢᠰᠲᠠᠨ
  7. ᠴᠢᠰᠯᠧᠨᠨᠣᠰᠲ ᠨᠠᠰᠧᠯᠧᠨᠢᠶ᠎ᠠ ᠷᠧᠰᠫᠦᠪᠯᠢᠺᠢ ᠬᠠᠰᠠᠭᠰᠲ᠋ᠠᠨ ᠫᠣ ᠣᠲᠣᠳᠧᠯᠩ ᠤᠮ ᠡᠲᠣᠨᠣᠰᠠᠮ ᠨᠠ 1 ᠢᠨᠠᠪᠤᠷᠢᠶᠠ 2011 ᠭᠷᠠᠮ ᠳᠤ᠃
  8. ᠴ᠃ᠳᠠᠮᠳᠢᠨᠰᠦ᠋ᠷᠦᠩ᠂᠎ᠠ᠃ᠯᠤᠪᠰᠠᠩᠳᠡᠳᠡᠪ ᠨᠠᠷ ᠤᠨ "ᠣᠷᠣᠰ-ᠮᠣᠩᠭᠣᠯ ᠲᠣᠯᠢ" ᠍ ᠳᠦ 1982 ᠣᠨ ᠤ II ᠬᠡᠪᠯᠡᠯ ᠦᠨ 213 ᠍ ᠳᠦᠭᠡᠷ ᠲᠠᠯ᠎ᠠ ᠳᠤ ᠺᠢᠷᠭᠢᠽ - ᠬᠢᠷᠭᠢᠰ (ᠬᠦᠮᠦᠨ)᠂ ᠺᠢᠷᠭᠢᠽᠺᠠ - ᠬᠢᠷᠭᠢᠰ ᠡᠮᠡᠭᠲᠡᠢ᠂ ᠬᠢᠷᠭᠢᠰ ᠡᠬᠡᠨᠡᠷ᠂ ᠺᠢᠷᠭᠢᠽᠢᠰᠺ ᠦ - ᠬᠢᠷᠭᠢᠰ᠂ ᠬᠢᠷᠭᠢᠰ ᠦᠨ᠂ ᠺᠢᠷᠭᠢᠽᠢᠰᠺ ᠦ ᠢᠵᠠ ᠤᠺ ᠬᠢᠷᠭᠢᠰ ᠬᠡᠯᠡ᠂ 832 ᠍ ᠳᠦᠭᠡᠷ ᠲᠠᠯ᠎ᠠ ᠳᠤ ᠺᠢᠷᠭᠢᠽᠢᠶ᠎ᠠ - ᠺᠢᠷᠭᠢᠽ᠂ ᠬᠢᠷᠭᠢᠰ᠂ ᠺᠢᠷᠭᠢᠽᠰᠺᠠᠶ᠎ᠠ ᠰᠣᠸᠧᠲ᠋ᠰᠺᠠᠶ᠎ᠠ ᠰᠣᠴᠢᠶᠠᠯᠢᠰᠲᠢᠴᠧᠰᠺᠠᠶ᠎ᠠ ᠷᠧᠰᠫᠦᠪᠯᠢᠺᠠ ᠢ ᠵᠥᠪᠯᠡᠯᠲᠦ ᠰᠣᠴᠢᠶᠠᠯᠢᠰᠲᠤ (ᠨᠡᠶᠢᠭᠡᠮ ᠵᠢᠷᠤᠮᠲᠤ) ᠪᠦᠭᠦᠳᠡ ᠨᠠᠶᠢᠷᠠᠮᠳᠠᠬᠤ ᠬᠢᠷᠭᠢᠰ ᠤᠯᠤᠰ ᠭᠡᠵᠦ ᠲᠤᠰ ᠲᠤᠰ ᠣᠷᠴᠢᠭᠤᠯᠤᠭᠰᠠᠨ ᠪᠠᠶᠢᠳᠠᠭ᠃
  9. ᠸ᠃ᠶᠠ᠃ ᠪᠤᠲᠤᠩ ᠢᠶᠧᠸ᠂ ᠶᠦ᠃ᠰ᠃ ᠬᠤᠳ᠋ᠢᠺᠣᠸ᠃ - ᠢᠰᠲ᠋ᠣᠷᠢᠶ᠎ᠠ ᠶᠡᠨᠢᠰᠧᠢᠰᠺᠢᠬ ᠺ ᠤᠭ ᠤᠵᠠᠪ. // ᠠᠪᠠᠺᠠᠨ: ХГУ ᠢᠮ᠃ ᠨ᠃ᠹ᠃ ᠺᠠᠲ᠋ᠠᠨᠨᠣᠸᠠ᠂ 2000. 272 ᠰᠧᠺᠦᠶᠢᠨᠳ᠋. ISBN 5-7810-0119-0
  10. 10.00 10.01 10.02 10.03 10.04 10.05 10.06 10.07 10.08 10.09 10.10 10.11 10.12 10.13 10.14 10.15 ᠨᠢᠺᠣᠯᠠᠢ ᠭᠤᠰᠧᠢᠨᠠᠪ "ᠺᠤᠭᠤᠵᠠᠰᠺ ᠦ ᠺᠠᠩᠨᠠᠲ - ᠲᠶᠦᠺᠰᠺᠣᠧ ᠭᠤᠰᠤᠳᠤᠷᠰᠠᠳᠪᠠ ᠨᠠ ᠶᠡᠨᠢᠰᠧᠧ"
  11. ᠠ᠃ ᠠᠪ ᠲ ᠤᠺᠠ ᠤᠺᠣᠸ ПЕРЕСЕЛЕНИЕ ЕНИСЕЙСКИХ КЫРГЫЗОВ ᠸ НАЧАЛЕ XVIII ᠸ᠃ ᠢ ИХ ИСТОРИЧЕСКАЯ СУДЬБА
  12. ᠶᠡᠨᠢᠰᠧᠢᠰᠺᠧ ᠺᠤᠭᠤᠰ ᠤ᠃ ᠢᠰᠲ᠋ᠣᠷᠢᠺᠣ ᠡᠲᠨᠢᠴᠧᠰᠺ ᠦ ᠣᠽᠧᠷᠺ ᠣ ᠬᠠᠺᠠᠰᠢ
  13. ᠨᠠᠼᠢᠣᠨᠠᠯᠢᠨᠢ ᠰᠣᠰᠲ᠋ᠠᠪ ᠨᠠᠰᠧᠯᠧᠨᠢᠶ᠎ᠠ ᠺᠢᠷᠭᠢᠽᠢᠢ 2012
  14. ᠳᠧᠮᠣᠭᠷᠠᠹᠢᠴᠧᠰᠺᠧ ᠲᠧᠨᠳᠧᠨᠼᠢ᠂ ᠹᠣᠷᠮᠢᠷᠪᠢᠨᠧ ᠨᠠᠼᠢᠢ ᠢ ᠮᠧᠵᠡᠲᠨᠢᠴᠧᠰᠺᠧ ᠣᠲᠣᠨᠣᠱᠧᠨᠢᠶ᠎ᠠ ᠸ ᠺᠢᠷᠭᠢᠽᠢᠢ

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ