ᠬᠢᠶᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠢᠶᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠠᠰᠢ ᠳᠤ ᠳᠤ ᠳ᠋ᠢᠨ ᠦ ᠵᠣᠬᠢᠶᠠᠭᠰᠠᠨ ᠰᠤᠳᠤᠷ ᠤᠨ ᠴᠢᠭᠤᠯᠭᠠᠨ ᠤ ᠮᠡᠳᠡᠭᠡ ᠶᠢ ᠦᠨᠳᠦᠰᠦᠯᠡᠨ ᠬ᠃ᠫᠷᠯᠡᠢ ᠡᠨᠡ ᠨᠡᠷ᠎ᠡ ᠶᠢ ᠲᠠᠶᠢᠯᠪᠤᠷᠢᠯᠠᠬᠤ ᠳᠤ ᠪᠠᠨ- "ᠮᠣᠩᠭᠣᠯ ᠢᠶᠠᠷ ᠺᠢᠶᠠᠩ ᠭᠡᠳᠡᠭ ᠨᠢ ᠠᠤᠯᠠᠯᠠᠰ ᠠᠴᠠ ᠪᠠᠭᠤᠭᠴᠢ ᠳᠣᠭᠰᠢᠨ ᠲᠦᠷᠭᠡᠨ ᠬᠦᠴᠦᠲᠡᠢ ᠶᠡᠬᠡ ᠦᠶᠡᠷ ᠭᠡᠰᠡᠨ ᠤᠳᠬ᠎ᠠ ᠲᠠᠢ᠃ ᠲᠡᠶᠢᠮᠦ ᠤᠴᠢᠷ ᠠᠴᠠ ᠺᠢᠶᠠᠩ ᠨᠠᠷ ᠢᠳᠡᠷᠬᠡᠭ ᠡᠷᠡᠮᠡᠭᠡᠢ᠂ ᠡᠷᠡᠰ ᠵᠣᠷᠢᠭᠲᠠᠢ ᠤᠴᠢᠷ ᠡᠨᠡ ᠦᠭᠡ ᠲᠡᠳᠡᠨ ᠦ ᠨᠡᠷ᠎ᠡ ᠪᠣᠯᠵᠠᠢ᠃ ᠺᠢᠶ᠎ᠠ ᠳᠤ ᠭᠡᠳᠡᠭ ᠨᠢ ᠺᠢᠶᠠᠩ (ᠬᠢᠶᠠᠨ) ᠍ ᠤ ᠣᠯᠠᠨ ᠲᠣᠭ᠎ᠠ ᠶᠤᠮ" ᠭᠡᠵᠡᠢ᠃ ᠬᠠᠮᠤᠭ ᠮᠣᠩᠭᠣᠯ ᠤᠨ ᠬᠠᠪᠤᠯ ᠬᠠᠭᠠᠨ ᠤ 6 ᠬᠡᠦᠬᠡᠳ ᠬᠢᠭᠡᠳ ᠲᠡᠭᠦᠨ ᠦ ᠳᠡᠭᠦᠦ ᠨᠠᠷ ᠠᠴᠠ ᠶᠡᠰᠦᠭᠡᠢ ᠪᠠᠭᠠᠲᠤᠷ ᠬᠦᠷᠲᠡᠯᠡᠬᠢ ᠦᠶ᠎ᠡ ᠶᠢ ᠴᠥᠮ ᠨᠢᠷᠤᠭᠤᠨ ᠬᠢᠶᠠᠳ ᠭᠡᠵᠦ ᠨᠡᠷᠡᠯᠡᠵᠦ᠂ ᠶᠡᠰᠦᠭᠡᠢ ᠪᠠᠭᠠᠲᠤᠷ ᠲᠡᠭᠦᠨ ᠦ ᠬᠡᠦᠬᠡᠳ ᠦᠳ ᠴᠢᠩᠭᠢᠰᠡᠶᠢᠨ ᠤᠭᠰᠠᠭᠠᠰᠤ ᠬᠢᠶᠠᠳ ᠪᠣᠷᠵᠢᠭᠢᠨ ᠭᠡᠳᠡᠭ᠃ ᠾᠦᠩᠨᠦ ᠶᠢᠨ ᠺᠢᠨᠢ᠂ ᠬᠤᠶᠠᠨᠢ ᠣᠪᠣᠭᠲᠠᠨ ᠭᠡᠳᠡᠭ ᠨᠢ ᠬᠠᠮᠤᠭ ᠮᠣᠩᠭᠣᠯ ᠤᠨ ᠬᠢᠶᠠᠩ᠂ ᠬᠢᠶᠠᠳ ᠠᠶᠢᠮᠠᠭ ᠪᠢᠰᠢ ᠶᠤᠮ ᠪᠣᠯᠪᠠ ᠤᠤ᠃ ᠡᠨᠡᠬᠦ ᠦᠭᠡ ᠶᠢᠨ ᠳᠠᠭᠤᠳᠠᠯᠭ᠎ᠠ ᠨᠢ ᠬᠠᠭᠠᠨ 《ᠬᠠᠭᠠᠳ》 ᠭᠡᠰᠡᠨ ᠲᠡᠢ ᠣᠶᠢᠷᠠᠯᠴᠠᠭ᠎ᠠ ᠪᠥᠭᠡᠳ ᠪᠦᠷ ᠮᠣᠳᠣᠨ ᠱᠠᠨᠦᠢ ᠶᠢᠨ ᠦᠶ᠎ᠡ ᠳᠦ ᠰᠢᠭᠦᠨ ᠵᠠᠬᠢᠷᠬᠤ ᠡᠷᠬᠡ ᠲᠡᠢ ᠬᠡᠢᠨᠢ᠂ ᠬᠤᠶᠠᠨᠢ ᠭᠡᠰᠡᠨ ᠢᠵᠠᠭᠤᠷᠲᠠᠨ ᠤ ᠣᠪᠤᠭ ᠪᠠᠶᠢᠭᠰᠠᠨ ᠲᠤᠬᠠᠢ ᠰᠤᠷᠪᠤᠯᠵᠢ ᠪᠢᠴᠢᠭ ᠦᠳ ᠲᠦ ᠲᠡᠮᠳᠡᠭᠯᠡᠭᠳᠡᠭᠰᠡᠨ ᠪᠠᠶᠢᠳᠠᠭ᠃

http://wiki.uhaan.com/index.php?title=ᠬᠢᠶᠠᠳ&oldid=418240》 ᠍  ᠡᠴᠡ ᠠᠪᠤᠭᠰᠠᠨ

ᠪᠢᠴᠢᠭᠡᠰᠦ