ᠬᠢᠷᠭᠢᠰ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠬᠢᠷᠭᠢᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠬᠢᠷᠭᠢᠰ ᠤᠯᠤᠰ <br
(ᠬᠢᠷᠭᠢᠰ)</span>
(ᠣᠷᠣᠰ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
«ᠪᠦᠭᠦᠳᠡ ᠨᠠᠶᠢᠷᠠᠮᠳᠠᠬᠤ ᠬᠢᠷᠭᠢᠰ ᠤᠯᠤᠰ ᠤᠨ ᠲᠥᠷᠥ ᠶᠢᠨ ᠳᠠᠭᠤᠯᠠᠯ»
ᠳᠡᠯᠡᠬᠡᠢ ᠶᠢᠨ ᠲᠠᠯ᠎ᠠ ᠪᠥᠮᠪᠥᠷᠴᠡᠭ ᠲᠦ ᠬᠢᠷᠭᠢᠰ ᠢ ᠤᠯᠠᠭᠠᠨ ᠢᠶᠠᠷ
ᠳᠡᠯᠡᠬᠡᠢ ᠶᠢᠨ ᠲᠠᠯ᠎ᠠ ᠪᠥᠮᠪᠥᠷᠴᠡᠭ ᠲᠦ ᠬᠢᠷᠭᠢᠰ ᠢ ᠤᠯᠠᠭᠠᠨ ᠢᠶᠠᠷ
ᠨᠡᠶᠢᠰᠯᠡᠯCoat of arms of Bishkek Kyrgyzstan.svg ᠪᠥᠱᠺᠧᠺ
ᠲᠣᠮᠣ ᠬᠣᠲᠠ ᠣᠰᠢᠵᠢᠯᠠᠯ-ᠠᠪ ᠲᠤ
ᠠᠯᠪᠠᠨ ᠬᠡᠯᠡ ᠬᠢᠷᠭᠢᠰ ᠬᠡᠯᠡ (ᠤᠯᠤᠰ ᠤᠨ)
ᠣᠷᠣᠰ ᠬᠡᠯᠡ (ᠠᠯᠪᠠᠨ ᠤ)[1][2]
ᠠᠷᠠᠳ ᠲᠦᠮᠡᠨ 
(2009 ᠤᠨ)
ᠬᠢᠷᠭᠢᠰ ᠦᠨ ᠠᠷᠠᠳ ᠲᠦᠮᠡᠨ:
70.9% – ᠬᠢᠷᠭᠢᠰ ᠦᠨᠳᠦᠰᠦᠲᠡᠨ
14.3% – ᠦᠽᠡᠪᠸᠺᠢᠰᠲᠠᠨ ᠦᠨᠳᠦᠰᠦᠲᠡᠨ
  7.8% – ᠣᠷᠣᠰ ᠦᠨᠳᠦᠰᠦᠲᠡᠨ
  7.8% – ᠪᠤᠰᠤᠳ ᠠᠷᠠᠳ ᠲᠦᠮᠡᠨ
ᠣᠯᠠᠨ ᠲᠦᠮᠡᠨ ᠬᠢᠷᠭᠢᠰ ᠦᠨ ᠬᠢᠨ
(ᠬᠢᠷᠭᠢᠰ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭᠲᠠᠢ
 -  ᠶᠡᠷᠦᠩᠬᠡᠶᠢᠯᠡᠭᠴᠢ ᠠᠯᠮᠠᠰᠪᠧᠺ ᠠᠲ᠋ᠠᠩᠪᠤᠸ
 -  ᠶᠡᠷᠦᠩᠬᠡᠢ ᠰᠠᠶᠢᠳ ᠲᠧᠮᠢᠷ ᠰᠠᠷᠶᠧᠸ
 -  ᠤᠯᠤᠰ ᠤᠨ ᠬᠤᠷᠠᠯ «ᠵᠣᠭᠤᠷᠺᠦ᠋ ᠺᠧᠨᠧᠱ»
(ᠳᠡᠭᠡᠳᠦ ᠵᠥᠪᠯᠡᠯ)
ᠲᠡᠦᠬᠡ
 -  1924-10-14 ᠬᠠᠷ᠎ᠠ ᠬᠢᠷᠭᠢᠰ ᠦᠨ ӨЗМ ᠡᠭᠦᠰᠦᠭᠰᠡᠨ 
 -  1936-12-05 ЗСБНХирУ ᠪᠠᠶᠢᠭᠤᠯᠤᠭᠳᠠᠭᠰᠠᠨ 
 -  1991-08-31 ᠵᠥᠪᠯᠡᠯᠲᠦ ᠬᠣᠯᠪᠣᠭᠠᠲᠤ ᠤᠯᠤᠰ ᠍ ᠠᠴᠠ ᠲᠤᠰᠠᠭᠠᠷ ᠲᠣᠭᠲᠠᠨᠢᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 199,900 km2 (86)
 -  ᠭᠠᠳᠠᠷᠭᠤ ᠶᠢᠨ ᠤᠰᠤ (%) 3.6 ᠬᠤᠪᠢ
ᠬᠦᠮᠦᠨ ᠠᠮᠠ
 -  ᠲᠣᠭᠠᠴᠠᠭ᠎ᠠ (2015) 5,895,100[3] (112)
 -  ᠲᠣᠭᠠᠯᠠᠯᠭ᠎ᠠ (2009) 5,362,800 
 -  ᠨᠢᠭᠲᠠᠴᠠ ᠰᠡᠶᠢᠷᠡᠭ 27.4 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $12.016 ᠲᠡᠷᠪᠤᠮ[4] 
 -  ᠨᠢᠭᠡ ᠬᠦᠨᠳᠦ $2,248[4] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $4.615 ᠲᠡᠷᠪᠤᠮ[4] 
 -  ᠨᠢᠭᠡ ᠬᠦᠨᠳᠦ $863[4] 
Gini (2003) 30.3 (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2010) 0.598<refname="HDI">Human Development Report 2009: Kyrgyzstan. The United Nations. 2009-10-18 ᠍ ᠳᠦ ᠬᠠᠨᠳᠤᠭᠰᠠᠨ᠃</ref> (ᠳᠤᠮᠳᠠ) (109)
ᠮᠥᠩᠭᠥᠨ ᠦ ᠨᠢᠭᠡᠴᠡ ᠬᠢᠷᠭᠢᠰ ᠦᠨ ᠰᠣᠮ (KGS)
ᠴᠠᠭ ᠤᠨ ᠪᠥᠰᠡ ᠦᠨᠳᠦᠰᠦᠨ ᠳᠦ ᠪᠡᠨ ГЦ+6
ᠤᠲᠠᠰᠤ᠂ ᠳᠣᠮᠡᠢ ᠶᠢᠨ +996 / .kg
ᠨᠡᠷ᠎ᠡ ᠲᠣᠮᠢᠶ᠎ᠠ KG, KGZ / БНХирУ
ᠬᠢᠷᠭᠢᠰ ᠤᠯᠤᠰ ᠤᠨ ᠭᠠᠵᠠᠷ ᠤᠨ ᠵᠢᠷᠤᠭ  (ᠠᠩᠭᠯ᠃)
ᠬᠢᠷᠭᠢᠰ ᠤᠯᠤᠰ ᠤᠨ ᠭᠠᠵᠠᠷ ᠤᠨ ᠵᠢᠷᠤᠭ  (ᠠᠩᠭᠯ᠃)

ᠲᠣᠪᠴᠢ ᠪᠠᠷ ᠬᠢᠷᠭᠢᠰ ᠪᠤᠶᠤ ᠪᠦᠭᠦᠳᠡ ᠨᠠᠶᠢᠷᠠᠮᠳᠠᠬᠤ ᠬᠢᠷᠭᠢᠰ ᠤᠯᠤᠰᠲᠦᠪ ᠠᠽᠢᠶ᠎ᠠ ᠳᠠᠬᠢ ᠲᠩᠷᠢ ᠠᠭᠤᠯᠠ ᠍ ᠤᠨ ᠠᠭᠤᠯᠠᠷᠬᠠᠭ ᠨᠤᠲᠤᠭ ᠲᠤ ᠣᠷᠣᠰᠢᠳᠠᠭ ᠪᠦᠷᠢᠨ ᠡᠷᠬᠡᠲᠦ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠬᠠᠰᠠᠭ᠂ ᠪᠠᠷᠠᠭᠤᠨ ᠲᠠᠯ᠎ᠠ ᠪᠠᠷ ᠢᠶᠠᠨ ᠦᠽᠡᠪᠸᠺᠢᠰᠲᠠᠨ᠂ ᠤᠷᠢᠳᠤ ᠲᠠᠯ᠎ᠠ ᠪᠠᠷ ᠢᠶᠠᠨ ᠲᠠᠵᠢᠺᠢᠰᠲᠠᠨ᠂ ᠵᠡᠭᠦᠨ ᠲᠠᠯ᠎ᠠ ᠪᠠᠷ ᠢᠶᠠᠨ ᠳᠤᠮᠳᠠᠳᠤ ᠤᠯᠤᠰ ᠤᠯᠤᠰ ᠲᠠᠢ ᠬᠢᠯᠢᠯᠡᠳᠡᠭ ᠳᠠᠯᠠᠢ ᠳᠤ ᠭᠠᠷᠤᠴᠠ ᠦᠭᠡᠢ ᠣᠷᠣᠨ᠂ ᠨᠡᠶᠢᠰᠯᠡᠯ ᠨᠢ — ᠪᠥᠱᠺᠧᠺ

ᠨᠤᠲᠤᠭ ᠳᠡᠪᠢᠰᠬᠡᠷ – 199,900 km2᠂ 2015 ᠣᠨ ᠳᠤ ᠲᠣᠭᠠᠴᠠᠭᠰᠠᠨ ᠢᠶᠡᠷ ᠬᠦᠮᠦᠨ ᠠᠮᠠ ᠶᠢᠨ ᠲᠣᠭ᠎ᠠ – 5,895,100᠂ ᠣᠯᠠᠩᠬᠢ ᠪᠤᠶᠤ 72 ᠬᠤᠪᠢ ᠨᠢ ᠬᠢᠷᠭᠢᠰ ᠦᠨᠳᠦᠰᠦᠲᠡᠨ᠂ ᠮᠥᠨ ᠦᠽᠡᠪᠸᠺᠢᠰᠲᠠᠨᠣᠷᠣᠰᠳᠤᠩᠭᠠᠨ᠂ ᠲᠠᠵᠢᠺ᠂ ᠲᠦᠺ᠂ ᠬᠠᠰᠠᠭ ᠵᠡᠷᠭᠡ ᠠᠷᠠᠳ ᠲᠦᠮᠡᠨ ᠠᠮᠢᠳᠤᠷᠠᠳᠠᠭ᠃ ᠳᠡᠶᠢᠯᠦᠩᠬᠢ ᠣᠯᠠᠩᠬᠢ 80 ᠬᠤᠪᠢ ᠨᠢ ᠢᠰᠯᠠᠮ ᠰᠢᠲᠦᠯᠭᠡ ᠲᠡᠢ᠃

ᠬᠢᠷᠭᠢᠰ ᠣᠷᠣᠨ ᠢ ᠢᠷᠡᠨᠲᠦᠷᠦᠭᠮᠣᠩᠭᠣᠯ ᠤᠭᠰᠠᠭᠠᠲᠠᠨ ᠡᠭᠡᠯᠵᠢᠯᠡᠨ ᠡᠵᠡᠷᠬᠡᠵᠦ ᠶᠠᠪᠤᠭᠰᠠᠨ᠃ 19 ᠍ ᠳᠦᠭᠡᠷ ᠵᠠᠭᠤᠨ ᠠᠴᠠ ᠣᠷᠣᠰ ᠤᠨ ᠮᠡᠳᠡᠯ ᠳᠦ ᠣᠷᠣᠵᠤ "ᠬᠠᠷ᠎ᠠ ᠬᠢᠷᠭᠢᠰ" ᠬᠡᠮᠡᠭᠳᠡᠭᠡᠳ ᠵᠥᠪᠯᠡᠯᠲᠦ ᠬᠣᠯᠪᠣᠭᠠᠲᠤ ᠤᠯᠤᠰ ᠍ ᠤᠨ ᠮᠡᠳᠡᠯ ᠦᠨ ᠳᠣᠣᠷ᠎ᠠ 1936 ᠣᠨ ᠳᠤ 《ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠢᠷᠭᠢᠰ ᠤᠯᠤᠰ》 ᠪᠣᠯᠤᠭᠰᠠᠨ᠃ 1991 ᠣᠨ ᠳᠤ ᠬᠢᠯᠢ ᠬᠢᠵᠠᠭᠠᠷ ᠬᠡᠪ ᠢᠶᠡᠷ ᠢᠶᠡᠨ᠂ ᠲᠤᠰᠠᠭᠠᠷ ᠲᠣᠭᠲᠠᠨᠢᠭᠰᠠᠨ ᠤᠯᠤᠰ ᠪᠣᠯᠵᠤ 1992 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠤᠨ ᠪᠦᠷᠢᠨ ᠡᠷᠬᠡᠲᠦ ᠭᠡᠰᠢᠭᠦᠨ ᠪᠣᠯᠵᠠᠢ᠃ ᠣᠶᠢᠷ᠎ᠠ ᠶᠢᠨ ᠠᠷᠪᠠᠨ ᠵᠢᠯ ᠳᠤ ᠬᠣᠶᠠᠷ ᠴᠤ (2005, 2010) ᠬᠤᠪᠢᠰᠬᠠᠯ ᠭᠠᠷᠤᠭᠰᠠᠨ ᠬᠢᠷᠭᠢᠰ ᠨᠢ ᠲᠥᠷᠥ ᠶᠢᠨ ᠨᠢᠭᠡᠳᠦᠮᠡᠯ ᠪᠠᠶᠢᠭᠤᠯᠤᠮᠵᠢ᠂ ᠫᠠᠷᠯᠠᠮᠧᠨᠲ ᠤᠨ ᠡᠷᠬᠡ ᠮᠡᠳᠡᠯ ᠳᠠᠪᠠᠮᠠᠭᠠᠢ ᠪᠦᠭᠦᠳᠡ ᠨᠠᠶᠢᠷᠠᠮᠳᠠᠬᠤ ᠵᠠᠰᠠᠭᠲᠠᠢ᠃ ᠲᠦᠷᠦᠭ ᠲᠥᠷᠥᠯ ᠦᠨ ᠬᠢᠷᠭᠢᠰ ᠬᠡᠯᠡ ᠪᠣᠯᠤᠨ ᠬᠠᠭᠤᠴᠢᠨ ᠪᠠᠶᠢᠭᠰᠠᠨ ᠣᠷᠣᠰ ᠬᠡᠯᠡ ᠭᠡᠰᠡᠨ ᠬᠣᠶᠠᠷ ᠬᠡᠯᠡ ᠶᠢ ᠠᠯᠪᠠᠨ ᠳᠤ ᠬᠡᠷᠡᠭᠯᠡᠳᠡᠭ᠃

ᠨᠢᠭᠡ ᠬᠦᠮᠦᠨ ᠳᠦ ᠨᠣᠭᠳᠠᠬᠣ GDP ᠍ ᠦᠨ ᠬᠡᠮᠵᠢᠶ᠎ᠡ ᠬᠠᠷᠢᠴᠠᠩᠭᠤᠢ ᠪᠠᠭ᠎ᠠ ᠪᠤᠶᠤ 2,372 $᠃ ᠭᠠᠳᠠᠭᠠᠳᠤ ᠳᠤ ᠠᠯᠲᠠᠡᠨᠧᠷᠭᠢ ᠡᠺᠰᠫᠣᠷᠲᠯᠠᠳᠠᠭ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠤᠯᠤᠰ ᠤᠨ ᠣᠨᠣᠭᠠᠭᠰᠠᠨ ᠨᠡᠷ᠎ᠡ ᠶᠢ ᠤᠯᠠᠮᠵᠢᠯᠠᠯᠲᠤ ᠮᠣᠩᠭᠣᠯ 《ᠬᠢᠷᠭᠢᠰ》 [ᠬᠢᠷᠭᠢᠰ]᠂ ᠣᠷᠣᠰ ᠠᠴᠠ ᠵᠢᠭᠡᠯᠡᠭᠰᠡᠨ 《ᠺᠢᠷᠭᠢᠽ》᠃ ᠮᠥᠨ ᠍ ᠰᠲ᠋ᠠᠨ (ᠤᠯᠤᠰ᠂ ᠣᠷᠣᠨ ᠭᠡᠰᠡᠨ ᠤᠳᠬ᠎ᠠ ᠲᠠᠢ) ᠳᠠᠭᠠᠪᠤᠷᠢ ᠵᠠᠯᠭᠠᠭᠳᠠᠵᠤ 《ᠬᠢᠷᠭᠢᠰᠲ᠋ᠠᠨ》 ᠭᠡᠳᠡᠭ᠃

ᠳᠡᠭᠡᠷᠡᠬᠢ ᠨᠢᠭᠡ ᠦᠭᠡᠨ ᠦ ᠭᠤᠷᠪᠠᠨ ᠶᠠᠩᠵᠤ ᠬᠡᠯᠪᠡᠷᠢ ᠮᠥᠨ 《ᠬᠢᠷᠭᠠᠰ》– ︽ᠬᠶᠠᠰ ︾– ︽ᠬᠠᠭᠠᠰ ︾- ︽ᠬᠠᠺᠠᠰ ︾– ︽ᠬᠠ ᠠᠴᠠ ︾ ᠦᠭᠡᠰ ᠲᠡᠢ ᠭᠠᠷᠤᠯ ᠨᠢᠭᠡ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ 198,951 ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ᠂ ᠰᠧᠨ᠋ᠸᠭᠠᠯᠠ ᠠᠴᠠ ᠠᠷᠠᠢ ᠲᠣᠮᠣ ᠪᠤᠶᠤ ᠳᠡᠯᠡᠬᠡᠢ ᠶᠢᠨ 86 ᠍ ᠳᠦᠭᠡᠷ ᠲᠣᠮᠣ ᠣᠷᠣᠨ ᠶᠤᠮ᠃

ᠰᠠᠨᠰᠠᠷ ᠠᠴᠠ ᠬᠠᠷᠠᠭᠰᠠᠨ ᠵᠢᠷᠤᠭ
ᠠᠭᠤᠯᠠ ᠨᠢᠷᠤᠭᠤ
ᠢᠰ ᠤᠺ ᠨᠠᠭᠤᠷ ᠍ ᠤᠨ ᠡᠷᠭᠢ
ᠰᠣᠨ ᠨᠠᠭᠤᠷᠠᠨᠳᠠ ᠰᠦᠷᠦᠭ ᠠᠳᠤᠭᠤ

ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠢᠳᠤ ᠥᠷᠭᠡᠷᠢᠭ ᠦᠨ 39° — 44°᠂ ᠵᠡᠭᠦᠨ ᠤᠷᠲᠤᠷᠢᠭ ᠤᠨ 69° — 81° ᠳᠣᠲᠣᠷ᠎ᠠ ᠲᠥᠪ ᠠᠽᠢᠶ᠎ᠠ᠂ ᠲᠡᠷᠡ ᠳᠤᠮᠳᠠ ᠪᠠᠨ ᠲᠦᠪ ᠠᠽᠢᠶ᠎ᠠ ᠳᠤ ᠣᠷᠣᠰᠢᠳᠠᠭ᠃ ᠬᠥᠨᠳᠡᠯᠡᠨ ᠴᠢᠭ ᠲᠦ ᠴᠣᠮᠴᠣᠶᠢᠨ ᠲᠣᠭᠲᠠᠭᠰᠠᠨ ᠪᠥᠭᠡᠳ ᠳᠠᠯᠠᠢ ᠳᠤ ᠭᠠᠷᠤᠴᠠ ᠦᠭᠡᠢ᠃ ᠬᠣᠶᠢᠳᠤ ᠲᠠᠯ᠎ᠠ ᠪᠠᠷ ᠢᠶᠠᠨ ᠬᠠᠰᠠᠭ ᠤᠯᠤᠰᠲᠠᠢ 1224 ᠺᠢᠯᠣᠮᠧᠲ᠋ᠷ᠂ ᠵᠡᠭᠦᠨ ᠲᠠᠯ᠎ᠠ ᠪᠠᠷ ᠢᠶᠠᠨ ᠬᠢᠲᠠᠳ ᠲᠠᠢ 858 ᠺᠢᠯᠣᠮᠧᠲ᠋ᠷ᠂ ᠤᠷᠳᠤ ᠲᠠᠯ᠎ᠠ ᠪᠠᠷ ᠢᠶᠠᠨ ᠲᠠᠵᠢᠺᠢᠰᠲᠠᠨ ᠲᠠᠢ 870 ᠺᠢᠯᠣᠮᠧᠲ᠋ᠷ᠂ ᠪᠠᠷᠠᠭᠤᠨ ᠲᠠᠯ᠎ᠠ ᠪᠠᠷ ᠢᠶᠠᠨ ᠦᠽᠡᠪᠸᠺᠢᠰᠲᠠᠨ ᠤᠯᠤᠰᠲᠠᠢ 1099 ᠺᠢᠯᠣᠮᠧᠲ᠋ᠷ ᠭᠠᠵᠠᠷ ᠢᠶᠠᠷ ᠬᠢᠯᠢᠯᠡᠳᠡᠭ᠃ ᠬᠢᠯᠢ ᠶᠢᠨ ᠨᠡᠶᠢᠲᠡ ᠤᠷᠲᠤ ᠨᠢ 3,878 ᠺᠢᠯᠣᠮᠧᠲ᠋ᠷ᠃

ᠭᠠᠵᠠᠷ ᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠠᠭᠤᠯᠠᠷᠬᠠᠭ ᠣᠷᠣᠨ ᠶᠤᠮ᠃ ᠨᠤᠲᠤᠭ ᠤᠨ ᠳᠥᠷᠪᠡᠨ ᠦ ᠭᠤᠷᠪᠠ ᠨᠢ ᠠᠭᠤᠯᠠ ᠨᠢᠷᠤᠭᠤ᠃ ᠬᠢᠷᠭᠢᠰ ᠣᠷᠣᠨ ᠤ ᠳᠣᠷᠣᠨ᠎ᠠ᠂ ᠲᠥᠪ ᠦᠨ ᠠᠭᠤᠯᠠ ᠨᠢᠷᠤᠭᠤ᠂ ᠶᠡᠬᠡᠩᠬᠢ ᠨᠤᠲᠤᠭ ᠨᠢ ᠲᠩᠷᠢ ᠠᠭᠤᠯᠠ (ᠲᠢᠨᠢ-ᠱᠠᠨᠢ) ᠍ ᠤᠨ ᠪᠠᠷᠠᠭᠤᠨ ᠪᠡᠶ᠎ᠡ ᠪᠣᠯᠵᠤ᠂ ᠨᠤᠲᠤᠭ ᠤᠨ ᠥᠷᠥᠨ᠎ᠡ ᠡᠮᠦᠨᠡᠲᠦ ᠲᠠᠯ᠎ᠠ ᠨᠢ ᠫᠠᠮᠢᠷ-ᠠᠯᠠᠢ ᠨᠢᠷᠤᠭᠤᠨ ᠤ ᠠᠷᠤ ᠬᠣᠷᠮᠣᠢ ᠪᠣᠯᠤᠨ᠎ᠠ᠃ ᠠᠭᠤᠯᠠ ᠶᠢᠨ ᠥᠨᠳᠥᠷ ᠢ ᠨᠡᠷᠡᠯᠡᠪᠡᠯ ᠢᠯᠠᠯᠲᠠ ᠶᠢᠨ ᠣᠷᠭᠢᠯ (7439 m)᠂ ᠯᠧᠨᠢᠨ ᠦ ᠣᠷᠭᠢᠯ (7134 m)᠂ ᠬᠠᠨᠲᠩᠷᠢ (6995 m) ᠪᠠᠶᠢᠨ᠎ᠠ᠃

ᠬᠢᠷᠭᠢᠰ ᠦᠨ ᠪᠠᠶᠢᠭᠠᠯᠢ ᠶᠢᠨ ᠬᠣᠣᠰ ᠦᠭᠡᠢ ᠦᠵᠡᠰᠬᠦᠯᠡᠩ ᠢᠰ ᠤᠺ ᠨᠠᠭᠤᠷ (ᠢᠰ ᠤᠺ-ᠺᠦᠯ) ᠨᠤᠲᠤᠭ ᠤᠨ ᠳᠣᠷᠣᠨ᠎ᠠ ᠤᠮᠠᠷ᠎ᠠ ᠲᠠᠯ᠎ᠠ ᠳᠤ ᠲᠩᠷᠢ ᠠᠭᠤᠯᠠ ᠶᠢᠨ ᠰᠠᠯᠪᠤᠷᠢ ᠲᠧᠷᠰᠺᠧᠢ ᠠᠯ-ᠲᠣᠭ᠎ᠠ᠂ ᠺᠦᠩᠭᠧᠢ ᠠᠯ-ᠲᠣᠭ᠎ᠠ ᠬᠣᠶᠠᠷ ᠤᠨ ᠵᠠᠪᠰᠠᠷ ᠪᠠᠶᠢᠨ᠎ᠠ᠃ ᠰᠣᠨ (ᠰᠣᠨᠺᠶᠣᠯ)᠂ ᠴᠢᠲ ᠤᠷ ᠨᠠᠭᠤᠷ ᠭᠡᠵᠦ ᠪᠤᠢ᠃ ᠹᠧᠷᠭᠠᠨ ᠤ ᠬᠥᠨᠳᠡᠢ ᠷᠦᠦ ᠲᠣᠮᠣᠬᠠᠨ ᠬᠣᠶᠠᠷ ᠭᠣᠣᠯ ᠨᠠᠷᠢᠨᠺᠠᠷᠠᠳᠠᠷᠢᠶ᠎ᠠ ᠤᠷᠤᠰᠳᠠᠭ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷ ᠠᠮᠢᠰᠬᠤᠯ ᠨᠤᠲᠤᠭ ᠤᠨ ᠥᠨᠳᠥᠷ ᠡᠴᠡ ᠬᠠᠮᠢᠶᠠᠷᠳᠠᠭ᠃ ᠹᠧᠷᠭᠠᠨ ᠤ ᠬᠥᠨᠳᠡᠢ ᠶᠢᠨ ᠨᠠᠮ ᠳᠣᠣᠷ᠎ᠠ ᠵᠠᠬ᠎ᠠ ᠪᠠᠷ ᠰᠦᠪᠲ᠋ᠷᠣᠫᠢᠺ ᠤᠨ ᠠᠭᠤᠷ ᠠᠮᠢᠰᠬᠤᠯ ᠲᠠᠢ᠃ ᠵᠤᠨ ᠳᠤ ᠪᠠᠨ 40°C ᠬᠦᠷᠴᠦ ᠬᠠᠯᠠᠨ᠎ᠠ᠃ ᠣᠷᠣᠨ ᠳᠠᠶᠠᠭᠠᠷ ᠨᠠᠷᠠᠯᠠᠭ᠃ 1 ᠍ ᠳᠦᠭᠡᠷ ᠰᠠᠷ᠎ᠠ ᠶᠢᠨ ᠳᠤᠮᠳᠠᠴᠢ ᠬᠡᠮ −4 °C. ᠢᠰ ᠤᠺ ᠨᠠᠭᠤᠷ ᠡᠨᠡ ᠦᠶ᠎ᠡ ᠳᠦ ᠬᠥᠯᠳᠡᠳᠡᠭ ᠦᠭᠡᠢ᠃ ᠥᠨᠳᠥᠷ ᠠᠭᠤᠯᠠ ᠨᠢᠷᠤᠭᠤᠨ ᠤ ᠠᠷᠤ ᠪᠠᠷ᠂ ᠠᠭᠤᠯᠠ ᠪᠠᠷ ᠬᠦᠢᠲᠡᠨ ᠡᠪᠦᠯ ᠪᠣᠯᠵᠤ −30 °C ᠍ ᠠᠴᠠ −53.6 °C ᠬᠦᠷᠡᠳᠡᠭ᠃

ᠬᠤᠷ᠎ᠠ ᠲᠤᠨᠤᠳᠠᠰᠤ ᠬᠠᠷᠢᠯᠴᠠᠨ ᠠᠳᠠᠯᠢ ᠦᠭᠡᠢ᠃ ᠹᠧᠷᠭᠠᠨ ᠤ ᠬᠥᠨᠳᠡᠢ ᠳᠤ ᠵᠢᠯ ᠳᠤ ᠪᠡᠨ 2000 ᠮᠢᠯᠯᠢᠮᠧᠲ᠋ᠷ ᠪᠠᠭᠤᠵᠤ ᠪᠠᠶᠢᠬᠤ ᠳᠤ ᠢᠰ ᠤᠺ ᠨᠠᠭᠤᠷ ᠤᠨ ᠣᠷᠴᠢᠮ ᠶᠡᠷᠦ ᠳᠡᠭᠡᠨ 100 ᠮᠢᠯᠯᠢᠮᠧᠲ᠋ᠷ ᠬᠤᠷ᠎ᠠ ᠪᠠᠭᠤᠳᠠᠭ᠃

ᠪᠠᠶᠢᠭᠠᠯᠢ ᠬᠠᠮᠠᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠤᠯᠤᠰ ᠲᠤ ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ 9᠂ ᠪᠠᠶᠢᠭᠠᠯᠢ ᠶᠢᠨ ᠨᠥᠭᠡᠴᠡ ᠭᠠᠵᠠᠷ 8᠂ ᠣᠢ᠂ ᠤᠷᠭᠤᠮᠠᠯ᠂ ᠠᠰᠢᠭᠲᠤ ᠮᠠᠯᠲᠠᠮᠠᠯ᠂ ᠶᠡᠷᠦᠩᠬᠡᠢ ᠠᠰᠢᠭᠲᠠᠢ 67 ᠭᠠᠵᠠᠷ ᠢ ᠵᠡᠷᠭᠡᠯᠡᠨ ᠬᠠᠮᠠᠭᠠᠯᠠᠵᠤ ᠪᠠᠶᠢᠨ᠎ᠠ᠃ ᠡᠭᠦᠨ ᠡᠴᠡ ᠢᠰ ᠤᠺ ᠨᠠᠭᠤᠷ᠂ ᠰᠠᠷᠰᠼᠧᠯᠧᠺ ᠶᠢᠨ ᠪᠠᠶᠢᠭᠠᠯᠢ ᠨᠥᠭᠡᠴᠡ ᠭᠠᠵᠠᠷ ᠬᠣᠶᠠᠷ ᠢ ᠣᠨᠴᠠᠭᠠᠶᠢᠯᠠᠭᠰᠠᠨ ᠪᠠᠶᠢᠳᠠᠭ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠰᠤ ᠦᠨᠳᠦᠰᠦ ᠬᠦᠮᠦᠨ ᠠᠮᠠ
(2012 ᠣᠨ)
ᠬᠤᠪᠢ
ᠬᠢᠷᠭᠢᠰ ᠦᠨᠳᠦᠰᠦᠲᠡᠨ 4,006,009 72.2 %
ᠦᠽᠡᠪᠸᠺᠢᠰᠲᠠᠨ ᠦᠨᠳᠦᠰᠦᠲᠡᠨ 796,291 14.3 %
ᠣᠷᠣᠰ ᠦᠨᠳᠦᠰᠦᠲᠡᠨ 381,562 6.9 %
ᠳᠤᠩᠭᠠᠨ ᠶᠠᠰᠤᠲᠠᠨ 61,372 1.1 %
ᠤᠶᠢᠭᠤᠷ ᠦᠨᠳᠦᠰᠦᠲᠡᠨ 50,346 0.9 %
ᠪᠤᠰᠤᠳ ᠠᠷᠠᠳ ᠲᠦᠮᠡᠨ 256,308 4.6 %
ᠣᠨ ᠬᠦᠮᠦᠨ ᠠᠮᠠ
1926 993,000
1950 1,740,000
1969 2,891,000
1989 4,290,400
2002 4,946,500
2013 5,522,500
ᠬᠢᠷᠭᠢᠰ ᠠᠶᠢᠯ

ᠬᠢᠷᠭᠢᠰ ᠤᠯᠤᠰ 2014 ᠣᠨ ᠳᠤ 5,604,212 ᠬᠦᠮᠦᠨ ᠲᠡᠢ (ᠳᠡᠯᠡᠬᠡᠢ ᠳᠦ 112 ᠍ ᠳᠦᠭᠡᠷ ᠣᠯᠠᠨ) ᠪᠠᠶᠢᠪᠠ᠃ 34 ᠬᠤᠪᠢ ᠨᠢ 0–14 ᠨᠠᠰᠤᠨ ᠤ ᠪᠠᠭᠠᠴᠤᠳ᠂ 60% ᠨᠢ 15–64 ᠨᠠᠰᠤᠨ ᠤ ᠬᠥᠳᠡᠯᠮᠦᠷᠢ ᠶᠢᠨ ᠴᠢᠳᠠᠪᠤᠷᠢᠲᠠᠨ᠂ 6.2 ᠨᠢ 65 ᠍ ᠡᠴᠡ ᠳᠡᠭᠡᠭᠰᠢ ᠥᠨᠳᠥᠷ ᠨᠠᠰᠤᠲᠠᠨ ᠶᠤᠮ᠃ ᠬᠦᠮᠦᠨ ᠠᠮᠠ ᠶᠢᠨ 1/3 ᠬᠣᠲᠠ ᠳᠤ᠂ 2/3 ᠬᠥᠳᠡᠭᠡ ᠳᠤ ᠣᠷᠣᠰᠢᠨ ᠰᠠᠭᠤᠳᠠᠭ᠃ ᠬᠦᠮᠦᠨ ᠠᠮᠠ ᠶᠢᠨ ᠨᠢᠭᠲᠠᠴᠠ — 25 ᠬᠦᠮᠦᠨ/km2 (148 ᠍ ᠳᠦᠭᠡᠷ ᠰᠢᠭᠢᠭᠦᠦ)᠂ ᠳᠤᠮᠳᠠᠴᠢ ᠨᠠᠰᠤᠯᠠᠯᠲᠠ — 69.4 ᠵᠢᠯ᠂ ᠬᠦᠢᠰᠦ ᠦᠨ ᠬᠠᠷᠢᠴᠠᠭ᠎ᠠ — 0.96᠂ ᠪᠢᠴᠢᠭ ᠦᠰᠦᠭ ᠲᠠᠶᠢᠯᠤᠭᠳᠠᠯ ᠳᠤ —98.7%.

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦ ᠬᠣᠯᠪᠣᠭᠠᠲᠤ ᠤᠯᠤᠰ ᠍ ᠳᠦ ᠪᠠᠶᠢᠭᠰᠠᠨ ᠤᠯᠤᠰ ᠤᠨ ᠵᠢᠱᠢᠭ ᠢᠶᠡᠷ ᠣᠯᠠᠨ ᠦᠨᠳᠦᠰᠦᠲᠡᠨ ᠦ ᠤᠯᠤᠰ ᠪᠣᠯᠤᠭᠰᠠᠨ᠃ ᠬᠦᠮᠦᠨ ᠠᠮᠠ ᠶᠢᠨ 73 ᠬᠤᠪᠢ (4 ᠰᠠᠶ᠎ᠠ) ᠬᠢᠷᠭᠢᠰ ᠦᠨᠳᠦᠰᠦᠲᠡᠨ᠂ ᠤᠳᠤᠭ᠎ᠠ ᠪᠠᠷ ᠨᠢ ᠦᠽᠡᠪᠸᠺᠢᠰᠲᠠᠨ 14 ᠬᠤᠪᠢ (800 ᠮᠢᠩᠭ᠎ᠠ)᠂ ᠣᠷᠣᠰ 6.4 ᠬᠤᠪᠢ (370 ᠮᠢᠩᠭ᠎ᠠ)᠂ ᠳᠤᠩᠭᠠᠨ 1.1%᠂ ᠤᠶᠢᠭᠤᠷ 0.9%᠂ ᠲᠠᠵᠢᠺᠢᠰᠲᠠᠨ 0.8 ᠬᠤᠪᠢ᠂ ᠲᠦᠷᠺ 0.7%᠂ ᠬᠠᠰᠠᠭ 0.5% ᠭᠡᠳ 80 ᠨᠡᠷ᠎ᠡ ᠶᠢᠨ ᠶᠠᠰᠤ ᠦᠨᠳᠦᠰᠦ ᠪᠠᠶᠢᠨ᠎ᠠ᠃ ᠵᠥᠪᠯᠡᠯᠲᠦ ᠬᠣᠯᠪᠣᠭᠠᠲᠤ ᠤᠯᠤᠰ ᠤᠨ ᠪᠤᠲᠠᠷᠠᠯ ᠲᠣᠬᠢᠶᠠᠭᠰᠠᠨ ᠰᠡᠭᠦᠯ ᠦᠨ ᠬᠡᠳᠦᠨ ᠠᠷᠪᠠᠨ ᠳᠤ ᠬᠢᠷᠭᠢᠰ ᠦᠨ ᠡᠵᠡᠯᠡᠬᠦ ᠬᠤᠪᠢ 50 ᠍ ᠠᠴᠠ 70% ᠪᠣᠯᠤᠨ ᠥᠰᠦᠭᠰᠡᠨ ᠪᠣᠯ ᠧᠦ᠋ᠷᠣᠫᠠ ᠵᠦᠭ ᠦᠨ ᠠᠷᠠᠳ (ᠣᠷᠣᠰ᠂ ᠦᠺᠷᠠᠶᠢᠨ᠂ ᠭᠧᠷᠮᠠᠨ) ᠣᠯᠠᠨ ᠢᠶᠠᠷ ᠭᠠᠳᠠᠭᠰᠢ ᠭᠠᠷᠴᠤ ᠡᠵᠡᠯᠡᠬᠦ ᠬᠤᠪᠢ ᠨᠢ 35 ᠍ ᠠᠴᠠ 10% ᠪᠣᠯᠲᠠᠯ᠎ᠠ ᠪᠠᠭᠤᠷᠠᠵᠠᠢ᠃

ᠬᠡᠯᠡ᠂ ᠱᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠦᠨᠳᠦᠰᠦᠲᠡᠨ ᠨᠢ ᠡᠷᠲᠡ ᠳᠡᠭᠡᠳᠦ ᠡᠴᠡ ᠪᠡᠨ ᠮᠠᠯᠴᠢᠨ ᠨᠡᠭᠦᠳᠡᠯᠴᠢᠨ᠂ ᠦᠽᠪᠧᠺ᠂ ᠲᠠᠵᠢᠺᠢᠰᠲᠠᠨ ᠨᠢ ᠲᠠᠷᠢᠶᠠᠴᠢᠨ ᠰᠠᠭᠤᠷᠢᠨ ᠰᠤᠶᠤᠯ ᠲᠠᠢ᠃ ᠬᠢᠷᠭᠢᠰ ᠤᠯᠤᠰ ᠤᠨ ᠬᠦᠮᠦᠨ ᠠᠮᠠ ᠶᠢᠨ 85 ᠬᠤᠪᠢ (ᠲᠦᠷᠦᠭ ᠤᠭᠰᠠᠭᠠᠲᠠᠨ᠂ ᠳᠤᠩᠭᠠᠨ ᠬᠢᠲᠠᠳ) ᠢᠰᠯᠠᠮ ᠱᠠᠰᠢᠨ ᠤ ᠰᠤᠩᠨᠢ ᠳᠤ ᠳᠢᠭ ᠢ ᠰᠠᠬᠢᠳᠠᠭ᠂ 10 ᠬᠤᠪᠢ (ᠣᠷᠣᠰ᠂ ᠦᠺᠷᠠᠶᠢᠨ) ᠾᠷᠢᠰᠲ᠋ᠦ᠋ᠰ - ᠦᠨᠡᠨ ᠠᠯᠳᠠᠷᠲᠠᠨ ᠤ ᠱᠠᠰᠢᠨᠲᠠᠬᠢᠨ᠎ᠠ᠃

ᠬᠢᠷᠭᠢᠰᠣᠷᠣᠰ ᠬᠣᠶᠠᠷ ᠬᠡᠯᠡ ᠠᠯᠪᠠᠨ ᠳᠤ ᠬᠡᠷᠡᠭᠯᠡᠭᠳᠡᠨ᠎ᠡ᠃ ᠬᠢᠷᠭᠢᠰ ᠬᠡᠯᠡ ᠲᠦᠷᠦᠭ ᠰᠠᠯᠪᠤᠷᠢ ᠶᠢᠨ ᠺ ᠤᠫᠴᠠᠺ ᠪᠦᠯᠦᠭ ᠲᠦ ᠬᠠᠮᠢᠶᠠᠷᠬᠤ ᠪᠠ ᠪᠥᠭᠡᠳ ᠬᠠᠰᠠᠭ ᠬᠡᠯᠡ ᠲᠡᠢ ᠣᠶᠢᠷ᠎ᠠ ᠲᠥᠷᠥᠯ ᠶᠤᠮ᠃ 1941 ᠣᠨ ᠠᠴᠠ ᠺᠢᠷᠢᠯ ᠦᠰᠦᠭ ᠢᠶᠡᠷ ᠪᠢᠴᠢᠳᠡᠭ ᠪᠣᠯᠤᠭᠰᠠᠨ᠃ ᠺᠢᠷᠢᠯ ᠬᠢᠷᠭᠢᠰ ᠴᠠᠭᠠᠨ ᠲᠣᠯᠣᠭᠠᠢ 36 ᠦᠰᠦᠭ ᠲᠡᠢ (ᠮᠣᠩᠭᠣᠯ ᠤᠨ ᠬᠢ ᠠᠴᠠ Ңң [ng] ᠦᠰᠦᠭ ᠢᠶᠡᠷ ᠢᠯᠡᠭᠦᠦ).

ᠬᠣᠲᠠ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠢᠷᠭᠢᠽ ᠤᠯᠤᠰ ᠲᠤ ᠣᠳᠣ 31 ᠬᠣᠲᠠ ᠪᠠᠶᠢᠨ᠎ᠠ᠃ ᠲᠣᠮᠣᠬᠠᠨ ᠨᠢ:

2009 ᠣᠨ ᠤ ᠬᠦᠮᠦᠨ ᠠᠮᠠ ᠶᠢᠨ ᠲᠣᠭ᠎ᠠ ᠪᠠᠷ:

ᠡᠰᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

11 ᠍ ᠳᠦᠭᠡᠷ ᠵᠠᠭᠤᠨ ᠳᠤ ᠪᠣᠰᠤᠭᠰᠠᠨ ᠪᠤᠷᠠᠨ ᠤ ᠴᠠᠮᠬᠠᠭ

ᠬᠢᠷᠭᠢᠰ ᠣᠷᠣᠨ ᠳᠤ ᠠᠩᠬ᠎ᠠ ᠰᠺᠢᠹᠰᠠᠺᠠ ᠵᠡᠷᠭᠡ ᠢᠷᠡᠨ ᠤᠭᠰᠠᠭᠠᠲᠠᠨ ᠠᠮᠢᠳᠤᠷᠠᠵᠤ ᠪᠠᠶᠢᠪᠠ᠃ 5 ᠍ ᠳᠦᠭᠡᠷ ᠵᠠᠭᠤᠨ ᠠᠴᠠ ᠤᠰᠤᠨᠢᠴᠠᠭᠠᠨ ᠾᠦᠩᠨᠦ ᠨᠡᠭᠦᠵᠦ ᠢᠷᠡᠭᠰᠡᠨ ᠪᠠ ᠰᠠᠰᠠᠨ ᠤ ᠤᠯᠤᠰ ᠍ ᠤᠨ ᠢᠷᠡᠨ ᠪᠣᠯᠤᠨ ᠲᠦᠷᠦᠭ ᠤᠭᠰᠠᠭᠠᠲᠠᠨ ᠢᠷᠡᠵᠦ ᠰᠠᠭᠤᠴᠠᠢ᠃ 8 ᠍ ᠳᠦᠭᠡᠷ ᠵᠠᠭᠤᠨ ᠳᠤ ᠲᠦᠷᠦᠭ ᠦᠨ ᠪᠠᠷᠠᠭᠤᠨ ᠤᠯᠤᠰ᠂ ᠳᠠᠷᠠᠭ᠎ᠠ ᠨᠢ ᠬᠠᠷᠯᠤᠭ ᠤᠯᠤᠰ ᠣᠷᠣᠰᠢᠨ ᠪᠠᠶᠢᠪᠠ᠃ 11 ᠍ ᠳᠦᠭᠡᠷ ᠵᠠᠭᠤᠨ ᠳᠤ ᠥᠵᠥᠭᠡᠨᠪᠠᠯᠰᠬᠤᠨ ᠬᠠᠪᠢᠶᠠᠷᠠ ᠬᠠᠷ᠎ᠠ ᠬᠠᠨ ᠤ ᠤᠯᠤᠰ ᠬᠡᠮᠡᠬᠦ ᠲᠦᠷᠦᠭ ᠤᠯᠤᠰ ᠣᠷᠳᠣ ᠥᠷᠭᠥᠭᠡ ᠪᠣᠰᠬᠠᠨ ᠲᠥᠪᠯᠡᠵᠦ ᠪᠠᠶᠢᠭᠰᠠᠨ ᠪᠠ ᠮᠣᠩᠭᠣᠯ ᠤᠨ ᠬᠠᠷ᠎ᠠ ᠬᠢᠲᠠᠨ ᠤᠯᠤᠰ ᠲᠤ ᠵᠠᠯᠭᠠᠭᠤᠯᠵᠠᠢ᠃

13 ᠍ ᠳᠦᠭᠡᠷ ᠵᠠᠭᠤᠨ ᠳᠤ ᠶᠡᠬᠡ ᠮᠣᠩᠭᠣᠯ ᠤᠯᠤᠰ᠂ ᠲᠡᠭᠦᠨ ᠦ ᠵᠠᠯᠭᠠᠮᠵᠢ ᠴᠠᠭᠠᠳᠠᠢ ᠶᠢᠨ ᠤᠯᠤᠰ ᠍ ᠤᠨ ᠬᠢ ᠪᠣᠯᠤᠭᠠᠳ 1347 ᠣᠨ ᠳᠤ ᠮᠣᠭᠣᠯᠢᠰᠲᠠᠨ ᠳᠤ ᠬᠠᠮᠢᠶᠠᠷᠤᠭᠳᠠᠭᠰᠠᠨ᠃

ᠬᠢᠷᠭᠢᠰ ᠦᠨ ᠤᠭ ᠭᠠᠷᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠬᠢᠷᠭᠢᠰ ᠮᠠᠨ ᠤ ᠡᠷᠡᠨ ᠦ ᠡᠮᠦᠨ᠎ᠡ 2 ᠍ ᠳᠦᠭᠡᠷ ᠵᠠᠭᠤᠨ ᠠᠴᠠ ᠡᠬᠢ ᠲᠡᠢ᠃ ᠬᠢᠲᠠᠳ ᠪᠣᠯᠤᠨ ᠠᠷᠠᠪ ᠦᠰᠦᠭ ᠦᠨ ᠰᠤᠷᠪᠤᠯᠵᠢ ᠳᠤ "ᠤᠯᠠᠭᠠᠨ ᠦᠰᠦ᠂ ᠨᠣᠭᠣᠭᠠᠨ ᠨᠢᠳᠦ ᠲᠡᠢ" ᠭᠡᠵᠦ ᠳᠦᠷᠰᠦᠯᠡᠵᠡᠢ᠃ 8 ᠍ ᠳᠦᠭᠡᠷ ᠵᠠᠭᠤᠨ ᠳᠤ ᠶᠡᠨᠢᠰᠧᠢᠨ ᠬᠢᠷᠭᠢᠰᠡᠭᠦᠳᠡ ᠶᠡᠨᠢᠰᠧᠢ ᠮᠥᠷᠡᠨ ᠦ ᠳᠡᠭᠡᠳᠦ ᠤᠷᠤᠰᠬᠠᠯ ᠲᠤᠸᠠᠬᠠᠺᠠᠰᠠᠯᠲᠠᠢ ᠳᠤ ᠲᠥᠪᠯᠡᠵᠦ ᠪᠠᠶᠢᠭᠰᠠᠨ᠃ 840 ᠣᠨ ᠳᠤ ᠤᠶᠢᠭᠤᠷ ᠤᠨ ᠨᠡᠶᠢᠰᠯᠡᠯ ᠬᠠᠷ᠎ᠠ ᠪᠠᠯᠭᠠᠰᠤ ᠍ ᠢ ᠭᠠᠯᠳᠠᠨ ᠰᠢᠲᠠᠭᠠᠵᠤ ᠤᠶᠢᠭᠤᠷ ᠢ ᠬᠥᠭᠡᠭᠡᠵᠦ᠂ ᠮᠣᠩᠭᠣᠯ ᠤᠨ ᠨᠣᠶᠠᠨ ᠪᠣᠯᠤᠭᠠᠳ ᠤᠳᠠᠯ ᠦᠭᠡᠢ ᠬᠢᠲᠠᠨ ᠳᠤ ᠲᠦᠷᠢᠭᠳᠡᠭᠰᠡᠨ᠃

16 ᠍ ᠳᠦᠭᠡᠷ ᠵᠠᠭᠤᠨ ᠳᠤ ᠲᠩᠷᠢ ᠠᠭᠤᠯᠠ ᠠᠴᠠ ᠵᠦᠩᠭᠠᠷᠳᠣᠯᠣᠭᠠᠨ ᠤᠰᠤᠨ ᠢᠶᠡᠷ ᠳᠠᠭᠠᠷᠢᠭᠠᠳ ᠶᠡᠨᠢᠰᠧᠢ ᠬᠦᠷᠲᠡᠯᠡᠬᠢ ᠨᠤᠲᠤᠭ ᠤᠨ ᠲᠦᠷᠦᠭ ᠠᠷᠠᠳ ᠲᠦᠮᠡᠨ ᠢ ᠨᠡᠶᠢᠲᠡ ᠳᠦ ᠨᠢ "ᠬᠢᠷᠭᠢᠰ (ᠺᠢᠷᠭᠢᠽ)" ᠭᠡᠳᠡᠭ ᠪᠠᠶᠢᠪᠠ᠃ ᠭᠸᠨ ᠦ ᠰᠢᠨᠵᠢᠯᠡᠭᠡ ᠪᠡᠷ ᠠᠳᠠᠯᠢᠬᠠᠨ R1 ᠭᠧᠨ ᠲᠡᠢ ᠭᠠᠷᠳᠠᠭ ᠢᠶᠠᠷ ᠢᠶᠠᠨ ᠥᠨᠥ ᠶᠢᠨ ᠬᠢᠷᠭᠢᠰ ᠦᠨᠳᠦᠰᠦᠲᠡᠨᠬᠠᠺᠠᠰ ᠶᠠᠰᠤᠲᠠᠨ ᠨᠢ ᠬᠠᠮᠲᠤ ᠳᠤ ᠪᠠᠨ ᠶᠡᠨᠢᠰᠧᠢᠨ ᠬᠢᠷᠭᠢᠰ ᠦᠨ ᠦᠷ᠎ᠡ ᠤᠳᠤᠮ ᠪᠣᠯᠤᠨ᠎ᠠ᠃

ᠵᠥᠪᠯᠡᠯᠲᠦ ᠬᠣᠯᠪᠣᠭᠠᠲᠤ ᠤᠯᠤᠰ ᠤᠨ ᠬᠢᠷᠭᠢᠰ ᠥᠬᠢᠨ

ᠬᠠᠷᠢ ᠶᠢᠨ ᠠᠯᠪᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠭᠣᠯᠢᠰᠲᠠᠨ ᠤ ᠳᠠᠷᠠᠭ᠎ᠠ ᠲᠩᠷᠢ ᠠᠭᠤᠯᠠᠨ ᠢᠶᠠᠨ ᠬᠢᠷᠭᠢᠰ ᠦᠳ ᠠᠮᠠᠷ ᠵᠢᠮᠡᠷ ᠪᠠᠶᠢᠪᠠ᠃ 17 ᠍ ᠳᠦᠭᠡᠷ ᠵᠠᠭᠤᠨ ᠠᠴᠠ ᠵᠦᠩᠭᠠᠷ ᠤᠨ ᠣᠶᠢᠷᠠᠳ ᠲᠤ᠂ 18 ᠍ ᠳᠦᠭᠡᠷ ᠵᠠᠭᠤᠨ ᠠᠴᠠ ᠬᠢᠩ ᠦᠨ ᠮᠠᠨᠵᠤ ᠳᠤ᠂ 19 ᠍ ᠳᠦᠭᠡᠷ ᠵᠠᠭᠤᠨ ᠠᠴᠠ ᠺᠣᠺᠠᠨᠳ ᠤᠨ ᠦᠽᠡᠪᠸᠺᠢᠰᠲᠠᠨ ᠤᠳ ᠲᠤ ᠵᠠᠩᠳᠤᠷᠤᠭᠤᠯᠵᠤ ᠶᠠᠪᠤᠪᠠ᠃ 1876 ᠣᠨ ᠠᠴᠠ ᠬᠢᠷᠭᠢᠰ ᠨᠤᠲᠤᠭ ᠣᠷᠣᠰ ᠍ ᠤᠨ ᠳᠣᠯᠣᠭᠠᠨ ᠤᠰᠤᠨ ᠮᠤᠵᠢ ᠳᠤ ᠬᠠᠮᠢᠶᠠᠷᠴᠠᠢ᠃ ᠣᠷᠣᠰ ᠲᠤ ᠲᠡᠷᠡ ᠦᠶ᠎ᠡ ᠳᠦ ᠬᠠᠰᠠᠭ ᠤᠳ ᠢ "ᠺᠢᠷᠭᠢᠽ ᠺᠠᠢ=ᠰᠠᠺ" (ᠬᠢᠷᠭᠢᠰ ᠬᠠᠰᠠᠭ)᠂ ᠬᠢᠷᠭᠢᠰ ᠢ "ᠺᠠᠷᠠ ᠺᠢᠷᠭᠢᠽ" (ᠬᠠᠷ᠎ᠠ ᠬᠢᠷᠭᠢᠰ) ᠭᠡᠵᠦ ᠨᠡᠷᠡᠶᠢᠳᠴᠦ ᠪᠠᠶᠢᠯ᠎ᠠ᠃ 1910 ᠣᠨ ᠳᠤ ᠨᠡᠭᠦᠷᠡᠰᠦᠨ ᠦ ᠠᠭᠤᠷᠬᠠᠢ ᠨᠡᠭᠡᠭᠡᠭᠳᠡᠵᠦ ᠠᠭᠤᠷᠬᠠᠶᠢᠴᠢᠨ ᠣᠷᠣᠰ ᠤᠳ ᠢᠷᠡᠵᠡᠢ᠃ 1916 ᠣᠨ ᠳᠤ ᠣᠷᠣᠰ ᠤᠨ ᠡᠰᠡᠷᠬᠦ 2000 ᠬᠦᠮᠦᠨ ᠦ ᠠᠮᠢ ᠦᠷᠦᠭᠰᠡᠨ ᠪᠣᠰᠤᠯᠭ᠎ᠠ ᠭᠠᠷᠴᠤ ᠨᠤᠬᠤᠴᠢᠨ ᠳᠠᠷᠤᠭᠳᠠᠵᠤ ᠰᠢᠨᠵᠢᠶᠠᠩ᠂ ᠣᠳᠣ ᠶᠢᠨ ᠺ ᠤᠰ ᠤᠯᠰᠤ ӨЗТ ᠷᠦᠦ ᠨᠡᠯᠢᠶᠡᠨ ᠳᠠᠶᠢᠵᠢᠭ᠌ᠰᠠᠨ᠃

ᠵᠥᠪᠯᠡᠯᠲᠦ ᠬᠢᠷᠭᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦ ᠬᠣᠯᠪᠣᠭᠠᠲᠤ ᠤᠯᠤᠰ ᠪᠠᠶᠢᠭᠤᠯᠤᠭᠳᠠᠭᠠᠳ 1924 ᠣᠨ ᠳᠤ ᠬᠠᠷ᠎ᠠ ᠬᠢᠷᠭᠢᠰ ᠦᠨ ᠥᠪᠡᠷᠲᠡᠭᠡᠨ ᠵᠠᠰᠠᠬᠤ ᠮᠤᠵᠢ ᠶᠢ ᠪᠠᠶᠢᠭᠤᠯᠵᠠᠢ᠃ 1926 ᠣᠨ ᠠᠴᠠ ᠣᠷᠣᠰ ᠤᠨ ᠳᠣᠲᠣᠷ᠎ᠠ ᠠᠦ᠋ᠲ᠋ᠣᠨᠣᠮᠢᠲᠤ ᠤᠯᠤᠰ᠂ 1936 ᠣᠨ ᠠᠴᠠ ᠣᠷᠣᠰ ᠠᠴᠠ ᠲᠤᠰᠠᠭᠠᠷᠯᠠᠵᠤ᠂ ᠵᠥᠪᠯᠡᠯᠲᠦ ᠶᠢᠨ 15 ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠤᠯᠤᠰ ᠤᠨ ᠨᠢᠭᠡ ᠪᠣᠯᠵᠤ ᠥᠨᠥ ᠶᠢᠨ ᠬᠢᠯᠢ ᠬᠢᠵᠠᠭᠠᠷ ᠵᠢᠷᠤᠭᠳᠠᠵᠤ᠂ ᠹᠷᠦᠨᠽᠧ ᠶᠢ ᠨᠡᠶᠢᠰᠯᠡᠯ ᠪᠣᠯᠭᠠᠵᠠᠢ᠃ 1920 ᠍ ᠢᠤᠳ᠋ ᠣᠨ ᠠᠴᠠ ᠪᠦᠬᠦ ᠨᠡᠶᠢᠲᠡ ᠪᠡᠷ ᠪᠢᠴᠢᠭ ᠦᠰᠦᠭ ᠲᠦ ᠰᠤᠷᠤᠯᠴᠠᠨ᠂ 1924 ᠣᠨ ᠳᠤ ᠠᠷᠠᠪ ᠦᠰᠦᠭ᠂ 1928 ᠣᠨ ᠳᠤ ᠯᠠᠲ᠋ᠢᠨ᠂ 1941 ᠣᠨ ᠠᠴᠠ ᠺᠢᠷᠢᠯ ᠦᠰᠦᠭ ᠢ ᠲᠣᠬᠢᠷᠠᠭᠤᠯᠤᠨ ᠬᠡᠷᠡᠭᠯᠡᠭᠰᠡᠨ᠃ ᠣᠷᠣᠰ ᠤᠳ ᠬᠣᠲᠠ ᠲᠣᠰᠬᠣᠨ ᠪᠠᠷᠢᠵᠤ ᠬᠢᠷᠭᠢᠰ ᠢ ᠨᠡᠭᠦᠳᠡᠯ ᠦᠨ ᠰᠤᠶᠤᠯ ᠢᠷᠭᠡᠨᠰᠢᠯ ᠡᠴᠡ ᠰᠠᠭᠤᠷᠢᠨ ᠪᠣᠯᠭᠠᠪᠠ᠃ 1989 ᠣᠨ ᠳᠤ ᠨᠡᠶᠢᠰᠯᠡᠯ ᠦᠨ ᠬᠦᠮᠦᠨ ᠠᠮᠠ ᠶᠢᠨ ᠳᠡᠶᠢᠯᠦᠩᠬᠢ ᠨᠢ ᠣᠷᠣᠰ᠂ ᠦᠺᠷᠠᠶᠢᠨ ᠦᠨᠳᠦᠰᠦᠲᠡᠨ ᠪᠠᠶᠢᠯ᠎ᠠ᠃

ᠲᠤᠰᠠᠭᠠᠷ ᠬᠢᠷᠭᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ ᠬᠤᠪᠢᠰᠬᠠᠯ ᠤᠨ ᠦᠶ᠎ᠡ

ᠵᠥᠪᠯᠡᠯᠲᠦ ᠬᠣᠯᠪᠣᠭᠠᠲᠤ ᠤᠯᠤᠰ ᠵᠠᠳᠠᠷᠠᠰᠤᠨ ᠢᠶᠠᠷ ᠬᠢᠷᠭᠢᠰ ᠤᠯᠤᠰ 1991 ᠣᠨ ᠳᠤ ᠪᠦᠷᠢᠨ ᠲᠤᠰᠠᠭᠠᠷ ᠲᠣᠭᠲᠠᠨᠢᠵᠤ᠂ 1992 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠭᠡᠰᠢᠭᠦᠨ ᠪᠣᠯᠵᠠᠢ᠃ 1990 ᠣᠨ ᠳᠤ ᠣᠰᠢ ᠬᠣᠳᠠ ᠳᠤ ᠬᠢᠷᠭᠢᠰ-ᠦᠽᠡᠪᠸᠺᠢᠰᠲᠠᠨ ᠦᠨᠳᠦᠰᠦᠲᠡᠨ ᠬᠣᠭᠣᠷᠣᠨᠳᠣ ᠶᠢᠨ ᠮᠥᠷᠭᠥᠯᠳᠦᠭᠡᠨ ᠪᠣᠯᠵᠤ 300-600 ᠬᠦᠮᠦᠨ ᠠᠮᠢ ᠦᠷᠡᠭᠳᠡᠪᠡ᠃ 1991 ᠣᠨ ᠳᠤ ᠨᠡᠶᠢᠰᠯᠡᠯ ᠦᠨ ᠨᠡᠷ᠎ᠡ ᠶᠢ ᠡᠷᠭᠢᠭᠦᠯᠦᠨ ᠪᠥᠱᠺᠧᠺ ᠪᠣᠯᠭᠠᠵᠤ᠂ ᠬᠢᠷᠭᠢᠰ ᠬᠡᠯᠡ ᠲᠥᠷᠥ ᠶᠢᠨ ᠬᠣᠶᠠᠷ ᠬᠡᠯᠡᠨ ᠦ ᠨᠢᠭᠡ (ᠨᠥᠭᠥᠭᠡᠬᠢ ᠨᠢ ᠣᠷᠣᠰ ᠬᠡᠯᠡ) ᠪᠣᠯᠤᠨ ᠳᠡᠪᠰᠢᠭᠰᠡᠨ᠃ 1993 ᠣᠨ ᠳᠤ ᠦᠨᠳᠦᠰᠦᠨ ᠬᠠᠤᠯᠢ ᠪᠠᠨ ᠰᠢᠨᠡᠴᠢᠯᠡᠵᠦ᠂ ᠤᠯᠤᠰ ᠤᠨ ᠨᠡᠷ᠎ᠡ ᠪᠡᠨ ᠲᠣᠭᠲᠠᠵᠠᠢ᠃ ᠺᠣᠮᠮᠤᠶᠢᠨᠢᠰᠮ ᠠᠴᠠ ᠠᠷᠠᠳᠴᠢᠯᠠᠭᠰᠠᠨ ᠳᠢᠭᠯᠢᠮ᠂ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠲᠤ ᠰᠢᠯᠵᠢᠬᠦ ᠦᠶ᠎ᠡ ᠳᠦ ᠪᠤᠰᠤᠳ ᠤᠨ ᠠᠳᠠᠯᠢ ᠡᠳ᠋ ᠍ ᠦᠨ ᠵᠠᠰᠠᠭ ᠬᠢᠮᠤᠷᠠᠭᠰᠠᠨ᠃

1990 ᠣᠨ ᠳᠤ ᠠᠰᠺᠠᠷ ᠠᠺᠠᠸ ᠠᠩᠬᠠᠨ ᠤ ᠶᠡᠷᠦᠩᠬᠡᠶᠢᠯᠡᠭᠴᠢ ᠪᠡᠷ ᠰᠣᠩᠭᠣᠭᠳᠠᠵᠤ 2005 ᠣᠨ ᠤ ᠡᠰᠡᠷᠭᠦᠴᠡᠯ ᠦᠨ ᠬᠥᠳᠡᠯᠭᠡᠭᠡᠨ ᠢᠶᠡᠷ ᠣᠭᠴᠠᠷᠠᠭᠰᠠᠨ ᠪᠣᠯ ᠺᠦ᠋ᠷᠮᠠᠨᠪᠧᠺ ᠪᠠᠬᠢᠶᠧᠸ ᠍ ᠢ 2010 ᠣᠨ ᠳᠤ ᠷᠣᠵᠠ ᠣᠲᠤᠨᠪᠠᠸᠠᠭᠡᠶᠢᠨ ᠤᠳᠤᠷᠢᠳᠤᠭᠰᠠᠨ ᠬᠤᠪᠢᠰᠬᠠᠯ ᠮᠥᠨ ᠠᠪᠴᠤ ᠴᠢᠯᠠᠭᠤᠳᠠᠪᠠ᠃ ᠵᠠᠮᠪᠠᠷᠠᠭ᠎ᠠ ᠦᠭᠡᠢ ᠪᠠᠶᠢᠳᠠᠯ ᠦᠷᠭᠡᠵᠢᠯᠡᠵᠦ ᠣᠰᠢ ᠣᠷᠴᠢᠮ ᠵᠡᠪᠰᠡᠭᠯᠡᠭᠰᠡᠨ ᠬᠢᠷᠭᠢᠰ ᠦᠳ ᠦᠽᠡᠪᠸᠺᠢᠰᠲᠠᠨ ᠤᠳ ᠢ ᠬᠥᠭᠡᠭᠡᠨ ᠤᠰᠠᠳᠬᠠᠵᠤ᠂ ᠨᠡᠶᠢᠲᠡ ᠳᠦ ᠪᠡᠨ 893 ᠬᠦᠮᠦᠨ ᠠᠮᠢ ᠦᠷᠡᠭᠳᠡᠵᠡᠢ᠃ 2011 ᠣᠨ ᠤ ᠰᠣᠩᠭᠣᠭᠤᠯᠢ ᠪᠠᠷ ᠠᠯᠮᠠᠰᠪᠧᠺ ᠠᠲ᠋ᠠᠩᠪᠤᠸ ᠶᠡᠷᠦᠩᠬᠡᠶᠢᠯᠡᠭᠴᠢ ᠪᠣᠯᠤᠭᠰᠠᠨ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠤᠯᠤᠰ ᠠᠷᠠᠳᠴᠢᠯᠠᠭᠰᠠᠨ ᠳᠢᠭᠯᠢᠮ᠂ ᠪᠦᠭᠦᠳᠡ ᠨᠠᠶᠢᠷᠠᠮᠳᠠᠬᠤ ᠵᠠᠰᠠᠭ ᠲᠠᠢ᠃ 1993 ᠣᠨ ᠳᠤ ᠦᠨᠳᠦᠰᠦᠨ ᠬᠠᠤᠯᠢ ᠪᠠᠲᠤᠯᠠᠵᠤ᠂ 2010 ᠣᠨ ᠳᠤ ᠰᠢᠨᠡᠴᠢᠯᠡᠭᠰᠡᠨ᠃ 2010 ᠣᠨ ᠢ ᠬᠦᠷᠲᠡᠯ᠎ᠡ ᠶᠡᠷᠦᠩᠬᠡᠶᠢᠯᠡᠭᠴᠢ᠂ ᠲᠡᠭᠦᠨ ᠡᠴᠡ ᠬᠣᠶᠢᠰᠢ ᠫᠠᠷᠯᠠᠮᠧᠨᠲ ᠤᠨ ᠡᠷᠬᠡ ᠮᠡᠳᠡᠯ ᠳᠠᠪᠠᠮᠠᠭᠠᠢ ᠪᠣᠯᠤᠭᠰᠠᠨ᠃ ᠲᠥᠷᠥ ᠤᠯᠤᠰ ᠤᠨ ᠲᠡᠷᠢᠭᠦᠨ ᠨᠢ ᠶᠡᠷᠦᠩᠬᠡᠶᠢᠯᠡᠭᠴᠢ ᠪᠠᠶᠢᠨ᠎ᠠ᠃ ᠶᠡᠷᠦᠩᠬᠡᠢ ᠰᠠᠶᠢᠳ ᠬᠡᠷᠡᠭᠵᠢᠭᠦᠯᠬᠦ ᠪᠠᠶᠢᠭᠤᠯᠤᠯᠭ᠎ᠠ ᠪᠤᠶᠤ ᠵᠠᠰᠠᠭ ᠤᠨ ᠭᠠᠵᠠᠷ ᠤᠨ ᠲᠡᠷᠢᠭᠦᠨ ᠪᠠᠶᠢᠨ᠎ᠠ᠃ 1994 ᠣᠨ ᠳᠤ ᠠᠩᠬ᠎ᠠ ᠬᠣᠶᠠᠷ ᠲᠠᠩᠬᠢᠮ ᠲᠠᠢ ᠡᠬᠢᠯᠡᠵᠦ᠂ 2010 ᠣᠨ ᠠᠴᠠ ᠨᠢᠭᠡ ᠲᠠᠩᠬᠢᠮ ᠲᠠᠢ ᠪᠣᠯᠤᠭᠰᠠᠨ ᠤᠯᠤᠰ ᠤᠨ ᠬᠤᠷᠠᠯ ᠨᠢ ᠵᠣᠭᠤᠷᠺᠦ᠋ ᠺᠧᠨᠧᠱ (ᠳᠡᠭᠡᠳᠦ ᠵᠥᠪᠯᠡᠯ) ᠶᠤᠮ᠃ ᠡᠭᠦᠨ ᠡᠴᠡ ᠭᠠᠳᠠᠨ᠎ᠠ ᠰᠢᠭᠦᠬᠦ ᠪᠠᠶᠢᠭᠤᠯᠤᠯᠭ᠎ᠠ᠂ ᠳᠡᠭᠡᠳᠦ ᠰᠢᠭᠦᠬᠦ ᠪᠤᠢ᠃

ᠠᠲ᠋ᠠᠩᠪᠤᠸ ᠶᠡᠷᠦᠩᠬᠡᠶᠢᠯᠡᠭᠴᠢ

ᠤᠯᠤᠰ ᠤᠨ ᠶᠡᠷᠦᠩᠬᠡᠶᠢᠯᠡᠭᠴᠢ ᠡᠪ ᠨᠢᠭᠡᠳᠦᠯ ᠢ ᠢᠯᠡᠷᠬᠡᠶᠢᠯᠡᠭᠴᠢ ᠪᠥᠭᠡᠳ 6 ᠵᠢᠯ ᠲᠤᠲᠤᠮ ᠰᠣᠩᠭᠣᠨ᠎ᠠ᠃ 35-65 ᠨᠠᠰᠤᠨ ᠤ ᠤᠯᠤᠰ ᠤᠨ ᠬᠡᠯᠡ ᠶᠢ (ᠬᠢᠷᠭᠢᠰ ᠬᠡᠯᠡ) ᠮᠡᠳᠡᠳᠡᠭ ᠬᠦᠮᠦᠨ ᠪᠠᠶᠢᠬᠤ ᠶᠣᠰᠣᠲᠠᠢ᠃ ᠠᠰᠺᠠᠷ ᠠᠺᠠᠸ (1990-2005)᠂ ᠺᠦ᠋ᠷᠮᠠᠨᠪᠧᠺ ᠪᠠᠬᠢᠶᠧᠸ (2005-2010)᠂ ᠷᠣᠵᠠ ᠣᠲᠤᠨᠪᠠᠸᠠ (2010-2011)᠂ ᠠᠯᠮᠠᠰᠪᠧᠺ ᠠᠲ᠋ᠠᠩᠪᠤᠸ (2011 ᠍ ᠣᠳᠣ) ᠨᠠᠷ ᠠᠵᠢᠯᠯᠠᠭᠰᠠᠨ᠃

ᠶᠡᠷᠦᠩᠬᠡᠢ ᠰᠠᠶᠢᠳ ᠢ ᠳᠡᠭᠡᠳᠦ ᠵᠥᠪᠯᠡᠯ ᠲᠣᠳᠣᠷᠠᠭᠤᠯᠵᠤ᠂ ᠶᠡᠷᠦᠩᠬᠡᠶᠢᠯᠡᠭᠴᠢ ᠵᠥᠪᠰᠢᠶᠡᠷᠡᠭᠰᠡᠨ ᠢᠶᠡᠷ ᠰᠣᠩᠭᠣᠨ᠎ᠠ᠃ ᠶᠡᠷᠦᠩᠬᠡᠢ ᠰᠠᠶᠢᠳ ᠰᠠᠶᠢᠳ ᠨᠠᠷ ᠤᠨ ᠪᠠᠭ᠎ᠠ ᠪᠠᠨ ᠪᠦᠷᠢᠳᠦᠭᠦᠯᠳᠡᠭ ᠪᠠ 1991 ᠣᠨ ᠠᠴᠠ ᠬᠣᠶᠢᠰᠢ 17 ᠬᠦᠮᠦᠨ ᠡᠨᠡ ᠠᠯᠪᠠ ᠶᠢ ᠬᠠᠰᠢᠵᠠᠢ᠃ ᠰᠡᠭᠦᠯ ᠳᠦ 2015 ᠣᠨ ᠳᠤ ᠲᠧᠮᠢᠷ ᠰᠠᠷᠶᠧᠸ ᠲᠣᠮᠢᠯᠠᠭᠳᠠᠪᠠ᠃

ᠤᠯᠤᠰ ᠤᠨ ᠬᠤᠷᠠᠯ ᠵᠣᠭᠤᠷᠺᠦ᠋ ᠺᠧᠨᠧᠱ (ᠳᠡᠭᠡᠳᠦ ᠵᠥᠪᠯᠡᠯ) 120 ᠰᠠᠭᠤᠳᠠᠯ ᠲᠠᠢ᠃ ᠨᠠᠮ ᠤᠨ ᠬᠤᠪᠢ ᠲᠡᠩᠴᠡᠭᠦᠯᠬᠦ ᠰᠣᠩᠭᠣᠭᠤᠯᠢ ᠶᠢᠨ ᠠᠷᠭ᠎ᠠ ᠪᠠᠷ 5 ᠵᠢᠯ ᠲᠤᠲᠤᠮ ᠰᠣᠩᠭᠣᠳᠠᠭ᠃ ᠥᠩᠭᠡᠷᠡᠭᠰᠡᠨ 2010 ᠣᠨ ᠤ 10 ᠍ ᠳᠦᠭᠡᠷ ᠰᠠᠷ᠎ᠠ ᠶᠢᠨ 10 ᠍ ᠤ ᠰᠣᠩᠭᠣᠭᠤᠯᠢ ᠪᠠᠷ ᠳᠡᠭᠡᠳᠦ ᠵᠥᠪᠯᠡᠯ ᠦᠨ ᠭᠡᠰᠢᠭᠦᠳ ᠲᠠᠪᠤᠨ ᠨᠠᠮ ᠠᠴᠠ ᠲᠡᠩᠴᠡᠭᠦᠬᠡᠨ ᠲᠣᠭ᠎ᠠ ᠪᠠᠷ ᠰᠣᠩᠭᠣᠭᠳᠠᠭᠰᠠᠨ᠃ ᠡᠭᠦᠨ ᠳᠦ:

  • «ᠠᠲ᠋ᠠ-ᠵᠤᠷ ᠲᠤ» (ᠡᠬᠡ ᠣᠷᠣᠨ) - 28 ᠰᠠᠭᠤᠳᠠᠯ
  • «ᠰᠣᠴᠢᠶᠠᠯ-ᠳᠧᠮᠣᠺᠷᠠᠲ» (ᠨᠡᠶᠢᠭᠡᠮ ᠤᠨ ᠠᠷᠠᠳᠴᠢᠯᠠᠭᠰᠠᠨ) - 26 ᠰᠠᠭᠤᠳᠠᠯ
  • «ᠠᠷᠤ-ᠨᠠᠮ ᠢᠰ» (ᠨᠡᠷ᠎ᠡ ᠲᠥᠷᠥ) - 25 ᠰᠠᠭᠤᠳᠠᠯ
  • «ᠷᠧᠰᠫᠦᠪᠯᠢᠺᠠ» (ᠪᠦᠭᠦᠳᠡ ᠨᠠᠶᠢᠷᠠᠮᠳᠠᠬᠤ) - 23 ᠰᠠᠭᠤᠳᠠᠯ
  • «ᠠᠲ᠋ᠠ-ᠮᠧᠺᠧᠨ» (ᠡᠬᠡ ᠨᠤᠲᠤᠭ) - 18 ᠰᠠᠭᠤᠳᠠᠯ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠤᠯᠤᠰ ᠲᠥᠷᠥ ᠶᠢᠨ ᠨᠢᠭᠡᠳᠦᠮᠡᠯ ᠪᠠᠶᠢᠭᠤᠯᠤᠮᠵᠢ ᠲᠠᠢ᠃ ᠲᠥᠷᠥ ᠶᠢᠨ ᠬᠠᠤᠯᠢ ᠪᠠᠷ ᠣᠷᠣᠨ ᠨᠤᠲᠤᠭ ᠢ ᠵᠠᠬᠢᠷᠳᠠᠭ᠃ ᠭᠤᠷᠪᠠᠨ ᠲᠦᠪᠰᠢᠨ ᠳᠦ 9 ᠨᠢᠭᠡᠴᠡ ᠪᠡᠷ ᠵᠠᠳᠠᠯᠤᠨ᠎ᠠ᠃ ᠡᠬᠢᠯᠡᠭᠡᠳ ᠪᠦᠬᠦᠯᠢ ᠣᠷᠣᠨ 7 ᠮᠤᠵᠢ (ᠣᠪᠯᠠᠰᠲ)᠂ ᠤᠯᠤᠰ ᠤᠨ ᠠᠴᠢ ᠬᠣᠯᠪᠣᠭᠳᠠᠯ ᠲᠠᠢ 2 ᠬᠣᠲᠠ (ᠭᠣᠷᠣᠳ ᠷᠧᠰᠫᠦᠪᠯᠢᠺᠠᠨᠰᠺᠣᠭᠣ ᠫᠣᠳᠣᠴᠢᠨᠧᠨᠢᠶ᠎ᠠ) ᠪᠤᠶᠤ ᠶᠢᠰᠦᠨ ᠨᠤᠲᠤᠭ ᠪᠣᠯᠤᠨ᠎ᠠ᠃

ᠪᠥᠱᠺᠧᠺ ᠬᠣᠲᠠ ᠳᠣᠲᠣᠷ᠎ᠠ ᠪᠠᠨ 4 ᠳᠡᠭᠦᠷᠭᠡᠲᠡᠢ᠃ ᠮᠤᠵᠢ ᠳᠣᠲᠣᠷ᠎ᠠ ᠪᠠᠨ ᠷᠠᠶᠣᠨ (ᠬᠣᠰᠢᠭᠤ᠂ 40 ᠪᠤᠢ) ᠂ ᠮᠤᠵᠢ ᠶᠢᠨ ᠬᠠᠷᠢᠶ᠎ᠠ ᠬᠣᠲᠠ (13 ᠪᠤᠢ) ᠪᠣᠯᠵᠤ ᠵᠠᠳᠠᠷᠠᠨ᠎ᠠ᠃

ᠶᠢᠰᠦᠨ ᠨᠤᠲᠤᠭ: 1-ᠪᠥᠱᠺᠧᠺ ᠬᠣᠲᠠ᠂ 2-ᠪᠠᠲ᠋ᠺᠧᠨ᠂ 3-ᠴᠦᠢ᠂ 4-ᠵᠢᠯᠠᠯ-ᠠᠪ ᠲᠤ᠂ 5-ᠨᠠᠷ ᠤᠨ᠂ 6-ᠣᠰᠢ᠂ 7-ᠲᠠᠯ᠎ᠠ ᠠᠴᠠ᠂ 8-ᠢᠰ ᠤᠺ-ᠺᠦᠶᠢᠯᠢ᠂ 9-ᠣᠰᠢ ᠬᠣᠲᠠ
ᠨᠢᠭᠡᠴᠡ
(ᠨᠡᠷ᠎ᠡ᠂ ᠵᠦᠢᠯ)
ᠷᠠᠶᠣᠨ ᠤ
ᠲᠣᠭ᠎ᠠ
ᠲᠠᠯᠠᠪᠠᠢ[5]
(km²)
ᠬᠦᠮᠦᠨ ᠠᠮᠠ
(2010)[6]
1 ᠪᠥᠱᠺᠧᠺ ᠬᠣᠲᠠ 4 ᠳᠡᠭᠦᠷᠭᠡ 170 ᠺᠦᠸᠠᠳ᠋ ᠺᠢᠯᠣᠮᠧᠲ᠋ᠷ 859,800
2 ᠣᠰᠢ ᠬᠣᠲᠠ - 18,5 ᠺᠦᠸᠠᠳ᠋ ᠺᠢᠯᠣᠮᠧᠲ᠋ᠷ 255,800
3 ᠪᠠᠲ᠋ᠺᠧᠨ ᠮᠤᠵᠢ 3+ 3 ᠬᠣᠲᠠ 17,000 ᠺᠦᠸᠠᠳ᠋ ᠺᠢᠯᠣᠮᠧᠲ᠋ᠷ 441,100
4 ᠵᠢᠯᠠᠯᠠᠪᠠᠲ ᠮᠤᠵᠢ 8 33,700 ᠺᠦᠸᠠᠳ᠋ ᠺᠢᠯᠣᠮᠧᠲ᠋ᠷ 1,036,700
5 ᠢᠰ ᠤᠺᠺᠦᠯ ᠮᠤᠵᠢ 5 + 2 ᠬᠣᠲᠠ 43,100 ᠺᠦᠸᠠᠳ᠋ ᠺᠢᠯᠣᠮᠧᠲ᠋ᠷ 444,500
6 ᠨᠠᠷ ᠤᠨ ᠮᠤᠵᠢ 5 45,200 ᠺᠦᠸᠠᠳ᠋ ᠺᠢᠯᠣᠮᠧᠲ᠋ᠷ 262,100
7 ᠣᠰᠢ ᠮᠤᠵᠢ 7 29,200 ᠺᠦᠸᠠᠳ᠋ ᠺᠢᠯᠣᠮᠧᠲ᠋ᠷ 1,130,900
8 ᠲᠠᠯ᠎ᠠ ᠠᠴᠠ ᠮᠤᠵᠢ 4 11,400 ᠺᠦᠸᠠᠳ᠋ ᠺᠢᠯᠣᠮᠧᠲ᠋ᠷ 231,800
9 ᠴᠦᠢ ᠮᠤᠵᠢ 8 +1 ᠬᠣᠲᠠ 20,200 ᠺᠦᠸᠠᠳ᠋ ᠺᠢᠯᠣᠮᠧᠲ᠋ᠷ 814,900
ᠶᠢᠰᠦᠨ ᠨᠤᠲᠤᠭ 50 ᠨᠤᠲᠤᠭ 199,988.5 ᠺᠦᠸᠠᠳ᠋ ᠺᠢᠯᠣᠮᠧᠲ᠋ᠷ 5,477,600

ᠴᠡᠷᠢᠭ ᠵᠡᠪᠰᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2002 ᠣᠨ᠃ ᠬᠢᠷᠭᠢᠰ ᠦᠨ ᠠᠰᠺᠠᠷ ᠠᠺᠠᠸ - ᠠᠮᠧᠷᠢᠺᠠ ᠶᠢᠨ ᠵᠣᠷᠵᠢ ᠪᠤᠱᠡᠶᠢᠨ ᠠᠭᠤᠯᠵᠠᠯᠲᠠ

ᠺᠢᠷᠭᠢᠽ ᠤᠯᠤᠰ ᠤᠨ ᠵᠡᠪᠰᠡᠭᠲᠦ ᠬᠦᠴᠦᠨ ᠬᠠᠭᠤᠷᠠᠢ ᠵᠠᠮ ᠤᠨ᠂ ᠠᠭᠠᠷ ᠤᠨ᠂ ᠳᠣᠲᠣᠭᠠᠳᠤ ᠶᠢᠨ᠂ ᠬᠢᠯᠢ ᠶᠢᠨ᠂ ᠬᠦᠨᠳᠦᠲᠦ ᠬᠠᠷᠠᠭᠤᠯ ᠤᠨ ᠭᠡᠵᠦ ᠰᠠᠯᠪᠤᠷᠢᠯᠠᠳᠠᠭ᠃ ᠴᠡᠷᠢᠭ ᠦᠨ ᠠᠯᠪᠠᠨ ᠬᠠᠭᠠᠭᠴᠢ ᠶᠢᠨ ᠲᠣᠭ᠎ᠠ 15,500.

ᠵᠥᠪᠯᠡᠯᠲᠦ᠂ ᠣᠷᠣᠰ ᠲᠤ ᠦᠢᠯᠡᠳᠪᠦᠷᠢᠯᠡᠭᠰᠡᠨ ᠵᠡᠪᠰᠡᠭ ᠲᠧᠭᠨᠢᠭ ᠲᠡᠢ᠃ ᠵᠢᠱᠢᠶᠡᠯᠡᠪᠡᠯ ᠲ-72 ᠲᠠᠩᠺ — 150 ᠰᠢᠷᠬᠡᠭ᠂ БТР-60 ᠬᠤᠶᠠᠭᠲᠤ — 53᠂ БМ-21 ᠫᠤᠤᠵᠢᠩ ᠬᠠᠷᠪᠤᠭᠴᠢ ᠮᠠᠰᠢᠨ — 15 ᠪᠠᠶᠢᠨ᠎ᠠ᠃ ᠠᠭᠠᠷ ᠤᠨ ᠴᠡᠷᠢᠭ ᠦᠨ ᠬᠦᠴᠦ ᠰᠤᠯᠠ᠂ ᠣᠷᠬᠢᠭᠳᠠᠭᠰᠠᠨ᠃ ᠲᠧᠷᠷᠣᠷᠢᠰᠮ ᠤᠨ ᠡᠰᠡᠷᠬᠦ ᠠᠯᠢᠹᠠ ᠬᠡᠮᠡᠬᠦ ᠲᠤᠰᠬᠠᠢ ᠠᠩᠭᠢ ᠨᠢᠭᠡᠳᠬᠡᠯ ᠪᠠᠶᠢᠳᠠᠭ᠃

ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺ ᠤᠭ ᠤᠵᠰᠲ᠋ᠠᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠ ᠍ ᠶᠢᠨ ᠭᠡᠰᠢᠭᠦᠨ ᠣᠷᠣᠨ᠃ 2001–2014 ᠣᠨ ᠤ ᠬᠣᠭᠣᠷᠣᠨᠳᠣ ᠠᠮᠧᠷᠢᠺᠠ ᠶᠢᠨ ᠴᠡᠷᠢᠭ ᠦᠨ ᠪᠠᠭᠠᠵᠢ ᠶᠢ ᠨᠤᠲᠤᠭ ᠲᠤ ᠪᠠᠨ ᠪᠠᠶᠢᠯᠭᠠᠭᠰᠠᠨ᠃

ᠠᠵᠤ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠰᠢ ᠶᠢᠨ ᠬᠦᠨᠡᠰᠦᠨ ᠦ ᠵᠠᠬ᠎ᠠ

2013 ᠣᠨ ᠳᠤ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ ᠬᠡᠮᠵᠢᠶ᠎ᠡ 13.47 ᠲᠡᠷᠪᠤᠮ ᠠᠮᠠ᠃ᠳ᠋ᠣᠯᠯᠠᠷ ᠪᠠᠶᠢᠭᠰᠠᠨ᠃ ᠨᠢᠭᠡ ᠬᠦᠨᠳᠦ 2,452 $ ᠨᠣᠭᠳᠠᠨ᠎ᠠ᠃ ᠬᠥᠷᠰᠢ ᠨᠦᠭᠦᠳ ᠢ ᠪᠣᠳᠣᠪᠠᠯ ᠡᠳ᠋ ᠮᠥᠩᠭᠥ ᠮᠠᠭᠤ ᠲᠠᠢ ᠣᠷᠣᠨ᠃ ᠮᠥᠩᠭᠥᠨ ᠦ ᠨᠢᠭᠡᠴᠡ ᠨᠢ ᠰᠣᠮ. ᠬᠢᠷᠭᠢᠰ ᠤᠯᠤᠰ ᠤᠨ ᠲᠥᠪ ᠪᠠᠩᠬᠢ ᠮᠥᠩᠭᠥᠨ ᠦ ᠪᠣᠳᠣᠯᠭ᠎ᠠ ᠶᠠᠪᠤᠭᠤᠯᠳᠠᠭ᠃

ᠬᠥᠳᠡᠭᠡ ᠠᠵᠤ ᠠᠬᠤᠢ ᠤᠯᠠᠮᠵᠢᠯᠠᠯᠲᠤ ᠰᠠᠯᠪᠤᠷᠢ᠃ ᠨᠣᠣᠰᠣ᠂ ᠮᠢᠬ᠎ᠠ᠂ ᠰᠦᠨ ᠪᠦᠲᠦᠭᠡᠭᠳᠡᠬᠦᠨ ᠭᠡᠳ ᠮᠠᠯ ᠤᠨ ᠠᠰᠢᠭ ᠰᠢᠮ᠎ᠡ ᠬᠦᠷᠢᠲᠦᠨ᠎ᠡ᠃ ᠤᠯᠠᠭᠠᠨ ᠪᠤᠭᠤᠳᠠᠢ᠂ ᠰᠢᠬᠢᠷ ᠦᠨ ᠨᠢᠰᠢᠩᠭᠦ᠂ ᠲᠥᠮᠥᠰᠥ᠂ ᠬᠥᠪᠥᠩ᠂ ᠲᠠᠮᠠᠬᠢ᠂ ᠬᠦᠨᠡᠰᠦᠨ ᠦ ᠨᠣᠭᠣᠭ᠎ᠠ᠂ ᠵᠢᠮᠢᠰ ᠲᠠᠷᠢᠶᠠᠯᠠᠳᠠᠭ᠃

ᠴᠢᠯᠠᠭᠣᠨ ᠲᠣᠰᠣᠰᠢᠲᠠᠳᠠᠭ ᠬᠡᠢᠨ ᠶᠡᠬᠡ ᠨᠥᠭᠡᠴᠡ ᠲᠡᠢ᠃ ᠺᠠᠨᠠᠳᠠ ᠤᠨ ᠰᠧᠨᠲ᠋ᠧᠷᠷᠠ ᠭᠤᠯ ᠳᠤ ᠺᠣᠮᠫᠠᠨᠢ ᠺᠦ᠋ᠮᠡᠲᠦᠷᠡᠶᠢᠨ ᠠᠯᠲᠠᠨ ᠤ ᠠᠭᠤᠷᠬᠠᠢ ᠶᠢ ᠠᠵᠢᠯᠯᠠᠭᠤᠯᠵᠤ ᠪᠠᠶᠢᠭ᠎ᠠ᠃ ᠠᠭᠤᠯᠠᠷᠬᠠᠭ ᠨᠤᠲᠤᠭ ᠢᠶᠠᠨ ᠲᠦᠰᠢᠭᠯᠡᠵᠦ ᠤᠰᠤᠨ ᠴᠠᠬᠢᠯᠭᠠᠨ ᠰᠲ᠋ᠠᠨᠼ ᠬᠥᠭᠵᠢᠭᠦᠯᠦᠭᠰᠡᠨ᠃ ᠡᠨᠧᠷᠭᠢ ᠡᠺᠰᠫᠣᠷᠲᠯᠠᠳᠠᠭ᠃

<timeline> ImageSize = width:450 height:225 PlotArea = left:30 bottom:20 top:20 right:20 TimeAxis = orientation:horizontal format:yyyy AlignBars = justify DateFormat = x.y Period = from:0 till:50.0 TimeAxis = orientation:horizontal AlignBars = early Colors =

id:gray value:rgb(0.97,0.97,0.97)
id:PAN value:rgb(0.4, 0.6, 1)
id:PRD value:rgb(1, 0.84314, 0)
id:PRI value:rgb(1, 0.5372, 0.5372)
id:ALT value:rgb(0.2, 0.6, 0.8)
id:NA value:rgb(0,0.4,0.4)
id:darkgray value:rgb(0.80,0.80,0.80)
id:midgray value:rgb(0.30,0.57,0)

ScaleMajor = gridcolor:black increment:10 start:0 ScaleMinor = gridcolor:gray increment:1 start:0

BarData=

barset:Países

PlotData=

width:15 fontsize:S textcolor:black align:left anchor:from shift:(10,-4) color:red
barset:Países 
from:0 till:28.80 color:PAN width:20 align:left fontsize:S text:"ᠦᠽᠡᠪᠸᠺᠢᠰᠲᠠᠨ (28.8%)"
from:0 till:22.00 color:PRD width:20 align:left fontsize:S text:"ᠬᠠᠰᠠᠭ (22.0%)"
from:0 till:14.60 color:PRI width:20 align:left fontsize:S text:"ᠣᠷᠣᠰ (14.6%)"
from:0 till:07.00 color:ALT width:20 align:left fontsize:S text:"ᠬᠢᠲᠠᠳ (7.0%)"
from:0 till:06.30 color:NA width:20 align:left fontsize:S text:"ᠠᠷᠠᠪ ᠤᠨ ᠨᠢᠭᠡᠳᠦᠭᠰᠡᠨ ᠡᠮᠢᠷᠲ ᠤᠯᠤᠰ (6.3%)"
from:0 till:21.30 color:darkgray width:20 align:left fontsize:S text:"ᠪᠤᠰᠤᠳ ᠣᠷᠣᠨ (21.3%)"

TextData=

pos:(180,215) fontsize:M text:"ᠡᠺᠰᠫᠣᠷᠲ"
pos:(110,205) fontsize:S text:"ᠡᠬᠢ ᠰᠤᠷᠪᠤᠯᠵᠢ: ᠠᠮᠧᠷᠢᠺᠠ ᠶᠢᠨ ᠨᠢᠭᠡᠳᠦᠭᠰᠡᠨ ᠤᠯᠤᠰ ᠤᠨ ТТГ. 2012 ᠣᠨ᠃ 2.3 ᠲᠡᠷᠪᠤᠮ $"
pos:(400,1) fontsize:S text:(%)

</timeline>

<timeline> ImageSize = width:450 height:225 PlotArea = left:30 bottom:20 top:20 right:20 TimeAxis = orientation:horizontal format:yyyy AlignBars = justify DateFormat = x.y Period = from:0 till:60.0 TimeAxis = orientation:horizontal AlignBars = early Colors =

id:gray value:rgb(0.97,0.97,0.97)
id:PAN value:rgb(0.4, 0.6, 1)
id:PRD value:rgb(1, 0.84314, 0)
id:PRI value:rgb(1, 0.5372, 0.5372)
id:ALT value:rgb(0.2, 0.6, 0.8)
id:NA value:rgb(0,0.4,0.4)
id:darkgray value:rgb(0.80,0.80,0.80)
id:midgray value:rgb(0.30,0.57,0)

ScaleMajor = gridcolor:black increment:10 start:0 ScaleMinor = gridcolor:gray increment:1 start:0

BarData=

barset:Países

PlotData=

width:15 fontsize:S textcolor:black align:left anchor:from shift:(10,-4) color:red
barset:Países 
from:0 till:55.90 color:PAN width:20 align:left fontsize:S text:"ᠬᠢᠲᠠᠳ (55.9%)"
from:0 till:17.70 color:PRI width:20 align:left fontsize:S text:"ᠣᠷᠣᠰ (17.7%)"
from:0 till:06.40 color:PRD width:20 align:left fontsize:S text:"ᠬᠠᠰᠠᠭ (6.4%)" 
from:0 till:20.00 color:darkgray width:20 align:left fontsize:S text:"ᠪᠤᠰᠤᠳ ᠣᠷᠣᠨ (20.0%)"

TextData=

pos:(180,215) fontsize:M text:"ᠢᠮᠫᠣᠷᠲ"
pos:(110,205) fontsize:S text:"ᠡᠬᠢ ᠰᠤᠷᠪᠤᠯᠵᠢ: ᠠᠮᠧᠷᠢᠺᠠ ᠶᠢᠨ ᠨᠢᠭᠡᠳᠦᠭᠰᠡᠨ ᠤᠯᠤᠰ ᠤᠨ ТТГ. 2012 ᠣᠨ᠃ 4.3 ᠲᠡᠷᠪᠤᠮ $"
pos:(400,1) fontsize:S text:(%)

</timeline>

ᠬᠢᠷᠭᠢᠰ ᠦᠨ ᠠᠶᠢᠷᠣᠪᠦ᠋ᠰ-ᠠ 320

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠠᠭᠤᠯᠠᠷᠬᠠᠭ ᠣᠷᠣᠨ ᠤᠴᠢᠷ ᠠᠴᠠ ᠵᠠᠮ ᠬᠠᠷᠭᠤᠢ ᠶᠢᠨ ᠰᠦᠯᠵᠢᠶ᠎ᠡ ᠪᠠᠭ᠎ᠠ᠃ 50 ᠨᠢᠰᠬᠦ ᠪᠠᠭᠤᠳᠠᠯ ᠪᠠᠶᠢᠨ᠎ᠠ᠃ ᠲᠣᠮᠣᠬᠠᠨ ᠠᠴᠠ ᠨᠢ ᠬᠡᠯᠡᠪᠡᠯ ᠪᠥᠱᠺᠧᠺ ᠦᠨ ᠮᠠᠨᠠᠰ ᠣᠯᠠᠨ ᠤᠯᠤᠰ ᠤᠨ ᠨᠢᠰᠬᠦ ᠪᠠᠭᠤᠳᠠᠯ᠂ ᠣᠰᠢ ᠶᠢᠨ ᠨᠢᠰᠬᠦ ᠪᠠᠭᠤᠳᠠᠯ᠃ ᠥᠷᠭᠡᠨ ᠴᠠᠷᠢᠭ ᠪᠦᠬᠦᠢ 370 ᠺᠢᠯᠣᠮᠧᠲ᠋ᠷ ᠲᠡᠮᠦᠷ ᠵᠠᠮ ᠪᠠᠶᠢᠨ᠎ᠠ᠃ ᠰᠠᠯᠤᠩᠭᠢᠳᠠ ᠬᠣᠶᠠᠷ ᠬᠡᠰᠡᠭ ᠪᠠᠶᠢᠭ᠎ᠠ ᠠᠴᠠ ᠬᠣᠶᠢᠳᠤ ᠨᠤᠲᠤᠭ ᠤᠨ ᠪᠥᠱᠺᠧᠺ ᠨᠢ ᠲᠠᠱᠺᠧᠨᠲᠠᠯᠮᠠᠲ ᠤᠲᠠᠢ ᠬᠣᠯᠪᠣᠭᠳᠠᠳᠠᠭ ᠪᠣᠯ ᠡᠮᠦᠨᠡᠲᠦ ᠨᠤᠲᠤᠭ ᠤᠨ ᠣᠰᠢ ᠨᠢ ᠦᠽᠡᠪᠸᠺᠢᠰᠲᠠᠨ ᠦᠨ ᠬᠣᠲᠠ ᠲᠠᠢ ᠬᠣᠯᠪᠣᠭᠳᠠᠨ᠎ᠠ᠃

34000 ᠺᠢᠯᠣᠮᠧᠲ᠋ᠷ ᠠᠦ᠋ᠲ᠋ᠣ᠋ ᠵᠠᠮᠲᠠᠢ ᠶᠢᠨ 22600 ᠺᠢᠯᠣᠮᠧᠲ᠋ᠷ ᠨᠢ ᠴᠠᠷᠳᠠᠮᠠᠯ᠃ ᠰᠠᠶ᠋ᠢᠬᠠᠨ ᠠᠽᠢᠶ᠎ᠠ ᠶᠢᠨ ᠬᠥᠭᠵᠢᠯ ᠦᠨ ᠪᠠᠩᠬᠢ ᠍ ᠤ ᠳᠡᠮᠵᠢᠯᠭᠡ ᠲᠡᠢ ᠪᠡᠷ ᠪᠥᠱᠺᠧᠺ—ᠣᠰᠢ ᠶᠢᠨ ᠵᠠᠮ ᠠᠰᠢᠭᠯᠠᠯᠲᠠ ᠳᠤ ᠣᠷᠣᠭᠰᠠᠨ᠃

ᠥᠪ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠰᠢ ᠶᠢᠨ ᠤᠯᠤᠰ ᠤᠨ ᠶᠡᠬᠡ ᠰᠤᠷᠭᠠᠭᠤᠯᠢ

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠷᠭᠢᠰ ᠲᠦ ᠬᠡᠦᠬᠡᠳ 7 ᠨᠠᠰᠤᠨ ᠳᠤ ᠪᠠᠨ ᠰᠤᠷᠭᠠᠭᠤᠯᠢ ᠳᠤ ᠣᠷᠣᠨ᠎ᠠ᠃ ᠪᠠᠭ᠎ᠠ ᠪᠣᠯᠪᠠᠰᠤᠷᠠᠯ ᠤᠨ 4 ᠵᠢᠯ (ᠵᠠᠪᠠᠯ)᠂ ᠳᠤᠮᠳᠠ ᠪᠣᠯᠪᠠᠰᠤᠷᠠᠯ ᠤᠨ 5 ᠵᠢᠯ (ᠵᠠᠪᠠᠯ)᠂ ᠪᠦᠷᠢᠨ ᠳᠤᠮᠳᠠ ᠪᠣᠯᠪᠠᠰᠤᠷᠠᠯ ᠤᠨ 2-3 ᠵᠢᠯ (ᠰᠤᠩᠭᠤᠬᠤ) ᠪᠠᠶᠢᠨ᠎ᠠ᠃ ᠪᠢᠴᠢᠭ ᠦᠰᠦᠭ ᠲᠠᠶᠢᠯᠤᠭᠳᠠᠯᠲᠠ ᠶᠢᠨ ᠬᠤᠪᠢ - 98.7 ᠬᠤᠪᠢ᠃ ᠤᠯᠤᠰ ᠤᠨ ᠬᠡᠮᠵᠢᠶᠡᠨ ᠳᠦ 300 ᠭᠠᠷᠤᠢ ᠳᠤᠮᠳᠠ ᠰᠤᠷᠭᠠᠭᠤᠯᠢ 55 ᠶᠡᠬᠡ᠂ ᠳᠡᠭᠡᠳᠦ ᠰᠤᠷᠭᠠᠭᠤᠯᠢ ᠪᠠᠶᠢᠨ᠎ᠠ᠃ ᠡᠭᠦᠨ ᠳᠦ:

ᠪᠠᠶᠠᠷ ᠶᠣᠰᠣᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠷ ᠶᠣᠰᠣᠯᠠᠯ ᠤᠨ ᠡᠳᠦᠷ ᠦᠳ:

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠷᠭᠣᠯ ᠤᠨ ᠬᠥᠭᠵᠢᠮᠴᠢᠳ

ᠬᠢᠷᠭᠢᠰ ᠦᠨᠳᠦᠰᠦᠲᠡᠨ ᠦ ᠰᠤᠶᠤᠯ ᠡᠨᠡ ᠣᠷᠣᠨ ᠤ ᠣᠨᠴᠠᠯᠢᠭ ᠪᠠᠶᠢᠨ᠎ᠠ᠃ 3 ᠰᠠᠷ᠎ᠠ ᠶᠢᠨ 21 ᠍ ᠳᠦ ᠤᠯᠠᠮᠵᠢᠯᠠᠯᠲᠤ ᠰᠢᠨ᠎ᠡ ᠵᠢᠯ ᠦᠨ ᠪᠠᠶᠠᠷ ᠪᠤᠶᠤ ᠨᠢᠷᠤᠵᠠ ᠍ ᠢ ᠲᠡᠮᠳᠡᠭᠯᠡᠳᠡᠭ᠃

ᠺᠣᠮᠦᠽ ᠬᠥᠭᠵᠢᠮ ᠢᠶᠡᠨ ᠲᠣᠭᠯᠠᠨ ᠮᠠᠨᠠᠰ ᠲᠤᠤᠯᠢ ᠶᠢ ᠬᠠᠶᠢᠯᠠᠭᠰᠠᠭᠠᠷ ᠢᠷᠡᠭᠰᠡᠨ᠃ ᠮᠠᠨᠠᠰ ᠲᠤᠶᠢᠯ ᠤᠨ ᠠᠮᠠ ᠳᠠᠮᠵᠢᠨ ᠢᠷᠡᠭᠰᠡᠨ 60 ᠥᠭᠡᠷ᠎ᠡ ᠶᠠᠩᠵᠤ ᠦᠭᠡ ᠪᠠᠶᠢᠨ᠎ᠠ᠃ ᠬᠠᠮᠤᠭ ᠤᠨ ᠤᠷᠲᠤ ᠨᠢ 500 ᠮᠢᠩᠭᠠᠨ ᠮᠥᠷ ᠰᠢᠯᠦᠭ ᠡᠴᠡ ᠪᠦᠲᠦᠬᠦ ᠪᠠ ᠭᠷᠧᠺ ᠦᠨ ᠢᠯᠢ ᠳᠤ᠂ ᠣᠳᠢᠰᠰᠧᠢ᠂ ᠡᠨᠡᠳᠬᠡᠭ ᠦᠨ ᠮᠢᠬᠠᠪᡀᠠᠷᠠᠲᠠᠭ ᠠᠴᠠ ᠬᠡᠳᠦ ᠳᠠᠬᠢᠨ ᠤᠷᠲᠤ ᠪᠠᠶᠢᠬᠤ ᠶᠤᠮ᠃

ᠬᠡᠪᠢᠰ᠂ ᠰᠢᠷᠳᠡᠭ᠂ ᠬᠠᠨ᠎ᠠ ᠶᠢᠨ ᠳᠠᠪᠤᠤ ᠨᠡᠬᠡᠬᠦ᠂ ᠢᠰᠡᠭᠡᠢ ᠤᠷᠠᠯᠠᠯ ᠤᠨ ᠪᠠᠶᠠᠯᠢᠭ ᠥᠪ ᠲᠡᠢ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠵᠡᠰᠬᠦᠯᠡᠩᠲᠦ ᠢᠰ ᠤᠺ ᠨᠠᠭᠤᠷ ᠍ ᠢ ᠵᠢᠭᠤᠯᠴᠢᠳ ᠵᠣᠷᠢᠭᠰᠠᠭᠠᠷ ᠪᠠᠶᠢᠨ᠎ᠠ᠃ ᠵᠢᠯ ᠳᠤ ᠰᠠᠶ᠋ᠢ ᠠᠴᠠ ᠣᠯᠠᠨ ᠬᠦᠮᠦᠨ ᠣᠴᠢᠳᠠᠭ᠃ ᠨᠠᠭᠤᠷ ᠤᠨ ᠬᠣᠶᠢᠳᠤ ᠡᠷᠭᠢ ᠪᠡᠷ ᠠᠮᠠᠷᠠᠯᠲᠠ ᠶᠢᠨ ᠭᠠᠵᠠᠷ ᠤᠳ ᠴᠯᠠᠫᠣᠨ-ᠠᠲ᠋ᠠ ᠬᠣᠲᠠ ᠣᠷᠴᠢᠮ ᠤᠨ ᠡᠷᠭᠢ ᠭᠠᠵᠠᠷ ᠲᠥᠪᠯᠡᠷᠡᠳᠡᠭ᠃ ᠬᠢᠷᠭᠢᠰ ᠲᠦ ᠮᠥᠨ ᠠᠭᠤᠯᠠᠨ ᠳᠤ ᠠᠪᠠᠷᠢᠵᠤ᠂ ᠴᠠᠨ᠎ᠠ ᠪᠠᠷ ᠭᠤᠯᠭᠤᠵᠤ᠂ ᠪᠦᠷᠭᠦᠳ ᠦᠨ ᠠᠨ ᠬᠢᠵᠦ ᠪᠣᠯᠤᠨ᠎ᠠ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠵᠠᠺᠣᠨ «ᠣ ᠭᠤᠰᠤᠳᠤᠷᠰᠲ᠋ᠸᠧᠨᠨᠣᠮ ᠢᠵᠠ ᠤᠺᠧ ᠺ ᠤᠭ ᠤᠵᠰᠺᠣᠢ ᠷᠧᠰᠫᠦᠪᠯᠢᠺᠢ». ᠢᠨᠰᠲ᠋ᠢᠲ᠋ᠦᠶᠢᠲ ᠫᠷᠣᠪᠯᠧᠮ ᠢᠨᠹᠷᠮᠠᠼᠢᠣᠨᠣᠨᠠᠭ ᠫᠠᠷᠪᠠ. the original on 2011-08-22 ᠍ ᠰ ᠠᠷᠬᠢᠸᠯᠠᠭᠳᠠᠭᠰᠠᠨ᠃ 2010-06-10 ᠍ ᠳᠦ ᠬᠠᠨᠳᠤᠭᠰᠠᠨ᠃
  2. ᠠᠯᠧᠺᠰᠠᠨᠳᠠᠷ ᠱᠤᠰᠳᠠᠪᠠ (11 ᠮᠠᠶ᠎ᠠ 2010). ᠺ ᠤᠭ ᠤᠵᠰᠲ᠋ᠠᠨ: ᠷᠦᠰᠰᠺ ᠦ ᠢᠵᠠ ᠤᠺ ᠺᠠᠺ ᠵᠠᠯᠵᠤᠨᠢᠺ «ᠷᠧᠣᠣᠯᠢᠶᠦ᠋ᠼᠢ». Materik.ru. the original on 2011-08-22 ᠍ ᠰ ᠠᠷᠬᠢᠸᠯᠠᠭᠳᠠᠭᠰᠠᠨ᠃ 2010-06-10 ᠍ ᠳᠦ ᠬᠠᠨᠳᠤᠭᠰᠠᠨ᠃
  3. Department of Economic and Social Affairs Population Division (2009). "World Population Prospects, Table A.1" (PDF). Retrieved on 2009-03-12.
  4. 4.0 4.1 4.2 4.3 Kyrgyzstan. International Monetary Fund. 2011-04-30 ᠍ ᠳᠦ ᠬᠠᠨᠳᠤᠭᠰᠠᠨ᠃
  5. "Territories, number, density of population and territorial units by economic and administrative regions of Azerbaijan Republic", The State Statistical Committee of the Republic of Azerbaijan.
  6. Einwohnerzahlen vom 1. Januar 2010 (Berechnung)

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠬᠢᠷᠭᠢᠰ ᠤᠯᠤᠰ»

ᠪᠢᠴᠢᠭᠡᠰᠦ