ᠬᠢᠶᠠᠭᠲᠤ ᠶᠢᠨ ᠭᠡᠷ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

1915 ᠣᠨ ᠤ ᠬᠢᠶᠠᠭᠲᠤ ᠶᠢᠨ 3 ᠤᠯᠤᠰ ᠤᠨ ᠭᠡᠷ᠎ᠡ ᠨᠢ ᠪᠠᠶᠢᠭᠤᠯᠤᠭᠳᠠᠭᠰᠠᠨ ᠪᠥᠭᠡᠳ ᠬᠢᠶᠠᠭᠲᠤ ᠶᠢᠨ ᠭᠡᠷ᠎ᠡ ᠡᠴᠡ ᠡᠮᠦᠨ᠎ᠡ᠂ 1913 ᠣᠨ ᠳᠤ ᠣᠷᠣᠰ᠂ ᠬᠢᠲᠠᠳ ᠬᠣᠶᠠᠷ ᠮᠣᠩᠭᠣᠯ ᠤᠨ ᠠᠰᠠᠭᠤᠳᠠᠯ ᠢᠶᠠᠷ ᠲᠤᠰᠬᠠᠢ ᠭᠡᠷ᠎ᠡ ᠪᠠᠶᠢᠭᠤᠯᠤᠭᠠᠳ ᠪᠠᠶᠢᠪᠠ᠃ ᠲᠡᠷᠬᠡᠦ ᠭᠡᠷ᠎ᠡ ᠪᠡᠷ ᠮᠣᠩᠭᠣᠯ ᠤᠨ ᠬᠢᠲᠠᠳ ᠤᠨ ᠡᠵᠡᠨ ᠡᠷᠬᠡ ᠶᠢᠨ ᠳᠣᠣᠷ᠎ᠠ ᠤᠷᠤᠰᠢᠬᠤ ᠠᠪᠲᠤᠨᠣᠮᠢ ᠳᠤ ᠤᠯᠤᠰ ᠪᠠᠶᠢᠬᠤ ᠪᠠᠷ ᠲᠣᠭᠲᠠᠵᠠᠢ᠃ ᠭᠤᠷᠪᠠᠨ ᠤᠯᠤᠰ ᠤᠨ ᠬᠡᠯᠡᠯᠴᠡᠭᠡᠷ ᠢᠶᠡᠷ ᠬᠣᠶᠠᠷ ᠲᠠᠯ᠎ᠠ ᠡᠭᠦᠨ ᠢ ᠪᠡᠨ ᠮᠣᠩᠭᠣᠯ ᠤᠨ ᠲᠠᠯ᠎ᠠ ᠳᠤ ᠲᠤᠯᠭᠠᠨ ᠬᠦᠯᠢᠶᠡᠯᠭᠡᠬᠦ ᠶᠢ ᠭᠣᠣᠯ ᠵᠣᠷᠢᠯᠭ᠎ᠠ ᠪᠠᠨ ᠪᠣᠯᠭᠠᠭᠰᠠᠨ ᠪᠢᠯᠡ᠃

ᠭᠡᠷ᠎ᠡ ᠶᠢ ᠬᠡᠯᠡᠯᠴᠡᠬᠦ ᠶᠠᠪᠤᠴᠠ ᠳᠤ 3 ᠲᠠᠯ᠎ᠠ ᠥᠪᠡᠷ ᠥᠪᠡᠷᠰᠡᠳ ᠦᠨ ᠪᠠᠶᠢᠷᠢ ᠰᠠᠭᠤᠷᠢ ᠶᠢ ᠬᠠᠲᠠᠭᠤ ᠪᠠᠷᠢᠮᠲᠠᠯᠠᠵᠤ᠂ ᠰᠠᠨᠠᠯ ᠶᠡᠬᠡᠬᠡᠨ ᠵᠥᠷᠢᠵᠦ ᠪᠠᠶᠢᠪᠠ᠃ ᠲᠡᠶᠢᠮᠦ ᠡᠴᠡ ᠬᠢᠶᠠᠭᠲᠤ ᠶᠢᠨ ᠬᠡᠯᠡᠯᠴᠡᠭᠡᠷ 1914.08.26 ᠍ ᠠᠴᠠ 1915.05.25 ᠬᠦᠷᠲᠡᠯ᠎ᠡ ᠪᠦᠲᠦᠨ 9 ᠰᠠᠷ᠎ᠠ ᠰᠤᠨᠵᠢᠷᠠᠨ ᠦᠷᠭᠦᠯᠵᠢᠯᠡᠵᠡᠢ᠃

ᠮᠣᠩᠭᠣᠯ ᠤᠯᠤᠰ:

ᠲᠤᠰᠠᠭᠠᠷ ᠲᠣᠭᠲᠠᠨᠢᠯ ᠢᠶᠠᠨ ᠪᠠᠲᠤᠯᠠᠭᠠᠵᠢᠭᠤᠯᠬᠤ᠂ ᠮᠣᠩᠭᠣᠯ ᠤᠯᠤᠰ ᠲᠤ ᠨᠢᠭᠡᠳᠬᠦ ᠳᠦ ᠪᠡᠨ ᠢᠯᠡᠷᠬᠡᠶᠢᠯᠡᠭᠰᠡᠨ ᠪᠤᠰᠤᠳ ᠮᠣᠩᠭᠣᠯᠴᠤᠳ ᠢᠶᠠᠨ ᠥᠪᠡᠷᠲᠡᠭᠡᠨ ᠨᠢᠭᠡᠳᠬᠡᠨ ᠠᠪᠬᠤ ᠶᠢ ᠵᠣᠷᠢᠵᠤ ᠪᠠᠶᠢᠪᠠ᠃

ᠳᠤᠮᠳᠠᠳᠤ ᠤᠯᠤᠰ:

ᠮᠣᠩᠭᠣᠯ ᠤᠯᠤᠰ ᠢᠶᠠᠷ ᠥᠪᠡᠷ ᠢᠶᠡᠷ ᠨᠢ ᠲᠤᠰᠠᠭᠠᠷ ᠲᠣᠭᠲᠠᠨᠢᠯ ᠢ ᠨᠢ ᠬᠦᠴᠦᠨ ᠦᠭᠡᠢ ᠪᠣᠯᠭᠠᠭᠤᠯᠬᠤ᠂ ᠠᠷᠤ᠂ ᠥᠪᠥᠷ ᠮᠣᠩᠭᠣᠯ ᠢ ᠥᠪᠡᠷ ᠦᠨ ᠮᠤᠵᠢ ᠪᠠᠨ ᠪᠣᠯᠭᠠᠬᠤ᠂ ᠣᠯᠠᠨ᠎ᠠ ᠡᠷᠭᠦᠭᠳᠡᠭᠰᠡᠨ ᠣᠨ ᠤ ᠴᠣᠯᠠ᠂ ᠬᠠᠭᠠᠨ ᠭᠡᠳᠡᠭ ᠴᠣᠯᠠ ᠶᠢ ᠬᠡᠷᠭᠡᠯᠡᠬᠦ ᠦᠭᠡᠢ ᠪᠣᠯᠭᠠᠬᠤ ᠶᠢ ᠵᠣᠷᠢᠪᠠ᠃

ᠣᠷᠣᠰ ᠤᠯᠤᠰ:

ᠠᠷᠤ ᠮᠣᠩᠭᠣᠯ ᠳᠤ ᠬᠢᠲᠠᠳ ᠤᠨ ᠡᠵᠡᠷᠬᠡᠶᠢᠯᠡᠯ ᠢ ᠶᠣᠰᠣ ᠲᠡᠳᠦᠢ ᠲᠣᠭᠲᠠᠭᠠᠵᠤ᠂ 1912 ᠣᠨ ᠳᠤ ᠮᠣᠩᠭᠣᠯ ᠲᠠᠢ ᠬᠢᠭᠰᠡᠨ ᠭᠡᠷ᠎ᠡ ᠪᠡᠷ ᠣᠯᠵᠤ ᠠᠪᠤᠭᠰᠠᠨ ᠤᠯᠤᠰ ᠲᠥᠷᠥ᠂ ᠡᠳ᠋ ᠍ ᠦᠨ ᠵᠠᠰᠠᠭ ᠤᠨ ᠪᠠᠶᠢᠷᠢ ᠰᠠᠭᠤᠷᠢ ᠪᠠᠨ ᠠᠯᠠᠳᠠᠬᠤ ᠦᠭᠡᠢ ᠪᠠᠶᠢᠬᠤ ᠶᠢ ᠡᠷᠡᠮᠡᠯᠵᠡᠵᠡᠢ᠃

ᠭᠤᠷᠪᠠᠨ ᠤᠯᠤᠰ ᠤᠨ ᠭᠡᠷ᠎ᠡ ᠪᠡᠷ ᠮᠣᠩᠭᠣᠯ ᠤᠯᠤᠰ ᠤᠨ ᠲᠤᠰᠠᠭᠠᠷ ᠲᠣᠭᠲᠠᠨᠢᠯ᠂ ᠪᠡᠶ᠎ᠡ ᠳᠠᠭᠠᠭᠰᠠᠨ ᠪᠠᠶᠢᠳᠠᠯ ᠢ ᠬᠢᠵᠠᠭᠠᠷᠯᠠᠵᠤ᠂ "ᠥᠪᠡᠷᠲᠡᠭᠡᠨ ᠡᠵᠡᠷᠬᠡᠬᠦ ᠭᠠᠳᠠᠭᠠᠳᠤ ᠮᠣᠩᠭᠣᠯ" ᠍ ᠤᠨ ᠬᠢᠯᠢ ᠶᠢ ᠬᠠᠯᠬ᠎ᠠ ᠳᠥᠷᠪᠡᠨ ᠠᠶᠢᠮᠠᠭ᠂ ᠬᠣᠪᠳᠣ ᠶᠢᠨ ᠬᠢᠵᠠᠭᠠᠷ ᠢᠶᠠᠷ ᠵᠠᠭᠠᠭᠯᠠᠵᠡᠢ᠃ ᠮᠣᠩᠭᠣᠯ ᠤᠨ ᠳᠣᠲᠣᠭᠠᠳᠤ ᠬᠡᠷᠡᠭ ᠲᠦ ᠬᠢᠲᠠᠳ᠂ ᠣᠷᠣᠰ 2 ᠣᠷᠣᠯᠴᠠᠬᠤ ᠦᠭᠡᠢ ᠪᠠᠶᠢᠬᠤ ᠪᠠᠷ ᠲᠣᠭᠲᠠᠭᠰᠠᠨ ᠲᠡᠳᠦᠢ ᠦᠭᠡᠢ ᠡᠵᠡᠨ ᠬᠠᠭᠠᠨ᠂ ᠵᠠᠰᠠᠭ ᠤᠨ ᠭᠠᠵᠠᠷ᠂ ᠨᠤᠲᠤᠭ ᠳᠡᠪᠢᠰᠬᠡᠷ᠂ ᠬᠢᠯᠢ ᠬᠢᠵᠠᠭᠠᠷ᠂ ᠴᠡᠷᠢᠭ ᠵᠡᠷᠭᠡ ᠶᠢ ᠬᠡᠪ ᠢᠶᠡᠷ ᠪᠠᠶᠢᠯᠭᠠᠬᠤ ᠪᠣᠯᠵᠠᠢ᠃ ᠮᠥᠨ ᠣᠷᠣᠰ᠂ ᠬᠢᠲᠠᠳ ᠤᠨ ᠴᠡᠷᠢᠭ ᠢ ᠣᠷᠣᠭᠤᠯᠬᠤ ᠦᠭᠡᠢ ᠪᠠᠶᠢᠬᠤ᠂ ᠣᠯᠠᠨ ᠤᠯᠤᠰ ᠲᠠᠢ ᠬᠤᠳᠠᠯᠳᠤᠭ᠎ᠠ ᠦᠢᠯᠡᠳᠪᠦᠷᠢ ᠶᠢᠨ ᠬᠡᠷᠡᠭ ᠢᠶᠡᠷ ᠬᠠᠷᠢᠯᠴᠠᠬᠤ ᠪᠦᠷᠢᠨ ᠡᠷᠬᠡ ᠲᠡᠢ ᠪᠠᠶᠢᠪᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


ᠦᠬᠦᠯᠡᠯ ᠨᠡᠮᠡᠷᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠨᠰᠠᠷ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://www.holvoo.net/article/articleView.do?id=1680a23d-8e0b-4c53-b5e5-a209045ba365

ᠪᠢᠴᠢᠭᠡᠰᠦ