ᠬᠢᠲᠠᠳ ᠤᠨ ᠲᠡᠦᠬᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠭᠠᠷᠴᠠᠭ

ᠴᠢᠯᠠᠭᠤᠨ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠴᠢᠯᠠᠭᠤᠨ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠵᠡᠪᠰᠡᠭ ᠦᠨ ᠦᠶ᠎ᠡ ᠬᠢᠲᠠᠳ ᠤᠨ ᠪᠦᠰᠡ ᠨᠤᠲᠤᠭ ᠲᠤ 1 ᠰᠠᠶ᠎ᠠ ᠭᠠᠷᠤᠢ ᠵᠢᠯ ᠦᠨ ᠲᠡᠷᠲᠡᠭᠡ ᠡᠴᠡ ᠬᠣᠮᠣ ᠶᠡᠷᠺᠲ᠋ᠦᠶᠢᠰ ᠠᠮᠢᠳᠤᠷᠴᠢ ᠪᠠᠶᠢᠴᠠᠢ᠃ ᠾᠸᠪᠸᠢ ᠮᠤᠵᠢ ᠶᠢᠨ ᠨᠤᠲᠤᠭ ᠲᠤ ᠪᠠᠶᠢᠬᠤ ᠰᠢᠶᠣᠤᠴᠢᠨᠯᠢᠩ ᠠᠭᠤᠢ ᠠᠴᠠ 1.35 ᠰᠠᠶ᠎ᠠ ᠵᠢᠯ ᠦᠨ ᠲᠡᠷᠲᠡᠭᠡᠬᠢ ᠴᠢᠯᠠᠭᠤᠨ ᠵᠡᠪᠰᠡᠭ ᠢ ᠣᠯᠤᠭᠰᠠᠨ ᠨᠢ ᠠᠩᠬ᠎ᠠ ᠡᠨᠡ ᠨᠤᠲᠤᠭ ᠲᠤ ᠬᠦᠮᠦᠨ ᠪᠠᠶᠢᠭᠰᠠᠨ ᠢ ᠭᠡᠷᠡᠴᠢᠯᠡᠳᠡᠭ᠃ ᠮᠥᠨ ᠰᠢᠬᠤᠤᠳᠤᠯᠠᠨᠲ᠋ᠢᠨᠢᠶᠤᠸᠠᠨᠮᠣᠤ ᠵᠡᠷᠭᠡ ᠠᠭᠤᠢ ᠠᠴᠠ ᠴᠢᠯᠠᠭᠤᠨ ᠵᠡᠪᠰᠡᠭ ᠪᠣᠯᠤᠨ ᠬᠣᠮᠣ ᠶᠡᠷᠧᠺᠲᠤᠤᠰ ᠤᠨ ᠠᠷᠤᠭ ᠶᠠᠰᠤ ᠶᠢ ᠣᠯᠵᠠᠢ᠃

ᠰᠢᠨ᠎ᠡ ᠴᠢᠯᠠᠭᠤᠨ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠴᠢᠯᠠᠭᠤᠨ ᠵᠡᠪᠰᠡᠭ ᠦᠨ ᠦᠶ᠎ᠡ ᠨᠢ 10,000 ᠵᠢᠯ ᠦᠨ ᠲᠡᠷᠲᠡᠭᠡ ᠡᠴᠡ ᠡᠬᠢᠯᠡᠭᠰᠡᠨ᠃ ᠷᠠᠳᠢᠣ᠋ ᠍ ᠺᠠᠷᠪᠶᠣᠨ ᠤ ᠠᠷᠭ᠎ᠠ ᠪᠠᠷ ᠡᠷᠲᠡᠨ ᠦ ᠬᠢᠲᠠᠳ ᠲᠤ 7000 ᠵᠢᠯ ᠦᠨ ᠡᠮᠦᠨ᠎ᠡ ᠡᠴᠡ ᠰᠣᠶᠣᠯ ᠢᠷᠭᠡᠨᠰᠢᠯ ᠡᠭᠦᠰᠴᠢ ᠡᠬᠢᠯᠡᠭᠰᠡᠨ᠃ ᠵᠢᠬᠤ ᠶᠢᠨ ᠰᠣᠶᠣᠯ (7000 - 5800), ᠫᠧᠯᠢᠭᠠᠨ ᠤ ᠰᠣᠶᠣᠯ (ᠮᠠᠨ ᠤ ᠡᠷᠡᠨ ᠦ ᠡᠮᠦᠨ᠎ᠡ 5500 - ᠮᠠᠨ ᠤ ᠡᠷᠡᠨ ᠦ ᠡᠮᠦᠨ᠎ᠡ 4900), ᠶᠠᠩᠰᠢᠭ᠎ᠠ ᠶᠢᠨ ᠰᠣᠶᠣᠯ (5000-3000), ᠯᠤᠩᠰᠢᠨᠠᠭ ᠤᠨ ᠰᠣᠶᠣᠯ (3000 - 2000) ᠵᠡᠷᠭᠡ ᠶᠢ ᠳᠤᠷᠠᠳᠴᠤ ᠪᠣᠯᠤᠨ᠎ᠠ᠃ ᠡᠳᠡᠭᠡᠷ ᠰᠤᠶᠤᠯ ᠤᠳ ᠡᠭᠦᠰᠦᠭᠰᠡᠨ ᠢᠶᠡᠷ ᠬᠢᠲᠠᠳ ᠤᠨ ᠨᠤᠲᠤᠭ ᠲᠤ ᠠᠩᠬᠠᠨ ᠤ ᠲᠥᠷᠥ ᠳᠦ ᠤᠯᠤᠰ ᠤᠳ ᠡᠭᠦᠰᠬᠦ ᠨᠥᠬᠥᠴᠡᠯ ᠪᠦᠷᠢᠳᠦᠭᠰᠡᠨ᠃

ᠹᠠᠢᠢᠯ:ᠬᠢᠲᠠᠳ ᠮᠠᠨ ᠤ ᠡᠷᠡᠨ ᠦ 7-9 ᠍ ᠳᠦᠭᠡᠷ ᠵᠠᠭᠤᠨ᠃jpg
ᠬᠢᠲᠠᠳ ᠮᠠᠨ ᠤ ᠡᠷᠡᠨ ᠦ 7-9 ᠍ ᠳᠦᠭᠡᠷ ᠵᠠᠭᠤᠨ᠃
ᠹᠠᠢᠢᠯ:ᠬᠢᠲᠠᠳ ᠮᠠᠨ ᠤ ᠡᠷᠡᠨ ᠦ ᠡᠮᠦᠨ᠎ᠡ 5-3 ᠍ ᠳᠦᠭᠡᠷ ᠵᠠᠭᠤᠨ᠃jpg
ᠬᠢᠲᠠᠳ ᠮᠠᠨ ᠤ ᠡᠷᠡᠨ ᠦ 7-9 ᠍ ᠳᠦᠭᠡᠷ ᠵᠠᠭᠤᠨ᠃
ᠰᠢᠨ᠎ᠡ ᠴᠢᠯᠠᠭᠤᠨ ᠵᠡᠪᠰᠡᠭ ᠦᠨ ᠦᠶ᠎ᠡ ᠶᠢᠨ ᠬᠢᠲᠠᠳ ᠤᠳ ᠤᠨ ᠶᠠᠨᠱᠢᠭ᠎ᠠ ᠶᠢᠨ ᠰᠤᠶᠤᠯ ᠤᠨ ᠲᠠᠷᠬᠠᠯᠲᠠ᠃ ᠡᠷᠲᠡ ᠦᠶ᠎ᠡ ᠳᠦ ᠬᠢᠲᠠᠳ ᠤᠨ ᠨᠤᠲᠤᠭ ᠰᠢᠷ᠎ᠠ ᠮᠥᠷᠡᠨ ᠡᠴᠡ ᠬᠥᠬᠡ ᠮᠥᠷᠡᠨ ᠦ ᠬᠣᠭᠣᠷᠣᠨᠳᠣ ᠪᠠᠶᠢᠭᠰᠠᠨ ᠴᠤ ᠬᠢᠲᠠᠳ ᠬᠥᠷᠰᠢ ᠣᠯᠠᠨ ᠦᠨᠳᠦᠰᠦᠲᠡᠨ ᠨᠦᠭᠦᠳ ᠢ ᠡᠵᠡᠯᠡᠨ ᠠᠭᠤᠰᠬᠠᠵᠠᠢ

ᠬᠦᠷᠡᠯ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠩ ᠡᠷᠲᠡᠨ ᠦ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠢ ᠤᠯᠤᠰ

ᠤᠭ ᠤᠯᠤᠰ ᠨᠢ ᠮᠠᠨ ᠤ ᠡᠷᠡᠨ ᠦ ᠡᠮᠦᠨ᠎ᠡ 2100 – ᠮᠠᠨ ᠤ ᠡᠷᠡᠨ ᠦ ᠡᠮᠦᠨ᠎ᠡ 1600 ᠣᠨ ᠤ ᠬᠣᠭᠣᠷᠣᠨᠳᠣ ᠣᠷᠣᠰᠢᠵᠤ ᠪᠠᠶᠢᠭᠰᠠᠨ ᠪᠥᠭᠡᠳ ᠰ ᠤᠮᠠ ᠴᠶᠠᠨ ᠤ ᠪᠢᠴᠢᠭᠰᠡᠨ ᠲᠡᠦᠬᠡ ᠶᠢᠨ ᠲᠡᠮᠳᠡᠭᠯᠡᠯ ᠬᠡᠮᠡᠬᠦ ᠰᠤᠷᠪᠤᠯᠵᠢ ᠳᠤ ᠠᠩᠬ᠎ᠠ ᠨᠡᠷ᠎ᠡ ᠳᠤᠷᠠᠳᠤᠭᠳᠠᠭᠰᠠᠨ ᠳᠣᠮᠣᠭ ᠤᠨ ᠰᠢᠨᠵᠢᠲᠡᠢ ᠬᠢᠲᠠᠳ ᠤᠨ ᠠᠩᠬᠠᠨ ᠤ ᠤᠯᠤᠰ ᠭᠡᠵᠦ ᠦᠵᠡᠳᠡᠭ᠃ ᠾᠸᠨᠠᠨ ᠮᠤᠵᠢ ᠶᠢᠨ ᠨᠤᠲᠤᠭ ᠢᠶᠠᠷ ᠲᠥᠪᠯᠡᠷᠡᠵᠦ ᠪᠠᠢᠪᠠᠰᠤᠨ᠃ ᠨᠡᠶᠢᠰᠯᠡᠯ ᠬᠣᠲᠠ ᠨᠢ ᠡᠷᠯᠢᠲ᠋ᠣᠤ. ᠮᠠᠨ ᠤ ᠡᠷᠡᠨ ᠦ ᠡᠮᠦᠨ᠎ᠡ 1600 ᠣᠨ ᠤ ᠦᠶ᠎ᠡ ᠳᠦ ᠮᠢᠨᠲ᠋ᠢᠶᠣᠣ ᠶᠢᠨ ᠲᠤᠯᠤᠯᠳᠤᠭᠠᠨ ᠳᠤ ᠢᠯᠠᠭᠳᠠᠨ ᠮᠥᠬᠦᠭᠰᠡᠨ᠃

ᠱᠠᠨᠢ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠱᠠᠨᠢ ᠤᠯᠤᠰ

ᠨᠡᠶᠢᠰᠯᠡᠯ ᠬᠣᠲᠠ: ᠢᠨᠢ᠂ ᠬᠣᠵᠢᠮ ᠠᠨᠢᠶᠠᠨ ᠷᠤ ᠨᠡᠭᠦᠭᠰᠡᠨ

ᠮᠠᠨ ᠤ ᠡᠷᠡᠨ ᠦ ᠡᠮᠦᠨ᠎ᠡ 1700 - ᠮᠠᠨ ᠤ ᠡᠷᠡᠨ ᠦ ᠡᠮᠦᠨ᠎ᠡ 1046 ᠣᠨ ᠤ ᠬᠣᠭᠣᠷᠣᠨᠳᠣ ᠬᠠᠲᠤᠨ ᠭᠣᠣᠯ ᠪᠣᠯᠤᠨ ᠬᠥᠬᠡ ᠮᠥᠷᠡᠨ ᠦ ᠬᠣᠭᠣᠷᠣᠨᠳᠣ ᠣᠷᠣᠰᠢᠵᠤ ᠪᠠᠶᠢᠭᠰᠠᠨ ᠡᠷᠲᠡᠨ ᠦ ᠲᠥᠷᠦ ᠳᠦ ᠤᠯᠤᠰ᠃ ᠱᠠᠨᠢ ᠤᠯᠤᠰ ᠢ ᠲᠠᠨ ᠸᠠᠩ ᠪᠠᠶᠢᠭᠤᠯᠤᠭᠰᠠᠨ ᠠᠴᠠ ᠬᠣᠶᠢᠰᠢ ᠵᠢᠤ ᠸᠠᠩ ᠬᠦᠷᠲᠡᠯ᠎ᠡ ᠨᠡᠶᠢᠲᠡ 31 ᠸᠠᠩ ᠲᠥᠷᠦ ᠪᠠᠷᠢᠭᠰᠠᠨ᠃ ᠪᠠᠷᠠᠭᠤᠨ ᠵᠢᠤ ᠤᠯᠤᠰᠠᠳᠠ ᠮᠥᠬᠦᠭᠡᠭᠳᠡᠭᠰᠡᠨ᠃

ᠵᠢᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠵᠢᠤ ᠤᠯᠤᠰ

ᠨᠡᠶᠢᠰᠯᠡᠯ: ᠰᠢ ᠠᠨᠯᠤᠢᠩ

ᠮᠠᠨ ᠤ ᠡᠷᠡᠨ ᠦ ᠡᠮᠦᠨ᠎ᠡ 1046 - ᠮᠠᠨ ᠤ ᠡᠷᠡᠨ ᠦ ᠡᠮᠦᠨ᠎ᠡ 256 ᠣᠨ ᠬᠦᠷᠲᠡᠯ᠎ᠡ ᠣᠷᠣᠰᠢᠨ ᠲᠣᠭᠲᠠᠨᠢᠭᠰᠠᠨ ᠤᠯᠤᠰ᠃ ᠬᠠᠮᠤᠭ ᠤᠨ ᠤᠷᠲᠤ ᠤᠳᠠᠭᠠᠨ ᠣᠷᠣᠰᠢᠨ ᠲᠣᠭᠲᠠᠨᠢᠭᠰᠠᠨ ᠤᠯᠤᠰ᠃ ᠪᠠᠷᠠᠭᠤᠨ ᠵᠢᠤ ᠤᠯᠤᠰ ᠮᠥᠬᠦᠵᠦ᠂ ᠵᠡᠭᠦᠨ ᠵᠢᠤ ᠤᠯᠤᠰ ᠮᠠᠨ ᠤ ᠡᠷᠡᠨ ᠦ ᠡᠮᠦᠨ᠎ᠡ 770 ᠣᠨ ᠳᠤ ᠪᠠᠶᠢᠭᠤᠯᠤᠭᠳᠠᠭᠰᠠᠨ ᠠᠴᠠ ᠬᠣᠶᠢᠰᠢ ᠭᠠᠵᠠᠷ ᠤᠨ ᠡᠷᠬᠡᠲᠡᠨ ᠨᠦᠭᠦᠳ ᠬᠦᠴᠦᠷᠬᠡᠭᠵᠢᠨ ᠥᠪᠡᠷᠰᠡᠳ ᠦᠨ ᠡᠵᠡᠮᠰᠢᠯ ᠢᠶᠡᠨ ᠤᠯᠤᠰ ᠪᠣᠯᠭᠠᠨ ᠵᠠᠷᠯᠠᠵᠤ ᠪᠡᠶ᠎ᠡ ᠪᠡᠨ ᠸᠠᠩ ᠪᠣᠯᠭᠠᠵᠤ ᠪᠠᠶᠢᠪᠠ᠃ ᠡᠨᠡ ᠦᠶ᠎ᠡ ᠶᠢ ᠲᠡᠦᠬᠡᠨ ᠳᠦ ᠬᠠᠪᠤᠷ-ᠨᠠᠮᠤᠷ ᠤᠨ ᠤᠯᠤᠰ ᠤᠳ ᠤᠨ ᠦᠶ᠎ᠡ (722-476) ᠬᠡᠮᠡᠳᠡᠭ᠃ ᠬᠠᠪᠤᠷ-ᠨᠠᠮᠤᠷ ᠤᠨ ᠤᠯᠤᠰ ᠤᠳ ᠤᠨ ᠦᠶ᠎ᠡ ᠶᠢᠨ ᠮᠤᠵᠢ ᠤᠯᠤᠰ ᠤᠳ 7 ᠲᠣᠮᠣ ᠤᠯᠤᠰ ᠲᠤ ᠬᠤᠪᠢᠶᠠᠭᠳᠠᠭᠰᠠᠨ ᠢᠶᠠᠷ ᠮᠠᠨ ᠤ ᠡᠷᠡᠨ ᠦ ᠡᠮᠦᠨ᠎ᠡ 476-221 ᠣᠨ ᠬᠦᠷᠲᠡᠯ᠎ᠡ ᠦᠷᠭᠦᠯᠵᠢᠯᠡᠬᠦ ᠪᠠᠶᠢᠯᠳᠤᠭᠠᠨ ᠳᠤ ᠤᠯᠤᠰ ᠤᠳ ᠤᠨ ᠦᠶ᠎ᠡ ᠡᠬᠢᠯᠡᠳᠡᠭ᠃ ᠡᠨᠡ ᠦᠶ᠎ᠡ ᠳᠦ ᠵᠡᠭᠦᠨ ᠵᠢᠤ ᠤᠯᠤᠰ ᠨᠡᠷ᠎ᠡ ᠲᠡᠳᠦᠢ ᠣᠷᠣᠰᠢᠵᠤ ᠪᠠᠶᠢᠭᠰᠠᠨ᠃

ᠡᠷᠲᠡᠨ ᠦ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠴᠢᠨ ᠤᠯᠤᠰ

ᠨᠡᠶᠢᠰᠯᠡᠯ:ᠰᠢᠨᠢᠶᠠᠨ

ᠪᠠᠶᠢᠯᠳᠤᠭᠠᠨ ᠳᠤ ᠤᠯᠤᠰ ᠤᠳ ᠤᠨ ᠦᠶ᠎ᠡ ᠳᠦ ᠣᠷᠣᠰᠢᠵᠤ ᠪᠠᠶᠢᠭᠰᠠᠨ ᠴᠢᠨᠢ ᠸᠠᠩᠯᠢᠭ ᠤᠨ ᠸᠠᠩ ᠶᠢᠨ ᠵᠢᠨ ᠪᠤᠶᠤ ᠴᠢᠨᠢ ᠱᠢ ᠬᠤᠸᠠᠩᠳᠢ ᠪᠤᠰᠤᠳ 6 ᠸᠠᠩᠯᠢᠭ ᠤᠳ ᠪᠣᠯᠬᠤ ᠶᠠᠨᠢᠵᠢᠣᠴᠢᠴᠤᠸᠡᠢᠬᠠᠨᠢ ᠭᠡᠰᠡᠨ ᠸᠠᠩᠯᠢᠭ ᠤᠳ ᠢ ᠮᠥᠬᠥᠭᠡᠭᠰᠡᠨ ᠢᠶᠡᠷ ᠪᠦᠬᠦ ᠬᠢᠲᠠᠳ ᠣᠷᠣᠨ ᠢ ᠠᠩᠬ᠎ᠠ ᠤᠳᠠᠭ᠎ᠠ ᠨᠢᠭᠡᠲᠡᠭᠡᠵᠡᠢ᠃ Tᠡᠭᠦᠨ ᠦ ᠪᠠᠶᠢᠭᠤᠯᠤᠭᠰᠠᠨ ᠤᠯᠤᠰ ᠮᠠᠨ ᠤ ᠡᠷᠡᠨ ᠦ ᠡᠮᠦᠨ᠎ᠡ 207 ᠣᠨ ᠳᠤ ᠲᠠᠷᠢᠶᠠᠴᠢᠳ ᠤᠨ ᠪᠣᠰᠤᠯᠭ᠎ᠠ ᠪᠠᠷ ᠮᠥᠬᠦᠭᠰᠡᠨ᠃

ᠬᠠᠨ ᠣᠯᠣᠰ (ᠮᠠᠨ ᠤ ᠡᠷᠡᠨ ᠦ ᠡᠮᠦᠨ᠎ᠡ 202 – ᠮᠠᠨ ᠤ ᠡᠷᠡᠨ ᠦ 220)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠬᠠᠨ ᠣᠯᠣᠰ

ᠨᠡᠶᠢᠰᠯᠡᠯ:ᠰᠢ ᠠᠨᠯᠤᠢᠩᠯᠢᠶᠠᠩᠰᠤᠴᠢᠨ

ᠪᠠᠷᠠᠭᠤᠨ ᠬᠠᠨ ᠣᠯᠣᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 202 ᠣᠨ ᠳᠤ ᠯᠶᠤᠶᠢ ᠪᠠᠨ ᠪᠠᠶᠢᠭᠤᠯᠤᠭᠰᠠᠨ᠃ ᠮᠠᠨ ᠤ ᠡᠷᠡᠨ ᠦ ᠡᠮᠦᠨ᠎ᠡ 200 ᠣᠨ ᠳᠤ ᠾᠦᠩᠨᠦ ᠲᠡᠢ ᠳᠠᠶᠢᠲᠤᠵᠤ ᠢᠯᠠᠭᠳᠠᠭᠠᠳ᠂ ᠮᠠᠨ ᠤ ᠡᠷᠡᠨ ᠦ ᠡᠮᠦᠨ᠎ᠡ 198 ᠣᠨ ᠳᠤ ᠭᠡᠷ᠎ᠡ ᠪᠠᠶᠢᠭᠤᠯᠵᠤ ᠴᠠᠭᠠᠨ ᠬᠡᠷᠡᠮ ᠢᠶᠡᠷ ᠬᠢᠯᠢ ᠪᠡᠨ ᠲᠣᠭᠲᠠᠭᠠᠨ ᠵᠢᠯ ᠪᠦᠷᠢ ᠠᠯᠪᠠ ᠪᠠᠷᠢᠬᠤ ᠬᠠᠷᠠᠭᠠᠲᠤ ᠤᠯᠤᠰ ᠪᠣᠯᠤᠭᠰᠠᠨ᠃ ᠪᠠᠷᠠᠭᠤᠨ ᠬᠠᠨ ᠣᠯᠣᠰ ᠤᠨ ᠤ ᠳ᠋ᠢ ᠬᠠᠭᠠᠨ ᠤ ᠦᠶ᠎ᠡ ᠳᠦ ᠾᠦᠩᠨᠦ ᠶᠢᠨ ᠴᠡᠷᠢᠭ ᠢ ᠢᠯᠠᠵᠤ᠂ ᠭᠠᠵᠠᠷ ᠨᠤᠲᠤᠭ ᠢᠶᠠᠨ ᠲᠡᠯᠡᠨ ᠵᠡᠭᠦᠨ ᠵᠦᠭ ᠲᠤ ᠺᠦᠷᠡᠦᠰᠣᠨᠢ ᠤᠯᠤᠰ ᠢ ᠡᠵᠡᠯᠡᠵᠦ᠂ ᠪᠠᠷᠠᠭᠤᠨ ᠵᠦᠭ ᠲᠤ ᠲᠩᠷᠢ ᠠᠭᠤᠯᠠ ᠬᠦᠷᠲᠡᠯ᠎ᠡ ᠳᠠᠪᠰᠢᠵᠤ ᠶᠡᠬᠡ ᠬᠦᠴᠦᠷᠬᠡᠭᠵᠢᠭᠰᠡᠨ᠃ ᠭᠡᠲᠡᠯ᠎ᠡ ᠤᠳᠤ ᠬᠠᠭᠠᠨ ᠤ ᠦᠶ᠎ᠡ ᠳᠦ ᠬᠢᠭᠰᠡᠨ ᠣᠯᠠᠨ ᠳᠠᠶᠢᠨ ᠢᠶᠠᠷ ᠲᠥᠷᠥ ᠶᠢᠨ ᠰᠠᠩ ᠬᠥᠮᠦᠷᠢᠭᠡ ᠬᠣᠭᠣᠰᠣᠷᠠᠵᠤ᠂ ᠡᠬᠢᠯᠡᠨ ᠠᠭᠠᠵᠢᠮ ᠢᠶᠠᠷ ᠰᠤᠯᠢᠳᠠᠨ ᠳᠣᠷᠣᠶᠢᠳᠠᠵᠤ ᠡᠬᠢᠯᠡᠭᠰᠡᠨ᠃ ᠮᠠᠨ ᠤ ᠡᠷᠡᠨ ᠦ ᠡᠮᠦᠨ᠎ᠡ 9 ᠣᠨ ᠳᠤ ᠬᠠᠨ ᠣᠯᠣᠰ ᠤᠨ ᠲᠦᠰᠢᠮᠡᠯ ᠸᠠᠩ ᠮᠠᠨ ᠲᠥᠷᠥ ᠶᠢ ᠪᠤᠯᠢᠶᠠᠵᠤ᠂ ᠰᠢᠨᠢ ᠤᠯᠤᠰ ᠍ ᠢ ᠪᠠᠶᠢᠭᠤᠯᠤᠭᠰᠠᠨ ᠢᠶᠠᠷ ᠪᠠᠷᠠᠭᠤᠨ ᠬᠠᠨ ᠣᠯᠣᠰ ᠮᠥᠬᠦᠭᠰᠡᠨ᠃

ᠰᠢᠨᠢ ᠤᠯᠤᠰ (ᠮᠠᠨ ᠤ ᠡᠷᠡᠨ ᠦ ᠡᠮᠦᠨ᠎ᠡ 9 - ᠮᠠᠨ ᠤ ᠡᠷᠡᠨ ᠦ 23)[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠠᠩ ᠮᠠᠨᠢ ᠪᠠᠶᠢᠭᠤᠯᠤᠭᠰᠠᠨ ᠤᠯᠤᠰ ᠪᠥᠭᠡᠳ ᠨᠡᠷᠡᠨ ᠦ ᠤᠳᠬ᠎ᠠ ᠨᠢ ᠴᠣ ᠰᠢᠨ᠎ᠡ ᠭᠡᠰᠡᠨ ᠤᠳᠬ᠎ᠠ ᠶᠢ ᠠᠭᠤᠯᠠᠳᠠᠭ᠃ ᠮᠠᠨ ᠤ ᠡᠷᠡᠨ ᠦ 23 ᠣᠨ ᠳᠤ ᠬᠠᠨ ᠣᠯᠣᠰ ᠤᠨ ᠬᠠᠭᠠᠨ ᠤ ᠤᠳᠤᠮ ᠤᠨ ᠬᠢᠨ ᠳᠤ ᠠᠯᠠᠭᠤᠯᠤᠭᠰᠠᠨ ᠢᠶᠠᠷ ᠲᠤᠰ ᠤᠯᠤᠰ ᠮᠥᠬᠥᠵᠦ ᠵᠡᠭᠦᠨ ᠬᠠᠨ ᠣᠯᠣᠰ ᠪᠠᠶᠢᠭᠤᠯᠤᠭᠳᠠᠭᠰᠠᠨ᠃

ᠵᠡᠭᠦᠨ ᠬᠠᠨ ᠣᠯᠣᠰ (23-220)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠸ᠎ᠠ ᠶᠢᠨ ᠤ ᠬᠠᠭᠠᠨ ᠤ ᠪᠠᠶᠢᠭᠤᠯᠤᠭᠰᠠᠨ ᠤᠯᠤᠰ᠃ ᠮᠠᠨ ᠤ ᠡᠷᠡᠨ ᠦ 220 ᠣᠨ ᠳᠤ ᠳᠣᠲᠣᠭᠠᠳᠤ ᠶᠢᠨ ᠬᠢᠷᠠᠯ ᠠᠴᠠ ᠡᠭᠦᠳᠡᠨ 3 ᠵᠢᠵᠢᠵᠢᠭ ᠤᠯᠤᠰ ᠪᠣᠯᠵᠤ ᠰᠠᠯᠢᠰᠤᠨ ᠢᠶᠠᠷ ᠭᠤᠷᠪᠠᠨ ᠤᠯᠤᠰ ᠤᠨ ᠦᠶ᠎ᠡ ᠡᠬᠢᠯᠡᠳᠡᠭ᠃

ᠭᠤᠷᠪᠠᠨ ᠤᠯᠤᠰ ᠤᠨ ᠦᠶ᠎ᠡ(220-280)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠭᠤᠷᠪᠠᠨ ᠤᠯᠤᠰ ᠤᠨ ᠦe
ᠭᠣᠣᠯ ᠥᠭᠦᠯᠡᠯ: ᠱᠤ ᠤᠯᠤᠰ
ᠭᠣᠣᠯ ᠥᠭᠦᠯᠡᠯ: ᠴᠠᠣ ᠸᠡᠢ
ᠭᠣᠣᠯ ᠥᠭᠦᠯᠡᠯ: ᠵᠡᠭᠦᠨ ᠤ ᠤᠯᠤᠰ

ᠬᠠᠨ ᠣᠯᠣᠰ ᠮᠥᠬᠦᠭᠰᠡᠨ ᠢᠶᠡᠷ ᠬᠢᠲᠠᠳ ᠤᠨ ᠨᠤᠲᠤᠭ ᠲᠤ ᠵᠡᠭᠦᠨ ᠤᠴᠠᠣ ᠸᠡᠢᠱᠤ ᠤᠯᠤᠰ ᠵᠡᠷᠭᠡ 3 ᠤᠯᠤᠰ ᠪᠠᠶᠢᠭᠤᠯᠤᠭᠳᠠᠭᠰᠠᠨ᠃ ᠤ ᠤᠯᠤᠰ ᠨᠢ ᠵᠡᠭᠦᠨ ᠡᠮᠦᠨᠡᠲᠦ᠂ ᠵᠡᠭᠦᠨ ᠲᠠᠯ᠎ᠠ ᠶᠢᠨ ᠮᠤᠵᠢ ᠨᠤᠭᠤᠳ ᠲᠤ ᠣᠷᠣᠰᠢᠵᠤ ᠪᠠᠶᠢᠭᠰᠠᠨ ᠪᠣᠯ ᠱᠤ ᠤᠯᠤᠰ ᠨᠢ ᠰᠸᠴᠤᠸᠠᠨ ᠮᠤᠵᠢ ᠳᠤ᠂ ᠴᠠᠣ ᠸᠡᠢ ᠤᠯᠤᠰ ᠨᠢ ᠤᠮᠠᠷᠠᠲᠤ ᠵᠦᠭ ᠲᠤ ᠣᠷᠣᠰᠢᠵᠤ ᠪᠠᠶᠢᠯ᠎ᠠ᠃

ᠵᠢᠨᠢ ᠤᠯᠤᠰ ᠤᠨ ᠦᠶ᠎ᠡ (265-420)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠵᠢᠨᠢ ᠤᠯᠤᠰ

ᠨᠡᠶᠢᠰᠯᠡᠯ:ᠵᠢᠨᠺᠠᠨ (ᠵᠡᠭᠦᠨ ᠵᠢᠨᠢ ᠤᠯᠤᠰ), ᠰᠢ ᠠᠨ (ᠪᠠᠷᠠᠭᠤᠨ ᠵᠢᠨᠢ ᠤᠯᠤᠰ)

280 ᠣᠨ ᠳᠤ ᠵᠢᠨᠢ ᠤᠯᠤᠰ ᠭᠤᠷᠪᠠᠨ ᠤᠯᠤᠰ ᠢ ᠨᠢᠭᠡᠲᠡᠭᠰᠡᠨ ᠤᠯᠤᠰ ᠪᠣᠯᠤᠭᠰᠠᠨ ᠪᠥᠭᠡᠳ ᠤ-ᠬᠤᠭᠤ ᠶᠢᠨ ᠦᠶ᠎ᠡ ᠬᠦᠷᠲᠡᠯ᠎ᠡ ᠪᠦᠬᠦ ᠬᠢᠲᠠᠳ ᠲᠡᠳᠡᠨ ᠦ ᠮᠡᠳᠡᠯ ᠳᠦ ᠪᠠᠶᠢᠪᠠ᠃

ᠤ-ᠬᠤᠭᠤ ᠶᠢᠨ ᠦᠶ᠎ᠡ (304–439)[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠦᠶ᠎ᠡ ᠳᠦ ᠡᠮᠦᠨᠡᠲᠦ ᠾᠦᠩᠨᠦᠰᠢᠨᠪᠢᠭ ᠤᠨ ᠲᠣᠪᠠᠮᠠᠨᠳ᠋ᠢ ᠵᠡᠷᠭᠡ ᠠᠶᠢᠮᠠᠭ ᠤᠳ ᠬᠣᠶᠢᠳᠤ ᠬᠢᠲᠠᠳ ᠤᠨ ᠶᠡᠬᠡᠩᠬᠢ ᠭᠠᠵᠠᠷ ᠢ ᠡᠵᠡᠯᠡᠨ 16 ᠤᠯᠤᠰ ᠪᠠᠶᠢᠭᠤᠯᠵᠤ ᠥᠪᠡᠷ ᠬᠣᠭᠣᠷᠣᠨᠳᠣ ᠲᠡᠮᠡᠴᠡᠯᠳᠦᠵᠦ ᠪᠠᠶᠢᠭᠰᠠᠨ ᠦᠶ᠎ᠡ᠃ ᠮᠠᠨ ᠤ ᠡᠷᠡᠨ ᠦ 439 ᠣᠨ ᠳᠤ ᠲᠣᠪᠠ ᠸᠡᠢ ᠤᠯᠤᠰ ᠪᠤᠰᠤᠳ ᠵᠢᠵᠢᠭ ᠤᠯᠠᠰᠤᠳ ᠢ ᠪᠠᠨ ᠨᠢᠭᠡᠳᠬᠡᠵᠦ ᠳᠠᠭᠤᠰᠤᠭᠰᠠᠨ ᠢᠶᠠᠷ ᠤᠮᠠᠷᠠᠳᠤ ᠬᠢᠲᠠᠳ ᠲᠣᠪᠠ ᠤᠯᠤᠰ ᠤᠨ ᠮᠡᠳᠡᠯ ᠣᠷᠣᠭᠰᠠᠨ ᠢᠶᠠᠷ ᠡᠮᠦᠨᠡᠲᠦ-ᠤᠮᠠᠷᠠᠳᠤ ᠤᠯᠤᠰ ᠤᠨ ᠦᠶ᠎ᠡ ᠡᠬᠢᠯᠡᠳᠡᠭ᠃

ᠳᠤᠮᠳᠠᠳᠤ ᠵᠠᠭᠤᠨ ᠤ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠢ ᠤᠯᠤᠰ 589-618[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠦᠢ ᠤᠯᠤᠰ

ᠨᠡᠶᠢᠰᠯᠡᠯ:ᠳᠠᠰᠢᠨᠳᠤᠨᠳᠤ

ᠹᠠᠢᠢᠯ:ᠵᠡᠭᠦᠨ᠂ ᠪᠠᠷᠠᠭᠤᠨ ᠲᠦᠷᠦᠭ ᠦᠨ ᠬᠠᠭᠠᠨᠲᠤ ᠤᠯᠤᠰ᠂ ᠲᠥᠪᠡᠳ᠂ ᠰᠤᠢ ᠤᠯᠤᠰ (581–618).jpg
ᠵᠡᠭᠦᠨ᠂ ᠪᠠᠷᠠᠭᠤᠨ ᠲᠦᠷᠦᠭ ᠦᠨ ᠬᠠᠭᠠᠨᠲᠤ ᠤᠯᠤᠰ᠂ ᠲᠥᠪᠡᠳ᠂ ᠰᠦᠢ ᠤᠯᠤᠰ)

589-618 ᠣᠨ ᠬᠦᠷᠲᠡᠯ᠎ᠡ ᠣᠷᠣᠰᠢᠵᠤ ᠪᠠᠶᠢᠭᠰᠠᠨ ᠪᠦᠬᠦ ᠬᠢᠲᠠᠳ ᠢ ᠨᠢᠭᠡᠲᠡᠭᠡᠭᠰᠡᠨ ᠬᠦᠴᠦᠷᠬᠡᠭ ᠤᠯᠤᠰ᠃ 30 ᠵᠢᠯ ᠣᠷᠣᠰᠢᠨ ᠲᠣᠭᠲᠠᠨᠢᠭᠠᠳ ᠮᠥᠬᠦᠭᠰᠡᠨ᠃

ᠲᠠᠨ ᠤᠯᠤᠰ 618-907[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠠᠨ ᠤᠯᠤᠰ

ᠨᠡᠶᠢᠰᠯᠡᠯ:ᠰᠢ ᠠᠨᠯᠤᠢᠩ

618 ᠣᠨ ᠳᠤ ᠯᠢ ᠶᠤᠸᠠᠨ ᠪᠤᠶᠤ ᠲᠠᠨ ᠭᠠᠣᠵᠣ ᠬᠠᠭᠠᠨ ᠤ ᠪᠠᠶᠢᠭᠤᠯᠤᠭᠰᠠᠨ ᠤᠯᠤᠰ᠃ ᠬᠢᠲᠠᠳ ᠤᠨ ᠲᠡᠦᠬᠡᠨ ᠳᠦ ᠪᠠᠶᠢᠭᠰᠠᠨ ᠬᠠᠮᠤᠭ ᠤᠨ ᠬᠦᠴᠦᠷᠬᠡᠭ ᠤᠯᠤᠰ ᠤᠳ ᠤᠨ ᠨᠢᠭᠡ ᠶᠠᠭᠤᠮ᠎ᠠ᠃ ᠡᠨᠡ ᠤᠯᠤᠰ ᠤᠨ ᠦᠶ᠎ᠡ ᠶᠢ ᠬᠢᠲᠠᠳ ᠤᠨ ᠰᠤᠶᠤᠯ ᠢᠷᠭᠡᠨᠰᠢᠯ ᠦᠨ ᠠᠯᠲᠠᠨ ᠦᠶ᠎ᠡ ᠡᠷᠢᠨ ᠬᠡᠮᠡᠳᠡᠭ᠃

ᠲᠠᠪᠤᠨ ᠤᠯᠤᠰ᠂ 10 ᠸᠠᠩᠯᠢᠭ ᠤᠨ ᠦᠶ᠎ᠡ 907-960[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠲᠠᠨ ᠤᠯᠤᠰ ᠮᠥᠬᠦᠭᠰᠡᠨ ᠦ ᠳᠠᠷᠠᠭ᠎ᠠ ᠬᠢᠲᠠᠳ ᠤᠨ ᠭᠠᠵᠠᠷ ᠨᠤᠲᠤᠭ ᠳᠠᠬᠢ ᠮᠤᠵᠢ ᠶᠢᠨ ᠡᠵᠡᠳ ᠪᠡᠶ᠎ᠡ ᠪᠡᠨ ᠬᠠᠭᠠᠨ᠂ ᠸᠠᠩ ᠪᠣᠯᠭᠠᠵᠤ ᠪᠠᠶᠢᠭᠰᠠᠨ ᠦᠶ᠎ᠡ᠃ ᠨᠤᠲᠤᠭ ᠤᠨ ᠬᠣᠶᠢᠳᠤ ᠬᠡᠰᠡᠭ ᠲᠦ 5 ᠥᠪᠡᠷ 53 ᠵᠢᠯ ᠦᠨ ᠳᠣᠲᠣᠷ᠎ᠠ ᠡᠭᠦᠰᠴᠢ᠂ ᠪᠠᠶᠢᠭᠰᠠᠨ ᠪᠣᠯ ᠡᠮᠦᠨᠡᠲᠦ ᠬᠡᠰᠡᠭ ᠲᠦ ᠨᠢ 10 ᠵᠢᠵᠢᠭ ᠸᠠᠩᠯᠢᠭ ᠤᠳ ᠪᠤᠢ ᠪᠣᠯᠵᠤ ᠪᠠᠶᠢᠭᠰᠠᠨ᠃ ᠬᠣᠵᠢᠮ 960 ᠣᠨ ᠳᠤ ᠰᠦᠨ ᠤᠯᠤᠰ ᠨᠢᠭᠡᠲᠡᠭᠡᠭᠰᠡᠨ᠃

ᠰᠦᠨᠬᠢᠲᠠᠨᠠᠯᠲᠠᠨᠪᠠᠷᠠᠭᠤᠨ ᠰᠢ ᠤᠯᠤᠰ ᠤᠳ ᠤᠨ ᠦᠶ᠎ᠡ (960-1234)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠰᠦᠨ ᠤᠯᠤᠰ
ᠭᠣᠣᠯ ᠥᠭᠦᠯᠡᠯ: ᠬᠢᠲᠠᠨ
ᠭᠣᠣᠯ ᠥᠭᠦᠯᠡᠯ: ᠠᠯᠲᠠᠨ ᠤᠯᠤᠰ
ᠭᠣᠣᠯ ᠥᠭᠦᠯᠡᠯ: ᠪᠠᠷᠠᠭᠤᠨ ᠰᠢ

ᠬᠢᠲᠠᠳ ᠤᠨ ᠨᠤᠲᠤᠭ ᠲᠤ 960 ᠣᠨ ᠠᠴᠠ 1234 ᠣᠨ ᠬᠦᠷᠲᠡᠯ᠎ᠡ ᠪᠤᠶᠤ ᠠᠯᠲᠠᠨ ᠤᠯᠤᠰ ᠮᠥᠬᠦᠬᠦ ᠬᠦᠷᠲᠡᠯᠡᠬᠢ ᠬᠤᠭᠤᠴᠠᠭᠠᠨ ᠳᠤ ᠣᠷᠣᠰᠢᠵᠤ ᠪᠠᠶᠢᠭᠰᠠᠨ ᠤᠯᠤᠰ ᠤᠳ ᠤᠨ ᠦᠶ᠎ᠡ᠃

ᠶᠤᠸᠠᠨ ᠤᠯᠤᠰ 1271-1368[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠶᠤᠸᠠᠨ ᠤᠯᠤᠰ

ᠨᠡᠶᠢᠰᠯᠡᠯ:ᠳᠠᠶᠢᠳᠤᠱᠠᠩᠳᠤ

1206 ᠣᠨ ᠳᠤ ᠴᠢᠩᠭᠢᠰ ᠬᠠᠭᠠᠨ ᠤ ᠦᠨᠳᠦᠰᠦᠯᠡᠨ ᠪᠠᠶᠢᠭᠤᠯᠤᠭᠰᠠᠨ ᠶᠡᠬᠡ ᠮᠣᠩᠭᠣᠯ ᠤᠯᠤᠰ ᠍ ᠤᠨ ᠦᠷᠭᠦᠯᠵᠢᠯᠡᠯ ᠪᠥᠭᠡᠳ 1271 ᠣᠨ ᠳᠤ ᠬᠤᠪᠢᠯᠠᠢ ᠬᠠᠭᠠᠨ ᠤᠯᠤᠰ ᠤᠨ ᠨᠡᠷ᠎ᠡ ᠶᠢ ᠦᠭᠡᠷᠡᠴᠢᠯᠡᠵᠦ ᠶᠡᠬᠡ ᠶᠤᠸᠠᠨ ᠪᠣᠯᠭᠠᠪᠠ᠃ 1279 ᠣᠨ ᠳᠤ ᠪᠦᠬᠦ ᠬᠢᠲᠠᠳ ᠢ ᠨᠢᠭᠡᠳᠬᠡᠪᠡ᠃ ᠲᠡᠭᠦᠨ ᠦ ᠪᠠᠶᠢᠭᠤᠯᠤᠭᠰᠠᠨ ᠤᠯᠤᠰ 1368 ᠣᠨ ᠳᠤ ᠤᠯᠠᠭᠠᠨ ᠠᠯᠴᠢᠭᠤᠷᠲᠠᠨ ᠤ ᠪᠣᠰᠤᠯᠭ᠎ᠠᠣᠷᠣ ᠪᠠᠶᠢᠭᠤᠯᠤᠭᠳᠠᠭᠰᠠᠨ ᠮᠢᠩ ᠤᠯᠤᠰᠠᠳᠠ ᠮᠥᠬᠦᠭᠡᠭᠳᠡᠭᠰᠡᠨ᠃

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠩ ᠤᠯᠤᠰ (1368-1644)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠢᠩ ᠤᠯᠤᠰ

ᠨᠡᠶᠢᠰᠯᠡᠯ:ᠨᠠᠨᠵᠢᠩᠪᠡᠭᠡᠵᠢᠩ

1368 ᠣᠨ ᠳᠤ ᠵᠤ ᠶᠤᠸᠠᠨ ᠵᠠᠩᠢ ᠪᠠᠶᠢᠭᠤᠯᠤᠭᠰᠠᠨ ᠤᠯᠤᠰ᠃ 1644 ᠣᠨ ᠳᠤ ᠯᠢ ᠽᠢ ᠴᠢᠨᠢᠢ ᠤᠳᠤᠷᠢᠳᠤᠭᠰᠠᠨ ᠪᠣᠰᠤᠭᠴᠢᠳ ᠲᠤ ᠡᠵᠡᠯᠡᠭᠳᠡᠨ ᠮᠥᠬᠦᠭᠰᠡᠨ᠃ ᠡᠨᠡ ᠦᠶ᠎ᠡ ᠳᠦ ᠬᠢᠲᠠᠳ ᠤᠳ ᠤᠷᠤᠭᠰᠢ ᠭᠠᠵᠠᠷ ᠨᠤᠲᠤᠭ ᠢᠶᠠᠨ ᠲᠡᠯᠡᠰᠦᠨ ᠢᠶᠡᠷ ᠣᠯᠠᠨ ᠦᠨᠳᠦᠰᠦᠲᠡᠨ ᠠᠭᠤᠰᠴᠢ ᠬᠢᠲᠠᠳ ᠤᠨ ᠲᠥᠪ ᠨᠤᠲᠤᠭ ᠳᠠᠬᠢ ᠬᠢᠲᠠᠳ ᠦᠨᠳᠦᠰᠦᠲᠡᠨ ᠦ ᠪᠠᠶᠢᠷᠢᠰᠢᠯ ᠦᠨᠳᠦᠰᠦᠨ ᠳᠦ ᠪᠡᠨ ᠲᠡᠷᠡ ᠦᠶ᠎ᠡ ᠶᠢᠨ ᠬᠢ ᠪᠡᠷ ᠲᠣᠭᠲᠠᠵᠠᠢ᠃ ᠬᠢᠲᠠᠳ ᠲᠤ ᠣᠯᠠᠨ ᠦᠨᠳᠦᠰᠦᠲᠡᠨ ᠠᠭᠤᠰᠴᠢ ᠬᠣᠯᠢᠯᠳᠤᠭᠰᠠᠨ ᠠᠴᠠ ᠨᠤᠲᠤᠭ ᠤᠨ ᠣᠯᠠᠨ ᠠᠶᠠᠯᠭᠠᠨ ᠤ ᠢᠯᠭᠠᠭ᠎ᠠ ᠡᠭᠦᠰᠬᠡᠬᠦ ᠳᠦ ᠬᠦᠷᠭᠡᠵᠡᠢ᠃

ᠮᠠᠨᠵᠤ ᠴᠢᠩ ᠤᠯᠤᠰ (1644-1911)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠴᠢᠩ ᠤᠯᠤᠰ

ᠨᠡᠶᠢᠰᠯᠡᠯ: ᠮᠦᠭᠳᠡᠨᠪᠡᠭᠡᠵᠢᠩ

ᠮᠠᠨᠵᠤ ᠦᠨᠳᠦᠰᠦᠲᠡᠨ ᠦ ᠪᠠᠶᠢᠭᠤᠯᠤᠭᠰᠠᠨ ᠹᠧᠣᠳᠠᠯ ᠤᠨ ᠬᠦᠴᠦᠷᠬᠡᠭ ᠲᠦᠷᠢᠮᠡᠭᠡᠢ ᠤᠯᠤᠰ᠃ 1616 ᠣᠨ ᠳᠤ ᠨᠤᠷᠬᠠᠴᠢ ᠪᠠᠭᠠᠲᠤᠷ ᠪᠠᠶᠢᠭᠤᠯᠤᠭᠰᠠᠨ᠃ 1636 ᠣᠨ ᠳᠤ ᠥᠪᠥᠷ ᠮᠣᠩᠭᠣᠯ᠂ 1644-1662 ᠣᠨ ᠤ ᠬᠣᠭᠣᠷᠣᠨᠳᠣ ᠪᠦᠬᠦ ᠬᠢᠲᠠᠳ ᠢ᠂ 1683 ᠣᠨ ᠳᠤ ᠲᠠᠶᠢᠸᠠᠨ ᠠᠷᠠᠯ ᠢ᠂ 1697 ᠣᠨ ᠳᠤ ᠬᠠᠯᠬ᠎ᠠ ᠮᠣᠩᠭᠣᠯ ᠍ ᠢ᠂ 1758 ᠣᠨ ᠳᠤ ᠵᠦᠩᠭᠠᠷ ᠪᠣᠯᠤᠨ ᠳᠣᠷᠣᠨᠠᠲᠤ ᠲᠦᠺᠧᠰᠲᠠᠨ ᠍ ᠢ ᠲᠤᠰ ᠲᠤᠰ ᠡᠵᠡᠯᠡᠨ ᠠᠪᠤᠭᠰᠠᠨ᠃ 1800 ᠍ ᠊ᠭᠠᠳ ᠣᠨ ᠠᠴᠠ ᠰᠤᠯᠠᠷᠠᠨ ᠳᠣᠷᠣᠶᠢᠲᠠᠭᠰᠠᠭᠠᠷ 1911 ᠣᠨ ᠳᠤ ᠮᠥᠬᠦᠭᠰᠡᠨ᠃ ᠤᠯᠤᠰ ᠨᠢ ᠮᠥᠬᠥᠬᠦ ᠳᠦ ᠨᠢᠭᠡ ᠴᠤ ᠮᠠᠨᠵᠤ ᠦᠨᠳᠦᠰᠦᠲᠡᠨ ᠦᠯᠡᠳᠡᠭᠡ ᠦᠭᠡᠢ᠃

ᠨᠡᠩ ᠣᠷᠴᠢᠨ ᠦᠶ᠎ᠡ 1911- ᠣᠳᠣ ᠬᠦᠷᠲᠡᠯ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

БНХУ (1911-1949)[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠠᠶᠢᠸᠠᠨ

ᠨᠡᠶᠢᠰᠯᠡᠯ:ᠨᠠᠨᠵᠢᠩᠪᠡᠭᠡᠵᠢᠩᠴᠦᠩᠴᠢᠩᠲᠠᠢᠢᠪᠸᠢ

1911 ᠣᠨ ᠤ ᠤᠴᠢᠨ ᠤ ᠪᠣᠰᠤᠯᠭ᠎ᠠ ᠪᠠᠷ ᠮᠠᠨᠵᠤ ᠴᠢᠩ ᠤᠯᠤᠰ ᠍ ᠢ ᠲᠦᠯᠬᠢᠨ ᠭᠠᠷᠴᠤ ᠢᠷᠡᠭᠰᠡᠨ ᠬᠢᠲᠠᠳ ᠤᠨ ᠠᠩᠬᠠᠨ ᠤ БН ᠵᠠᠰᠠᠭᠠᠯᠠᠯ ᠲᠠᠢ ᠤᠯᠤᠰ᠃ 1949 ᠣᠨ ᠳᠤ ᠡᠬᠡ ᠭᠠᠵᠠᠷ ᠤᠨ ᠬᠢᠲᠠᠳ ᠳᠠᠬᠢ ᠨᠣᠶᠠᠷᠬᠠᠯ ᠢᠶᠠᠨ ᠠᠯᠠᠳᠠᠨ ᠲᠠᠶᠢᠸᠠᠨ ᠠᠷᠠᠯ ᠷᠤ ᠳᠦᠷᠪᠦᠭᠰᠡᠨ᠃

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ (1949 - ᠣᠳᠣ ᠬᠦᠷᠲᠡᠯ᠎ᠡ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠰᠯᠡᠯ:ᠪᠡᠭᠡᠵᠢᠩ

1949 ᠣᠨ ᠳᠤ ᠮᠠᠤ ᠽᠸ ᠳ᠋ᠦᠩᠢ ᠤᠳᠤᠷᠢᠳᠤᠯᠭ᠎ᠠ ᠪᠠᠷ ᠪᠠᠶᠢᠭᠤ ᠢᠶᠠᠭᠳᠠᠭᠰᠠᠨ ᠡᠪ ᠬᠠᠮᠳᠣ ᠤᠯᠤᠰ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ