ᠬᠢᠲᠠᠳ ᠦᠰᠦᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠢᠲᠠᠳ ᠦᠰᠦᠭ ᠢᠶᠡᠷ "ᠬᠠᠨᠵᠤ" ᠭᠡᠵᠦ ᠪᠢᠴᠢᠭᠰᠡᠨ ᠪᠠᠶᠢᠳᠠᠯ᠃ᠵᠡᠭᠦᠨ ᠲᠠᠯ᠎ᠠ ᠨᠢ ᠤᠯᠠᠮᠵᠢᠯᠠᠯᠲᠤ ᠪᠢᠴᠢᠭᠯᠡᠯ᠂ ᠪᠠᠷᠠᠭᠤᠨ ᠲᠠᠯ᠎ᠠ ᠨᠢ ᠬᠢᠯᠪᠠᠷᠰᠢᠭᠤᠯᠤᠭᠰᠠᠨ ᠪᠢᠴᠢᠭᠯᠡᠯ᠃

ᠬᠢᠲᠠᠳ ᠦᠰᠦᠭ ᠨᠢ ᠯᠣᠭᠣᠭᠷᠠᠮ ᠪᠤᠶᠤ ᠳᠦᠷᠦᠭᠰᠡᠨ ᠳᠦ ᠳᠤᠯᠳᠤᠶᠢᠳᠴᠤ ᠵᠣᠬᠢᠶᠠᠭᠰᠠᠨ ᠬᠢᠲᠠᠳ ᠤᠨ ᠪᠢᠴᠢᠭ ᠦᠰᠦᠭ ᠪᠣᠯᠤᠨ᠎ᠠ᠃ ᠬᠢᠲᠠᠳ ᠤᠨ ᠪᠠᠷᠢᠮᠵᠢᠶ᠎ᠠ ᠠᠶᠠᠯᠭᠤᠨ ᠳᠤ (ᠹᠦ᠋ ᠲᠤᠩ ᠬᠤᠸᠠ ᠡᠰᠡᠪᠡᠯ ᠮᠠᠨᠳᠠᠷᠢᠨ) Hanzi (ᠬᠢᠯᠪᠠᠷᠰᠢᠭᠤᠯᠤᠭᠰᠠᠨ: 汉字; ᠤᠯᠠᠮᠵᠢᠯᠠᠯᠲᠤ: 漢字) ᠪᠤᠶᠤ ᠮᠣᠩᠭᠣᠯ ᠬᠡᠯᠡ ᠪᠡᠷ ᠬᠠᠨᠵᠤ ᠬᠡᠮᠡᠨ᠎ᠡ᠃ ᠮᠥᠨ ᠬᠢᠲᠠᠳ ᠦᠰᠦᠭ ᠨᠢ ᠡᠳᠦᠭᠡ ᠬᠦᠷᠲᠡᠯ᠎ᠡ ᠬᠡᠷᠡᠭᠯᠡᠵᠦ ᠪᠠᠶᠢᠭ᠎ᠠ ᠪᠢᠴᠢᠭ ᠦᠰᠦᠭ ᠦᠳ ᠦᠨ ᠳᠤᠮᠳᠠ ᠠᠴᠠ ᠬᠠᠮᠤᠭ ᠤᠨ ᠡᠷᠲᠡᠨ ᠦ ᠬᠢ ᠨᠢ ᠪᠣᠯᠤᠨ᠎ᠠ᠃ ᠬᠢᠲᠠᠳ ᠦᠰᠦᠭ ᠢ ᠥᠪᠡᠷᠰᠡᠳ ᠦᠨ ᠬᠡᠯᠡ ᠠᠶᠠᠯᠭᠤᠨ ᠳᠤ ᠲᠠᠭᠠᠷᠠᠭᠤᠯᠵᠤ ᠳᠠᠭᠤᠳᠠᠯᠭ᠎ᠠ᠂ ᠵᠢᠷᠤᠯᠭ᠎ᠠ ᠵᠡᠷᠭᠡ ᠶᠢ ᠥᠭᠡᠷᠡᠴᠢᠯᠡᠨ ᠪᠢᠴᠢᠭ ᠦᠨ ᠲᠣᠭᠲᠠᠯᠴᠠᠭᠠᠨ ᠳᠤ ᠪᠠᠨ ᠠᠰᠢᠭᠯᠠᠳᠠᠭ ᠬᠡᠯᠡ ᠨᠦᠭᠦᠳ ᠪᠠᠶᠢᠬᠤ ᠪᠥᠭᠡᠳ ᠶᠠᠫᠣᠨ ᠬᠡᠯᠡᠨ ᠳᠦ ᠺᠠᠨᠵᠢᠰᠣᠯᠣᠩᠭᠣᠰ ᠬᠡᠯᠡᠨ ᠳᠦ ᠬᠠᠩᠵᠠᠸᠢᠶᠧᠲ᠋ᠨᠠᠮ ᠬᠡᠯᠡᠨ ᠳᠦ ᠴᠦ ᠨᠣᠮ ᠬᠡᠮᠡᠨ ᠨᠡᠷᠡᠯᠡᠵᠦ ᠵᠠᠩᠰᠢᠵᠠᠢ᠃

 ᠶᠡᠷᠦᠩᠬᠡᠢ ᠮᠡᠳᠡᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳ ᠦᠰᠦᠭ ᠦᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠲ᠋ᠢᠨ ᠦᠰᠦᠭ ᠦᠨ ᠣᠨᠴᠠᠯᠢᠭ ᠨᠢ ᠨᠢᠭᠡ ᠠᠪᠢᠶ᠎ᠠ ᠪᠦᠷᠢ ᠶᠢ ᠲᠡᠮᠳᠡᠭᠯᠡᠬᠦ ᠣᠨᠴᠠᠯᠢᠭ ᠲᠠᠢ ᠪᠠᠶᠢᠳᠠᠭ ᠪᠣᠯ ᠬᠠᠨᠵᠤ ᠦᠰᠦᠭ ᠨᠢ ᠠᠪᠢᠶ᠎ᠠ᠂ ᠦᠭᠡ᠂ ᠬᠡᠯᠪᠡᠷᠢ ᠶᠢ ᠪᠦᠬᠦᠯᠢ ᠳᠦ ᠨᠢ ᠨᠢᠭᠡ ᠪᠣᠯᠭᠠᠵᠤ ᠳᠦᠷᠰᠦ ᠪᠡᠷ ᠢᠯᠡᠷᠬᠡᠶᠢᠯᠡᠳᠡᠭ ᠢᠶᠡᠷ ᠢᠶᠡᠨ ᠣᠨᠴᠠᠯᠢᠭ ᠲᠠᠢ᠃ ᠭᠡᠪᠡᠴᠦ ᠣᠷᠴᠢᠨ ᠴᠠᠭ ᠤᠨ ᠬᠢᠲᠠᠳ ᠬᠡᠯᠡᠨ ᠦ ᠳᠠᠩ ᠦᠭᠡ ᠨᠢ ᠬᠠᠮᠤᠭ ᠤᠨ ᠶᠡᠬᠡ ᠳᠤ ᠪᠡᠨ ᠬᠣᠶᠠᠷ ᠪᠠ ᠲᠡᠭᠦᠨ ᠡᠴᠡ ᠳᠡᠭᠡᠭᠰᠢ ᠬᠠᠨᠵᠤᠨ ᠤ ᠨᠡᠶᠢᠯᠡᠮᠵᠢ ᠪᠡᠷ ᠨᠢᠭᠡ ᠤᠳᠬ᠎ᠠ ᠶᠢ ᠢᠯᠡᠷᠬᠡᠶᠢᠯᠡᠳᠡᠭ ᠪᠣᠯᠵᠠᠢ᠃ ᠮᠥᠨ ᠬᠢᠲᠠᠳ ᠦᠰᠦᠭ ᠦᠨ ᠣᠨᠴᠠᠯᠢᠭ᠂ ᠤᠯᠠᠮᠵᠢᠯᠠᠯᠲᠤ ᠦᠰᠦᠭᠵᠦᠢ ᠶᠢᠨ ᠵᠠᠷᠴᠢᠮ ᠢᠶᠠᠷ ᠬᠢᠲᠠᠳ ᠦᠰᠦᠭ ᠨᠢ ᠬᠡᠯᠪᠡᠷᠢ᠂ ᠳᠠᠭᠤᠳᠠᠯᠭ᠎ᠠ᠂ ᠤᠳᠬ᠎ᠠ ᠭᠡᠰᠡᠨ ᠭᠤᠷᠪᠠᠨ ᠬᠡᠯᠪᠡᠷᠢ ᠶᠢ ᠥᠪᠡᠷᠲᠡᠭᠡᠨ ᠰᠢᠩᠭᠡᠭᠡᠭᠰᠡᠨ ᠪᠠᠶᠢᠳᠠᠭ᠃ 

ᠬᠢᠲᠠᠳ ᠦᠰᠦᠭ ᠢ ᠵᠢᠭᠡᠯᠡᠳᠦᠨ ᠠᠪᠤᠭᠰᠠᠨ ᠤᠯᠤᠰ ᠣᠷᠣᠨ ᠨᠤᠭᠤᠳ ᠪᠠ ᠣᠳᠣ ᠬᠡᠷᠡᠭᠯᠡᠬᠦ ᠨᠥᠬᠥᠴᠡᠯ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠳᠤᠮᠳᠠᠳᠤ ᠤᠯᠤᠰ ᠤᠳ ᠲᠤ ᠠᠯᠪᠠ ᠭᠤᠪᠴᠢᠭᠤᠷ ᠥᠭᠳᠡᠭ ᠪᠠᠶᠢᠭᠰᠠᠨ ᠴᠶᠣᠭᠰᠠᠨ ᠪᠤᠶᠤ ᠰᠣᠯᠣᠩᠭᠣᠰ᠂ ᠷᠶᠢᠺᠦ ᠸᠠᠩᠲᠤ ᠤᠯᠤᠰᠸᠢᠶᠧᠲ᠋ᠨᠠᠮ ᠤᠯᠤᠰ ᠨᠢ ᠡᠷᠲᠡᠨ ᠦ ᠬᠢᠲᠠᠳ ᠠᠴᠠ ᠪᠢᠴᠢᠭ ᠦᠰᠦᠭ ᠢ ᠨᠢ ᠵᠢᠭᠡᠯᠡᠳᠦᠨ ᠠᠪᠴᠤ ᠬᠡᠷᠡᠭᠯᠡᠭᠰᠡᠨ ᠪᠠᠶᠢᠨ᠎ᠠ᠃ ᠶᠠᠫᠣᠨ ᠤᠯᠤᠰ ᠬᠢᠲᠠᠳ ᠤᠨ ᠨᠥᠯᠦᠭᠡᠨ ᠳᠦ ᠪᠠᠶᠢᠭ᠎ᠠ ᠦᠭᠡᠢ ᠴᠤ ᠡᠬᠡ ᠭᠠᠵᠠᠷ ᠤᠨ ᠰᠤᠶᠤᠯ ᠤᠨ ᠨᠥᠯᠦᠭᠡᠨ ᠳᠦ ᠣᠷᠣᠭᠰᠠᠨ ᠢᠶᠠᠷ ᠬᠢᠲᠠᠳ ᠦᠰᠦᠭ ᠢ ᠠᠪᠴᠤ ᠬᠡᠷᠡᠭᠯᠡᠭᠰᠡᠨ ᠪᠠᠶᠢᠳᠠᠭ᠃ ᠮᠥᠨ ᠰᠢᠩᠭᠠᠫᠦᠷᠮᠠᠯᠠᠢ᠋ᠰᠢᠶ᠎ᠠ ᠵᠡᠷᠭᠡ ᠤᠯᠤᠰ ᠤᠳ ᠲᠤ ᠴᠠᠭᠠᠴᠢ ᠬᠢᠲᠠᠳ ᠤᠳ ᠣᠯᠠᠨ ᠢᠶᠠᠷ ᠢᠶᠠᠨ ᠰᠠᠭᠤᠷᠢᠰᠢᠭᠰᠠᠨ ᠤ ᠤᠯᠠᠮ ᠠᠴᠠ ᠵᠠᠷᠢᠮ ᠪᠥᠰᠡ ᠨᠤᠲᠤᠭ ᠤᠳ ᠲᠤ ᠬᠢᠲᠠᠳ ᠬᠡᠯᠡ ᠪᠡᠷ ᠬᠡᠯᠡᠯᠴᠡᠬᠦ᠂ ᠬᠢᠲᠠᠳ ᠦᠰᠦᠭ ᠢ ᠬᠡᠷᠡᠭᠯᠡᠬᠦ ᠶᠠᠪᠤᠳᠠᠯ ᠪᠤᠢ ᠪᠣᠯᠵᠠᠢ᠃ 

ᠡᠳᠦᠭᠡ ᠬᠢᠲᠠᠳ ᠦᠰᠦᠭ ᠢ  ᠬᠢᠲᠠᠳ᠂ ᠲᠠᠶᠢᠸᠠᠨ᠂ ᠶᠠᠫᠣᠨ᠂ ᠡᠮᠦᠨᠡᠲᠦ ᠰᠣᠯᠣᠩᠭᠣᠰ᠂ ᠰᠢᠩᠭᠠᠫᠦᠷ ᠵᠡᠷᠭᠡ ᠤᠯᠤᠰ ᠤᠳ ᠪᠢᠴᠢᠭ ᠦᠨ ᠬᠡᠯᠡ ᠪᠡᠨ ᠲᠡᠮᠳᠡᠭᠯᠡᠬᠦ ᠶᠢᠨ ᠲᠤᠯᠠᠳᠠ ᠠᠰᠢᠭᠯᠠᠭᠰᠠᠭᠠᠷ ᠪᠠᠶᠢᠨ᠎ᠠ᠃ ᠭᠡᠪᠡᠴᠦ ᠣᠶᠢᠷ᠎ᠠ ᠶᠢᠨ ᠬᠡᠳᠦᠨ ᠵᠢᠯ ᠤᠨᠳ ᠲᠤ ᠤᠯᠤᠰ ᠣᠷᠣᠨ ᠨᠤᠭᠤᠳ ᠤᠨ ᠵᠠᠰᠠᠭ ᠤᠨ ᠭᠠᠵᠠᠷ ᠤᠨ ᠪᠣᠳᠣᠯᠭ᠎ᠠ ᠪᠠᠷ ᠬᠢᠲᠠᠳ ᠦᠰᠦᠭ ᠢ ᠬᠢᠯᠪᠠᠷᠰᠢᠭᠤᠯᠤᠨ ᠬᠡᠷᠡᠭᠯᠡᠬᠦ ᠪᠣᠯᠤᠭᠰᠠᠨ ᠢᠶᠠᠷ ᠣᠳᠣ ᠲᠡᠳᠡᠭᠡᠷ ᠤᠯᠤᠰ ᠤᠳ ᠤᠨ ᠬᠢᠲᠠᠳ ᠦᠰᠦᠭ ᠦᠨ ᠨᠢᠭᠡᠳᠦᠮᠡᠯ ᠪᠠᠶᠢᠳᠠᠯ ᠦᠭᠡᠢ ᠪᠣᠯᠵᠠᠢ᠃ ᠶᠠᠫᠣᠨ ᠳᠤ ᠺᠠᠨ᠎ᠠ ᠦᠰᠦᠭ᠂ ᠰᠣᠯᠣᠩᠭᠣᠰ ᠤᠯᠤᠰ ᠲᠤ ᠬᠠᠩ ᠤᠯ ᠦᠰᠦᠭ ᠢ ᠬᠡᠷᠡᠭᠯᠡᠭᠰᠡᠨ ᠢᠶᠡᠷ ᠬᠢᠲᠠᠳ ᠦᠰᠦᠭ ᠦᠨ ᠨᠥᠯᠦᠭᠡ ᠠᠭᠠᠵᠢᠮ ᠢᠶᠠᠷ ᠪᠠᠭᠠᠰᠬᠤ ᠬᠠᠨᠳᠤᠯᠭ᠎ᠠ ᠲᠠᠢ ᠪᠣᠯᠤᠭᠰᠠᠨ ᠪᠣᠯᠪᠠᠴᠤ ᠪᠦᠷ ᠮᠥᠰᠦᠨ ᠠᠯᠠᠭ᠎ᠠ ᠪᠣᠯᠤᠭᠰᠠᠨ ᠦᠭᠡᠢ᠃ 

ᠭᠦᠨ ᠨᠣᠭᠣᠭᠠᠨ - ᠤᠯᠠᠮᠵᠢᠯᠠᠯᠲᠤ ᠬᠡᠯᠪᠡᠷᠢ ᠲᠡᠢ ᠦᠰᠦᠭ ᠢᠶᠡᠨ ᠬᠡᠷᠡᠭᠯᠡᠭᠰᠡᠭᠡᠷ ᠪᠠᠶᠢᠭ᠎ᠠ ᠣᠷᠣᠨ (ᠳᠤᠮᠳᠠᠳᠤ ᠢᠷᠭᠡᠨ ᠤᠯᠤᠰ ᠪᠤᠶᠤ ᠲᠠᠶᠢᠸᠠᠨᠤᠤᠮᠸᠨᠨᠬᠣᠩ ᠺᠣᠨ) ᠨᠣᠭᠣᠭᠠᠨ - ᠬᠢᠯᠪᠠᠷᠰᠢᠭᠤᠯᠤᠭᠰᠠᠨ ᠪᠣᠯᠤᠨ ᠤᠯᠠᠮᠵᠢᠯᠠᠯᠲᠤ ᠪᠢᠴᠢᠭᠯᠡᠯᠲᠡᠢ ᠬᠢᠲᠠᠳ ᠦᠰᠦᠭ ᠢ ᠵᠡᠷᠭᠡᠴᠡᠭᠦᠯᠦᠨ ᠬᠡᠷᠡᠭᠯᠡᠵᠦ ᠪᠤᠢ ᠣᠷᠣᠨ (ᠰᠢᠩᠭᠠᠫᠦᠷᠮᠠᠯᠠᠢ᠋ᠰᠢᠶ᠎ᠠ) ᠰᠢᠷ᠎ᠠ ᠨᠣᠭᠣᠭᠠᠨ - ᠬᠢᠯᠪᠠᠷᠰᠢᠭᠤᠯᠤᠭᠰᠠᠨ ᠬᠠᠨᠵᠤ ᠬᠡᠷᠡᠭᠯᠡᠵᠦ ᠪᠤᠢ ᠣᠷᠣᠨ (ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ) ᠪᠦᠳᠡᠭᠢ ᠨᠣᠭᠣᠭᠠᠨ - ᠬᠠᠨᠵᠤ ᠪᠣᠯᠤᠨ ᠥᠪᠡᠷ ᠦᠨ ᠦᠨᠳᠦᠰᠦᠨ ᠦ ᠪᠢᠴᠢᠭ ᠦᠰᠦᠭ ᠢ ᠬᠣᠯᠢᠵᠤ ᠪᠣᠯᠤᠨ ᠵᠡᠷᠭᠡᠴᠡᠭᠦᠯᠦᠨ ᠬᠡᠷᠡᠭᠯᠡᠵᠦ ᠪᠤᠢ ᠣᠷᠣᠨ (ᠡᠮᠦᠨᠡᠲᠦ ᠰᠣᠯᠣᠩᠭᠣᠰ ᠪᠠ ᠶᠠᠫᠣᠨ) ᠰᠢᠷ᠎ᠠ - ᠲᠡᠦᠬᠡᠨ ᠳᠦ ᠪᠡᠨ ᠠᠯᠪᠠᠨ ᠶᠣᠰᠣᠨ ᠤ ᠬᠡᠷᠡᠭᠯᠡᠭᠡ ᠪᠡᠷ ᠲᠦᠷᠢ ᠪᠣᠯᠤᠨ ᠤᠷᠲᠤ ᠬᠤᠭᠤᠴᠠᠭ᠎ᠠ ᠪᠠᠷ ᠬᠡᠷᠡᠭᠯᠡᠵᠦ ᠪᠠᠶᠢᠭᠰᠠᠨ ᠣᠷᠣᠨ (ᠮᠣᠩᠭᠣᠯᠬᠣᠶᠢᠳᠤ ᠰᠣᠯᠣᠩᠭᠣᠰᠸᠢᠶᠧᠲ᠋ᠨᠠᠮ)
 

ᠮᠥᠨ ᠬᠣᠶᠢᠳᠤ ᠰᠣᠯᠣᠩᠭᠣᠰ ᠪᠣᠯᠤᠨ ᠸᠢᠶᠧᠲ᠋ᠨᠠᠮ ᠤᠯᠤᠰ ᠨᠢ  ᠬᠢᠲᠠᠳ ᠦᠰᠦᠭ ᠢ ᠠᠯᠪᠠᠨ ᠶᠣᠰᠣᠭᠠᠷ ᠬᠠᠯᠤᠰᠤᠨ ᠤᠯᠤᠰ ᠤᠳ ᠪᠣᠯᠤᠨ᠎ᠠ᠃ ᠭᠡᠪᠡᠴᠦ ᠬᠢᠲᠠᠳ ᠦᠰᠦᠭ ᠢ ᠬᠡᠷᠡᠭᠯᠡᠬᠦ ᠦᠭᠡᠢ ᠴᠤ ᠭᠡᠰᠡᠨ ᠬᠢᠲᠠᠳ ᠦᠰᠦᠭ ᠢᠶᠡᠷ ᠳᠠᠮᠵᠢᠨ ᠣᠷᠣᠵᠤ ᠢᠷᠡᠭᠰᠡᠨ ᠦᠭᠡᠰ ᠦᠭᠡ ᠶᠢᠨ ᠰᠠᠩ ᠤᠨ ᠨᠡᠯᠢᠶᠡᠳ ᠦᠭᠡᠢ ᠬᠤᠪᠢ ᠶᠢ ᠡᠵᠡᠯᠡᠭᠰᠡᠭᠡᠷ ᠪᠠᠶᠢᠨ᠎ᠠ᠃ ᠬᠢᠲᠠᠳ ᠦᠰᠦᠭ ᠦᠨ ᠳᠠᠭᠤᠳᠠᠯᠭ᠎ᠠ ᠤᠨ ᠴᠠᠭ ᠤᠨ ᠡᠷᠬᠡ ᠪᠡᠷ ᠥᠭᠡᠷᠡᠴᠢᠯᠡᠭᠳᠡᠵᠦ᠂ ᠪᠥᠰᠡ ᠨᠤᠲᠤᠭ ᠲᠤᠰ ᠪᠦᠷᠢ ᠳᠦ ᠥᠭᠡᠷ᠎ᠡ ᠥᠭᠡᠷ᠎ᠡ ᠳᠠᠭᠤᠳᠠᠯᠭ᠎ᠠ ᠲᠠᠢ ᠪᠣᠯᠵᠠᠢ᠃

ᠬᠢᠲᠠᠳ ᠬᠡᠯᠡᠨ ᠦ 时间 Shí jiān ᠪᠤᠶᠤ ᠴᠠᠭ ᠬᠤᠭᠤᠴᠠᠭ᠎ᠠ ᠬᠡᠮᠡᠬᠦ ᠦᠭᠡ ᠶᠠᠫᠣᠨ ᠳᠤ 時間 じかん, ᠵᠢ ᠺᠠᠨ᠂ ᠰᠣᠯᠣᠩᠭᠣᠰ ᠬᠡᠯᠡᠨ ᠳᠦ 시간 ᠪᠤᠶᠤ Si gan ᠬᠡᠮᠡᠨ ᠳᠠᠭᠤᠳᠠᠯᠭ᠎ᠠ ᠲᠠᠢ ᠪᠣᠯᠵᠤ ᠥᠭᠡᠷᠡᠴᠢᠯᠡᠭᠳᠡᠵᠡᠢ᠃ ᠭᠡᠪᠡᠴᠦ ᠳᠠᠭᠤᠳᠠᠯᠭ᠎ᠠ ᠥᠭᠡᠷᠡᠴᠢᠯᠡᠭᠳᠡᠭᠰᠡᠨ ᠪᠣᠯᠪᠠᠴᠤ ᠨᠢᠭᠡᠳᠦᠮᠡᠯ ᠨᠢᠭᠡ ᠦᠰᠦᠭ ᠢᠶᠡᠷ ᠪᠢᠴᠢᠭ ᠦᠨ ᠬᠡᠯᠡ ᠪᠡᠨ ᠲᠡᠮᠳᠡᠭᠯᠡᠵᠦ ᠪᠠᠶᠢᠭᠰᠠᠨ ᠲᠤᠯᠠ ᠬᠠᠷᠢᠯᠴᠠᠭᠠᠨ ᠳᠤ ᠣᠷᠣᠬᠤ ᠳᠤ ᠠᠰᠠᠭᠤᠳᠠᠯ ᠦᠭᠡᠢ ᠪᠠᠶᠢᠭᠰᠠᠨ ᠪᠠᠶᠢᠨ᠎ᠠ᠃ ᠭᠡᠪᠡᠴᠦ ᠠᠭᠠᠵᠢᠮ ᠢᠶᠠᠷ ᠬᠢᠲᠠᠳ ᠦᠰᠦᠭ ᠦᠨ ᠪᠢᠴᠢᠯᠭᠡ᠂ ᠬᠡᠯᠪᠡᠷᠢ ᠥᠭᠡᠷᠡᠴᠢᠯᠡᠭᠳᠡᠬᠦ ᠪᠣᠯᠵᠤ ᠪᠦᠰᠡ ᠨᠤᠲᠤᠭ ᠪᠦᠷᠢ ᠳᠦ ᠬᠡᠯᠡ ᠠᠶᠠᠯᠭᠤᠨ ᠤ ᠢᠯᠭᠠᠨ ᠠᠴᠠ ᠰᠢᠯᠲᠠᠭᠠᠯᠠᠨ ᠵᠢᠷᠤᠯᠭ᠎ᠠ ᠨᠡᠮᠡᠬᠦ ᠪᠤᠶᠤ ᠬᠠᠰᠤᠬᠤ᠂ ᠦᠨᠳᠦᠰᠦᠨ ᠮᠠᠬᠠᠪᠣᠳ ᠬᠠᠰᠤᠬᠤ ᠵᠡᠷᠭᠡ ᠪᠡᠷ ᠬᠢᠲᠠᠳ ᠦᠰᠦᠭ ᠥᠭᠡᠷᠡᠴᠢᠯᠡᠭᠳᠡᠭᠰᠡᠨ ᠪᠠᠶᠢᠨ᠎ᠠ᠃ ᠲᠡᠶᠢᠮᠦ ᠳᠦ ᠤᠯᠤᠰ ᠣᠷᠣᠨ ᠪᠦᠷᠢ ᠳᠦ ᠥᠪᠡᠷ ᠥᠪᠡᠷ ᠦᠨ ᠭᠡᠰᠡᠨ ᠣᠨᠴᠠᠯᠢᠭ ᠲᠠᠢ ᠬᠢᠲᠠᠳ ᠦᠰᠦᠭ ᠦᠳ ᠪᠤᠢ ᠪᠣᠯᠵᠠᠢ᠃ ᠵᠢᠱᠢᠶ᠎ᠡ ᠨᠢ ᠶᠠᠫᠣᠨᠴᠤᠳ ᠤᠨ ᠵᠣᠬᠢᠶᠠᠭᠰᠠᠨ 1200 ᠭᠠᠷᠤᠢ ᠬᠢᠲᠠᠳ ᠦᠰᠦᠭ ᠪᠤᠢ᠃

ᠬᠢᠲᠠᠳ ᠦᠰᠦᠭ ᠦᠨ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠬᠤᠭᠤᠴᠠᠭᠠᠨ ᠤ ᠥᠭᠡᠷᠡᠴᠢᠯᠡᠯᠲᠡ ᠪᠡᠷ ᠦᠰᠦᠭ ᠦᠨ ᠬᠡᠯᠪᠡᠷᠢ ᠥᠭᠡᠷᠡᠴᠢᠯᠡᠭᠳᠡᠬᠦ᠂ ᠳᠠᠭᠤᠳᠠᠯᠭ᠎ᠠ ᠢᠵᠢᠯ ᠦᠰᠦᠭ᠂ ᠤᠳᠬ᠎ᠠ ᠢᠵᠢᠯ ᠴᠤ ᠬᠡᠯᠪᠡᠷᠢ ᠥᠭᠡᠷ᠎ᠡ ᠦᠰᠦᠭ᠂ ᠪᠦᠰᠡ ᠨᠤᠲᠤᠭ ᠤᠨ ᠢᠯᠭᠠᠨ ᠠᠴᠠ ᠪᠤᠢ ᠪᠣᠯᠤᠭᠰᠠᠨ ᠦᠰᠦᠭ ᠵᠡᠷᠭᠡ ᠶᠢ ᠨᠢᠭᠡᠳᠬᠡᠨ ᠦᠵᠡᠪᠡᠯ ᠨᠢᠭᠡ ᠲᠦᠮᠡ ᠭᠠᠷᠤᠢ ᠬᠠᠨᠵᠤ ᠴᠤᠭᠯᠠᠷᠠᠬᠤ ᠠᠵᠡᠢ᠃ ᠭᠡᠪᠡᠴᠦ ᠲᠡᠦᠬᠡᠨ ᠬᠡᠯᠪᠡᠷᠢ᠂ ᠴᠠᠭ ᠬᠤᠭᠤᠴᠠᠭᠠᠨ ᠤ ᠤᠷᠲᠤ ᠳᠤ ᠦᠯᠡᠳᠡᠵᠦ ᠲᠤᠨᠤᠭᠳᠠᠭᠰᠠᠨ ᠭᠡᠳ ᠪᠦᠭᠦᠳᠡᠢ ᠨᠢ ᠨᠢᠭᠡᠳᠬᠡᠭᠡᠳ 1994 ᠤᠨ ᠳᠤ ᠬᠡᠪᠯᠡᠭᠳᠡᠭᠰᠡᠨ "ᠬᠢᠲᠠᠳ ᠦᠰᠦᠭ ᠦᠨ ᠳᠠᠯᠠᠢ" ᠬᠡᠮᠡᠬᠦ ᠨᠣᠮᠣᠨ ᠳᠤ  85,568 ᠳᠦᠷᠰᠦ ᠦᠰᠦᠭ ᠪᠤᠢ ᠭᠡᠵᠦ ᠲᠡᠮᠳᠡᠭᠯᠡᠭᠰᠡᠨ ᠪᠠᠶᠢᠨ᠎ᠠ᠃ ᠣᠳᠣ ᠴᠤ ᠰᠢᠨ᠎ᠡ ᠬᠠᠨᠵᠤ ᠵᠣᠬᠢᠶᠠᠭᠳᠠᠭᠰᠠᠭᠠᠷ ᠪᠠᠶᠢᠭ᠎ᠠ ᠤᠴᠢᠷ ᠠᠴᠠ ᠡᠳᠦᠭᠡ ᠬᠦᠷᠲᠡᠯ᠎ᠡ ᠶᠠᠭ ᠬᠡᠴᠢᠨᠡᠨ ᠬᠢᠲᠠᠳ ᠦᠰᠦᠭ ᠪᠤᠢ ᠶᠢ ᠭᠦᠢᠴᠡᠳ ᠬᠡᠯᠡᠬᠦ ᠪᠣᠯᠤᠮᠵᠢ ᠦᠭᠡᠢ ᠠᠵᠢ᠃ 

ᠬᠢᠲᠠᠳ ᠬᠡᠯᠡᠨ ᠦ ᠲᠣᠯᠢ ᠪᠢᠴᠢᠭ ᠦᠳ ᠲᠦ ᠲᠡᠮᠳᠡᠭᠯᠡᠭᠳᠡᠭᠰᠡᠨ ᠬᠠᠨᠵᠤᠨ ᠤ ᠲᠣᠭ᠎ᠠ 

ᠣᠨ ᠲᠣᠯᠢ ᠪᠢᠴᠢᠭ ᠦᠨ ᠨᠡᠷ᠎ᠡ ᠬᠢᠲᠠᠳ ᠨᠡᠷ᠎ᠡ ᠬᠢᠲᠠᠳ ᠦᠰᠦᠭ ᠦᠨ ᠲᠣᠭ᠎ᠠ
100 ᠱᠢᠭᠡ ᠸᠡᠨ ᠵᠢᠶ᠎ᠡ ᠽᠢ 説文解字 9,353
543? ᠬᠠᠰ ᠤᠨ ᠬᠤᠶᠢᠯᠠᠭᠠᠰᠤ 玉篇 12,158
601 ᠴᠢᠶ᠎ᠡ ᠲᠣᠯᠢ 切韻 16,917
997 ᠯᠤᠤ ᠶᠢᠨ ᠠᠯᠠᠭ᠎ᠠ ᠮᠤᠲᠤᠷ ᠤᠨ ᠬᠡᠯᠬᠢᠶ᠎ᠡ 龍龕手鑑 26,430
1011 ᠳᠡᠯᠭᠡᠷ ᠲᠣᠯᠢ 広韻 26,194
1039 ᠨᠢᠭᠡᠳᠬᠡᠭᠰᠡᠨ ᠲᠣᠯᠢ 集韻 53,525
1615 ᠦᠰᠦᠭ ᠦᠨ ᠰᠠᠨ 字彙 33,179
1675 ᠵᠢᠨᠢ ᠽᠢ ᠲᠤᠩ 正字通 33,440
1716 ᠡᠩᠬᠡ ᠠᠮᠤᠭᠤᠯᠠᠩ ᠤᠨ ᠦᠰᠦᠭ ᠦᠨ ᠲᠣᠯᠢ 康熙字典 47,035
1916 ᠳᠤᠮᠳᠠᠳᠤ ᠬᠡᠯᠡᠨ ᠦ ᠶᠡᠬᠡ ᠲᠣᠯᠢ 中華大字典 48,000
1989 ᠬᠢᠲᠠᠳ ᠬᠡᠯᠡᠨ ᠦ ᠶᠡᠬᠡ ᠲᠣᠯᠢ 漢語大字典 54,678
1994 ᠬᠢᠲᠠᠳ ᠦᠰᠦᠭ ᠦᠨ ᠳᠠᠯᠠᠢ 中華字海 85,568
2004 ᠢ ᠲᠠᠢ ᠽᠢ ᠲᠣᠯᠢ 異体字辞典 106,230

ᠦᠰᠦᠭ ᠦᠨ ᠬᠡᠯᠪᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭ ᠦᠰᠦᠭ ᠨᠢ ᠪᠢᠴᠢᠭ ᠦᠨ ᠬᠡᠷᠡᠭᠰᠡᠯ᠂ ᠪᠢᠴᠢᠬᠦ ᠬᠤᠷᠳᠤ᠂ ᠪᠢᠴᠢᠬᠦ ᠠᠷᠭ᠎ᠠ ᠲᠧᠭᠨᠢᠭ ᠵᠡᠷᠭᠡ ᠪᠡᠷ ᠬᠡᠯᠪᠡᠷᠢ ᠨᠢ ᠲᠣᠭᠲᠠᠵᠤ᠂ ᠥᠭᠡᠷᠡᠴᠢᠯᠡᠭᠳᠡᠳᠡᠭ ᠪᠢᠯᠡ᠃ ᠲᠡᠳᠡᠭᠡᠷ ᠢ ᠨᠡᠶᠢᠲᠡ ᠳᠦ ᠨᠢ ᠬᠢᠲᠠᠳ ᠦᠰᠦᠭ ᠦᠨ ᠲᠢᠭ (ᠹᠣᠨᠲ) ᠬᠡᠮᠡᠨ᠎ᠡ᠃  ᠣᠳᠣ ᠬᠡᠷᠡᠭᠯᠡᠵᠦ ᠪᠤᠢ ᠬᠢᠲᠠᠳ ᠦᠰᠦᠭ ᠨᠢ ᠶᠠᠰᠤᠨ᠂ ᠶᠡᠬᠡ ᠭᠣᠷ᠂ ᠪᠠᠭ᠎ᠠ ᠭᠣᠷ᠂ ᠵᠠᠰᠠᠪᠤᠷᠢ ᠶᠢᠨ᠂ ᠬᠢᠴᠢᠶᠡᠩᠭᠦᠢ᠂ ᠲᠠᠲᠠᠯᠭᠠᠨ ᠭᠡᠰᠡᠨ ᠲᠢᠭ ᠦᠳ ᠡᠴᠡ ᠪᠥᠷᠢᠳᠴᠦ ᠪᠠᠶᠢᠨ᠎ᠠ᠃ ᠡᠳᠡᠭᠡᠷ ᠲᠢᠭ ᠦᠳ ᠨᠢ ᠲᠡᠦᠬᠡ ᠶᠢᠨ ᠶᠠᠪᠤᠴᠠ ᠳᠤ ᠣᠯᠠᠨ ᠰᠢᠯᠲᠠᠭᠠᠨ ᠢᠶᠠᠷ ᠡᠭᠦᠰᠦᠨ ᠪᠤᠢ ᠪᠣᠯᠵᠠᠢ᠃ 

ᠪᠦᠷᠢᠳᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳ ᠦᠰᠦᠭ ᠦᠨ ᠪᠦᠷᠢᠳᠦᠯ ᠨᠢ ᠳᠤᠰᠤᠯ᠂ ᠵᠡᠭᠦᠨ ᠪᠠᠭᠠᠨ᠎ᠠ᠂ ᠪᠠᠷᠠᠭᠤᠨ ᠪᠠᠭᠠᠨ᠎ᠠ ᠪᠣᠯᠤᠨ᠎ᠠ᠃ ᠶᠠᠮᠠᠷ ᠨᠢᠭᠡᠨ ᠬᠢᠲᠠᠳ ᠦᠰᠦᠭ ᠨᠢ ᠥᠭᠡᠷ᠎ᠡ ᠬᠢᠲᠠᠳ ᠦᠰᠦᠭ ᠲᠡᠢ ᠨᠡᠶᠢᠯᠡᠵᠦ ᠨᠢᠭᠡ ᠰᠢᠨ᠎ᠡ ᠬᠠᠨᠵᠤ ᠪᠦᠲᠦᠭᠰᠡᠨ ᠢ ᠬᠢᠲᠠᠳ ᠦᠰᠦᠭ ᠦᠨ ᠪᠦᠷᠢᠳᠦᠯ ᠭᠡᠨ᠎ᠡ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳ ᠦᠰᠦᠭ ᠨᠢ ᠵᠢᠷᠤᠯᠭ᠎ᠠ᠂ ᠪᠢᠴᠢᠬᠦ ᠳᠠᠷᠠᠭᠠᠯᠠᠯ ᠪᠣᠯᠤᠨ ᠲᠦᠯᠬᠢᠭᠦᠷ ᠦᠰᠦᠭ ᠡᠴᠡ ᠪᠦᠲᠦᠨ᠎ᠡ᠃ ᠲᠦᠯᠬᠢᠭᠦᠷ ᠦᠰᠦᠭ ᠲᠤᠬᠠᠢ ᠶᠢᠨ ᠦᠭᠡ᠂ ᠤᠳᠬ᠎ᠠ᠂ ᠬᠢᠲᠠᠳ ᠦᠰᠦᠭ ᠦᠨ ᠢᠵᠠᠭᠤᠷ ᠪᠣᠯᠵᠤ ᠥᠭᠳᠡᠭ᠃

ᠪᠢᠴᠢᠭᠡᠰᠦ